ᠠᠯᠤᠩᠭᠤᠸ᠋᠎ᠠ ᠡᠬᠡ ᠶ᠋ᠢᠨ ᠰᠤᠷᠭᠠᠯАлангува Эхийн сургаал ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠤᠩᠭᠤᠸ᠋᠎ᠠ ᠡᠬᠡ ᠶ᠋ᠢᠨ ᠰᠤᠷᠭᠠᠯАлангува Эхийн сургаал

ᠠᠯᠤᠩᠭᠤᠸ᠋᠎ᠠ ᠡᠬᠡ ᠶ᠋ᠢᠨ ᠰᠤᠷᠭᠠᠯАлангува Эхийн сургаал

2023-05-06

849

ᠠᠯᠤᠩᠭᠤᠸ᠋᠎ᠠ ᠡᠬᠡ ᠶ᠋ᠢᠨ ᠰᠤᠷᠭᠠᠯ

   ᠡᠷᠲᠡ ᠤᠷᠢᠳᠤ ᠶ᠋ᠢᠨ ᠴᠠᠭ ᠲᠤ᠌ ᠠᠯᠤᠩᠭᠤᠸ᠋᠎ᠠ ᠬᠡᠮᠡᠬᠦ ᠨᠢᠭᠡᠨ ᠴᠡᠴᠡᠨ ᠮᠡᠷᠭᠡᠨ ᠪᠦᠰᠡᠭᠦᠢ ᠂ ᠲᠠᠪᠤᠨ ᠬᠦᠦ ᠲᠡᠢ ᠪᠡᠨ ᠠᠵᠤ ᠲᠥᠷᠥᠨ ᠠᠮᠢᠳᠤᠷᠠᠨ ᠰᠠᠭᠤᠳᠠᠭ ᠪᠠᠶ᠋ᠢᠪᠠ᠃ ᠭᠡᠪᠡᠴᠦ ᠠᠯᠤᠩᠭᠤᠸ᠋᠎ᠠ ᠡᠬᠡ ᠶ᠋ᠢᠨ ᠲᠠᠪᠤᠨ ᠬᠦᠦ ᠥᠪᠡᠷ ᠬᠣᠭᠣᠷᠣᠨᠳᠣ ᠪᠠᠨ ᠶᠡᠬᠡᠳᠡ ᠳᠦᠨᠵᠢᠨ ᠮᠠᠭᠤᠲᠠᠢ ᠪᠠᠶ᠋ᠢᠬᠤ ᠪᠠ ᠦᠷᠭᠦᠯᠵᠢ ᠯᠡ ᠬᠡᠷᠡᠭ ᠲᠦᠪᠡᠭ ᠲᠠᠷᠢᠵᠤ ᠬᠣᠭᠣᠷᠣᠨᠳᠣ ᠪᠠᠨ ᠮᠠᠭᠤᠳᠠᠯᠴᠠᠵᠤ ᠬᠡᠷᠡᠭᠦᠯ ᠵᠣᠳᠣᠭᠠᠨ ᠪᠠᠶ᠋ᠢᠩᠭᠤ ᠬᠢᠳᠡᠭ ᠪᠠᠶ᠋ᠢᠪᠠ ᠭᠡᠨ᠎ᠡ᠃ ᠢᠩᠭᠢᠭᠡᠳ ᠨᠢᠭᠡ ᠡᠳᠦᠷ ᠲᠠᠪᠤᠨ ᠬᠦᠦ ᠠᠭᠢᠭᠠᠳ ᠮᠠᠷᠭᠤᠯᠳᠤᠵᠤ ᠂ ᠲᠠᠯ᠎ᠠ ᠪᠠᠷ ᠨᠢᠭᠡ ᠶᠠᠭᠤᠮ᠎ᠠ ᠪᠣᠯᠪᠠ᠃ ᠡᠭᠦᠨ ᠊ᠢ ᠬᠠᠷᠠᠭᠰᠠᠨ ᠠᠯᠤᠩᠭᠤᠸ᠋᠎ᠠ ᠡᠬᠡ ᠶᠡᠬᠡᠳᠡ ᠭᠤᠨᠢᠭᠯᠠᠵᠤ ᠶᠠᠭᠠᠬᠢᠵᠤ ᠬᠥᠪᠡᠭᠦᠳ ᠢ᠋ᠶ᠋ᠡᠨ ᠡᠪᠲᠡᠢ ᠪᠠᠶ᠋ᠢᠯᠭᠠᠬᠤᠪ ᠭᠡᠳ ᠨᠢᠭᠡ ᠡᠳᠦᠷ ᠬᠡᠦᠬᠡᠳ ᠦ᠋ᠳ ᠢ᠋ᠶ᠋ᠡᠨ ᠳᠠᠭᠤᠳᠠᠵᠤ ᠰᠠᠭᠤᠯᠭᠠᠭᠠᠳ ᠡᠶ᠋ᠢᠨ ᠠᠰᠠᠭᠤᠪᠠ᠃ 《 ᠵᠠ ᠬᠥᠪᠡᠭᠦᠳ ᠮᠢᠨᠢ ᠂ ᠲᠠ ᠲᠠᠪᠤ ᠠᠬ᠎ᠠ ᠳᠡᠭᠦᠦᠰ ᠠᠲᠠᠯ᠎ᠠ ᠪᠠᠨ ᠶᠠᠭᠤᠨ ᠳ᠋ᠤ᠌ ᠢᠩᠭᠢᠵᠦ ᠬᠣᠭᠣᠷᠣᠨᠳᠣ ᠪᠠᠨ ᠬᠠᠭᠠᠷᠠᠵᠤ ᠪᠠᠶ᠋ᠢᠲᠠᠭ ᠶᠤᠮ ? 》 ᠭᠡᠬᠦ ᠳ᠋ᠦ᠍ ᠬᠠᠮᠤᠭ ᠤ᠋ᠨ ᠲᠣᠮᠣ ᠬᠦᠦ ᠨᠢ᠄ 《 ᠡᠴᠢᠭᠡ ᠶ᠋ᠢᠨ ᠦᠭᠡᠢ ᠳ᠋ᠦ᠍ ᠲᠥᠷᠥᠭᠰᠡᠨ ᠡᠨᠡ ᠭᠤᠷᠪᠠ ᠠ᠋ᠴᠠ ᠯᠠ ᠬᠠᠮᠤᠭ ᠵᠦᠢᠯ ᠡᠬᠢ ᠲᠡᠢ᠃ ᠨᠢᠭᠡᠨ ᠡᠴᠢᠭᠡ ᠶ᠋ᠢᠨ ᠵᠢᠰᠦ ᠦᠭᠡᠢ ᠠᠲᠠᠯ᠎ᠠ ᠪᠠᠨ ᠶᠠᠭᠠᠬᠢᠨ ᠢᠩᠭᠢᠵᠦ ᠨᠢᠭᠡ ᠭᠡᠷ ᠲᠦ᠍ ᠬᠣᠭᠣᠯᠠ ᠬᠤᠪᠢᠶᠠᠯᠴᠠᠵᠤ ᠪᠣᠯᠬᠤᠪ! 》 ᠭᠡᠬᠦ ᠳ᠋ᠦ᠍ ᠪᠠᠭ᠎ᠠ ᠬᠥᠪᠡᠭᠦᠨ᠄ 《 ᠡᠶ᠎ᠡ  ᠶᠢ ᠡᠪᠯᠡᠯᠳᠦᠨ ᠰᠠᠭᠤᠶ᠎ᠠ ᠭᠡᠲᠡᠯ᠎ᠡ ᠬᠠᠮᠤᠭ ᠤ᠋ᠨ ᠠᠬᠠᠮᠠᠳ ᠨᠢ ᠲᠠ ᠠᠲᠠᠯ᠎ᠠ ᠪᠠᠨ ᠦᠷᠭᠦᠯᠵᠢ ᠪᠢᠳᠡᠨ ᠊ᠢ ᠢᠩᠭᠢᠵᠦ ᠨᠢᠳᠦ ᠦᠵᠦᠭᠦᠷᠯᠡᠵᠦ ᠪᠠᠶ᠋ᠢᠲᠠᠭ ᠨᠢ ᠶᠠᠭᠤᠨ ᠤ᠋ ᠤᠴᠢᠷ ᠪᠣᠢ ? ᠬᠠᠭᠠᠷᠠᠯᠳᠤᠬᠤ ᠠᠶᠤᠯ ᠠ᠋ᠴᠠ ᠬᠠᠮᠤᠭ ᠤ᠋ᠨ ᠲᠦᠷᠦᠭᠦᠨ ᠳ᠋ᠦ᠍ ᠰᠡᠷᠭᠡᠶ᠋ᠢᠯᠡᠬᠦ ᠶᠣᠰᠣᠲᠠᠢ ᠪᠤᠰᠤ ‍ᠤᠤ! 》《 ᠶᠠᠭᠤ ᠭᠡᠨ᠎ᠡ ? ᠴᠢ! ᠠᠬ᠎ᠠ ᠵᠠᠬ᠎ᠠ ᠪᠠᠨ ᠠᠯᠳᠠᠭᠰᠠᠨ ᠡᠨᠡ ᠵᠠᠷᠤᠴᠠ ᠶ᠋ᠢᠨ ᠬᠡᠦᠬᠡᠳ ᠊ᠢ ᠳᠠᠷᠤᠢ ᠭᠡᠷ ᠡᠴᠡ ᠪᠡᠨ ᠬᠥᠭᠡᠭᠡᠪᠡᠯ ᠵᠣᠬᠢᠨ᠎ᠠ 》ᠭᠡᠳ ᠣᠬᠢᠭᠠᠳ ᠯᠠ ᠬᠡᠷᠡᠭᠦᠯ ᠵᠣᠳᠣᠭᠠᠨ ᠡᠬᠢᠯᠡᠪᠡ ᠭᠡᠨ᠎ᠡ᠃ ᠠᠯᠤᠩᠭᠤᠸ᠋᠎ᠠ ᠡᠬᠡ ᠬᠡᠦᠬᠡᠳ ᠦ᠋ᠳ ᠢ᠋ᠶ᠋ᠡᠨ ᠵᠣᠭᠰᠣᠭᠠᠭᠠᠳ ᠬᠥᠮᠦᠨ ᠪᠦᠷᠢ ᠳ᠋ᠦ᠍ ᠨᠢᠭᠡ ᠨᠢᠭᠡ ᠰᠤᠮᠤ ᠥᠭᠭᠦᠭᠡᠳ 《 ᠬᠤᠭᠤᠯ! 》 ᠭᠡᠬᠦ ᠳ᠋ᠦ᠍ ᠬᠥᠪᠡᠭᠦᠳ ᠪᠠᠰᠤᠭᠰᠠᠨ ᠰᠢᠨᠵᠢ ᠲᠡᠢ ᠵᠠᠭᠤᠮᠠᠯᠴᠠᠭᠠᠳ ᠠᠪᠤᠭᠰᠠᠨ ᠰᠤᠮᠤ ᠨᠤᠭᠤᠳ ᠢ᠋ᠶ᠋ᠠᠨ ᠶᠠᠳᠠᠬᠤ ᠶᠠᠭᠤᠮ᠎ᠠ ᠦᠭᠡᠢ ᠨᠢᠭᠡ ᠨᠢᠭᠡ ᠪᠡᠷ ᠢ᠋ᠶ᠋ᠡᠨ ᠬᠤᠭᠤᠯᠵᠤ ᠣᠷᠬᠢᠪᠠ᠃ ᠬᠡᠦᠬᠡᠳ ᠦ᠋ᠳ ᠰᠤᠮᠤ ᠪᠠᠨ ᠬᠤᠭᠤᠯᠤᠭᠠᠳ ᠪᠠᠬᠠᠳᠤᠨ ᠵᠣᠭᠰᠣᠪᠠᠴᠤ ᠶᠠᠭᠠᠬᠢᠭᠠᠳ ᠢᠩᠭᠢᠵᠦ ᠪᠠᠶ᠋ᠢᠭ᠎ᠠ ᠶ᠋ᠢᠨ ᠤᠴᠢᠷ ᠊ᠢ ᠣᠯᠵᠤ ᠶᠠᠳᠠᠨ᠎ᠠ᠃ ᠭᠡᠲᠡᠯ᠎ᠡ ᠠᠯᠤᠩᠭᠤᠸ᠋᠎ᠠ ᠡᠬᠡ ᠨᠢᠭᠡ ᠨᠢᠭᠡ ᠰᠤᠮᠤ ᠶ᠋ᠢᠨ ᠣᠷᠣᠨ ᠳ᠋ᠤ᠌ ᠣᠬᠢᠨ ᠲᠠᠪᠤᠨ ᠰᠤᠮᠤ ᠶ᠋ᠢ ᠪᠠᠭᠴᠠᠯᠠᠵᠤ ᠥᠭᠭᠦᠭᠡᠳ ᠠᠭᠢᠭᠠᠳ 《 ᠬᠤᠭᠤᠯ 》 ᠭᠡᠵᠦ ᠬᠡᠯᠡᠪᠡ᠃ ᠬᠥᠪᠡᠭᠦᠳ ᠪᠠᠭᠴᠠᠯᠠᠭᠰᠠᠨ ᠰᠤᠮᠤ ᠶ᠋ᠢ ᠠᠪᠤᠭᠠᠳ ᠬᠤᠭᠤᠯᠬᠤ ᠭᠡᠵᠦ ᠡᠭᠡᠯᠵᠢᠯᠡᠨ ᠣᠷᠣᠯᠳᠣᠪᠠᠴᠤ ᠬᠡᠨ ᠨᠢ ᠴᠦ᠍ ᠬᠤᠭᠤᠯᠵᠤ ᠴᠢᠳᠠᠭᠰᠠᠨ ᠦᠭᠡᠢ᠃ ᠣᠯᠠᠨ ᠳᠠᠬᠢᠨ ᠣᠷᠣᠯᠳᠣᠭᠠᠳ ᠴᠤ᠌ ᠴᠢᠳᠠᠭᠰᠠᠨ ᠦᠭᠡᠢ᠃ ᠢᠩᠭᠢᠭᠡᠳ ᠠᠯᠤᠩᠭᠤᠸ᠋᠎ᠠ ᠡᠬᠡ ᠬᠥᠪᠡᠭᠦᠳ ᠢ᠋ᠶ᠋ᠡᠨ ᠴᠤᠭᠯᠠᠭᠤᠯᠤᠭᠠᠳ ᠤᠴᠢᠷ ᠊ᠢ ᠬᠡᠯᠡᠪᠡ᠃ 《 ᠲᠠ ᠲᠠᠪᠤᠨ ᠬᠥᠪᠡᠭᠦᠨ ᠮᠢᠨᠦ ᠨᠢᠭᠡᠨ ᠬᠡᠪᠡᠯᠢ ᠡᠴᠡ ᠲᠥᠷᠥᠭᠰᠡᠨ ᠠᠬ᠎ᠠ ᠳᠡᠭᠦᠦᠰ ᠪᠢᠰᠢ ‍ᠦᠦ! ᠠᠬ᠎ᠠ ᠳᠡᠭᠦᠦ ᠠᠲᠠᠯ᠎ᠠ ᠪᠠᠨ ᠠᠲᠠᠭᠠᠲᠠᠨ ᠳᠠᠶ᠋ᠢᠰᠤᠨ ᠮᠡᠲᠦ ᠶᠠᠭᠤᠨ ᠳ᠋ᠤ᠌ ᠲᠥᠷᠥᠭᠰᠡᠨ ᠨᠢᠭᠡᠨ ᠢ᠋ᠶ᠋ᠡᠨ ᠬᠡᠮᠡᠯᠢᠨ᠎ᠡ ᠪᠣᠢ ? ᠬᠡᠷᠪᠡ ᠲᠠ ᠪᠦᠭᠦᠳᠡ ᠥᠪᠡᠷ ᠬᠣᠭᠣᠷᠣᠨᠳᠣ ᠪᠠᠨ ᠢᠩᠭᠢᠵᠦ ᠬᠠᠭᠠᠷᠠᠯᠳᠤᠨ ᠭᠠᠭᠴᠠ ᠭᠠᠭᠴᠠ ᠪᠠᠷ ᠶᠠᠪᠤᠪᠠᠯ ᠲᠡᠷᠡ ᠨᠢᠭᠡ ᠰᠤᠮᠤ ᠮᠡᠲᠦ ᠪᠤᠰᠤᠳ ᠲᠤ᠌ ᠬᠢᠯᠪᠠᠷ ᠳᠡᠶ᠋ᠢᠯᠦᠭᠳᠡᠬᠦ ᠪᠣᠯᠤᠨ᠎ᠠ᠂ ᠬᠠᠷᠢᠨ ᠡᠶ᠎ᠡ ᠡᠪ ᠊ᠢ ᠡᠷᠬᠢᠮᠯᠡᠨ ᠬᠦᠴᠦ ᠪᠡᠨ ᠨᠢᠭᠡᠳᠬᠡᠨ ᠬᠠᠮᠲᠤ ᠶᠠᠪᠤᠪᠠᠯ ᠲᠡᠷᠡ ᠪᠠᠭᠴᠠᠯᠠᠭᠰᠠᠨ ᠰᠤᠮᠤ ᠮᠡᠲᠦ ᠬᠡᠨ ᠳ᠋ᠦ᠍ ᠴᠦ᠍ ᠬᠢᠯᠪᠠᠷ ᠦᠯᠦ ᠳᠡᠶ᠋ᠢᠯᠦᠭᠳᠡᠨ᠎ᠡ᠃ 》ᠢᠩᠭᠢᠭᠡᠳ ᠬᠥᠪᠡᠭᠦᠳ ᠡᠬᠡ ᠶ᠋ᠢᠨ ᠬᠡᠯᠡᠭᠰᠡᠨ ᠊ᠢ ᠣᠶ᠋ᠢᠯᠠᠭᠠᠵᠤ ᠲᠤᠩᠭᠠᠨ ᠥᠪᠡᠷᠰᠡᠳ ᠦ᠋ᠨ ᠢ᠋ᠶ᠋ᠡᠨ ᠠᠯᠳᠠᠭ᠎ᠠ ᠶ᠋ᠢ ᠤᠬᠠᠭᠠᠷᠠᠵᠠᠢ᠃ ᠡᠨᠡ ᠴᠠᠭ ᠠ᠋ᠴᠠ ᠬᠣᠶ᠋ᠢᠰᠢ ᠲᠠᠪᠤᠨ ᠬᠦᠦ ᠨᠢ ᠬᠡᠯᠡ ᠠᠮᠠ ᠪᠠᠨ ᠪᠢᠯᠡᠭᠦᠳᠡᠵᠦ ᠬᠡᠷᠡᠭᠦᠯ ᠤᠷᠤᠭᠤᠯ ᠬᠢᠬᠦ ᠶ᠋ᠢ ᠲᠡᠪᠴᠢᠨ ᠪᠡᠶ᠎ᠡ ᠪᠡᠶ᠎ᠡ ᠳ᠋ᠦ᠍ ᠪᠡᠨ ᠲᠤᠰᠠᠯᠠᠵᠤ ᠡᠪ ᠬᠦᠴᠦ ᠶ᠋ᠢ ᠡᠷᠬᠢᠮᠯᠡᠨ ᠠᠮᠤᠷ ᠲᠠᠶ᠋ᠢᠪᠤᠩ ᠠᠮᠢᠳᠤᠷᠠᠬᠤ ᠪᠣᠯᠵᠠᠢ᠃

ᠡᠶ᠎ᠡ ᠡᠪ ᠊ᠢ ᠡᠷᠬᠢᠮᠯᠡᠬᠦ ᠶ᠋ᠢ ᠴᠢᠩᠳᠠᠯᠠᠨ ᠵᠠᠬᠢᠭᠰᠠᠨ ᠠᠯᠤᠩᠭᠤᠸ᠋᠎ᠠ ᠡᠬᠡ ᠶ᠋ᠢᠨ ᠰᠤᠷᠭᠠᠯ ᠡᠨᠡ ᠪᠣᠯᠠᠢ᠃

 

   ᠦᠰᠦᠭ ᠠᠮᠢᠯᠠᠭᠤᠯᠤᠭᠰᠠᠨ ᠨᠢ ᠄

         ᠮᠥᠩᠭᠦᠨᠴᠡᠴᠡᠭ

   ᠦᠰᠦᠭ ᠬᠠᠲᠠᠭᠰᠠᠨ ᠨᠢ ᠄

         ᠮᠥᠩᠭᠦᠨᠴᠡᠴᠡᠭ

   ᠬᠢᠨᠠᠭᠴᠢ ᠪᠠᠭᠰᠢ ᠄

         ᠮᠥᠴᠢᠷ