ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 5> Ертөнцийн гурав – Ш᠂ Буянтогтох эмхиохэн найруулав < Оршлын оронд – 5> ᠶᠢᠷᠲᠢᠨᠴᠦ ᠶ᠋ᠢᠨ ᠭᠤᠷᠪᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 5> Ертөнцийн гурав – Ш᠂ Буянтогтох эмхиохэн найруулав < Оршлын оронд – 5>

ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 5> Ертөнцийн гурав – Ш᠂ Буянтогтох эмхиохэн найруулав < Оршлын оронд – 5>

2023-05-06

305

ᠣᠷᠣᠰᠢᠯ ᠤᠨ ᠣᠷᠣᠨ ᠳᠤ – 5


       ᠲᠠᠪᠤ ᠂ 《 ᠶᠢᠷᠲᠢᠨᠴᠦ ‍ᠶ᠋ᠢᠨ ᠭᠤᠷᠪᠠ 》 ‍ᠶ᠋ᠢᠨ ᠠᠭᠤᠯᠭ᠎ᠠ ᠪᠠ ᠦᠢᠯᠡᠳᠦᠯ ‍ᠤᠨ ᠲᠤᠬᠠᠢ

    1. ᠮᠣᠩᠭᠣᠯ ᠠᠷᠠᠳ ‍ᠤᠨ ᠠᠮᠠᠨ ᠢᠷᠠᠭᠤ ᠨᠠᠶ᠋ᠢᠷᠠᠭ ᠪᠣᠯᠬᠤ 《 ᠶᠢᠷᠲᠢᠨᠴᠦ ‍ᠶ᠋ᠢᠨ ᠭᠤᠷᠪᠠ 》 ‍ᠶ᠋ᠢᠨ  ᠠᠬᠤᠭᠤᠯᠤᠭᠰᠠᠨ ᠠᠭᠤᠯᠭ᠎ᠠ ᠠ᠋ᠴᠠ ᠨᠢ ᠠᠪᠴᠤ ᠦᠵᠡᠪᠡᠯ ᠮᠠᠰᠢ ᠥᠷᠭᠡᠨ ᠳᠡᠯᠭᠡᠷ ᠪᠠᠶ᠋ᠢᠳᠠᠭ ᠪᠢᠯᠡ ᠃ ᠣᠳᠣ ‍ᠶ᠋ᠢᠨ ᠭᠠᠷ ᠎ᠲᠤ᠌ ᠣᠯᠳᠠᠭᠰᠠᠨ ᠪᠠᠷᠢᠮᠲᠠ ᠠ᠋ᠴᠠ ᠦᠵᠡᠪᠡᠯ ᠂ ᠪᠣᠳᠠᠲᠤ ᠠᠮᠢᠲᠠᠨ ᠪᠣᠳᠠᠰ ‍ᠢ ᠵᠢᠭᠠᠭᠰᠠᠨ ᠪᠣᠳᠠᠲᠤ ᠠᠭᠤᠯᠭ᠎ᠠ ᠪᠠ ᠲᠤᠷᠰᠢᠯᠭ᠎ᠠ ᠰᠤᠷᠭᠠᠮᠵᠢ ‍ᠶ᠋ᠢ ᠥᠭᠦᠯᠡᠭᠰᠡᠨ ᠬᠡᠶ᠋ᠢᠰᠪᠦᠷᠢ ᠠᠭᠤᠯᠭ᠎ᠠ ᠭᠡᠵᠦ ᠬᠣᠶᠠᠷ ᠵᠦᠢᠯ ‍ᠢᠶ᠋ᠠᠷ ᠬᠤᠪᠢᠶᠠᠵᠤ ᠪᠣᠯᠤᠨ᠎ᠠ ᠃
      (1) ᠪᠣᠳᠠᠲᠤ ᠠᠭᠤᠯᠭ᠎ᠠ ᠨᠢ ᠳᠠᠷᠤᠢ ᠣᠷᠴᠢᠯᠠᠩ ᠶᠢᠷᠲᠢᠨᠴᠦ ᠳᠡᠭᠡᠷ᠎ᠡ ᠣᠷᠣᠰᠢᠨ ᠲᠣᠭᠲᠠᠨᠢᠵᠤ ᠪᠠᠶ᠋ᠢᠭ᠎ᠠ ᠡᠪᠡᠰᠦ ᠤᠷᠭᠤᠮᠠᠯ ᠂ ᠬᠥᠮᠦᠨ ᠠᠮᠢᠲᠠᠨ ᠂ ᠡᠳ᠌ᠯᠡᠯ ᠬᠡᠷᠡᠭᠰᠡᠯ ᠂ ᠵᠠᠰᠠᠯ ᠵᠢᠮᠰᠡᠭ ᠂ ᠢᠳᠡᠭᠡᠨ ᠤᠮᠳᠠᠭᠠᠨ ᠂ ᠬᠡᠷᠡᠭ ᠦᠵᠡᠭᠳᠡᠯ ᠂ ᠦᠢᠯᠡ ᠬᠥᠳᠡᠯᠦᠯ ᠂ ᠥᠩᠭᠡ ᠵᠢᠰᠦᠮ ᠁ ‍ᠤᠨ ᠲᠤᠬᠠᠢ ᠰᠢᠭᠤᠳ ᠲᠤᠰᠬᠠᠨ ᠥᠭᠦᠯᠡᠭᠰᠡᠨ ‍ᠢ ᠬᠡᠯᠡᠨ᠎ᠡ ᠃ ᠵᠢᠱ᠌ᠢᠶᠡᠯᠡᠪᠡᠯ ᠄

      ᠠᠮᠢᠲᠠᠨ ᠤᠷᠭᠤᠮᠠᠯ ‍ᠤᠨ ᠲᠤᠬᠠᠢ
          ᠡᠷ᠎ᠡ ᠎ᠪᠠᠨ ᠡᠵᠡᠯᠡᠭᠰᠡᠨ ᠡᠮ᠎ᠡ ᠲᠣᠭᠰᠢᠨ
          ᠡᠮᠡᠭᠡᠯ ‍ᠢᠶ᠋ᠠᠨ ᠬᠥᠩᠭᠡᠯᠡᠭᠰᠡᠨ ᠮᠣᠷᠢ ᠲᠣᠭᠰᠢᠨ
          ᠡᠵᠡᠨ ‍ᠢᠶ᠋ᠠᠨ ᠠᠶᠤᠯᠭᠠᠭᠰᠠᠨ ᠲᠦᠰᠢᠮᠡᠯ ᠲᠣᠭᠰᠢᠨ
            ( ᠶᠢᠷᠲᠢᠨᠴᠦ ‍ᠶ᠋ᠢᠨ ᠭᠤᠷᠪᠠᠨ ᠲᠣᠭᠰᠢᠨ )
       ᠵᠠᠰᠠᠯ ᠡᠳ᠋ᠯᠡᠯ ‍ᠤᠨ ᠲᠤᠬᠠᠢ
           ᠰᠠᠭᠠᠳᠠᠭ ᠨᠤᠮᠤ ᠡᠷ᠎ᠡ ‍ᠶ᠋ᠢᠨ ᠵᠢᠮᠰᠡᠭ
           ᠰᠠᠭᠯᠠᠭᠠᠷ ᠮᠣᠳᠣ ᠲᠠᠯ᠎ᠠ ‍ᠶ᠋ᠢᠨ ᠵᠢᠮᠰᠡᠭ
           ᠰᠠᠨᠵᠢᠯᠭ᠎ᠠ ᠰᠦᠢᠬᠡ ᠡᠮ᠎ᠡ ‍ᠶ᠋ᠢᠨ ᠵᠢᠮᠰᠡᠭ
                 ( ᠶᠢᠷᠲᠢᠨᠴᠦ ‍ᠶ᠋ᠢᠨ ᠭᠤᠷᠪᠠᠨ ᠵᠢᠮᠰᠡᠭ )
       ᠬᠡᠷᠡᠭ ᠦᠢᠯᠡ ‍ᠶ᠋ᠢᠨ ᠲᠤᠬᠠᠢ
            ᠯᠠᠮᠠ ᠯᠠᠮᠠ ‍ᠶ᠋ᠢᠨ ᠯᠠᠮᠠᠳᠠᠬᠤ ᠨᠢ ᠣᠨᠴᠣᠭᠣᠢ
            ᠯᠠᠩᠲᠤᠤ ᠵᠡᠭᠡᠲᠤ ‍ᠶ᠋ᠢᠨ ᠲᠤᠰᠤᠯᠲᠠ ᠨᠢ ᠣᠨᠴᠣᠭᠣᠢ
            ᠯᠠᠩᠭᠤᠸᠠ ᠰᠢᠭᠤᠸᠠ ‍ᠶ᠋ᠢᠨ ᠠᠮᠲᠠ ᠨᠢ ᠣᠨᠴᠣᠭᠣᠢ
                  ( ᠶᠢᠷᠲᠢᠨᠴᠦ ‍ᠶ᠋ᠢᠨ ᠭᠤᠷᠪᠠᠨ ᠣᠨᠴᠣᠭᠣᠢ )   
       ᠥᠩᠭᠡ ᠵᠢᠰᠦᠮ ᠦ᠋ᠨ ᠲᠤᠬᠠᠢ
             ᠵᠢᠪᠠᠷ ᠲᠠᠢ ᠲᠩᠷᠢ ᠶ᠋ᠢᠨ ᠬᠠᠶᠠᠬ᠋᠎ᠠ ᠤᠯᠠᠭᠠᠨ 
             ᠵᠢᠷᠭᠠᠯ ᠲᠠᠢ ᠬᠠᠲᠤᠨ ᠪ ᠬᠠᠴᠠᠷ ᠤᠯᠠᠭᠠᠨ
             ᠵᠢᠷᠲᠠᠭᠠᠢ ᠬᠥᠮᠦᠨ ᠪ ᠨᠢᠲᠦ ᠤᠯᠠᠭᠠᠨ
                   ( ᠶᠢᠷᠲᠢᠨᠴᠦ ᠶ᠋ᠢᠨ ᠭᠤᠷᠪᠠᠨ ᠤᠯᠠᠭᠠᠨ) 
 ᠭᠡᠬᠦ ᠮᠡᠲᠦ ᠪᠡᠷ ᠪᠣᠲᠠᠲᠤ ᠠᠭᠤᠯᠬ᠋᠎ᠠ ᠲᠠᠢ ᠶᠢᠷᠲᠢᠨᠴᠦ ᠶ᠋ᠢᠨ ᠭᠤᠷᠪᠠ ᠨᠢ ᠪᠥᠬᠥ ᠪᠠᠷᠢᠮᠲᠠ ᠵᠢᠱ᠌ᠢᠶᠡᠨ ᠪ ᠶᠡᠬᠡᠩᠬᠢ ᠪᠠᠶ᠋ᠢᠷᠢ ᠶ᠋ᠢ ᠡᠵᠡᠯᠡᠵᠦ ᠪᠠᠶ᠋ᠢᠨ᠎ᠠ ᠃
       (2) ᠬᠡᠶ᠋ᠢᠰᠪᠦᠷᠢ ᠠᠭᠤᠯᠬ᠋᠎ᠠ ᠭᠡᠳᠡᠭ ᠨᠢ ᠨᠡᠶ᠋ᠢᠭᠡᠮ ᠪᠠ ᠠᠮᠢᠲᠤᠷᠠᠯ ᠠ᠋ᠴᠠ ᠲᠠᠨᠢᠵᠤ ᠣᠯᠤᠭᠰᠠᠨ ᠦᠵᠡᠯᠲᠡ ᠲᠠᠨᠢᠯᠲᠠ ᠂ ᠲᠤᠷᠰᠢᠯᠬ᠋᠎ᠠ ᠰᠤᠷᠭᠠᠮᠵᠢ ᠂ ᠡᠷᠲᠡᠮ ᠮᠡᠲᠡᠯᠭᠡ ᠂ ᠬᠠᠷᠢᠴᠠᠬ᠋᠎ᠠ ᠬᠣᠯᠪᠣᠬ᠋᠎ᠠ ᠂ ᠰᠠᠶ᠋ᠢᠨ ᠮᠠᠭᠤ ᠂ ᠰᠢᠨᠵᠢ ᠴᠢᠨᠠᠷ ᠁ ᠭᠡᠬᠦ ᠮᠡᠲᠦ ᠶ᠋ᠢᠨ ᠲᠤᠬᠠᠢ ᠮᠡᠲᠡᠭᠦᠯᠵᠦ ᠰᠤᠷᠭᠠᠬᠤ ᠡᠭᠦᠲᠡᠨ ᠡᠴᠡ ᠶᠤᠰᠤᠴᠢᠯᠠᠨ ᠶᠠᠷᠢᠬᠰᠠᠨ ᠊ᠢ ᠬᠡᠯᠡᠨ᠎ᠡ ᠃ ᠡᠭᠦᠨ ᠪ ᠲᠤᠬᠠᠢ ᠬᠡᠲᠦᠨ ᠵᠢᠱ᠌ᠢᠶ᠎ᠡ ᠳᠠᠲᠠᠪᠠᠯ ᠄
              ᠰᠠᠶ᠋ᠢᠨ ᠮᠠᠭᠤ ᠰᠢᠨᠵᠢ ᠴᠢᠨᠠᠷ ᠦ᠋ᠨ ᠲᠤᠬᠠᠢ
              ᠥᠩᠭᠡ ᠵᠢᠰᠦ ᠶ᠋ᠢ ᠲᠠᠨᠢᠬᠰᠠᠨ ᠨᠢ ᠰᠠᠶ᠋ᠢᠨ
              ᠥᠪᠡᠷ ᠪᠤᠰᠤᠳ ᠊ᠢ ᠰᠢᠨᠵᠢᠭᠰᠡᠨ ᠨᠢ ᠰᠠᠶ᠋ᠢᠨ
              ᠦᠨᠡᠨ ᠬᠤᠲᠠᠯ ᠊ᠢ ᠢᠯᠭᠠᠭᠰᠠᠨ ᠨᠢ ᠰᠠᠶ᠋ᠢᠨ
                   ( ᠶᠢᠷᠲᠢᠨᠴᠦ ᠶ᠋ᠢᠨ ᠭᠤᠷᠪᠠᠨ ᠰᠠᠶ᠋ᠢᠨ)
              ᠬᠠᠷᠢᠴᠠᠬ᠋᠎ᠠ ᠬᠣᠯᠪᠣᠬ᠋᠎ᠠ ᠶ᠋ᠢᠨ ᠲᠤᠬᠠᠢ
              ᠣᠨᠢᠰᠣ ᠲᠦᠯᠬᠢᠭᠦᠷ ᠦ᠋ᠨ ᠬᠡᠯᠬᠢᠶ᠎ᠡ ᠨᠢᠭᠡ
              ᠣᠭᠣᠯᠢ ᠰᠦᠬᠡ ᠶ᠋ᠢᠨ ᠲᠡᠮᠦᠷ ᠨᠢᠭᠡ
              ᠣᠨᠣᠯ ᠦᠢᠯᠡᠲᠦᠯᠭᠡ ᠶ᠋ᠢᠨ ᠬᠣᠯᠪᠣᠬ᠋᠎ᠠ ᠨᠢᠭᠡ
                     ( ᠶᠢᠷᠲᠢᠨᠴᠦ ᠶ᠋ᠢᠨ ᠭᠤᠷᠪᠠᠨ ᠨᠢᠭᠡ)
       ᠲᠤᠷᠰᠢᠯᠬ᠋᠎ᠠ ᠰᠤᠷᠭᠠᠮᠵᠢ ᠪᠠ ᠮᠡᠲᠡᠯᠭᠡ ᠰᠤᠷᠭᠠᠯ ᠦ᠋ᠨ ᠲᠤᠬᠠᠢ
              ᠲᠥᠪᠰᠢᠨ ᠰᠢᠲᠤᠷᠭᠤ ᠶ᠋ᠢ ᠪᠠᠷᠢᠬᠴᠢᠳ ᠦ᠋ᠨ ᠡᠶ᠎ᠡ ᠵᠥᠭᠡᠯᠡᠨ 
              ᠲᠥᠷᠥᠯᠬᠢ ᠮᠠᠭᠤ ᠰᠠᠨᠠᠭᠠᠲᠠᠨ ᠪ ᠠᠶ᠎ᠠ ᠵᠥᠭᠡᠯᠡᠨ
              ᠲᠥᠪ ᠪᠤᠰᠤ ᠮᠠᠭᠤ ᠡᠬᠡᠨᠡᠷ ᠦ᠋ᠨ ᠬᠡᠯᠡ ᠵᠥᠭᠡᠯᠡᠨ
                   ( ᠶᠢᠷᠲᠢᠨᠴᠦ ᠶ᠋ᠢᠨ ᠭᠤᠷᠪᠠᠨ ᠵᠥᠭᠡᠯᠡᠨ)
       ᠦᠵᠡᠯᠲᠡ ᠲᠠᠨᠢᠯᠲᠠ ᠶ᠋ᠢᠨ ᠲᠤᠬᠠᠢ
              ᠡᠴᠢᠭᠡ ᠮᠠᠭᠤᠲᠤ ᠶ᠋ᠢᠨ ᠬᠣᠷᠣᠬ᠋᠎ᠠ ᠬᠥᠢᠲᠡᠨ
              ᠡᠬᠡ ᠮᠠᠭᠤᠲᠤ ᠶ᠋ᠢᠨ ᠬᠣᠭᠣᠯᠠ ᠬᠥᠢᠲᠡᠨ
              ᠡᠪ ᠮᠠᠭᠤᠲᠤ ᠶ᠋ᠢᠨ ᠴᠢᠷᠠᠢ ᠬᠥᠢᠲᠡᠨ
                    ( ᠶᠢᠷᠲᠢᠨᠴᠦ ᠶ᠋ᠢᠨ ᠭᠤᠷᠪᠠᠨ ᠬᠥᠢᠲᠡᠨ)
 ᠁ ᠁ ᠭᠡᠬᠦ ᠮᠡᠲᠦ ᠎ᠪᠡᠷ ᠬᠡᠶ᠋ᠢᠰᠪᠦᠷᠢ  ᠤᠴᠢᠷ ᠶᠣᠰᠣ ‍ ‍ᠶ᠋ᠢ ᠦᠭᠦᠯᠡᠭᠰᠡᠨ ᠲᠤᠬᠠᠢ 《 ᠶᠢᠷᠲᠢᠨᠴᠦ ‍ᠶ᠋ᠢᠨ ᠭᠤᠷᠪᠠ 》 ᠨᠢ ᠨᠡᠯᠢᠶᠡᠳ ᠣᠯᠠᠨ ᠪᠠᠶ᠋ᠢᠭ᠎ᠠ ᠪᠣᠯᠪᠠᠴᠤ ᠂ ᠪᠣᠳᠠᠲᠤ ᠠᠭᠤᠯᠭ᠎ᠠ ‍ᠶ᠋ᠢᠨ ᠲᠤᠬᠠᠢ ᠦᠭᠦᠯᠡᠭᠰᠡᠨ ᠵᠢᠱ᠌ᠢᠶ᠎ᠡ ᠪᠠᠷᠢᠮᠲᠠ ᠎ᠲᠠᠢ ᠬᠠᠷᠢᠴᠠᠭᠤᠯᠵᠤ ᠦᠵᠡᠪᠡᠯ ᠂ ᠲᠣᠭᠠᠨ ‍ᠤ ᠲᠠᠯ᠎ᠠ ᠎ᠪᠠᠷ ᠳᠤᠲᠠᠭᠤ ᠪᠠᠶ᠋ᠢᠨ᠎ᠠ ᠃ ᠡᠨᠡ ᠨᠢ ᠬᠥᠮᠦᠰ ‍ᠦᠨ ᠰᠡᠳᠬᠢᠬᠦᠢ ‍ᠶ᠋ᠢᠨ ᠬᠥᠭᠵᠢᠯᠲᠡ ᠨᠢ ᠪᠣᠳᠠᠲᠠᠢ ᠠ᠋ᠴᠠ ᠬᠡᠶ᠋ᠢᠰᠪᠦᠷᠢ ᠥᠭᠡᠳᠡ ᠬᠥᠭᠵᠢᠭᠰᠡᠨ ᠎ᠲᠡᠢ ᠬᠣᠯᠪᠣᠭ᠎ᠠ ᠎ᠲᠠᠢ ᠪᠢᠯᠡ ᠃
     2. 《 ᠶᠢᠷᠲᠢᠨᠴᠦ ‍ᠶ᠋ᠢᠨ ᠭᠤᠷᠪᠠ 》 ‍ᠶ᠋ᠢᠨ ᠦᠵᠡᠭᠦᠯᠦᠭᠰᠡᠨ ᠦᠢᠯᠡᠳᠦᠯ ᠨᠥᠯᠥᠭᠡ ᠎ᠡᠴᠡ ᠠᠪᠴᠤ ᠦᠵᠡᠪᠡᠯ ᠂ ᠬᠥᠮᠦᠰ ᠲᠦ ᠠᠮᠢᠳᠤᠷᠠᠯ ᠪᠠ ᠨᠠᠶ᠋ᠢᠬᠡᠮ ᠵᠡᠷᠭᠡ ᠣᠯᠠᠨ ᠲᠠᠯ᠎ᠠ ‍ᠶ᠋ᠢᠨ ᠮᠡᠳᠡᠯᠭᠡ ‍ᠶ᠋ᠢ ᠤᠯᠠᠮᠵᠢᠯᠠᠵᠤ ᠂ ᠰᠠᠶ᠋ᠢᠨ ‍ᠢ ᠰᠤᠷᠭᠠᠵᠤ ᠮᠠᠭᠤ ‍ᠶ᠋ᠢ ᠴᠡᠭᠡᠷᠯᠡᠭᠦᠯᠬᠦ ᠦᠢᠯᠡᠳᠦᠯ ᠎ᠲᠡᠢ  ᠃ ᠡᠭᠦᠨ ᠎ᠡᠴᠡ ᠭᠠᠳᠠᠨ᠎ᠠ ᠬᠡᠯᠡ ᠪᠠ ᠤᠳᠬ᠎ᠠ ᠵᠣᠬᠢᠶᠠᠯ ‍ᠢ ᠨᠦᠯᠥᠭᠡᠯᠡᠨ ᠂ ᠵᠣᠬᠢᠬᠤ ᠬᠡᠮᠵᠢᠶᠡᠨ ‍ᠦ ᠦᠢᠯᠡᠳᠦᠯ ‍ᠢᠶ᠋ᠡᠨ ᠪᠠᠳᠠᠷᠠᠭᠤᠯᠤᠭᠰᠠᠨ ᠪᠠᠶ᠋ᠢᠨ᠎ᠠ ᠃
    (1) 《  ᠶᠢᠷᠲᠢᠨᠴᠦ ‍ᠶ᠋ᠢᠨ ᠭᠤᠷᠪᠠ 》 ᠨᠢ ᠬᠥᠮᠦᠰ ᠲᠤ ᠣᠯᠠᠨ ᠵᠤᠶ᠋ᠢᠯ ‍ᠤᠨ ᠮᠡᠳᠡᠯᠭᠡ ‍ᠶ᠋ᠢ ᠤᠯᠠᠮᠵᠢᠯᠠᠬᠤ ᠦᠢᠯᠡᠳᠦᠯ ᠎ᠲᠡᠢ ᠃ ᠤᠯᠠᠮᠵᠢᠯᠠᠬᠤ ᠳ᠋ᠠᠭᠠᠨ ᠬᠡᠷᠡᠭ ᠪᠣᠳᠠᠰ ‍ᠤᠨ ᠭᠠᠳᠠᠷ ᠪᠠᠶ᠋ᠢᠳᠠᠯ ᠲᠥᠯᠥᠪ ᠂ ᠦᠩᠭᠡ ᠵᠢᠰᠦᠮ ᠎ᠡᠴᠡ ᠳᠣᠲᠣᠭᠠᠳᠤ ᠪᠦᠲᠦᠴᠡ ᠂ ᠬᠠᠷᠢᠴᠠᠭ᠎ᠠ ᠬᠣᠯᠪᠣᠭ᠎ᠠ ᠂ ᠴᠢᠨᠠᠷ ᠴᠢᠨᠰᠠᠭ᠎ᠠ ᠳ᠋ᠤᠨᠢ ᠬᠦᠷᠲᠡᠯ᠎ᠡ ᠵᠠᠳᠠᠯᠤᠨ ᠶᠠᠷᠢᠬᠤ ᠪᠠ ᠨᠠᠶ᠋ᠢᠬᠡᠮ ᠂ ᠠᠮᠢᠳᠤᠷᠠᠯ ‍ᠤᠨ ᠳᠤᠮᠳᠠ ᠲᠣᠬᠢᠶᠠᠯᠳᠤᠭᠰᠠᠨ ᠬᠡᠷᠡᠭ ᠤᠴᠢᠷ ᠂ ᠲᠤᠷᠰᠢᠯᠭ᠎ᠠ ᠰᠤᠷᠭᠠᠮᠵᠢ ‍ᠶ᠋ᠢ ᠦᠭᠦᠯᠡᠨ ᠶᠠᠷᠢᠬᠤ ᠂ ᠬᠥᠮᠦᠰ ᠲᠤ ᠰᠤᠷᠭᠠᠯ ᠦᠭᠡ ‍ᠶ᠋ᠢ ᠰᠢᠭᠤᠳ ᠬᠡᠯᠡᠬᠦ ᠪᠢᠰᠢ  ᠂ ᠬᠠᠷᠢᠨ ᠳᠠᠮ ‍ᠢᠶ᠋ᠠᠷ ᠤᠯᠠᠮᠵᠢᠯᠠᠨ ᠰᠤᠷᠭᠠᠳᠠᠭ ᠃
      (2) 《 ᠶᠢᠷᠲᠢᠨᠴᠦ ‍ᠶ᠋ᠢᠨ ᠭᠤᠷᠪᠠ 》 ᠨᠢ ᠤᠳᠬ᠎ᠠ ᠵᠣᠬᠢᠶᠠᠯ ‍ᠤᠨ ᠲᠥᠷᠥᠯ ᠵᠦᠢᠯ ‍ᠢ ᠣᠯᠠᠰᠢᠷᠠᠭᠤᠯᠵᠤ ᠂ ᠠᠭᠤᠯᠭ᠎ᠠ ‍ᠶ᠋ᠢ  ᠪᠠᠶᠠᠯᠢᠬᠵᠢᠭᠤᠯᠤᠨ ᠂  ᠰᠢᠯᠦᠭ ‍ᠦᠨ ᠬᠡᠯᠪᠡᠷᠢ ᠪᠠ  ᠰᠲ᠋ᠸᠯ ᠵᠢᠴᠢ  ᠰᠢᠯᠦᠭ ‍ᠦᠨ ᠲᠣᠯᠣᠭᠠᠢ ᠰᠡᠭᠦᠯ ᠬᠣᠯᠪᠣᠬᠤ  ᠶᠣᠰᠣᠨ ‍ᠢ ᠴᠢᠩᠭᠠᠯᠠᠵᠤ ᠂  ᠰᠢᠯᠦᠭ ᠦ᠋ᠨ  ᠬᠥᠭᠵᠢᠯᠲᠡ ‍ᠳᠤ ᠦᠢᠯᠡᠲᠦᠯ ᠦᠵᠡᠭᠦᠯᠵᠡᠢ ᠂ ᠮᠥᠨ ᠴᠤ᠌ ᠪᠤᠰᠤᠳ ᠲᠥᠷᠥᠯ ᠦ᠋ᠨ  ᠪᠢᠴᠢᠭ᠌ ᠦ᠋ᠨ ᠵᠣᠬᠢᠶᠠᠯ ᠪᠠ ᠠᠮᠠᠨ ᠵᠣᠬᠢᠶᠠᠯ ᠦ᠋ᠨ ᠬᠥᠭᠵᠢᠯᠲᠡ ‍ᠳᠤ ᠪᠠᠰᠠ ᠦᠢᠯᠡᠲᠦᠯ ᠲᠡᠢ ᠃
    《 ᠶᠢᠷᠲᠢᠨᠴᠦ ᠶ᠋ᠢᠨ ᠭᠤᠷᠪᠠ 》 ᠨᠢ ᠪᠡᠶ᠎ᠡ ᠪᠡᠨ ᠳᠠᠭᠠᠭᠠᠭᠰᠠᠨ ᠨᠢᠭᠡ ᠲᠥᠷᠥᠯ ᠦ᠋ᠨ ᠵᠣᠬᠢᠶᠠᠯ ᠪᠣᠯᠤᠭᠰᠠᠨ ᠶ᠋ᠢᠠᠷ ᠦᠯᠦ ᠪᠠᠷᠠᠮ ᠭᠤᠷᠪᠠᠨ ᠮᠥᠷ ᠶ᠋ᠢᠡᠷ  ᠪᠦᠷᠢᠯᠳᠦᠭᠰᠡᠨ ᠰᠢᠨ᠎ᠡ  ᠰᠢᠯᠦᠭ ᠦ᠋ᠨ ᠬᠡᠯᠪᠡᠷᠢ ᠶ᠋ᠢ ᠤᠲᠤᠷᠢᠲᠤᠨ ᠭᠠᠷᠭᠠᠵᠠᠢ ᠃ ᠮᠥᠨ ᠴᠤ᠌  ᠰᠢᠯᠦᠭ ᠦ᠋ᠨ ᠬᠣᠯᠪᠣᠴᠠ ᠂ ᠬᠡᠮᠵᠢᠶ᠎ᠡ ᠶ᠋ᠢ  ᠵᠢᠭᠳᠡ ᠪᠣᠯᠭᠠᠬᠤ ᠲᠠᠯ᠎ᠠ ᠪᠠᠷ ᠴᠢᠬᠤᠯᠠ ᠦᠢᠯᠡᠲᠦᠯ ᠦᠵᠡᠭᠦᠯᠪᠡ ᠃
      《 ᠪᠣᠷᠣᠭᠠᠨ ᠬᠤᠷ᠎ᠠ ᠪᠠᠷ ᠤᠮᠲᠠᠯᠠᠭᠰᠠᠨ ᠤᠷᠭᠤᠮᠠᠯ ᠰᠠᠶ᠋ᠢᠬᠠᠨ
         ᠪᠤᠯᠪᠠᠷᠠᠢ ᠴᠡᠴᠡᠭ ᠶ᠋ᠢᠡᠷ  ᠴᠢᠮᠡᠭᠯᠡᠭᠰᠡᠨ ᠴᠡᠴᠡᠷᠯᠢᠭ ᠰᠠᠶ᠋ᠢᠬᠠᠨ
         ᠪᠤᠮᠠᠨ ᠡᠷᠲᠡᠨᠢ ᠶ᠋ᠢ  ᠡᠵᠡᠮᠰᠢᠭᠰᠡᠨ ᠵᠠᠯᠠᠭᠤ ᠰᠠᠶ᠋ᠢᠬᠠᠨ
         ᠪᠣᠯᠪᠠᠰᠤᠨ ᠰᠤᠷᠲᠠᠯ ᠊ᠢ  ᠡᠷᠬᠢᠮᠯᠡᠭᠰᠡᠨ ᠬᠡᠦᠬᠡᠨ ᠰᠠᠶ᠋ᠢᠬᠠᠨ
         ᠥᠪᠡᠷ ᠦ᠋ᠨ ᠦᠨᠲᠦᠰᠦᠲᠡᠨ ᠪ ᠦᠭᠡ ᠪᠡᠨ ᠬᠡᠯᠡᠪᠡᠯ ᠰᠠᠶ᠋ᠢᠬᠠᠨ
         ᠥᠰᠪᠥᠷᠢ ᠪᠠᠬ᠋᠎ᠠ ᠳ᠋ᠠᠭᠠᠨ ᠴᠢᠷᠮᠠᠶ᠋ᠢᠨ ᠰᠤᠷᠤᠯᠴᠠᠪᠠᠯ ᠰᠠᠶ᠋ᠢᠬᠠᠨ
         ᠡᠪᠦᠭᠡ ᠳᠡᠭᠡᠳᠦᠰ ᠦ᠋ᠨ ᠨᠤᠲᠤᠭ ᠶ᠋ᠢᠠᠨ ᠬᠠᠶ᠋ᠢᠷᠠᠯᠠᠪᠠᠯ ᠰᠠᠶ᠋ᠢᠬᠠᠨ
         ᠡᠷᠡᠨ ᠴᠠᠭ ᠳᠠᠭᠠᠨ ᠦᠢᠯᠡᠰ ᠪᠦᠲᠦᠭᠡᠪᠡᠯ ᠰᠠᠶ᠋ᠢᠬᠠᠨ 》(1)
 ᠭᠡᠬᠦ ᠮᠡᠲᠦ ᠶ᠋ᠢᠨ ᠰᠢᠨ᠎ᠡ ᠪᠡᠷ ᠵᠣᠬᠢᠶᠠᠭᠲᠠᠵᠤ ᠪᠠᠶ᠋ᠢᠬ᠋᠎ᠠ  ᠰᠢᠯᠦᠭ ᠦ᠋ᠳ ᠨᠢ 《 ᠶᠢᠷᠲᠢᠨᠴᠦ ᠶ᠋ᠢᠨ ᠭᠤᠷᠪᠠ 》 ᠶ᠋ᠢᠨ ᠠᠲᠠᠯᠢ ᠦᠭᠡ ᠪᠡᠷ ᠰᠡᠭᠦᠯ ᠬᠣᠯᠪᠣᠲᠠᠭ ᠶᠣᠰᠣ ᠠ᠋ᠴᠠ ᠳᠠᠭᠠᠨ ᠰᠤᠷᠤᠯᠴᠠᠭᠰᠠᠨ ᠪᠠᠶ᠋ᠢᠨ᠎ᠠ ᠃
     ᠮᠣᠩᠭᠣᠯ ᠠᠷᠠᠳ ᠦ᠋ᠨ ᠳᠠᠭᠤᠤ ᠶ᠋ᠢᠨ ᠲᠡᠭᠦᠪᠦᠷᠢ ᠶ᠋ᠢ ᠱᠦᠭᠦᠨ ᠦᠵᠡᠪᠡᠯ ᠂ 《 ᠶᠢᠷᠲᠢᠨᠴᠦ ᠶ᠋ᠢᠨ ᠭᠤᠷᠪᠠ 》 ᠶ᠋ᠢᠨ ᠬᠡᠯᠪᠡᠷᠢ ᠶ᠋ᠢ ᠦᠨᠲᠦᠰᠦᠯᠡᠨ ᠵᠣᠬᠢᠶᠠᠭᠰᠠᠨ ᠳᠠᠭᠤᠤ ᠦᠯᠡᠮᠵᠢ ᠬᠠᠷᠠᠭᠲᠠᠨ᠎ᠠ ᠃ ᠵᠢᠱ᠌ᠢᠶᠡᠯᠡᠪᠡᠯ ᠄ 《 ᠮᠣᠩᠭᠣᠯ ᠠᠷᠠᠳ ᠦ᠋ᠨ ᠮᠢᠩᠭᠠᠨ ᠳᠠᠭᠤᠤ 》 ᠳ᠋ᠡᠬᠢ 《 ᠵᠢᠷᠠᠨ ᠰᠠᠶ᠋ᠢᠬᠠᠨ 》 ᠪᠠ 《 ᠠᠷᠵᠠᠢ ᠪᠣᠷᠵᠠᠢ ᠬᠠᠭᠠᠨ 》  ᠬᠡᠮᠡᠬᠦ ᠨᠣᠮ ᠳ᠋ᠡᠬᠢ 《  ᠵᠢᠮᠰᠡᠭ 》 ᠵᠡᠷᠭᠡ ᠶ᠋ᠢᠨ ᠳᠠᠭᠤᠤ ᠨᠤᠭᠤᠳ ᠊ᠢ ᠳᠤᠷᠠᠳᠴᠤ ᠪᠣᠯᠤᠨ᠎ᠠ ᠃ ᠡᠨᠡ ᠨᠢ 《 ᠶᠢᠷᠲᠢᠨᠴᠦ ᠶ᠋ᠢᠨ ᠭᠤᠷᠪᠠ 》 ᠶ᠋ᠢᠨ ᠠᠷᠠᠳ ᠦ᠋ᠨ ᠳᠠᠭᠤᠤ  ‍ᠳᠤ ᠦᠵᠡᠭᠦᠯᠦᠭᠰᠡᠨ ᠦᠢᠯᠡᠲᠦᠯ ᠪᠣᠯᠤᠨ᠎ᠠ ᠃ ᠡᠭᠦᠨ ᠶ᠋ᠢᠡᠷ ᠦᠯᠦ  ᠪᠠᠷᠠᠮ ᠵᠦᠢᠷ ᠰᠡᠴᠡᠨ ᠦᠭᠡ ᠶ᠋ᠢᠨ  ᠬᠥᠭᠵᠢᠯᠲᠡ ‍ᠳᠤ ᠴᠤ᠌  ᠦᠢᠯᠡᠲᠦᠯ ᠲᠡᠢ ᠪᠢᠯᠡ ᠃
     (3) ᠬᠡᠯᠡᠨ ᠵᠦᠢ ᠶ᠋ᠢᠨ ᠡᠭᠦᠲᠡᠨ ᠡᠴᠡ ᠠᠪᠴᠤ ᠦᠵᠡᠪᠡᠯ ᠂ ᠦᠭᠡᠰ ᠦ᠋ᠨ ᠰᠠᠩ ᠊ᠢ ᠪᠠᠶᠠᠯᠢᠬᠵᠢᠭᠤᠯᠵᠤ ᠂ ᠥᠭᠦᠯᠡᠪᠦᠷᠢ ᠶ᠋ᠢ ᠡᠷᠴᠢᠮᠲᠡᠢ ᠪᠥᠭᠡᠳ ᠣᠨᠣᠪᠴᠢᠲᠠᠢ ᠂ ᠣᠬᠣᠷ ᠠᠪᠰᠠᠷᠬᠠᠨ ᠨᠠᠶ᠋ᠢᠷᠠᠭᠤᠯᠬᠤ ᠪᠠ ᠨᠠᠶ᠋ᠢᠷᠠᠭᠤᠯᠬ᠋᠎ᠠ ᠶ᠋ᠢᠨ ᠵᠦᠢ ᠶ᠋ᠢᠨ ᠲᠠᠯ᠎ᠠ ᠪᠠᠷ  ᠴᠤ᠌ ᠴᠢᠬᠤᠯᠠ ᠦᠢᠯᠡᠲᠦᠯ ᠲᠡᠢ ᠃
    (4) ᠠᠷᠠᠳ ᠣᠯᠠᠨ ᠊ᠢ ᠪᠤᠷᠬᠠᠨ ᠱᠠᠰᠢᠨ ᠪ ᠨᠣᠮᠯᠠᠯ ᠠ᠋ᠴᠠ ᠰᠡᠩᠬᠡᠷᠡᠭᠦᠯᠦᠨ  ᠳᠠᠭᠤᠳᠠᠵᠤ᠂ ᠭᠡᠭᠡᠨ ᠰᠠᠷᠠᠭᠤᠯ ᠵᠦᠭ ᠬᠥᠲᠥᠯᠦᠨ ᠂ ᠡᠷᠲᠡᠮ ᠨᠣᠮ ᠊ᠢ ᠬᠢᠴᠢᠶᠡᠲᠦᠭᠡᠢ ᠬᠡᠮᠡᠨ ᠤᠷᠢᠶᠠᠯᠠᠭᠰᠠᠨ ᠦᠢᠯᠡᠲᠦᠯ ᠲᠡᠢ ᠃ ᠵᠢᠱ᠌ᠢᠶᠡᠯᠡᠪᠡᠯ ᠂ ᠱᠠᠰᠢᠨ ᠪ ᠨᠣᠮᠯᠠᠯ  ‍ᠳᠤ ᠮᠤᠩᠬᠠᠷᠠᠵᠤ ᠪᠠᠶ᠋ᠢᠬᠰᠠᠨ ᠠᠷᠠᠳ ᠣᠯᠠᠨ  ‍ᠳᠤ ᠄
            ᠬᠡᠭᠡᠯᠢ ᠢᠳᠡᠳᠡᠭ ᠡᠴᠡ ᠨᠣᠶᠠᠨ ᠬᠡᠴᠡᠭᠦᠦ
            ᠬᠡᠷᠡᠭ ᠲᠠᠲᠠᠲᠠᠭ ᠠ᠋ᠴᠠ ᠯᠤᠶ᠋ᠢᠪᠠᠷᠴᠢᠨ ᠬᠡᠴᠡᠭᠦᠦ
            ᠬᠡᠩᠰᠢᠭᠦᠦ ᠢᠳᠡᠳᠡᠭ ᠡᠴᠡ ᠯᠠᠮᠠ ᠬᠡᠴᠡᠭᠦᠦ
                ( ᠶᠢᠷᠲᠢᠨᠴᠦ ᠶ᠋ᠢᠨ ᠭᠤᠷᠪᠠᠨ ᠬᠡᠴᠡᠭᠦᠦ )
 ᠭᠡᠬᠦ ᠮᠡᠲᠦ ᠪᠡᠷ ᠯᠠᠮᠠ ᠶ᠋ᠢᠨ ᠮᠥᠨ ᠴᠢᠨᠠᠷ ᠊ᠢ ᠲᠠᠨᠢᠭᠤᠯᠤᠨ ᠶᠠᠷᠢᠵᠤ ᠂ ᠱᠠᠰᠢᠨ ᠪ ᠨᠣᠮᠯᠠᠯ ᠪᠠ ᠮᠤᠩᠬᠠᠷᠠᠯ  ᠠ᠋ᠴᠠ ᠰᠡᠩᠬᠡᠷᠡᠭᠦᠯᠦᠨ ᠳᠠᠭᠤᠳᠠᠵᠤ ᠄
         《  ᠡᠳ᠋ ᠦᠭᠡᠢ ᠬᠥᠮᠦᠨ ᠪ ᠠᠪᠲᠠᠷ᠎ᠠ ᠪᠠᠷᠠᠭᠠᠨ
             ᠡᠴᠢᠭᠡ ᠦᠭᠡᠢ ᠬᠥᠮᠦᠨ ᠪ ᠡᠯᠢᠭᠡ ᠪᠠᠷᠠᠭᠠᠨ
             ᠡᠷᠲᠡᠮ ᠦᠭᠡᠢ ᠬᠥᠮᠦᠨ ᠪ ᠲᠠᠷᠢᠬᠢ ᠪᠠᠷᠠᠭᠠᠨ  》
                   ( ᠶᠢᠷᠲᠢᠨᠴᠦ ᠶ᠋ᠢᠨ ᠭᠤᠷᠪᠠᠨ ᠪᠠᠷᠠᠭᠠᠨ)
 ᠭᠡᠬᠦ ᠮᠡᠲᠦ ᠪᠡᠷ ᠡᠷᠲᠡᠮ ᠨᠣᠮ ᠰᠤᠷᠬᠤ ᠶ᠋ᠢ ᠴᠢᠬᠤᠯᠠᠴᠢᠯᠠᠨ ᠂ ᠠᠷᠠᠳ ᠣᠯᠠᠨ ᠊ᠢ  ᠪᠦᠷᠬᠦᠭ ᠬᠠᠷᠠᠩᠭᠤᠢ ᠮᠤᠩᠬᠠᠷᠠᠯ ᠦ᠋ᠨ ᠳᠤᠮᠳᠠ ᠠ᠋ᠴᠠ ᠭᠡᠭᠡᠨ ᠰᠠᠷᠠᠭᠤᠯ ᠰᠡᠩᠬᠡᠷᠡᠭᠦᠯᠦᠯ ᠵᠦᠭ  ᠬᠥᠲᠥᠯᠦᠭᠰᠡᠨ ᠪᠠᠶ᠋ᠢᠨ᠎ᠠ ᠃ ᠡᠨᠡ ᠨᠢ 《 ᠶᠢᠷᠲᠢᠨᠴᠦ ᠶ᠋ᠢᠨ ᠭᠤᠷᠪᠠ 》 ᠶ᠋ᠢᠨ  ᠦᠵᠡᠭᠦᠯᠦᠭᠰᠡᠨ ᠦᠢᠯᠡᠲᠦᠯ ᠦ᠋ᠨ ᠲᠣᠶ᠋ᠢᠮᠣ ᠪᠠᠶ᠋ᠢᠲᠠᠯ  ᠪᠣᠯᠤᠨ᠎ᠠ ᠃
       ᠪᠢᠲᠡ 《 ᠶᠢᠷᠲᠢᠨᠴᠦ ᠶ᠋ᠢᠨ ᠭᠤᠷᠪᠠ 》 ᠶ᠋ᠢᠨ ᠠᠭᠤᠯᠬ᠋᠎ᠠ ᠪᠠ ᠦᠢᠯᠡᠲᠦᠯ ᠊ᠢ ᠶᠠᠷᠢᠬᠤ ᠶ᠋ᠢ  ᠳᠠᠭᠠᠯᠳᠤᠭᠤᠯᠤᠨ ᠲᠡᠭᠦᠨ ᠪ ᠨᠠᠵᠠᠭᠠᠢ ᠪᠤᠶᠤ ᠬᠢᠵᠠᠭᠠᠷ ᠲᠠᠢ ᠲᠠᠯ᠎ᠠ ᠶ᠋ᠢ ᠵᠢᠭᠠᠬᠠᠨ ᠲᠣᠶ᠋ᠢᠮᠣᠴᠢᠯᠠᠨ ᠶᠠᠷᠢᠶ᠎ᠠ ! 《 ᠶᠢᠷᠲᠢᠨᠴᠦ ᠶ᠋ᠢᠨ ᠭᠤᠷᠪᠠ 》 ᠶ᠋ᠢᠨ ᠣᠯᠲᠠᠭᠰᠠᠨ ᠪᠠᠷᠢᠮᠲᠠ ᠵᠢᠱ᠌ᠢᠶ᠎ᠡ ᠶ᠋ᠢ ᠨᠢᠬᠲᠠᠯᠠᠨ ᠰᠢᠨᠵᠢᠯᠡᠪᠡᠰᠦ ᠳᠠᠪᠰᠢᠩᠭᠤᠢ ᠠᠭᠤᠯᠬ᠋᠎ᠠ ᠲᠠᠢ ᠪᠠᠷᠢᠮᠲᠠ ᠵᠢᠱ᠌ᠢᠶ᠎ᠡ ᠨᠢ ᠶᠡᠬᠡᠩᠬᠢ ᠲᠣᠬ᠋᠎ᠠ ᠶ᠋ᠢ ᠡᠵᠡᠯᠡᠬᠦ ᠪᠣᠯᠪᠠᠴᠤ ᠂ ᠵᠣᠬᠢᠶᠠᠭᠰᠠᠨ ᠴᠠᠭ ᠦᠶ᠎ᠡ ᠶ᠋ᠢᠨ ᠬᠢᠵᠠᠭᠠᠷᠯᠠᠯ ᠠ᠋ᠴᠠ ᠪᠣᠯᠵᠤ ᠵᠠᠷᠢᠮ ᠴᠥᠭᠡᠨ ᠲᠣᠭᠠᠨ ᠪ ᠪᠠᠲᠠᠭ ᠦ᠋ᠳ ᠲᠤ ᠹᠸᠤᠲᠠᠯ ᠨᠡᠶ᠋ᠢᠭᠡᠮ ᠦ᠋ᠨ ᠦᠵᠡᠯ ᠰᠠᠨᠠᠬ᠋᠎ᠠ ᠶ᠋ᠢ ᠬᠥᠭᠡᠷᠭᠡᠲᠡᠵᠦ ᠂   ᠡᠷᠡᠭᠲᠡᠢ ᠶ᠋ᠢᠨ ᠳᠡᠭᠡᠷᠡᠩᠭᠦᠢ ᠦᠵᠡᠯ ᠊ᠢ ᠰᠤᠷᠲᠠᠯᠴᠢᠯᠠᠨ ᠂  ᠡᠮᠡᠭᠲᠡᠢᠴᠦᠳ ᠦ᠋ᠨ ᠪᠠᠶ᠋ᠢᠷᠢ ᠰᠠᠭᠤᠷᠢ ᠶ᠋ᠢ  ᠡᠷᠡᠭᠲᠡᠢ ᠬᠥᠮᠦᠨ ᠡᠴᠡ ᠨᠢᠭᠡ ᠲᠡᠰ ᠳᠣᠣᠷ᠎ᠠ  ᠪᠠᠶ᠋ᠢᠯᠭᠠᠬᠤ ᠪᠤᠶᠤ ᠡᠯᠲᠡᠪ ᠬᠣᠶᠠᠷ ᠶ᠋ᠢᠠᠷ ᠳᠣᠷᠣᠮᠵᠢᠯᠠᠨ  ᠦᠭᠦᠯᠡᠭᠰᠡᠨ ᠵᠢᠱ᠌ᠢᠶ᠎ᠡ ᠪᠠᠷᠢᠮᠲᠠ  ᠴᠤ᠌ ᠪᠤᠢ ᠃ ᠮᠥᠨ ᠴᠤ᠌ ᠪᠤᠷᠬᠠᠨ ᠱᠠᠰᠢᠨ ᠪ ᠭᠦᠨ ᠨᠥᠯᠥᠭᠡ ᠡᠴᠡ ᠪᠣᠯᠵᠤ ᠂ ᠱᠠᠰᠢᠨ ᠰᠤᠷᠲᠠᠬᠤᠨ  ᠊ᠢ ᠲᠠᠭᠠᠰᠢᠶᠠᠨ ᠂ ᠥᠨᠲᠥᠷ ᠶ᠋ᠢᠡᠷ ᠦᠨᠡᠯᠡᠨ ᠶᠠᠷᠢᠬᠰᠠᠨ ᠵᠦᠢᠯ ᠦ᠋ᠳ ᠬᠠᠷᠠᠭᠲᠠᠨ᠎ᠠ ᠃ ᠡᠲᠡᠭᠡᠷ ᠨᠢ ᠪᠦᠷ ᠲᠡᠭᠦᠨ ᠊ᠢ ᠵᠣᠬᠢᠶᠠᠨ  ᠪᠦᠲᠦᠭᠡᠭᠰᠡᠨ ᠠᠷᠠᠳ ᠲᠦᠮᠡᠨ ᠪ ᠠᠮᠢᠲᠤᠷᠠᠵᠤ ᠪᠠᠶ᠋ᠢᠬᠰᠠᠨ ᠴᠠᠭ ᠦᠶ᠎ᠡ ᠲᠡᠢ ᠬᠣᠯᠪᠣᠬ᠋᠎ᠠ ᠲᠠᠢ ᠪᠢᠯᠡ ᠃ ᠡᠭᠦᠨ ᠡᠴᠡ ᠪᠢᠲᠡ 《 ᠶᠢᠷᠲᠢᠨᠴᠦ ᠶ᠋ᠢᠨ ᠭᠤᠷᠪᠠ 》 ᠶ᠋ᠢᠨ ᠵᠣᠬᠢᠶᠠᠭᠲᠠᠨ  ᠳᠡᠯᠭᠡᠷᠡᠭᠰᠡᠨ ᠴᠠᠭ ᠦᠶ᠎ᠡ ᠶ᠋ᠢᠨ ᠲᠤᠬᠠᠢ ᠮᠡᠲᠡᠯᠭᠡ ᠶ᠋ᠢ ᠣᠯᠵᠤ ᠪᠣᠯᠤᠨ᠎ᠠ ᠃ ᠲᠡᠶ᠋ᠢᠮᠦ ᠪᠣᠯᠬᠣᠷ ᠂ ᠡᠶ᠋ᠢᠮᠦᠷᠬᠦ ᠨᠠᠵᠠᠭᠠᠢ ᠠᠭᠤᠯᠬ᠋᠎ᠠ ᠲᠠᠢ ᠪᠠᠷᠢᠮᠲᠠ ᠶ᠋ᠢ ᠴᠤ᠌ ᠤᠮᠲᠤᠭᠠᠶ᠋ᠢᠯᠠᠯ ᠦᠭᠡᠢ ᠪᠡᠷ ᠴᠤᠭᠯᠠᠭᠤᠯᠵᠤ ᠡᠮᠬᠢᠤᠠᠬᠡᠪᠡᠯ ᠵᠣᠬᠢᠨ᠎ᠠ ᠃

 ᠲᠠᠶ᠋ᠢᠯᠪᠤᠷᠢ ᠄
   (1)《 ᠥᠪᠥᠷ ᠮᠣᠩᠭᠣᠯ ᠦ᠋ᠨ ᠵᠠᠯᠠᠭᠤᠴᠤᠳ 》 ᠦ᠋ᠨ 83 ᠣᠨ ᠪ 3  ᠬᠤᠭᠤᠴᠠᠬ᠋᠎ᠠ  ᠳ᠋ᠠᠬᠢ ᠰᠤᠷᠲᠠᠯ ᠦ᠋ᠨ  ᠰᠢᠯᠦᠭ ᠡᠴᠡ ᠃


                   ᠱ ᠂ ᠪᠤᠶᠠᠨᠲᠣᠭᠲᠣᠬᠤ
        
                               1985 .1 .10 ᠯᠠᠨᠵᠸᠦ ᠬᠣᠲᠠᠨ᠎ᠠ


      ᠦᠰᠦᠭ ᠠᠮᠢᠯᠠᠭᠤᠯᠤᠭᠴᠢ ᠄   ᠣᠶᠤᠨᠲᠤᠨᠠᠯ ᠂  ᠳ᠋ᠦ᠋ᠩ ᠹᠧᠩ ᠂  ᠬᠠᠷᠠᠨᠤᠳ ᠲᠤᠶᠠᠭ᠎ᠠ ᠂  ᠮᠢᠩᠭᠠᠳ ᠴᠢᠮᠡᠭ 
            ᠬᠢᠨᠠᠭᠴᠢ ᠄   ᠮᠢᠩᠭᠠᠳ ᠴᠢᠮᠡᠭ ᠂   ᠬᠠᠷᠠᠨᠤᠳ ᠲᠤᠶᠠᠭ᠎ᠠ