ᠠᠭᠲᠠ ᠬᠦᠯᠦᠭ ᠦ᠋ᠨ ᠮᠠᠭᠲᠠᠭᠠᠯ-ᠪ · ᠰᠣᠶᠣᠯᠲᠤАгт Хүлэгийн магтаал-б · соёлт ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠭᠲᠠ ᠬᠦᠯᠦᠭ ᠦ᠋ᠨ ᠮᠠᠭᠲᠠᠭᠠᠯ-ᠪ · ᠰᠣᠶᠣᠯᠲᠤАгт Хүлэгийн магтаал-б · соёлт

ᠠᠭᠲᠠ ᠬᠦᠯᠦᠭ ᠦ᠋ᠨ ᠮᠠᠭᠲᠠᠭᠠᠯ-ᠪ · ᠰᠣᠶᠣᠯᠲᠤАгт Хүлэгийн магтаал-б · соёлт

2023-05-05

325

ᠠᠭᠲᠠ ᠬᠦᠯᠦᠭ ᠦ᠋ᠨ ᠮᠠᠭᠲᠠᠭᠠᠯ

ᠡᠷᠲᠡ ᠴᠠᠭ ᠤ᠋ᠨ ᠦᠶ᠎ᠡ ᠡᠴᠡ 
ᠡᠷᠳᠡᠨᠢ ᠪᠣᠯᠤᠭᠰᠠᠨ ᠮᠣᠷᠢ ᠶᠤᠮ 
ᠡᠷᠡᠯᠬᠡᠭ ᠮᠣᠩᠭᠣᠯ ᠤ᠋ᠨ ᠣᠷᠣᠨ ᠳ᠋ᠤ᠌ 
ᠬᠦᠯᠦᠭ ᠪᠣᠯᠤᠭᠰᠠᠨ ᠮᠣᠷᠢ ᠃ 

ᠬᠥᠬᠡ ᠮᠣᠩᠭᠣᠯ ᠤ᠋ᠨ ᠪᠠᠭᠠᠲᠤᠷᠴᠤᠳ ᠲᠤ᠌ 
ᠬᠠᠨᠢ ᠪᠣᠯᠤᠭᠰᠠᠨ ᠮᠣᠷᠢ ᠶᠤᠮ ᠃ 
ᠬᠦᠨᠳᠦᠲᠦ ᠭᠠᠪᠢᠶ᠎ᠠ ᠪᠠᠶ᠋ᠢᠭᠤᠯᠬᠤ ᠳ᠋ᠤᠨᠢ 
ᠬᠦᠯᠦᠭ ᠪᠣᠯᠤᠭᠰᠠᠨ ᠮᠣᠷᠢ ᠶᠤᠮ 

ᠨᠢᠭᠡ 

ᠬᠤᠷ ᠰᠠᠢᠬᠠᠨ ᠳᠡᠯ ᠲᠡᠢ 
ᠬᠣᠩᠭᠣᠷ ᠰᠠᠢᠬᠠᠨ ᠳᠠᠭᠤᠨ ᠲᠠᠢ 
ᠬᠣᠮ ᠲᠠᠷᠭᠤᠨ ᠮᠢᠬ᠎ᠠ ᠲᠠᠢ 
ᠬᠤᠷᠴᠠ ᠲᠦᠷᠭᠡᠨ ᠶᠠᠪᠤᠳᠠᠯ ᠲᠠᠢ 

ᠭᠠᠩᠭᠠᠩ ᠰᠦᠷᠯᠢᠭ ᠪᠡᠶ᠎ᠡ ᠲᠡᠢ 
ᠭᠠᠷᠤᠯ ᠡᠭᠦᠯᠳᠡᠷ ᠰᠠᠢᠨ ᠲᠠᠢ 
ᠬᠠᠯᠲᠠᠷ ᠬᠡᠭᠡᠷ ᠠᠵᠢᠷᠭ᠎ᠠ ᠠ᠋ᠴᠠ 
ᠦᠨᠳᠦᠰᠦᠯᠡᠵᠦ ᠭᠠᠷᠤᠭᠰᠠᠨ ᠮᠣᠷᠢ ᠶᠤᠮ ᠃

ᠡᠯᠪᠡᠭ ᠵᠤᠵᠠᠭᠠᠨ ᠳᠡᠯ ᠲᠡᠢ
ᠢᠷᠠᠭᠤ ᠰᠠᠢᠬᠠᠨ ᠳᠠᠭᠤᠨ ᠲᠠᠢ
ᠢᠳᠡᠵᠦ ᠪᠠᠷᠠᠰᠢ ᠦᠭᠡᠢ ᠰᠦ ᠲᠡᠢ
ᠡᠶᠡᠯᠳᠡᠭ ᠨᠣᠮᠣᠬᠠᠨ ᠵᠠᠩ ᠲᠠᠢ

ᠲᠠᠩᠰᠢ ᠭᠠᠩᠭᠠᠩ ᠪᠡᠶ᠎ᠡ ᠲᠡᠢ
ᠲᠥᠯ ᠦᠷᠡᠵᠢᠯ ᠰᠠᠢᠨ ᠲᠠᠢ
ᠲᠠᠯᠠᠮᠠᠨ ᠰᠢᠷᠠᠭᠴᠢᠨ ᠭᠡᠭᠦᠦ ᠡᠴᠡ
ᠲᠥᠷᠥᠵᠦ ᠭᠠᠷᠤᠭᠰᠠᠨ ᠤᠨᠠᠭ᠎ᠠ ᠶᠤᠮ ᠃

ᠤᠨᠠᠭ᠎ᠠ ᠪᠠᠶ᠋ᠢᠬᠤ ᠶ᠋ᠢᠨ ᠦᠶ᠎ᠡ ᠡᠴᠡ
ᠥᠷᠭᠡᠨ ᠠᠭᠤᠳᠠᠮ ᠨᠤᠲᠤᠭ ᠤ᠋ᠨ ᠢ᠋ᠶ᠋ᠠᠨ
ᠠᠲᠠᠷ ᠬᠡᠭᠡᠷ᠎ᠡ ᠪᠡᠯᠴᠢᠭᠡᠷ ᠳᠡᠭᠡᠷ᠎ᠡ
ᠠᠯᠢᠶᠠᠷᠬᠠᠵᠤ ᠥᠰᠦᠭᠰᠡᠨ ᠮᠣᠷᠢ ᠶᠤᠮ ᠃

ᠠᠬ᠎ᠠ ᠪᠣᠯᠤᠭᠰᠠᠨ ᠳᠠᠭ᠎ᠠ ᠲᠠᠢ ᠪᠠᠨ
ᠢᠵᠢᠯᠢᠰᠢᠵᠦ ᠨᠠᠭᠠᠳᠤᠭᠰᠠᠭᠠᠷ ᠪᠣᠶ᠋ᠢᠵᠢᠬᠰᠠᠨ
ᠡᠭᠡᠷᠡᠮ᠎ᠡ ᠰᠠᠷᠠᠭᠤᠯ ᠲᠠᠯ᠎ᠠ ᠨᠤᠲᠤᠭ ᠲᠠᠭᠠᠨ
ᠡᠷᠬᠡᠯᠡᠵᠦ ᠲᠣᠭᠯᠠᠭᠰᠠᠭᠠᠷ ᠥᠰᠦᠭᠰᠡᠨ ᠮᠣᠷᠢ ᠶᠤᠮ ᠃

ᠡᠪᠡᠰᠦᠨ ᠦ᠌ ᠰᠢᠮ᠎ᠡ  ᠶ᠋ᠢ
ᠢᠳᠡᠵᠦ ᠪᠠᠶ᠋ᠢᠭᠠᠳ ᠮᠢᠬᠠᠯᠠᠭᠰᠠᠨ
ᠤᠰᠤᠨ ᠤ᠋ ᠲᠤᠩᠭᠠᠯᠠᠭ ᠊ᠢ
ᠤᠤᠭᠤᠵᠤ ᠪᠠᠶ᠋ᠢᠭᠠᠳ ᠥᠰᠦᠭᠰᠡᠨ ᠮᠣᠷᠢ ᠶᠤᠮ ᠃

ᠳᠠᠭ᠎ᠠ ᠠ᠋ᠴᠠ ᠪᠠᠨ ᠰᠢᠳᠦᠯᠡᠩ ᠪᠣᠯᠵᠤ
ᠳᠠᠷᠠᠭ᠎ᠠ ᠵᠢᠯ ᠨᠢ ᠬᠢᠵᠠᠯᠠᠩ ᠪᠣᠯᠵᠤ
ᠢᠳᠡᠷᠬᠡᠭ ᠨᠠᠰᠤᠨ ᠳ᠋ᠠᠭᠠᠨ ᠬᠦᠷᠦᠭᠡᠳ
ᠡᠳᠦᠭᠡ ᠬᠦᠯᠦᠭ ᠪᠣᠯᠤᠭᠰᠠᠨ ᠮᠣᠷᠢ ᠶᠤᠮ ᠂

ᠬᠣᠶᠠᠷ

ᠡᠨᠡ ᠮᠣᠷᠢᠨ ᠤ᠋ ᠪᠠᠶ᠋ᠢᠲᠠᠯ ᠳᠦᠷᠰᠦ ᠶ᠋ᠢ
ᠣᠳᠣ ᠠᠪᠤᠭᠠᠳ ᠬᠡᠯᠡᠪᠡᠯ
ᠦᠷᠢᠶ᠎ᠡ ᠠᠭᠲᠠ ᠶ᠋ᠢᠨ ᠳᠤᠮᠳᠠ
ᠥᠩᠭᠡ ᠵᠢᠰᠦ ᠨᠢ ᠮᠠᠩᠯᠠᠢ ᠃

ᠴᠣᠯᠮᠣᠨ ᠣᠳᠣᠨ ᠨᠢᠳᠦ ᠲᠡᠢ
ᠴᠢᠨᠣ᠎ᠠ ᠶ᠋ᠢᠨ ᠬᠣᠶᠠᠷ ᠴᠢᠬᠢ ᠲᠡᠢ
ᠴᠢᠨᠳᠠᠮᠠᠨᠢ ᠡᠷᠳᠡᠨᠢ ᠶ᠋ᠢᠨ ᠮᠠᠩᠨᠠᠢ ᠲᠠᠢ
ᠴᠠᠭᠠᠨ ᠯᠠᠪᠠᠢ ᠶ᠋ᠢᠨ ᠰᠠᠮᠰᠠ ᠲᠠᠢ

ᠴᠡᠴᠡᠭ ᠨᠠᠪᠴᠢ ᠶ᠋ᠢᠨ ᠤᠷᠤᠭᠤᠯ ᠲᠠᠢ
ᠰᠤᠪᠤᠳ ᠮᠡᠲᠦ ᠶ᠋ᠢᠨ ᠰᠢᠳᠦ ᠲᠡᠢ
ᠰᠠᠷᠠ ᠠᠳᠠᠯᠢ ᠮᠤᠨᠳᠠᠭ᠎ᠠ ᠲᠠᠢ
ᠰᠡᠮᠡᠭ᠎ᠡ ᠰᠠᠢᠬᠠᠨ ᠳᠡᠯ ᠲᠡᠢ

ᠰᠠᠯᠬᠢ ᠲᠠᠲᠠᠬᠤ ᠰᠠᠭᠰᠠᠭ᠎ᠠ ᠲᠠᠢ
ᠰᠤᠭᠤ ᠶ᠋ᠢᠨ ᠳᠥᠷᠪᠡᠨ ᠮᠥᠴᠢ ᠲᠡᠢ
ᠰᠠᠨᠰᠠᠷ ᠤ᠋ᠨ ᠬᠦᠷᠳᠦᠨ ᠲᠤᠭᠤᠷᠠᠢ ᠲᠠᠢ
ᠰᠢᠪᠠᠭᠤᠨ ᠳᠥᠷᠪᠡᠨ ᠰᠢᠯᠪᠢ ᠲᠡᠢ

ᠰᠠᠷᠠᠭᠤᠯ ᠲᠤᠩᠭᠠᠯᠠᠭ ᠬᠠᠷᠠᠴᠠ
ᠰᠢᠷᠠᠭᠴᠢᠨ ᠤ᠋ ᠭᠡᠳᠡᠰᠦ ᠲᠡᠢ
ᠰᠠᠢᠬᠠᠨ ᠳᠥᠷᠪᠡᠨ ᠲᠠᠰᠢᠶ᠎ᠠ ᠲᠠᠢ
ᠰᠠᠭᠰᠠᠭ᠎ᠠ ᠥᠳᠬᠡᠨ ᠰᠡᠭᠦᠯ ᠲᠡᠢ

ᠡᠷᠢᠶᠡᠨ ᠯᠤᠤ ᠶ᠋ᠢᠨ ᠬᠦᠵᠦᠭᠦᠦ ᠲᠡᠢ
ᠢᠳᠡᠷᠬᠡᠭ ᠪᠠᠷᠰ ᠤ᠋ᠨ ᠴᠡᠭᠡᠵᠢ ᠲᠡᠢ
ᠥᠯᠵᠡᠢ ᠵᠠᠩᠭᠢᠶ᠎ᠠ ᠡᠪᠴᠢᠭᠦᠦ ᠲᠡᠢ
ᠴᠠᠭᠠᠨ ᠵᠠᠭᠠᠨ ᠤ᠋ ᠵᠣᠭᠰᠣᠯᠲᠠ ᠲᠠᠢ

ᠠᠪᠤᠷᠭᠤ ᠵᠢᠭᠠᠰᠤᠨ ᠤ᠋ ᠨᠢᠷᠤᠭᠤ ᠲᠠᠢ
ᠠᠯᠠᠭ ᠭᠠᠷᠤᠳᠢ ᠶ᠋ᠢᠨ ᠳᠡᠪᠢᠯᠭᠡ ᠲᠡᠢ
ᠴᠣᠬᠣᠷ ᠪᠤᠭᠤ ᠶ᠋ᠢᠨ ᠬᠡᠪᠡᠯᠢ ᠲᠡᠢ
ᠰᠦᠷᠯᠢᠭ ᠠᠷᠰᠯᠠᠨ ᠤ᠋ ᠰᠢᠨᠵᠢ ᠲᠡᠢ ᠃

ᠠᠳᠤᠭᠤᠨ ᠳᠤᠮᠳᠠ ᠪᠠᠨ ᠲᠠᠯᠪᠢᠪᠠᠯ
ᠠᠭᠲᠠ ᠶ᠋ᠢᠨ ᠢ᠋ᠶ᠋ᠡᠨ ᠮᠠᠩᠯᠠᠢ ᠪᠣᠯᠤᠭᠰᠠᠨ
ᠤᠶᠠᠭᠠᠨ ᠳᠤᠮᠳᠠ ᠠ᠋ᠴᠠ ᠤᠶᠠᠪᠠᠯ
ᠣᠭ᠌ᠶᠤ ᠴᠢᠮᠡᠭ ᠪᠣᠯᠤᠭᠰᠠᠨ ᠮᠣᠷᠢ ᠶᠤᠮ ᠃

ᠤᠨᠤᠵᠤ ᠶᠠᠪᠤᠬᠤ ᠦᠶ᠎ᠡ ᠳ᠋ᠦ᠍
ᠣᠷᠬᠣᠳᠠᠢ ᠪᠣᠯᠳᠠᠭ ᠮᠣᠷᠢ ᠶᠤᠮ
ᠤᠯᠤᠰ ᠣᠯᠠᠨ ᠢ᠋ᠶ᠋ᠠᠷ ᠢ᠋ᠶ᠋ᠠᠨ ᠦᠵᠡᠪᠡᠯ
ᠬᠠᠶ᠋ᠢᠷ᠎ᠠ ᠶ᠋ᠢ ᠨᠢ ᠲᠠᠲᠠᠳᠠᠭ ᠮᠣᠷᠢ ᠶᠤᠮ ᠃

ᠰᠠᠢᠬᠠᠨ ᠪᠦᠬᠦᠨ ᠊ᠢ ᠪᠡᠶ᠎ᠡ ᠳ᠋ᠡᠭᠡᠨ
ᠰᠢᠩᠭᠡᠭᠡᠵᠦ ᠲᠥᠷᠥᠭᠰᠡᠨ ᠮᠣᠷᠢ ᠶᠤᠮ
ᠡᠶ᠋ᠢᠮᠦ ᠰᠠᠢᠬᠠᠨ ᠮᠣᠷᠢ ᠶ᠋ᠢ
ᠡᠭᠡᠰᠢᠭᠯᠡᠵᠦ ᠮᠠᠭᠲᠠᠭᠠᠳ ᠪᠠᠷᠠᠨ᠎ᠠ ‍ᠤᠤ ᠳᠠ⁈

ᠭᠤᠷᠪᠠ

ᠡᠨᠡ ᠮᠣᠷᠢᠨ ᠤ᠋ ᠡᠷᠳᠡᠮ ᠊ᠢ
ᠡᠳᠦᠭᠡ ᠠᠪᠤᠭᠠᠳ ᠬᠡᠯᠡᠪᠡᠯ
ᠡᠷ᠎ᠡ ᠬᠥᠮᠦᠨ ᠤᠨᠤᠪᠠᠯ ᠬᠡᠢ ᠮᠣᠷᠢ ᠲᠠᠢ
ᠡᠭᠡᠷᠡᠮ᠎ᠡ ᠲᠠᠯ᠎ᠠ ᠳ᠋ᠠᠭᠠᠨ ᠭᠡᠷᠡᠯ ᠲᠡᠢ

ᠡᠭᠦᠯᠡ ᠪᠢᠰᠢ ᠲᠤᠯᠠᠳᠠ ᠳᠡᠭᠳᠡᠳᠡᠭ ᠦᠭᠡᠢ
ᠵᠢᠭᠦᠷ ᠦᠭᠡᠢ ᠲᠤᠯᠠᠳᠠ ᠨᠢᠰᠳᠡᠭ ᠦᠭᠡᠢ
ᠰᠡᠭᠦᠯ ᠯᠡ ᠲᠤᠯᠠᠳᠠ ᠬᠣᠴᠣᠷᠳᠠᠭ ᠦᠭᠡᠢ
ᠰᠡᠭᠦᠳᠡᠷ ᠯᠡ ᠲᠤᠯᠠᠳᠠ ᠭᠡᠭᠡᠭᠳᠡᠳᠡᠭ ᠦᠭᠡᠢ ᠃


ᠲᠤᠭᠤᠷᠠᠢ ᠠ᠋ᠴᠠ ᠪᠠᠨ ᠨᠠᠳᠬᠤᠳᠠᠭ
ᠲᠣᠭᠣᠰᠣᠨ ᠠ᠋ᠴᠠ ᠪᠠᠨ ᠪᠤᠯᠭᠢᠳᠠᠭ
ᠰᠡᠭᠦᠯ ᠡᠴᠡ ᠪᠡᠨ ᠵᠢᠭᠰᠢᠲᠡᠭ᠋
ᠰᠡᠭᠦᠳᠡᠷ ᠡᠴᠡ ᠪᠡᠨ ᠦᠷᠭᠦᠳᠡᠭ ᠃

ᠡᠮᠡᠭᠡᠯ ᠨᠢᠷᠤᠭᠤᠨ ᠳ᠋ᠤᠨᠢ ᠲᠣᠬᠣᠪᠠᠯ
ᠡᠷᠭᠢᠴᠡᠭᠡᠳ ᠠᠭᠰᠤᠯᠵᠠᠲᠠᠬ ᠮᠣᠷᠢ ᠶᠤᠮ
ᠡᠮᠦᠨ᠎ᠡ ᠨᠢ ᠭᠠᠷᠤᠭᠰᠠᠨ ᠪᠦᠬᠦᠨ ᠊ᠢ
ᠡᠪᠬᠡᠷᠡᠭᠡᠳ ᠭᠦᠢᠴᠡᠳᠡᠭ ᠮᠣᠷᠢ ᠶᠤᠮ

ᠰᠤᠷ ᠲᠠᠰᠢᠭᠤᠷ ᠬᠡᠷᠡᠭᠯᠡᠳᠡᠭ ᠦᠭᠡᠢ
ᠰᠤᠷᠲᠠᠯ ᠰᠠᠶ᠋ᠢᠲᠠᠢ ᠮᠣᠷᠢ ᠶᠤᠮ
ᠰᠤᠪᠠᠭ ᠭᠣᠣ ᠪᠠᠷᠲᠠᠭᠠᠨ ᠳ᠋ᠤ᠌
ᠰᠤᠨᠲᠠᠯ᠎ᠠ ᠳᠠᠪᠬᠢᠳᠠᠭ ᠮᠣᠷᠢ ᠶᠤᠮ ᠃

ᠤᠨᠤᠵᠤ ᠳᠡᠭᠡᠷ᠎ᠡ ᠨᠢ ᠮᠣᠷᠳᠠᠪᠠᠯ
ᠤᠨᠢᠶᠠᠷ ᠪᠤᠳᠠᠩ ᠲᠠᠲᠠᠭᠤᠯᠳᠠᠭ
ᠡᠷ᠎ᠡ ᠬᠥᠮᠦᠨ ᠦ᠌ ᠴᠢᠳᠠᠯ ᠢ᠋ᠶ᠋ᠠᠷ
ᠠᠷᠠᠢ ᠯᠠ ᠭᠡᠵᠦ ᠲᠣᠭᠲᠠᠳᠠᠭ ᠃

ᠣᠢ ᠰᠢᠭᠤᠢ ᠳ᠋ᠤ᠌ ᠲᠣᠷᠳᠠᠭ ᠦᠭᠡᠢ
ᠤᠰᠤ ᠮᠥᠷᠡᠨ ᠳ᠋ᠦ᠍ ᠬᠠᠰᠢᠭᠳᠠᠳᠠᠭ ᠦᠭᠡᠢ
ᠠᠭᠤᠯᠠ ᠮᠠᠩᠬ᠎ᠠ ᠲᠠᠯ᠎ᠠ ᠶ᠋ᠢ
ᠣᠭᠲᠣᠯᠤᠭᠠᠳ ᠭᠠᠷᠳᠠᠭ ᠮᠣᠷᠢ ᠶᠤᠮ ᠃

ᠣᠯᠠᠨ ᠲᠠᠢ ᠶᠠᠪᠤᠪᠠᠯ ᠠᠯᠢᠶᠠᠷᠬᠠᠳᠠᠭ
ᠤᠯᠠᠮ ᠶᠠᠪᠤᠬᠤ ᠳ᠋ᠠᠭᠠᠨ ᠣᠮᠣᠷᠬᠠᠭᠯᠠᠳᠠᠭ
ᠠᠲᠠᠷ ᠲᠠᠯ᠎ᠠ ᠰᠢᠯᠢ ᠶ᠋ᠢ ᠴᠦ᠍
ᠲᠤᠭᠤᠯᠵᠤ ᠭᠠᠷᠳᠠᠭ ᠮᠣᠷᠢ ᠶᠤᠮ ᠃

ᠠᠷᠢᠶᠠᠲᠠᠨ ᠭᠥᠷᠦᠭᠡᠰᠦᠨ ᠳ᠋ᠦ᠍ ᠬᠣᠴᠣᠷᠳᠠᠭ ᠦᠭᠡᠢ
ᠠᠯᠤᠰ ᠤ᠋ᠨ ᠵᠠᠮ ᠳ᠋ᠤ᠌ ᠵᠣᠭᠰᠣᠳᠠᠭ ᠦᠭᠡᠢ
ᠠᠪᠠ ᠳ᠋ᠤ᠌ ᠭᠠᠷᠪᠠᠯ ᠭᠠᠨᠵᠤᠭ᠎ᠠ ᠲᠠᠢ
ᠠᠯᠠᠯᠳᠤᠭᠠᠨ ᠳ᠋ᠤ᠌ ᠮᠣᠷᠳᠠᠪᠠᠯ ᠭᠠᠪᠢᠶ᠎ᠠ ᠲᠠᠢ

ᠠᠯᠬᠤᠭᠤᠯᠵᠤ ᠶᠠᠪᠤᠪᠠᠯ ᠴᠣᠭ ᠵᠠᠯᠢ ᠲᠠᠢ
ᠠᠮᠠ ᠶ᠋ᠢ ᠨᠢ ᠲᠠᠲᠠᠪᠠᠯ ᠰᠠᠶ᠋ᠢᠪᠤᠷ ᠲᠠᠢ
ᠡᠯᠭᠦᠵᠦ ᠶᠠᠪᠤᠪᠠᠯ ᠬᠠᠲᠠᠷᠢᠶ᠎ᠡ᠎ᠡ  ᠲᠡᠢ
ᠤᠷᠤᠰᠤᠮ᠎ᠠ ᠰᠠᠢᠬᠠᠨ ᠵᠢᠷᠣᠭ᠎ᠠ ᠲᠠᠢ

ᠥᠨᠲᠡᠶ᠋ᠢᠵᠦ ᠶᠠᠪᠤᠪᠠᠯ ᠳᠠᠪᠬᠢᠶ᠎ᠠ   ᠲᠡᠢ
ᠡᠷᠭᠢᠵᠦ ᠰᠠᠭᠤᠪᠠᠯ ᠲᠠᠯᠠᠮᠠᠨ ᠲᠠᠢ
ᠤᠷᠠᠨ ᠡᠷᠳᠡᠮ ᠪᠦᠷᠢᠲᠦᠭᠰᠡᠨ
ᠣᠨᠣᠯᠭ᠎ᠠ ᠶ᠋ᠢᠨ ᠮᠠᠩᠯᠠᠢ ᠮᠣᠷᠢ ᠶᠤᠮ ᠃

ᠡᠷᠳᠡᠮ ᠪᠦᠬᠦᠨ ᠲᠡᠭᠦᠰ ᠪᠦᠷᠢᠲᠦᠭᠰᠡᠨ
ᠡᠷ᠎ᠡ ᠬᠥᠮᠦᠨ ᠦ᠌ ᠬᠠᠨᠢ ᠪᠣᠯᠤᠭᠰᠠᠨ
ᠡᠷᠳᠡᠨᠢ ᠬᠦᠯᠦᠭ ᠮᠣᠷᠢ ᠶ᠋ᠢ
ᠢᠷᠦᠭᠡᠵᠦ ᠮᠠᠭᠲᠠᠭᠠᠳ ᠪᠠᠷᠠᠨ᠎ᠠ ‍ᠤᠤ ᠳᠠ ⁈

ᠳᠥᠷᠪᠡ

ᠠᠭᠲᠠ ᠬᠦᠯᠦᠭ ᠦ᠋ᠨ ᠠᠴᠢ ᠲᠤᠰᠠ ᠶ᠋ᠢ
ᠣᠳᠣ ᠠᠪᠤᠭᠠᠳ ᠬᠡᠯᠡᠪᠡᠯ
ᠠᠵᠢᠯ ᠬᠡᠷᠡᠭᠴᠡᠭᠡ ᠪᠦᠬᠦᠨ ᠳ᠋ᠦ᠍
ᠠᠯᠳᠠᠷ ᠴᠣᠯᠠ ᠲᠠᠢ ᠮᠣᠷᠢ ᠶᠤᠮ ᠃

ᠠᠳᠤᠭᠤ ᠮᠠᠯ ᠬᠠᠷᠢᠭᠤᠯᠬᠤ ᠳ᠋ᠤ᠌
ᠤᠨᠤᠵᠤ ᠶᠠᠪᠤᠳᠠᠭ ᠮᠣᠷᠢ ᠶᠤᠮ
ᠠᠯᠤᠰ ᠬᠣᠯᠠ ᠶ᠋ᠢᠨ ᠢᠨᠠᠭ ᠊ᠢ
ᠠᠪᠤᠭᠠᠳ ᠢᠷᠡᠳᠡᠭ ᠮᠣᠷᠢ ᠶᠤᠮ ᠃

ᠡᠳ᠋ ᠬᠥᠷᠥᠩᠭᠡ ᠭᠠᠷᠤᠯᠲᠠ ᠶ᠋ᠢ
ᠦᠷᠡᠵᠢᠭᠦᠯᠵᠦ ᠢᠷᠠᠭᠰᠠᠨ ᠮᠣᠷᠢ ᠶᠤᠮ
ᠣᠪᠣᠭ᠎ᠠ ᠨᠠᠶ᠋ᠢᠷ ᠤ᠋ᠨ ᠤᠷᠤᠯᠳᠤᠭᠠᠨ ᠳ᠋ᠤ᠌
ᠦᠵᠦᠭᠦᠷᠯᠡᠵᠦ ᠢᠷᠡᠭᠰᠡᠭᠡᠷ ᠮᠣᠷᠢ ᠶᠤᠮ ᠃

ᠬᠣᠯᠠ ᠶ᠋ᠢᠨ ᠭᠠᠵᠠᠷ ᠊ᠢ ᠣᠶ᠋ᠢᠷᠠᠲᠤᠭᠤᠯᠲᠠᠬ
ᠬᠤᠷᠳᠤᠨ ᠬᠥᠯ ᠲᠡᠢ ᠮᠣᠷᠢ ᠮᠢᠨᠢ
ᠬᠣᠩᠭᠣᠷ ᠢᠨᠠᠭ ᠊ᠢ ᠠᠭᠤᠯᠵᠠᠭᠤᠯᠳᠠᠭ
ᠬᠠᠶ᠋ᠢᠷᠠᠯᠠᠯ ᠰᠠᠶ᠋ᠢᠲᠠᠢ ᠮᠣᠷᠢ ᠶᠤᠮ ᠃

ᠵᠣᠷᠢᠭᠰᠠᠨ ᠭᠠᠵᠠᠷ ᠨᠢ ᠬᠦᠷᠭᠡᠬᠦ ᠳ᠋ᠦ᠍
ᠵᠦᠳᠡᠷᠡᠬᠦ ᠶ᠋ᠢ ᠮᠡᠳᠡᠳᠡᠭ ᠦᠭᠡᠢ ᠮᠣᠷᠢ ᠶᠤᠮ
ᠵᠦᠢᠯ ᠪᠦᠷᠢ ᠶ᠋ᠢᠨ ᠠᠵᠢᠯ ᠳ᠋ᠤ᠌
ᠵᠢᠳᠬᠦᠯ ᠰᠠᠶ᠋ᠢᠲᠠᠢ ᠮᠣᠷᠢ ᠶᠤᠮ ᠃

ᠬᠡᠮᠵᠢᠭᠰᠡᠨ ᠴᠠᠭ ᠲᠤᠨᠢ ᠬᠦᠷᠬᠦ ᠳ᠋ᠦ᠍
ᠬᠦᠴᠢᠷ ᠊ᠢ ᠮᠡᠳᠡᠳᠡᠭ ᠦᠭᠡᠢ ᠮᠣᠷᠢ ᠶᠤᠮ
ᠬᠡᠷᠡᠭ ᠦᠢᠯᠡᠰ ᠊ᠢ ᠪᠦᠲᠦᠭᠡᠬᠦ ᠳ᠋ᠦ᠍
ᠬᠦᠴᠦᠨ ᠴᠢᠳᠠᠯ ᠲᠠᠢ ᠮᠣᠷᠢ ᠶᠤᠮ ᠃

ᠦᠷ᠎ᠡ ᠬᠡᠦᠬᠡᠳ ᠪᠠᠭᠠᠴᠤᠳ ᠲᠠᠢ
ᠦᠶᠡᠷᠬᠡᠵᠦ ᠥᠰᠦᠭᠰᠡᠨ ᠮᠣᠷᠢ ᠶᠤᠮ
ᠦᠢᠯᠡ ᠠᠵᠢᠯᠯᠠᠭ᠎ᠠ ᠪᠦᠬᠦᠨ ᠳ᠋ᠦ᠍
ᠦᠢᠯᠡᠴᠢᠯᠡᠵᠦ ᠢᠷᠡᠭᠰᠡᠨ ᠮᠣᠷᠢ ᠶᠤᠮ ᠃

ᠬᠥᠪᠴᠢᠨ ᠳᠡᠯᠡᠬᠡᠢ ᠶ᠋ᠢ ᠨᠡᠪᠲᠡᠷᠡᠳᠡᠭ
ᠬᠦᠰᠡᠭᠰᠡᠨ ᠶᠠᠪᠤᠳᠠᠯ ᠊ᠢ ᠪᠦᠲᠦᠭᠡᠳᠡᠭ
ᠬᠥᠮᠦᠨ ᠪᠦᠬᠦᠨ ᠦ᠌ ᠮᠠᠭᠲᠠᠭᠠᠯ ᠊ᠢ
ᠬᠦᠷᠲᠡᠵᠦ ᠢᠷᠡᠭᠰᠡᠨ ᠮᠣᠷᠢ ᠶᠤᠮ ᠃

ᠡᠪᠦᠭᠡ ᠳᠡᠭᠡᠳᠦ ᠶ᠋ᠢᠨ ᠦᠶ᠎ᠡ ᠡᠴᠡ
ᠡᠵᠡᠩᠨᠡᠵᠦ ᠢᠷᠡᠭᠰᠡᠨ ᠮᠣᠷᠢ ᠶᠤᠮ
ᠡᠶ᠋ᠢᠮᠦ ᠰᠠᠢᠬᠠᠨ ᠮᠣᠷᠢ ᠶ᠋ᠢ ᠪᠡᠨ
ᠦᠭᠡ ᠪᠡᠷ ᠮᠠᠭᠲᠠᠭᠠᠳ ᠪᠠᠷᠠᠨ᠎ᠠ ‍ᠤᠤ ᠳᠠ⁈

ᠲᠠᠪᠤ

ᠠᠪᠠ ᠳ᠋ᠤ᠌ ᠮᠣᠷᠳᠠᠭᠠᠳ ᠭᠠᠷᠬᠤ ᠪᠠᠶ᠋ᠢᠲᠠᠯ ᠊ᠢ
ᠣᠨᠴᠣᠭᠣᠶ᠋ᠢᠯᠠᠨ ᠡᠨᠳᠡ ᠬᠡᠯᠡᠪᠡᠯ
ᠠᠩ ᠭᠥᠷᠦᠭᠡᠰᠦᠨ ᠳ᠋ᠦ᠍ ᠤᠨᠤᠭᠠᠳ ᠭᠠᠷᠪᠠᠯ
ᠣᠯᠵᠠ ᠰᠠᠶ᠋ᠢᠲᠠᠢ ᠮᠣᠷᠢ ᠶᠤᠮ ᠃

ᠬᠠᠳᠠ ᠠᠭᠤᠯᠠ ᠶ᠋ᠢ ᠳᠠᠪᠠᠬᠤ ᠳ᠋ᠤ᠌
ᠬᠠᠯᠲᠤᠷᠢᠳᠠᠭ ᠦᠭᠡᠢ ᠮᠣᠷᠢ ᠶᠤᠮ
ᠬᠠᠨᠳᠠᠭᠠᠢ ᠪᠤᠭᠤ ᠰᠤᠭᠤ ᠨᠤᠭᠤᠳ ᠊ᠢ
ᠬᠠᠲᠠᠷᠢᠭᠠᠳ ᠳᠠᠭᠠᠷᠢᠳᠠᠭ ᠮᠣᠷᠢ ᠶᠤᠮ ᠃

ᠤᠰᠤ ᠮᠥᠷᠡᠨ ᠲᠣᠬᠢᠶᠠᠯᠳᠤᠯ᠎ᠠ ᠴᠤ᠌ ᠭᠡᠳ
ᠤᠬᠤᠷᠢᠳᠠᠭ ᠦᠭᠡᠢ ᠮᠣᠷᠢ ᠶᠤᠮ
ᠤᠯᠠᠭᠠᠨ ᠦᠨᠡᠭᠡ ᠬᠥᠬᠡ ᠴᠢᠨᠣ᠎ᠠ ᠶ᠋ᠢ ᠴᠦ᠍
ᠤᠷᠭᠠᠯᠠᠭᠠᠳ ᠪᠠᠷᠢᠳᠠᠭ ᠮᠣᠷᠢ ᠶᠤᠮ ᠃

ᠱᠠᠯᠪᠠᠭ ᠨᠠᠮᠤᠭ ᠲᠤ᠌ ᠣᠷᠣᠯ᠎ᠠ ᠭᠡᠳ
ᠰᠢᠪᠠᠷᠳᠠᠳᠠᠭ ᠦᠭᠡᠢ ᠮᠣᠷᠢ ᠶᠤᠮ
ᠰᠢᠷᠠᠯᠵᠢ ᠠ᠋ᠴᠠ ᠪᠣᠰᠤᠭᠰᠠᠨ ᠲᠠᠤᠯᠠᠢ ᠶ᠋ᠢ ᠴᠦ᠍
ᠰᠢᠭᠤᠳ ᠳᠠᠭᠠᠷᠢᠳᠠᠭ ᠮᠣᠷᠢ ᠶᠤᠮ

ᠰᠥᠭᠡᠭ ᠮᠣᠳᠣᠨ ᠤ᠋ ᠳᠡᠭᠡᠭᠦᠷ
ᠬᠠᠷᠠᠶ᠋ᠢᠭᠠᠳ ᠭᠠᠷᠳᠠᠭ ᠮᠣᠷᠢ ᠶᠤᠮ
ᠰᠤᠭᠤ ᠪᠤᠭᠤ ᠬᠣᠶᠠᠷ ᠊ᠢ ᠴᠦ᠍
ᠳᠠᠭᠠᠷᠢᠭᠠᠳ ᠠᠯᠠᠳᠠᠭ ᠮᠣᠷᠢ ᠶᠤᠮ

ᠡᠯᠡᠰᠦ ᠮᠠᠩᠬ᠎ᠠ ᠳᠠᠪᠠᠭ᠎ᠠ ᠨᠤᠭᠤᠳ ᠊ᠢ
ᠡᠭᠴᠡ ᠲᠤᠭᠤᠯᠳᠠᠭ ᠮᠣᠷᠢ ᠶᠤᠮ
ᠢᠯᠢ ᠪᠣᠷᠣ ᠭᠥᠷᠥᠭᠡᠰᠦ  ᠶ᠋ᠢ ᠴᠦ᠍
ᠡᠷᠭᠢᠴᠡᠭᠦᠯᠦᠭᠡᠳ ᠬᠤᠷᠢᠶᠠᠳᠠᠭ ᠮᠣᠷᠢ ᠶᠤᠮ ᠃

ᠤᠯᠠᠮ ᠶᠠᠪᠤᠬᠤ ᠳ᠋ᠠᠭᠠᠨ ᠣᠮᠣᠭᠲᠠᠢ
ᠤᠷᠲᠤ ᠵᠠᠮ ᠳ᠋ᠠᠭᠠᠨ ᠳᠠᠭᠠᠭᠠᠴᠠᠲᠠᠢ
ᠤᠨᠤᠭᠰᠠᠨ ᠡᠵᠡᠨ ᠦ᠌ ᠪᠡᠨ ᠰᠠᠨᠠᠭ᠎ᠠ ᠪᠠᠷ
ᠤᠷᠤᠭᠰᠢᠯᠠᠵᠤ ᠣᠷᠣᠳᠠᠭ ᠮᠣᠷᠢ ᠶᠤᠮ

ᠡᠷᠡᠯᠬᠡᠭ ᠪᠠᠭᠠᠲᠤᠷ ᠠᠩᠴᠢᠳ ᠲᠤ᠌
ᠡᠳᠦᠷᠵᠢᠨ ᠰᠥᠨᠢᠵᠢᠨ ᠬᠠᠨᠢ ᠪᠣᠯᠤᠭᠰᠠᠨ
ᠡᠷ᠎ᠡ ᠬᠦᠯᠦᠭ ᠮᠣᠷᠢ ᠶ᠋ᠢ
ᠡᠭᠡᠰᠢᠭᠯᠡᠵᠦ ᠮᠠᠭᠲᠠᠭᠠᠳ ᠪᠠᠷᠠᠨ᠎ᠠ ‍ᠤᠤ ᠳᠠ⁈

ᠵᠢᠷᠭᠤᠭ᠎ᠠ

ᠡᠨᠡ ᠮᠣᠷᠢᠨ ᠤ᠋ ᠪᠠᠶ᠋ᠢᠯᠲᠤᠭᠠᠨ ᠳ᠋ᠤ᠌ ᠣᠷᠣᠬᠤ ᠪᠠᠶ᠋ᠢᠲᠠᠯ ᠊ᠢ
ᠣᠳᠣ ᠠᠪᠤᠭᠠᠳ ᠬᠡᠯᠡᠪᠡᠯ
ᠡᠬᠡ ᠤᠯᠤᠰ ᠢ᠋ᠶ᠋ᠠᠨ ᠬᠠᠮᠠᠭᠠᠯᠠᠬᠤ ᠳ᠋ᠤ᠌
ᠢᠳᠡ ᠴᠢᠳᠠᠯ ᠢ᠋ᠶ᠋ᠠᠨ ᠡᠷᠭᠦᠭᠰᠡᠨ ᠮᠣᠷᠢ ᠶᠤᠮ

ᠡᠵᠡᠷᠬᠡᠭ ᠲᠦᠷᠢᠮᠡᠬᠡᠶ᠋ᠢᠲᠡᠨ ᠊ᠢ ᠤᠰᠠᠳᠬᠠᠬᠤ ᠳ᠋ᠤ᠌
ᠡᠷᠬᠢᠮ ᠭᠠᠪᠢᠶ᠎ᠠ ᠪᠠᠶ᠋ᠢᠭᠤᠯᠤᠭᠰᠠᠨ ᠮᠣᠷᠢ ᠶᠤᠮ
ᠡᠳᠦᠷ ᠰᠥᠨᠢ ᠶ᠋ᠢᠨ ᠪᠠᠶ᠋ᠢᠯᠲᠤᠭᠠᠨ ᠳ᠋ᠤ᠌
ᠡᠵᠡᠨ ᠳ᠋ᠡᠭᠡᠨ ᠬᠠᠪᠰᠤᠷᠤᠯᠭ᠎ᠠ ᠪᠣᠯᠤᠭᠰᠠᠨ ᠮᠣᠷᠢ ᠶᠤᠮ

ᠥᠪᠡᠷ ᠦ᠋ᠨ ᠡᠵᠡᠨ ᠢ᠋ᠶ᠋ᠡᠨ ᠦᠵᠡᠪᠡᠯ
ᠦᠦᠷᠰᠡᠭᠡᠳ ᠢᠷᠡᠳᠡᠭ ᠮᠣᠷᠢ ᠶᠤᠮ ᠃
ᠥᠰᠢᠶᠡᠲᠡᠨ ᠳᠠᠶ᠋ᠢᠰᠤᠨ ᠳ᠋ᠤ᠌ ᠤᠴᠠᠷᠠᠪᠠᠯ
ᠦᠰᠦᠷᠭᠡᠳ ᠴᠠᠪᠴᠢᠳᠠᠭ ᠮᠣᠷᠢ ᠶᠤᠮ

ᠡᠵᠡᠨ ᠪᠠᠭᠠᠲᠤᠷ ᠢ᠋ᠶ᠋ᠠᠨ ᠲᠠᠨᠢᠪᠠᠯ
ᠡᠷᠬᠡᠯᠡᠭᠡᠳ ᠢᠷᠡᠳᠡᠭ ᠮᠣᠷᠢ ᠶᠤᠮ
ᠡᠰᠡᠷᠭᠦᠦ ᠳᠠᠶ᠋ᠢᠰᠤᠨ ᠳ᠋ᠤ᠌ ᠲᠠᠭᠠᠷᠠᠪᠠᠯ
ᠢᠰᠬᠦᠯᠦᠭᠡᠳ ᠤᠨᠠᠭᠠᠳᠠᠭ ᠮᠣᠷᠢ ᠶᠤᠮ


ᠰᠠᠢᠬᠠᠨ ᠡᠵᠡᠨ ᠡᠴᠡ ᠪᠡᠨ ᠰᠠᠯᠪᠠᠯ 
ᠰᠠᠨᠠᠭᠠᠳ ᠢᠨᠴᠠᠭᠠᠳᠠᠭ ᠮᠣᠷᠢ ᠶᠤᠮ
ᠰᠠᠮᠠᠭᠤᠨ ᠳᠠᠶ᠋ᠢᠰᠤᠨ ᠊ᠢ ᠦᠵᠡᠪᠡᠯ
ᠰᠡᠷᠮᠡᠵᠦ ᠴᠠᠪᠴᠢᠳᠠᠭ ᠮᠣᠷᠢ ᠶᠤᠮ

ᠠᠴᠢᠲᠤ ᠡᠵᠡᠨ ᠡᠴᠡ ᠪᠡᠨ ᠰᠠᠯᠪᠠᠯ
ᠢᠨᠴᠠᠭᠠᠭᠠᠳ ᠤᠶᠠᠷᠠᠳᠠᠭ ᠮᠣᠷᠢ ᠶᠤᠮ
ᠠᠶᠤᠯᠲᠤ ᠳᠠᠶ᠋ᠢᠰᠤᠨ ᠲᠠᠢ ᠠᠭᠤᠯᠵᠠᠪᠠᠯ
ᠠᠭᠤᠷᠯᠠᠭᠠᠳ ᠬᠠᠵᠠᠳᠠᠭ ᠮᠣᠷᠢ

ᠤᠯᠠᠭᠠᠨ ᠳᠠᠯᠪᠠᠭ᠎ᠠ ᠪᠠᠨ ᠲᠣᠬᠢᠪᠠᠯ
ᠤᠷᠤᠭᠰᠢᠯᠠᠭᠠᠳ ᠣᠷᠣᠳᠠᠭ ᠮᠣᠷᠢ ᠶᠤᠮ
ᠥᠰᠢᠶᠡᠲᠡᠨ ᠳᠠᠶ᠋ᠢᠰᠤᠨ ᠊ᠢ ᠦᠵᠡᠪᠡᠯ
ᠣᠮᠣᠭᠰᠢᠭᠠᠳ ᠣᠷᠣᠳᠠᠭ ᠮᠣᠷᠢ ᠶᠤᠮ

ᠪᠦᠷᠢᠶ᠎ᠡ ᠶ᠋ᠢᠨ ᠳᠠᠭᠤᠨ ᠊ᠢ ᠰᠣᠨᠣᠰᠪᠠᠯ
ᠪᠦᠬᠦᠶ᠋ᠢᠭᠡᠳ ᠣᠷᠣᠳᠠᠭ ᠮᠣᠷᠢ ᠶᠤᠮ
ᠪᠦᠲᠦᠯ ᠦᠭᠡᠢ ᠲᠡᠭᠡᠷᠮᠡᠭᠴᠢᠳ ᠦ᠋ᠨ ᠬᠣᠶ᠋ᠢᠨ᠎ᠠ ᠠ᠋ᠴᠠ
ᠨᠡᠬᠡᠭᠡᠳ ᠣᠷᠣᠳᠠᠭ ᠮᠣᠷᠢ ᠶᠤᠮ

ᠬᠠᠳᠠ ᠠᠭᠤᠯᠠᠨ ᠤ᠋ ᠳᠡᠭᠡᠭᠦᠷ
ᠳᠠᠪᠠᠭᠠᠳ ᠭᠠᠷᠳᠠᠭ ᠮᠣᠷᠢ ᠶᠤᠮ
ᠬᠠᠲᠤᠨ ᠮᠥᠷᠡᠨ ᠦ᠌ ᠳᠤᠮᠳᠠᠭᠤᠷ
ᠳᠤᠭᠤᠯᠤᠭᠠᠳ ᠭᠠᠷᠳᠠᠭ ᠮᠣᠷᠢ ᠶᠤᠮ

ᠬᠠᠯᠠᠭᠤᠨ ᠭᠠᠯ ᠤ᠋ᠨ ᠳᠤᠮᠳᠠᠭᠤᠷ
ᠰᠢᠷᠭᠤᠭᠠᠳ ᠣᠷᠣᠳᠠᠭ ᠮᠣᠷᠢ ᠶᠤᠮ
ᠬᠠᠷᠭᠢᠰ ᠳᠠᠶ᠋ᠢᠰᠤᠨ ᠤ᠋ ᠳᠤᠮᠳᠠᠭᠤᠷ
ᠰᠢᠪᠲᠤᠯᠤᠭᠠᠳ ᠭᠠᠷᠳᠠᠭ ᠮᠣᠷᠢ ᠶᠤᠮ


ᠠᠭᠤᠯᠠ ᠬᠠᠳᠠᠨ ᠤ᠋ ᠳᠡᠭᠡᠭᠦᠷ
ᠬᠠᠷᠠᠶ᠋ᠢᠭᠠᠳ ᠭᠠᠷᠳᠠᠭ ᠮᠣᠷᠢ ᠶᠤᠮ
ᠣᠯᠠᠨ ᠰᠤᠮᠤᠨ ᠤ᠋ ᠳᠤᠮᠳᠠᠭᠤᠷ
ᠨᠢᠰᠦᠭᠡᠳ ᠭᠠᠷᠳᠠᠭ ᠮᠣᠷᠢ ᠶᠤᠮ


ᠳᠠᠶ᠋ᠢᠰᠤᠨ ᠤ᠋ ᠰᠤᠮᠤᠨ ᠠ᠋ᠴᠠ ᠳᠠᠯᠳᠠᠯᠠᠬᠤ ᠳ᠋ᠤ᠌
ᠬᠡᠪᠲᠡᠭᠡᠳ ᠦᠭᠲᠡᠭ ᠮᠣᠷᠢ ᠶᠤᠮ
ᠳᠠᠭᠠᠷᠢᠵᠤ ᠳᠠᠷᠤᠭᠠᠳ ᠣᠷᠣᠬᠤ ᠳ᠋ᠤ᠌
ᠴᠠᠪᠴᠢᠯᠠᠭᠠᠳ ᠭᠠᠷᠳᠠᠭ ᠮᠣᠷᠢ ᠶᠤᠮ

ᠤᠯᠤᠰ ᠣᠷᠣᠨ ᠢ᠋ᠶ᠋ᠠᠨ ᠴᠢᠯᠥᠭᠡᠯᠡᠬᠦ ᠳ᠋ᠦ᠍
ᠣᠯᠠᠨ ᠭᠠᠪᠢᠶ᠎ᠠ ᠪᠠᠶ᠋ᠢᠭᠤᠯᠤᠭᠰᠠᠨ ᠶᠤᠮ
ᠣᠳᠣᠨ ᠮᠸᠲᠠᠯ ᠱᠠᠩᠨᠠᠯ ᠦ᠋ᠳ ᠊ᠢ 
ᠣᠯᠤᠭᠰᠠᠭᠠᠷ ᠢᠷᠡᠭᠰᠡᠨ ᠮᠣᠷᠢ ᠶᠤᠮ ᠃

ᠡᠷᠡᠯᠬᠡᠭ ᠪᠠᠭᠠᠲᠤᠷ ᠮᠣᠩᠭᠣᠯᠴᠤᠳ ᠤ᠋ᠨ
ᠡᠷᠬᠡ ᠰᠦᠷ ᠊ᠢ ᠪᠠᠳᠠᠷᠠᠭᠤᠯᠤᠭᠰᠠᠨ
ᠡᠷᠳᠡᠨᠢ ᠶ᠋ᠢᠨ ᠬᠦᠯᠦᠭ ᠡᠨᠡ ᠮᠣᠷᠢ ᠶ᠋ᠢ
ᠰᠢᠯᠦᠭᠯᠡᠵᠦ ᠮᠠᠭᠲᠠᠭᠠᠳ ᠪᠠᠷᠠᠨ᠎ᠠ ‍ᠤᠤ ᠳᠠ⁈

ᠳᠣᠯᠣᠭ᠎ᠠ

ᠠᠳᠤᠭᠤᠨ ᠤ᠋ ᠳᠤᠮᠳᠠ ᠴᠢᠮᠡᠭ ᠪᠣᠯᠤᠭᠰᠠᠨ
ᠠᠭᠲᠠ ᠬᠦᠯᠦᠭ ᠦ᠋ᠨ ᠢ᠋ᠶ᠋ᠡᠨ ᠮᠠᠩᠯᠠᠢ ᠪᠣᠯᠤᠭᠰᠠᠨ
ᠠᠷᠠᠳ ᠲᠦᠮᠡᠨ ᠦ᠌ ᠪᠡᠨ ᠬᠠᠶ᠋ᠢᠷ᠎ᠠ ᠶ᠋ᠢ ᠣᠯᠤᠭᠰᠠᠨ
ᠠᠯᠳᠠᠷ ᠴᠤᠤᠲᠠᠢ ᠮᠣᠷᠢ ᠶᠤᠮ ᠃

ᠠᠷᠠᠳ ᠲᠦᠮᠡᠨ ᠳ᠋ᠡᠭᠡᠨ ᠰᠦᠯᠳᠡ ᠪᠣᠯᠤᠭᠰᠠᠨ
ᠠᠲᠠᠭᠠᠲᠠᠨ ᠳᠠᠶ᠋ᠢᠰᠤᠨ ᠳ᠋ᠤ᠌ ᠳᠠᠷᠤᠯᠭ᠎ᠠ ᠪᠣᠯᠤᠭᠰᠠᠨ
ᠠᠷᠢᠭᠤᠨ ᠲᠡᠮᠡᠴᠡᠯ ᠳ᠋ᠦ᠍ ᠬᠣᠰᠢᠭᠤᠴᠢ ᠪᠣᠯᠤᠭᠰᠠᠨ
ᠠᠴᠢᠯᠠᠯ ᠶᠡᠬᠡᠲᠡᠢ ᠮᠣᠷᠢ ᠶᠤᠮ

ᠥᠯᠥᠭᠡᠢ ᠨᠤᠲᠤᠭ ᠢ᠋ᠶ᠋ᠠᠨ ᠴᠢᠯᠥᠭᠡᠯᠡᠬᠦ ᠳ᠋ᠦ᠍
ᠦᠯᠡᠮᠵᠢ ᠭᠠᠪᠢᠶ᠎ᠠ ᠪᠠᠶ᠋ᠢᠭᠤᠯᠤᠭᠰᠠᠨ
ᠦᠨᠳᠦᠰᠦᠲᠡᠨ ᠮᠣᠩᠭᠣᠯ ᠤ᠋ᠨ ᠣᠷᠣᠨ ᠳ᠋ᠠᠭᠠᠨ
ᠥᠩᠭᠡ ᠭᠡᠷᠡᠯᠲᠡᠢ ᠮᠣᠷᠢ ᠶᠤᠮ ᠃

ᠡᠪᠦᠭᠡ ᠳᠡᠭᠡᠳᠦᠰ ᠦ᠋ᠨ ᠦᠶ᠎ᠡ ᠡᠴᠡ
ᠡᠷᠬᠢᠮ ᠴᠣᠯᠠ ᠪᠠᠨ ᠪᠠᠳᠠᠷᠠᠭᠤᠯᠤᠭᠰᠠᠨ
ᠡᠷᠳᠡᠮ ᠴᠢᠳᠠᠯ ᠪᠦᠷᠢᠲᠦᠭᠰᠡᠨ ᠡᠨᠡ ᠮᠣᠷᠢ ᠶ᠋ᠢ ᠪᠡᠨ
ᠥᠨᠥ ᠮᠠᠭᠲᠠᠭᠠᠳ ᠪᠠᠷᠠᠨ᠎ᠠ ‍ᠤᠤ ? ᠳ᠋ᠠ ᠬᠥ

    ( ᠪ · ᠰᠣᠶᠣᠯᠲᠤ ᠡᠮᠬᠢᠳᠬᠡᠪᠡ )
   ᠦᠰᠦᠭ ᠠᠮᠢᠯᠠᠭᠤᠯᠤᠭᠴᠢ ᠄ ᠲᠤᠶᠠᠭ᠎ᠠ᠂ ᠣᠶᠤᠨᠴᠢᠮᠡᠭ
   ᠬᠢᠨᠠᠭᠴᠢ ᠄ ᠣᠤᠠᠬᠠᠰᠣ᠎ᠠ