ᠰᠢᠭᠤᠷᠭᠠᠨ  ᠳ᠋ᠤ᠌ ( ᠬᠡᠯᠡ ᠪᠢᠴᠢᠭ – ᠶᠢᠰᠦᠳᠦᠭᠡᠷ ᠳᠡᠪᠲᠡᠷ) Шуурганд( Хэл бичиг – Есдүгээр дэвтэр) ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠭᠤᠷᠭᠠᠨ  ᠳ᠋ᠤ᠌ ( ᠬᠡᠯᠡ ᠪᠢᠴᠢᠭ – ᠶᠢᠰᠦᠳᠦᠭᠡᠷ ᠳᠡᠪᠲᠡᠷ) Шуурганд( Хэл бичиг – Есдүгээр дэвтэр)

ᠰᠢᠭᠤᠷᠭᠠᠨ  ᠳ᠋ᠤ᠌ ( ᠬᠡᠯᠡ ᠪᠢᠴᠢᠭ – ᠶᠢᠰᠦᠳᠦᠭᠡᠷ ᠳᠡᠪᠲᠡᠷ) Шуурганд( Хэл бичиг – Есдүгээр дэвтэр)

2023-05-06

350

ᠰᠢᠭᠤᠷᠭᠠᠨ  ᠳ᠋ᠤ᠌


      ᠦᠨᠡᠰᠦᠨ ᠰᠠᠷᠠᠯ ᠡᠭᠦᠯᠡᠰ ᠨᠡᠲᠦᠶ᠋ᠢᠵᠦ᠂ ᠥᠷᠯᠥᠭᠡᠨ ᠪ ᠬᠦᠢᠲᠡᠨ ᠰᠠᠯᠬᠢ ᠢᠰᠬᠡᠷᠦᠨ ᠱᠤᠤᠭᠢᠭᠠᠳ᠂ ᠥᠷᠭᠡᠨ ᠲᠠᠯ᠎ᠠ ᠶ᠋ᠢᠨ ᠡᠪᠡᠰᠦ ᠬᠤᠯᠤᠰᠤ ᠶ᠋ᠢ ᠬᠤᠶ᠋ᠢᠯᠠᠷᠠᠭᠤᠯᠤᠨ᠎ᠠ᠂ ᠬᠠᠴᠠᠷ  ᠵᠦᠰᠦᠴᠢᠬᠡᠮᠡᠷ ᠵᠢᠭᠡᠬᠦᠨ ᠵᠢᠪᠠᠷ ᠬᠤᠷᠤᠭᠤ ᠶ᠋ᠢ ᠬᠠᠭᠠᠷᠢᠵᠤ᠂ ᠵᠤᠳ ᠲᠠᠢ ᠲᠡᠭᠷᠢ ᠶ᠋ᠢᠨ ᠬᠦᠢᠲᠡᠨ ᠴᠢᠷᠠᠢ ᠲᠠᠭᠠᠯᠠᠮᠵᠢ ᠦᠭᠡᠶ᠋ᠢᠬᠡᠨ ᠪᠠᠶ᠋ᠢᠯ᠎ᠠ᠃
      ᠰᠡᠷᠡᠩ ᠮᠠᠯ ᠶ᠋ᠢᠠᠨ ᠤᠰᠤᠯᠠᠭᠠᠳ ᠭᠡᠷ ᠲᠡᠭᠡᠨ ᠣᠷᠤᠲᠠᠯ᠎ᠠ ᠡᠮᠡᠭᠡ ᠡᠵᠢ ᠨᠢ ᠄《 ᠬᠦᠦ ᠮᠢᠨᠢ᠂ ᠨᠡᠬᠡᠢ ᠳᠡᠪᠡᠯ ᠶ᠋ᠢᠡᠨ ᠡᠮᠦᠰ ! ᠡᠨᠡ ᠡᠲᠦᠷ ᠦ᠋ᠨ ᠲᠡᠭᠷᠢ ᠶ᠋ᠢᠨ ᠰᠢᠨᠵᠢ ᠰᠢᠭᠤᠷᠬ᠋᠎ᠠ ᠪᠣᠯᠬᠤ ᠲᠥᠯᠥᠪ ᠲᠡᠢ 》ᠭᠡᠵᠦ ᠬᠡᠯᠡᠪᠡ᠃
      ᠰᠡᠷᠡᠩ ᠡᠮᠡᠭᠡ ᠡᠵᠢ ᠶ᠋ᠢᠨ ᠶ᠋ᠢᠡᠨ ᠦᠭᠡ ᠪᠡᠷ ᠨᠡᠬᠡᠢ ᠳᠡᠪᠡᠯ ᠶ᠋ᠢᠡᠨ ᠡᠮᠦᠰᠬᠦ ᠳ᠋ᠡᠭᠡᠨ᠄《 ᠠᠪᠠᠬ᠋᠎ᠠ ᠣᠲᠣ ᠬᠤᠷᠠᠯ ᠶ᠋ᠢᠠᠨ ᠲᠡᠭᠦᠰᠭᠡᠬᠡᠳ ᠭᠠᠷᠴᠤ ᠢᠷᠡᠭᠰᠡᠨ ᠳ᠋ᠠ 》ᠭᠡᠵᠦ ᠬᠡᠯᠡᠪᠡ᠃
      ᠤᠤᠯ ᠨᠢ ᠰᠡᠷᠡᠩ ᠦ᠋ᠨ ᠠᠪᠠᠬ᠋᠎ᠠ ᠭᠠᠯᠰᠠᠩ ᠲᠠᠪᠤᠨ ᠡᠲᠦᠷ ᠦ᠋ᠨ ᠡᠮᠦᠨ᠎ᠡ ᠨᠢᠭᠡᠲᠦᠯ ᠳᠡᠭᠡᠷ᠎ᠡ ᠮᠠᠯᠴᠢᠨ ᠪ ᠵᠢᠱ᠌ᠢᠶᠡᠴᠢᠳ ᠦ᠋ᠨ ᠬᠤᠷᠠᠯ  ‍ᠳᠤ ᠶᠠᠪᠤᠬᠰᠠᠨ ᠪᠠᠶ᠋ᠢᠵᠠᠢ᠃ ᠰᠡᠷᠡᠩ᠂ ᠠᠪᠠᠬ᠋᠎ᠠ ᠪᠠᠨ ᠶᠠᠪᠤᠬᠤ ᠶ᠋ᠢᠨ ᠡᠮᠦᠨ᠎ᠡ ᠡᠲᠦᠷ ᠨᠢ ᠠᠮᠠᠷᠠᠯᠲᠠ ᠪᠠᠷ ᠢᠷᠡᠭᠡᠳ ᠠᠪᠠᠬ᠋᠎ᠠ ᠪᠠᠨ ᠶᠠᠪᠤᠬᠰᠠᠨ ᠪ ᠬᠣᠶ᠋ᠢᠨ᠎ᠠ ᠲᠡᠭᠦᠨ ᠊ᠢ ᠣᠷᠣᠯᠠᠨ ᠪᠠᠷᠢᠭᠠᠲᠠ ᠶ᠋ᠢᠨ ᠮᠠᠯ ᠊ᠢ ᠬᠠᠷᠢᠭᠤᠯᠬᠤ ᠪᠣᠯᠵᠠᠢ᠃ ᠰᠡᠷᠡᠩ ᠡᠨᠡ ᠵᠢᠯ ᠠᠷᠪᠠᠨ ᠵᠢᠷᠭᠤᠭᠠᠨ ᠨᠠᠰᠤᠲᠠᠢ᠂ ᠲᠡᠭᠡᠲᠦ ᠵᠡᠷᠭᠡ ᠶ᠋ᠢᠨ ᠳᠤᠮᠳᠠᠳᠤ ᠰᠤᠷᠭᠠᠭᠤᠯᠢ ᠶ᠋ᠢᠨ ᠨᠢᠭᠡᠲᠦᠭᠡᠷ ᠣᠨ ᠪ ᠰᠤᠷᠤᠬᠴᠢ ᠶᠤᠮ᠃ ᠲᠡᠭᠦᠨ ‍ᠳᠤ ᠥᠪᠡᠷ ᠦ᠋ᠨ ᠭᠡᠷ ᠨᠤᠲᠤᠭ ᠦ᠋ᠨ ᠬᠢᠨᠢ ᠦᠵᠡᠮᠵᠢ ᠪᠠᠶ᠋ᠢᠲᠠᠯ ᠲᠤᠶ᠋ᠢᠯ ᠦ᠋ᠨ ᠰᠠᠶ᠋ᠢᠬᠠᠨ  ᠦᠵᠡᠭᠳᠡᠵᠦ᠂ ᠲᠠᠨ᠎ᠠ ᠰᠤᠪᠤᠳ ᠰᠢᠭ᠋ ᠪᠠᠶᠠᠨ ᠰᠦᠷᠦᠭ ᠨᠢ ᠬᠢᠵᠠᠭᠠᠯᠠᠰᠢ ᠦᠭᠡᠢ ᠪᠠᠶᠠᠷ ᠪᠠᠬᠠᠲᠤᠯ ᠊ᠢ ᠨᠢ ᠲᠥᠷᠥᠭᠦᠯᠦᠨ᠎ᠡ᠃ ᠲᠡᠷᠡ᠂ ᠥᠷᠯᠥᠭᠡ ᠪᠦᠷᠢ ᠡᠷᠲᠡᠯᠡᠵᠦ ᠪᠣᠰᠤᠭᠠᠳ ᠮᠠᠯ ᠶ᠋ᠢᠠᠨ ᠪᠡᠯᠴᠢᠭᠡᠷᠯᠡᠭᠦᠯᠳᠡᠭ ᠪᠠᠶ᠋ᠢᠨ᠎ᠠ᠃
      ᠰᠡᠷᠡᠩ ᠳᠡᠪᠡᠯ ᠶ᠋ᠢᠡᠨ ᠡᠮᠦᠰᠴᠦ ᠭᠠᠷᠴᠤ ᠢᠷᠡᠭᠡᠳ ᠮᠣᠷᠢ ᠪᠠᠨ ᠡᠮᠡᠭᠡᠯᠯᠡᠵᠦ᠂ ᠤᠷᠬ᠋᠎ᠠ ᠪᠠᠨ ᠳᠣᠬᠤᠶ᠋ᠢᠯᠠᠨ ᠮᠣᠷᠲᠠᠩᠭᠤᠲᠠ ᠪᠡᠯᠴᠢᠭᠡᠷ ᠵᠦᠭ ᠶ᠋ᠢᠡᠨ ᠪᠡᠯᠴᠢᠭᠡᠷᠯᠡᠨ ᠶᠠᠪᠤᠵᠤ ᠪᠠᠶ᠋ᠢᠬ᠋᠎ᠠ ᠦᠬᠡᠷ  ᠰᠦᠷᠦᠭ ᠦ᠋ᠨ ᠵᠦᠭ ᠳᠠᠪᠬᠢᠨ ᠬᠦᠷᠪᠡ᠃ ᠰᠡᠷᠡᠩ  ‍ᠳᠤ ᠡᠨᠡ ‍ᠬᠦ ᠥᠷᠭᠡᠨ ᠶᠡᠬᠡ ᠪᠡᠯᠴᠢᠭᠡᠷ ᠲᠡᠭᠡᠨ ᠡᠪᠡᠰᠦᠨ ᠰᠤᠷ ᠊ᠢ ᠡᠮᠬᠦᠯᠡᠵᠦ ᠶᠠᠪᠤᠬ᠋᠎ᠠ ᠮᠠᠯ  ᠰᠦᠷᠦᠭ ᠨᠢ ᠶᠠᠭᠠᠬᠢᠬᠰᠠᠨ ᠰᠠᠶ᠋ᠢᠬᠠᠨ ᠬᠠᠷᠠᠬᠳᠠᠬᠤ ᠪᠥᠭᠡᠳ ᠶᠠᠭᠤᠲᠠᠢ ᠶᠡᠬᠡ ᠪᠠᠶᠠᠷ ᠪᠠᠬᠠᠲᠤᠯ ᠊ᠢ ᠨᠢ ᠣᠷᠬᠢᠯᠤᠭᠤᠯᠬᠤ ᠠᠵᠢ ! ᠡᠨᠡ ᠭ᠌ᠱᠠᠨ᠎ᠠ《 ᠲᠠᠯ᠎ᠠ ᠨᠤᠲᠤᠭ ᠦ᠋ᠨ ᠡᠷᠲᠡᠨᠢ ᠪᠣᠯᠤᠬᠰᠠᠨ ᠡᠲᠡᠭᠡᠷ ᠣᠯᠠᠨ ᠮᠠᠯ  ᠰᠦᠷᠦᠭ ᠦ᠋ᠳ᠂ ᠡᠬᠡ ᠣᠷᠣᠨ ᠪ ᠮᠢᠨᠢ ᠮᠠᠨᠲᠤᠯ ᠴᠡᠴᠡᠭᠯᠡᠯ ‍ᠳᠤ ᠶᠠᠮᠠᠷ ᠶᠡᠬᠡ ᠬᠤᠪᠢ ᠨᠡᠮᠡᠭᠦᠷᠢ ᠪᠠᠨ ᠦᠵᠡᠭᠦᠯᠵᠦ᠂ ᠬᠣᠪᠣᠷ ᠭᠠᠷᠤᠯᠲᠠ ᠪᠠᠨ ᠥᠭᠭᠦᠭᠡ ᠪᠣᠯ !  
      ᠡᠶ᠋ᠢᠮᠦ ᠰᠠᠶ᠋ᠢᠬᠠᠨ ᠪᠠᠶᠠᠯᠢᠬ ᠭᠠᠷᠤᠯᠲᠠ ᠲᠠᠢ ᠪᠠᠶᠠᠨ ᠴᠢᠨᠡᠭᠡᠯᠢᠭ ᠣᠷᠣᠨ ᠪ ᠪᠠᠨ ᠢᠷᠡᠭᠡᠲᠦᠢ ᠶ᠋ᠢᠨ ᠴᠡᠴᠡᠭᠯᠡᠯ ᠊ᠢ ᠲᠤᠯᠭᠠᠭᠤᠷᠢᠯᠠᠵᠤ᠂ ᠡᠬᠡ ᠣᠷᠣᠨ ᠳ᠋ᠠᠭᠠᠨ ᠬᠠᠮᠤᠭ ᠬᠦᠴᠦ ᠪᠡᠨ ᠵᠣᠷᠢᠭᠤᠯᠵᠤ᠂ ᠬᠠᠮᠲᠤ ᠨᠡᠶ᠋ᠢᠲᠡ ᠶ᠋ᠢᠨ ᠲᠥᠯᠥᠭᠡ ᠨᠠᠰᠤ ᠪᠠᠷ ᠶ᠋ᠢᠠᠨ ᠵᠢᠤᠠᠬᠦᠬᠦ ᠪᠣᠯ ᠡᠬᠡ ᠣᠷᠣᠨ ᠪ ᠡᠵᠡᠨ ᠮᠢᠨᠦ᠂ ᠬᠢᠵᠠᠭᠠᠯᠠᠰᠢ ᠦᠭᠡᠢ ᠵᠢᠷᠭᠠᠯ ᠳ᠋ᠠ ᠁  》ᠭᠡᠬᠦ ᠪᠠᠶᠠᠷ ᠪᠠᠬᠠᠲᠤᠯᠲᠤ ᠪᠣᠲᠣᠯ ᠲᠡᠭᠦᠨ ᠪ ᠪᠣᠷᠣ ᠤᠯᠠᠭᠠᠨ ᠵᠢᠷᠦᠬᠡᠨ ᠳ᠋ᠤᠨᠢ ᠴᠢᠩᠭᠠᠷᠠᠭᠠᠳ᠂ ᠬᠤᠷ᠎ᠠ ᠰᠠᠯᠬᠢᠨ  ‍ᠳᠤ ᠪᠤᠯᠪᠠᠰᠤᠷᠠᠬᠳᠠᠬᠰᠠᠨ ᠬᠥᠷᠥᠰᠦᠯᠢᠭ ᠪᠣᠷᠣ ᠬᠠᠴᠠᠷ ᠡᠴᠨ ᠨᠢ ᠢᠨᠢᠶᠡᠮᠰᠦᠭᠯᠡᠯ  ᠢᠯᠡᠷᠡᠨ᠎ᠡ᠃
      ᠬᠠᠯᠢᠭᠤᠷᠠᠨ ᠳᠣᠯᠬᠢᠶᠠᠯᠠᠬᠰᠠᠨ ᠥᠷᠭᠡᠨ ᠠᠭᠤᠲᠠᠮ ᠪᠡᠯᠴᠢᠭᠡᠷ ᠲᠦ ᠬᠠᠷᠠᠬ᠋᠎ᠠ ᠪᠠᠬᠲᠠᠮ᠎ᠠ ᠮᠠᠯ ᠰᠦᠷᠦᠭ ᠦ᠋ᠳ ᠰᠢᠮ᠎ᠡ ᠲᠡᠵᠢᠭᠡᠯᠲᠦ ᠡᠪᠡᠰᠦᠨ ᠰᠤᠷ ᠊ᠢ ᠠᠮᠠ ᠠᠮᠠ ᠪᠠᠷ ᠡᠮᠬᠦᠯᠡᠵᠦ ᠶᠠᠪᠤᠨ᠎ᠠ᠃  ᠰᠦᠷᠦᠭ ᠦ᠋ᠨ ᠳᠤᠮᠳᠠ ᠬᠠᠶᠠ ᠨᠢᠭᠡ ᠮᠥᠭᠡᠷᠡᠬᠦ ᠪᠢᠷᠠᠭᠤ ᠲᠤᠭᠤᠯ ᠦ᠋ᠨ ᠳᠠᠭᠤᠨ ᠰᠣᠨᠣᠰᠲᠠᠨ᠎ᠠ᠃
      ᠲᠠᠭᠠᠯᠠᠮᠵᠢ ᠦᠭᠡᠢ ᠪᠠᠶ᠋ᠢᠬᠰᠠᠨ ᠲᠡᠭᠷᠢ ᠶ᠋ᠢᠨ ᠴᠢᠷᠠᠢ ᠦᠲᠡ ᠪᠣᠯᠬᠤ ᠶ᠋ᠢᠨ ᠬᠢᠷᠢ ᠎ᠳ᠋ᠤ᠌ ᠤᠯᠠᠮ ᠯᠡ ᠪᠦᠷᠬᠦᠶ᠋ᠢᠭᠡᠳ ᠬᠥᠪᠡᠭᠡ ᠬᠢᠵᠠᠭᠠᠷ ᠦᠭᠡᠢ ᠬᠥᠬᠡ ᠡᠭᠦᠯᠡᠰ ᠨᠡᠲᠦᠶ᠋ᠢᠵᠦ᠂ ᠬᠦᠢᠲᠡᠨ ᠰᠠᠯᠬᠢ ᠪᠠᠷᠠᠭᠤᠨ ᠬᠣᠶ᠋ᠢᠨ᠎ᠠ ᠠ᠋ᠴᠠ ᠢᠰᠬᠡᠷᠬᠦ  ‍ᠳᠤ ᠪᠢᠯᠵᠤᠤᠬᠠᠢ  ᠰᠦᠷᠦᠭ ᠰᠦᠷᠦᠭ ᠶ᠋ᠢᠡᠷ ᠱᠤᠯᠤᠭᠠᠨᠠᠵᠤ ᠭᠠᠷᠤᠯ᠎ᠠ᠃ ᠰᠡᠷᠡᠩ ᠬᠡᠲᠦᠶ᠋ᠢᠪᠡᠷ ᠳᠤᠷᠰᠢᠯᠭ᠎ᠠ ᠦᠭᠡᠢ ᠪᠠᠬ᠋᠎ᠠ ᠨᠠᠰᠤᠨ ᠪ ᠰᠤᠷᠤᠬᠴᠢ ᠪᠣᠯᠪᠠᠴᠤ ᠡᠨᠡ ᠪᠣᠯ ᠶᠡᠬᠡ ᠵᠤᠳ ᠪᠣᠯᠬᠤ ᠶ᠋ᠢᠨ ᠲᠡᠮᠲᠡᠭ ᠭᠡᠭᠴᠢ ᠶ᠋ᠢ ᠮᠡᠲᠡᠵᠦ ᠪᠠᠶ᠋ᠢᠯ᠎ᠠ᠃ ᠲᠡᠷᠡ ᠮᠠᠯᠠᠭᠠᠢ ᠶ᠋ᠢᠨ ᠴᠢᠬᠢᠪᠴᠢ ᠪᠡᠨ ᠶᠠᠪ ᠪᠠᠭᠤᠲᠠᠯ᠎ᠠ ᠳᠠᠷᠤᠭᠠᠳ᠂ ᠮᠠᠯ ᠶ᠋ᠢᠠᠨ ᠤᠷᠤᠭᠤᠲᠠᠭᠤᠯᠬᠤ ᠦᠭᠡᠢ ᠶ᠋ᠢᠨ ᠲᠥᠯᠥᠭᠡ ᠨᠥᠮᠥᠷᠢ ‍ᠳᠤ ᠣᠷᠣᠭᠤᠯᠬᠤ ᠪᠠᠷ ᠰᠢᠢᠤᠠᠪᠡ᠃
      ᠤᠲᠠᠯ ᠦᠭᠡᠢ ᠦᠨᠡᠬᠡᠷ ᠴᠤ᠌ ᠬᠠᠷ᠎ᠠ ᠰᠠᠯᠬᠢ ᠦᠯᠢᠶᠡᠵᠦ᠂ ᠴᠠᠰᠤ ᠰᠢᠭᠤᠷᠤᠭᠠᠳ ᠨᠢᠲᠦ ᠴᠠᠪᠴᠢᠬᠤ ᠶ᠋ᠢᠨ ᠭ᠌ᠱᠠᠨ  ‍ᠳᠤ ᠭᠠᠵᠠᠷ ᠳᠡᠯᠡᠬᠡᠢ ᠴᠠᠶ᠋ᠢᠷᠠᠪᠠ᠃
      ᠲᠠᠭᠠᠲᠠᠶ᠋ᠢᠬᠠᠨ ᠪᠡᠯᠴᠢᠵᠦ ᠪᠠᠶ᠋ᠢᠬᠰᠠᠨ ᠮᠠᠯ  ᠰᠦᠷᠦᠭ᠂ ᠬᠠᠬ᠋᠎ᠠ ᠬᠥᠯᠲᠡᠮ᠎ᠡ ᠬᠦᠢᠲᠡᠨ ᠰᠠᠯᠬᠢᠨ  ‍ᠳᠤ ᠳᠣᠬᠲᠠᠵᠤ ᠶᠠᠲᠠᠨ ᠤᠷᠤᠭᠤᠲᠠᠨ ᠭᠦᠶᠦᠯᠴᠡᠨ᠎ᠡ᠃ ᠰᠡᠷᠡᠩ ᠴᠠᠰᠤ ᠰᠠᠯᠬᠢᠨ ᠪ ᠡᠰᠡᠷᠭᠦ ᠮᠣᠷᠢ ᠪᠠᠨ ᠳᠠᠰᠢᠭᠤᠷᠳᠠᠵᠤ᠂ ᠲᠠᠰᠤᠷᠠᠯᠲᠠ ᠦᠭᠡᠢ ᠬᠠᠰᠬᠢᠷᠤᠨ᠂ ᠤᠷᠤᠭᠤᠲᠠᠨ ᠪᠠᠶ᠋ᠢᠬ᠋᠎ᠠ ᠮᠠᠯ ᠊ᠢ ᠴᠢᠨᠡᠭᠡ ᠪᠠᠷ ᠶ᠋ᠢᠠᠨ ᠬᠠᠰᠢᠵᠤ ᠯᠡ ᠪᠠᠶ᠋ᠢᠯ᠎ᠠ᠃ ᠬᠡᠲᠦᠨ ᠵᠠᠭᠤᠨ ᠮᠠᠯ ᠦ᠋ᠨ ᠡᠨᠡ ᠦᠵᠦᠭᠦᠷ ᠊ᠢ ᠨᠢ ᠬᠤᠮᠢᠲᠠᠯ᠎ᠠ ᠨᠥᠭᠦᠭᠡ ᠦᠵᠦᠭᠦᠷ ᠨᠢ ᠵᠦᠭ ᠦᠭᠡᠢ ᠤᠷᠤᠭᠤᠲᠠᠭᠠᠳ᠂ ᠰᠤᠮᠤ ᠰᠢᠭ᠋ ᠬᠤᠷᠲᠤᠯᠠᠨ ᠳᠠᠪᠬᠢᠪᠠᠴᠤ ᠭᠠᠬᠴᠠ ᠬᠥᠮᠦᠨ ᠬᠠᠰᠢᠨ ᠳᠣᠬᠲᠠᠭᠠᠬᠤ  ‍ᠳᠤ ᠪᠡᠷᠬᠡ ᠪᠠᠶ᠋ᠢᠯ᠎ᠠ᠃ ᠭᠡᠪᠡᠴᠦ ᠰᠡᠷᠡᠩ ᠨᠢᠭᠡ ᠮᠠᠯ ᠴᠤ᠌ ᠤᠷᠤᠭᠤᠳᠠᠭᠤᠯᠤᠯ ᠦᠭᠡᠢ ᠠᠮᠢ ᠲᠡᠮᠡᠴᠡᠨ ᠬᠠᠰᠢᠨ᠎ᠠ᠃ ᠲᠡᠭᠦᠨ ᠪ ᠬᠠᠴᠠᠷ ᠬᠠᠮᠠᠷ ᠥᠭᠡᠲᠡ ᠨᠢ ᠵᠢᠭᠡᠭᠦᠨ ᠴᠠᠰᠤ ᠪᠠᠷ ᠭᠤᠶᠠᠲᠠᠵᠤ᠂ ᠵᠢᠭᠢᠲᠠᠯ᠎ᠠ  ᠢᠰᠭᠦᠯᠦᠭᠰᠡᠨ ᠬᠣᠶᠠᠷ ᠬᠥᠯ ᠨᠢ ᠴᠤ᠌ ᠲᠠᠭᠠᠷᠠᠬᠤ ᠰᠢᠭ᠋ ᠪᠣᠯᠤᠯ᠎ᠠ᠃ ᠭᠡᠪᠡᠴᠦ ᠰᠡᠷᠡᠩ  ‍ᠳᠤ ᠡᠨᠡ ᠨᠢ ᠥᠴᠦᠬᠡᠨ  ᠴᠤ᠌ ᠮᠡᠳᠡᠭᠳᠡᠭᠰᠡᠨ ᠦᠭᠡᠢ᠃ ᠤᠷᠤᠭᠤᠲᠠᠨ ᠭᠦᠶᠦᠯᠴᠡᠬᠦ ᠮᠠᠯ ᠯᠡ ᠲᠡᠭᠦᠨ ᠪ ᠥᠷᠦᠴᠡ ᠵᠢᠷᠦᠬᠡ ᠶ᠋ᠢ ᠨᠢ ᠪᠠᠴᠢᠮᠲᠠᠭᠤᠯᠤᠨ᠎ᠠ᠃ ᠲᠡᠷᠡ᠂ ᠲᠣᠯᠣᠭᠠᠢ ᠰᠡᠭᠰᠦᠷᠦᠨ ᠤᠷᠤᠭᠤᠲᠠᠬᠤ ᠮᠠᠯ ᠊ᠢ ᠠᠮᠢᠰᠬᠤᠬ᠋᠎ᠠ ᠠᠪᠤᠯ ᠦᠭᠡᠢ ᠬᠠᠰᠢᠵᠤ ᠯᠡ ᠪᠠᠶ᠋ᠢᠯ᠎ᠠ᠃ ᠰᠠᠯᠬᠢᠨ ᠪ ᠬᠦᠴᠦ ᠤᠯᠠᠮ ᠯᠡ ᠨᠡᠮᠡᠭᠳᠡᠵᠦ᠂ ᠴᠠᠰᠤ ᠶ᠋ᠢ ᠬᠤᠶ᠋ᠢᠯᠠᠷᠠᠭᠤᠯᠤᠨ᠂ ᠴᠠᠰᠤᠨ ᠪ ᠣᠷᠣᠬᠤ ᠪᠠ ᠰᠢᠭᠤᠷᠬᠤ ᠠᠯᠢ ᠨᠢ ᠴᠤ᠌ ᠮᠡᠳᠡᠭᠳᠡᠬᠦ ᠦᠭᠡᠢ᠃ ᠠᠯᠤᠰ ᠦ᠋ᠨ ᠠᠭᠤᠯᠠᠰ᠂ ᠠᠭᠤᠲᠠᠮ ᠬᠦᠳᠡᠭᠡᠨ ᠪ  ᠲᠡᠮᠲᠡᠭ ᠪᠠᠶ᠋ᠢᠴᠠ ᠨᠢ ᠴᠤ᠌ ᠦᠭᠡᠢ ᠪᠣᠯᠤᠯ᠎ᠠ᠃ ᠰᠡᠷᠡᠩ ᠵᠦᠭ ᠴᠢᠭ᠌ ᠦᠭᠡᠢ ᠭᠦᠶᠦᠯᠴᠡᠬᠦ ᠮᠠᠯ ᠦ᠋ᠳ ᠶ᠋ᠢᠠᠨ ᠬᠠᠰᠬᠢᠷᠤᠨ ᠳᠠᠰᠢᠭᠤᠷᠳᠠᠬᠰᠠᠭᠠᠷ ᠪᠠᠶ᠋ᠢᠵᠤ ᠤᠷᠬ᠋᠎ᠠ ᠶ᠋ᠢᠨ ᠬᠣᠶ᠋ᠢᠪᠢ ᠪᠠᠨ ᠭᠡᠭᠡᠭᠰᠡᠨ ᠶ᠋ᠢᠡᠨ ᠴᠤ᠌ ᠮᠡᠳᠡᠭᠰᠡᠨ  ᠦᠭᠡᠢ᠃ ᠲᠡᠭᠦᠨ ᠪ ᠮᠠᠯᠠᠭᠠᠢ ᠶ᠋ᠢᠨ ᠴᠢᠬᠢᠪᠴᠢᠨ ᠳ᠋ᠡᠭᠡᠨ ᠲᠠᠬ ᠳᠠᠷᠤᠬᠳᠠᠬᠰᠠᠨ ᠴᠢᠬᠢᠨ ᠳ᠋ᠤᠨᠢ ᠭᠡᠨᠡᠤᠠᠲᠡ ᠨᠢᠭᠡ ᠬᠥᠮᠦᠨ ᠪ ᠳᠠᠭᠤᠨ ᠰᠤᠨᠤᠰᠲᠠᠵᠤ᠂ ᠭᠠᠶ᠋ᠢᠬᠠᠨ ᠬᠠᠷᠠᠬᠤ  ‍ᠳᠤ ᠲᠡᠷᠲᠡᠭᠡ ᠦᠵᠦᠭᠦᠷ ᠦ᠋ᠨ ᠮᠠᠯ ᠦ᠋ᠳ ᠴᠤ᠌ ᠬᠤᠮᠢᠬᠳᠠᠬᠤ ᠰᠢᠭ᠋ ᠪᠣᠯᠤᠯ᠎ᠠ᠃ ᠲᠡᠷᠡ ᠶᠠᠭᠠᠷᠠᠨ ᠮᠠᠯᠠᠭᠠᠢ ᠶ᠋ᠢᠨ ᠪᠦᠴᠡ ᠪᠠᠨ ᠲᠠᠶ᠋ᠢᠯᠤᠨ ᠴᠢᠩᠨᠠᠪᠠᠯ ᠠᠪᠠᠬ᠋᠎ᠠ ᠶ᠋ᠢᠨ ᠬᠢᠨᠢ ᠬᠦᠩᠬᠢᠨᠡᠭᠰᠡᠨ ᠪᠦᠲᠦᠭᠦᠨ ᠳᠠᠭᠤᠨ ᠲᠣᠪ ᠲᠣᠲᠣᠬᠠᠨ ᠰᠣᠨᠣᠰᠲᠠᠨ᠎ᠠ᠃  

ᠢᠷᠡᠯᠲᠡ ᠄  
      ᠲᠠᠪᠤᠨ ᠵᠢᠯ ᠦᠨ ᠲᠦᠷᠢᠮᠳᠦ ᠪᠠᠭ᠎ᠠ ᠰᠤᠷᠭᠠᠭᠤᠯᠢ ᠳᠤ ᠦᠵᠡᠬᠦ 
          ᠬᠡᠯᠡ ᠪᠢᠴᠢᠭ    ᠶᠢᠰᠦᠳᠦᠭᠡᠷ ᠲᠡᠪᠳᠡᠷ  ※ 
              ᠦᠪᠦᠷ ᠮᠤᠩᠭᠤᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶ᠎ᠠ ᠨᠠᠢᠢᠷᠠᠭᠤᠯᠤᠨ ᠬᠡᠪᠯᠡᠭᠦᠯᠪᠡ
              ᠦᠪᠦᠷ ᠮᠤᠩᠭᠤᠯ ᠤᠨ ᠰᠢᠨᠬᠤᠸᠠ ᠨᠤᠮ ᠤᠨ ᠲᠡᠯᠭᠡᠭᠦᠷ ᠲᠠᠷᠬᠠᠭᠠᠪᠠ
              ᠦᠪᠦᠷ ᠮᠤᠩᠭᠤᠯ ᠤᠨ ᠮᠤᠩᠭᠤᠯ ᠪᠢᠴᠢᠭ ᠬᠡᠪᠯᠠᠬᠦ ᠦᠢᠯᠡᠳᠪᠦᠷᠢ ᠬᠡᠪᠯᠡᠪᠡ 
             1981 ᠤᠨ ᠤ 5 ᠰᠠᠷ᠎ᠠ ᠳᠤ ᠬᠤᠶᠠᠳᠤᠭᠠᠷ ᠬᠡᠪ ᠢ ᠬᠢᠪᠡ 
             1984 ᠤᠨ ᠤ 4 ᠰᠠᠷ᠎ᠠ ᠳᠤ ᠲᠦᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃
        
       ᠦᠰᠦᠭ ᠠᠮᠢᠯᠠᠭᠤᠯᠤᠭᠴᠢ ᠄ ᠨᠠᠷᠠᠨᠰᠣᠶᠣᠯ
            ᠬᠢᠨᠠᠭᠴᠢ ᠄  ᠲᠣ᠋ · ᠨᠠᠨᠲᠢᠨ

                                           2023.3.14