ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 4> Ертөнцийн гурав – Ш᠂ Буянтогтох эмхиохэн найруулав < Оршлын оронд – 4> ᠶᠢᠷᠲᠢᠨᠴᠦ ᠶ᠋ᠢᠨ ᠭᠤᠷᠪᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 4> Ертөнцийн гурав – Ш᠂ Буянтогтох эмхиохэн найруулав < Оршлын оронд – 4>

ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 4> Ертөнцийн гурав – Ш᠂ Буянтогтох эмхиохэн найруулав < Оршлын оронд – 4>

2023-05-05

311

ᠣᠷᠣᠰᠢᠯ ᠤᠨ ᠣᠷᠣᠨ ᠳᠤ – 4


           ᠳᠥᠷᠪᠡ ᠂ 《 ᠶᠢᠷᠲᠢᠨᠴᠦ ᠶ᠋ᠢᠨ ᠭᠤᠷᠪᠠ 》 ᠶ᠋ᠢᠨ ᠥᠪᠡᠷᠮᠢᠴᠡ ᠣᠨᠴᠠᠯᠢᠬ ᠦ᠋ᠨ ᠲᠤᠬᠠᠢ
    
     《 ᠶᠢᠷᠲᠢᠨᠴᠦ ᠶ᠋ᠢᠨ ᠭᠤᠷᠪᠠ 》 ᠶ᠋ᠢᠨ ᠣᠨᠴᠠᠯᠢᠬ ᠠ᠋ᠴᠠ ᠨᠢ ᠠᠪᠴᠤ ᠦᠵᠡᠪᠡᠯ ᠂ ᠭᠤᠷᠪᠠᠯ ᠦ᠋ᠨ ᠳᠦᠷᠢᠮ ᠊ᠢ ᠪᠠᠷᠢᠮᠲᠠᠯᠠᠨ ᠬᠡᠷᠡᠭ ᠤᠴᠢᠷ ᠊ᠢ ᠥᠭᠦᠯᠡᠨ ᠰᠢᠯᠦᠭᠯᠡᠨ᠎ᠡ ᠃ ᠮᠥᠨᠴᠥ ᠪᠠᠲᠠᠭ ᠪᠦᠷᠢ ᠶ᠋ᠢᠨ ᠦᠭᠡ ᠥᠭᠦᠯᠡᠪᠦᠷᠢ ᠨᠢ ᠣᠬᠣᠷ ᠠᠪᠰᠠᠷᠬᠠᠨ ᠪᠥᠭᠡᠳ ᠥᠭᠦᠯᠡᠵᠦ ᠶᠠᠷᠢᠬᠤ ᠨᠢ ᠢᠯᠡ ᠲᠣᠲᠣ ᠪᠣᠯᠬᠣᠷ ᠣᠶ᠋ᠢᠯᠠᠭᠠᠬᠤ  ᠳ᠋ᠤ᠌ ᠳᠥᠭᠥᠮ ᠪᠠᠶ᠋ᠢᠲᠠᠭ ᠃
    1 ᠂《 ᠶᠢᠷᠲᠢᠨᠴᠦ ᠶ᠋ᠢᠨ ᠭᠤᠷᠪᠠ 》 ᠶ᠋ᠢᠨ ᠦᠨᠲᠦᠰᠦᠲᠡᠨ ᠪᠠ ᠣᠷᠣᠨ ᠨᠤᠲᠤᠭ ᠦ᠋ᠨ ᠣᠨᠴᠠᠯᠢᠬ ᠨᠢ ᠬᠠᠮᠤᠭ ᠠ᠋ᠴᠠ ᠳᠣᠪᠣᠶ᠋ᠢᠮ᠎ᠠ ᠪᠠᠶ᠋ᠢᠨ᠎ᠠ ᠃ ᠵᠢᠱ᠌ᠢᠶᠡᠯᠡᠪᠡᠯ ᠄      
      《 ᠪᠤᠢ ᠨᠢ ᠠᠷᠢᠯᠤᠭᠰᠠᠨ ᠬᠡᠦᠬᠡᠳ ᠬᠥᠭᠡᠷᠦᠬᠦᠨ
       ᠪᠣᠷᠪᠢ ᠪᠠᠨ ᠲᠠᠨᠢᠬᠰᠠᠨ ᠭᠥᠯᠥᠭᠡ ᠬᠥᠭᠡᠷᠦᠬᠦᠨ
       ᠪᠣᠶ᠋ᠢᠵᠢᠵᠤ  ᠬᠦᠢᠴᠡᠭᠰᠡᠨ ᠤᠨᠠᠬ᠋᠎ᠠ ᠬᠥᠭᠡᠷᠦᠬᠦᠨ 》     
             (ᠶᠢᠷᠲᠢᠨᠴᠦ ᠶ᠋ᠢᠨ  ᠭᠤᠷᠪᠠᠨ ᠬᠥᠭᠡᠷᠦᠬᠦᠨ )
      《 ᠰᠦ᠋ ᠦᠭᠡᠢ ᠴᠠᠢ ᠬᠠᠷ᠎ᠠ
       ᠰᠦᠰᠦᠭ ᠦᠭᠡᠢ ᠬᠦᠮᠦᠨ ᠬᠠᠷ᠎ᠠ
       ᠰᠦᠮ᠎ᠡ ᠦᠭᠡᠢ ᠯᠠᠮᠠ ᠬᠠᠷ᠎ᠠ 》
             ( ᠶᠢᠷᠲᠢᠨᠴᠦ ᠶ᠋ᠢᠨ ᠭᠤᠷᠪᠠᠨ ᠬᠠᠷ᠎ᠠ )
      《 ᠠᠭᠤᠲᠠᠮ ᠲᠠᠯ᠎ᠠ  ᠳ᠋ᠤ᠌ ᠮᠠᠯ ᠴᠢᠮᠡᠭ
        ᠠᠭᠤᠯᠠ ᠬᠠᠲᠠᠨ  ᠳ᠋ᠤ᠌ ᠮᠣᠲᠣ ᠴᠢᠮᠡᠭ
        ᠠᠷᠲᠠᠭ ᠡᠯᠡᠰᠦᠨ  ᠳ᠋ᠤ᠌ ᠲᠡᠮᠡᠭᠡ ᠴᠢᠮᠡᠭ 》
             ( ᠶᠢᠷᠲᠢᠨᠴᠦ ᠶ᠋ᠢᠨ ᠭᠤᠷᠪᠠᠨ ᠴᠢᠮᠡᠭ)
 ᠭᠡᠬᠦ ᠮᠡᠲᠦ ᠶ᠋ᠢᠨ ᠮᠣᠩᠭᠣᠯ ᠦᠨᠲᠦᠰᠦᠲᠡᠨ ᠪ ᠵᠠᠩ ᠵᠠᠩᠰᠢᠯ ᠂ ᠠᠵᠤ ᠠᠮᠢᠲᠤᠷᠠᠯ ᠂ ᠱᠠᠰᠢᠨ ᠰᠢᠲᠦᠯᠭᠡ ᠲᠡᠢ ᠬᠣᠯᠪᠣᠭᠲᠠᠭᠰᠠᠨ ᠪᠠᠷᠢᠮᠲᠠ ᠵᠢᠱ᠌ᠢᠶ᠎ᠡ ᠪᠦᠬᠦ ᠡᠮᠬᠢᠤᠠᠬᠡᠯ ᠦ᠋ᠨ ᠶᠡᠬᠡᠩᠬᠢ ᠲᠣᠬ᠋᠎ᠠ ᠶ᠋ᠢ ᠡᠵᠡᠯᠡᠵᠦ ᠪᠠᠶ᠋ᠢᠨ᠎ᠠ ᠃ 《 ᠶᠢᠷᠲᠢᠨᠴᠦ ᠶ᠋ᠢᠨ ᠭᠤᠷᠪᠠ 》 ᠶ᠋ᠢᠨ ᠣᠷᠣᠨ ᠨᠤᠲᠤᠭ ᠦ᠋ᠨ ᠰᠢᠨᠵᠢ ᠡᠴᠡ ᠨᠢ ᠠᠪᠴᠤ ᠦᠵᠡᠪᠡᠯ ᠂ ᠮᠣᠩᠭᠣᠯ ᠦ᠋ᠨ ᠠᠭᠤᠲᠠᠮ ᠶᠡᠬᠡ ᠨᠤᠲᠤᠭ ᠦ᠋ᠨ ᠠᠯᠢ ᠨᠢᠭᠡ ᠣᠷᠣᠨ ᠨᠤᠲᠤᠭ ᠲᠦ ᠡᠭᠦᠰᠦᠨ  ᠳᠡᠯᠭᠡᠷᠡᠭᠰᠡᠨ 《 ᠶᠢᠷᠲᠢᠨᠴᠦ ᠶ᠋ᠢᠨ ᠭᠤᠷᠪᠠ 》 ᠨᠢ ᠮᠣᠩᠭᠣᠯ ᠦ᠋ᠨ ᠥᠭᠡᠷ᠎ᠡ ᠣᠷᠣᠨ ᠨᠤᠲᠤᠭ ᠲᠤ ᠳᠡᠯᠭᠡᠷᠡᠨ ᠣᠴᠢᠬᠤ  ᠳ᠋ᠤ᠌ ᠂ ᠲᠡᠷᠡ ᠨᠤᠲᠤᠭ ᠦ᠋ᠨ ᠣᠨᠴᠠᠯᠢᠬ ᠪᠠᠶ᠋ᠢᠲᠠᠯ ᠲᠠᠢ ᠲᠣᠬᠢᠷᠠᠮᠵᠢ ᠦᠭᠡᠢ ᠪᠣᠯᠪᠠᠯ ᠂ ᠲᠡᠷᠡ ᠨᠤᠲᠤᠭ ᠦ᠋ᠨ ᠬᠥᠮᠦᠰ 《 ᠶᠢᠷᠲᠢᠨᠴᠦ ᠶ᠋ᠢᠨ ᠭᠤᠷᠪᠠ 》 ᠠ᠋ᠴᠠ ᠰᠡᠲᠦᠪ ᠠᠪᠴᠤ ᠲᠤᠰ ᠨᠤᠲᠤᠭ ᠦ᠋ᠨ ᠣᠨᠴᠠᠯᠢᠬ ᠲᠤ ᠲᠣᠬᠢᠷᠠᠭᠰᠠᠨ ᠵᠦᠢᠯ ᠊ᠢ ᠨᠡᠮᠡᠨ ᠣᠷᠣᠭᠤᠯᠲᠠᠭ ᠨᠢ 《 ᠶᠢᠷᠲᠢᠨᠴᠦ ᠶ᠋ᠢᠨ ᠭᠤᠷᠪᠠ 》 ᠶ᠋ᠢᠨ ᠲᠦᠭᠡᠮᠡᠯ ᠦᠵᠡᠭᠳᠡᠯ ᠪᠣᠯᠤᠨ᠎ᠠ ᠃ ᠡᠶ᠋ᠢᠮᠦ ᠪᠣᠯᠬᠣᠷ ᠣᠯᠠᠨ ᠬᠤᠪᠢᠯᠪᠤᠷᠢ ᠪᠤᠢ ᠪᠣᠯᠵᠠᠢ ᠃ ᠵᠢᠱ᠌ᠢᠶᠡᠯᠡᠪᠡᠯ ᠄ 
       《 ᠤᠰᠤᠨ  ᠳ᠋ᠤ᠌ ᠵᠠᠮᠠᠭ ᠨᠣᠭᠣᠭᠠᠨ
         ᠠᠭᠤᠯᠠᠨ  ᠳ᠋ᠤ᠌ ᠨᠠᠷᠠᠰᠤ ᠨᠣᠭᠣᠭᠠᠨ
         ᠤᠷᠭᠤᠮᠠᠯ  ᠳ᠋ᠤ᠌ ᠠᠷᠴᠠ ᠨᠣᠭᠣᠭᠠᠨ 》
            ( ᠶᠢᠷᠲᠢᠨᠴᠦ ᠶ᠋ᠢᠨ ᠭᠤᠷᠪᠠᠨ ᠨᠣᠭᠣᠭᠠᠨ)
 ᠭᠡᠵᠦ  ᠳᠡᠯᠭᠡᠷᠡᠭᠰᠡᠨ ᠪᠠᠶ᠋ᠢᠬᠤ  ᠳ᠋ᠤ᠌ ᠂ ᠥᠭᠡᠷ᠎ᠡ ᠨᠤᠲᠤᠭ ᠲᠤ ᠳᠡᠯᠭᠡᠷᠡᠬᠦ ᠳ᠋ᠡᠭᠡᠨ ᠬᠤᠪᠢᠷᠠᠯᠲᠠ ᠭᠠᠷᠴᠠᠢ ᠃ ᠤᠴᠢᠷ ᠨᠢ ᠲᠡᠷᠡ ᠨᠤᠲᠤᠭ ᠲᠤ ᠨᠠᠷᠠᠰᠤ ᠪᠠ ᠠᠷᠴᠠ ᠶ᠋ᠢᠨ ᠮᠣᠲᠣ ᠨᠢ ᠲᠡᠶ᠋ᠢᠮᠦ ᠲᠦᠭᠡᠮᠡᠯ ᠣᠯᠠᠨ ᠪᠢᠰᠢ ᠪᠣᠯᠬᠣᠷ ᠳᠡᠮᠡᠢ ᠴᠢᠬᠤᠯᠠᠴᠢᠯᠠᠭᠲᠠᠨ ᠦᠵᠡᠭᠳᠡᠬᠦ ᠦᠭᠡᠢ ᠡᠴᠡ ᠪᠣᠯᠵᠤ ᠄
         《 ᠤᠰᠤᠨ  ᠳ᠋ᠤ᠌ ᠵᠠᠮᠠᠭ ᠨᠣᠭᠣᠭᠠᠨ
          ᠬᠠᠲᠠᠨ  ᠳ᠋ᠤ᠌ ᠬᠠᠭᠲᠠ ᠨᠣᠭᠣᠭᠠᠨ
          ᠳᠡᠯᠡᠬᠡᠢ  ᠳ᠋ᠤ᠌ ᠤᠷᠭᠤᠮᠠᠯ ᠨᠣᠭᠣᠭᠠᠨ 》
               ( ᠶᠢᠷᠲᠢᠨᠴᠦ ᠶ᠋ᠢᠨ ᠭᠤᠷᠪᠠᠨ ᠨᠣᠭᠣᠭᠠᠨ)
 ᠭᠡᠬᠦ ᠮᠡᠲᠦ ᠪᠡᠷ  ᠥᠭᠡᠷᠡᠴᠢᠯᠡᠭᠳᠡᠨ ᠳᠡᠯᠭᠡᠷᠡᠵᠡᠢ ᠃ ᠬᠡᠷᠪᠡ ᠵᠦᠢᠷ ᠰᠡᠴᠡᠨ ᠦᠭᠡ ᠪᠣᠯᠤᠭᠰᠠᠨ ᠪᠣᠯ ᠶᠠᠮᠠᠷ ᠭᠠᠵᠠᠷ  ᠳᠡᠯᠭᠡᠷᠡᠭᠰᠡᠨ ᠴᠦ᠍ 《 ᠶᠢᠷᠲᠢᠨᠴᠦ ᠶ᠋ᠢᠨ ᠭᠤᠷᠪᠠ 》 ᠶ᠋ᠢᠨ ᠠᠲᠠᠯᠢ  ᠬᠤᠪᠢᠷᠠᠯᠲᠠ ᠪᠠᠷ ᠶᠡᠬᠡ ᠪᠢᠰᠢ ᠮᠥᠷᠲᠡᠭᠡᠨ ᠨᠢᠭᠡᠯᠡ ᠰᠠᠨᠠᠬ᠋᠎ᠠ ᠪᠠᠨ ᠵᠢᠭᠠᠨ᠎ᠠ ᠃ ᠡᠨᠡ ᠮᠡᠲᠦ ᠶ᠋ᠢᠨ ᠬᠤᠪᠢᠷᠠᠯᠲᠠ ᠠ᠋ᠴᠠ ᠪᠣᠯᠵᠤ ᠣᠷᠣᠨ ᠨᠤᠲᠤᠭ ᠦ᠋ᠨ ᠣᠨᠴᠠᠯᠢᠬ ᠪᠤᠢ ᠪᠣᠯᠤᠭᠰᠠᠨ ᠪᠠᠶ᠋ᠢᠨ᠎ᠠ ᠃
      2 ᠂ ᠤᠷᠠᠨ ᠬᠡᠯᠡᠯᠭᠡ ᠲᠡᠢ ᠪᠣᠯᠪᠠᠴᠤ ᠂ ᠤᠶᠠᠩᠬ᠋᠎ᠠ ᠰᠡᠤᠠᠬᠢᠯᠭᠡ ᠪᠡᠷ ᠲᠣᠯᠢᠮᠠᠭ ᠃ 《 ᠶᠢᠷᠲᠢᠨᠴᠦ ᠶ᠋ᠢᠨ ᠭᠤᠷᠪᠠ 》 ᠨᠢ ᠪᠤᠰᠤᠳ ᠢᠷᠠᠭᠤ ᠨᠠᠶ᠋ᠢᠷᠠᠭ ᠲᠠᠢ ᠠᠲᠠᠯᠢ ᠪᠠᠷ ᠠᠶ᠋ᠢᠵᠠᠮ ᠬᠡᠮᠵᠢᠶ᠎ᠡ ᠲᠠᠭᠠᠷᠠᠭᠤᠯᠵᠤ ᠂ ᠬᠥᠭ ᠠᠶᠠᠯᠭᠤ ᠵᠣᠬᠢᠴᠠᠭᠤᠯᠤᠨ ᠂ ᠦᠭᠡ ᠦᠶ᠎ᠡ ᠶ᠋ᠢᠨ ᠲᠣᠬ᠋᠎ᠠ ᠶ᠋ᠢ ᠲᠡᠩᠴᠡᠭᠦᠯᠵᠦ ᠂ ᠲᠣᠯᠣᠭᠠᠢ ᠰᠡᠭᠦᠯ ᠬᠣᠯᠪᠣᠬᠤ ᠶ᠋ᠢ ᠶᠡᠬᠡᠯ᠎ᠡ  ᠡᠷᠬᠢᠮᠯᠡᠳᠡᠭ ᠃ ᠵᠢᠱ᠌ᠢᠶᠡᠯᠡᠪᠡᠯ ᠄
         《 ᠦᠭᠡᠨ ᠪ ᠦᠨᠡᠨ ᠨᠢ ᠰᠠᠶ᠋ᠢᠬᠠᠨ
          ᠦᠨᠡᠭᠡᠨ ᠪ ᠤᠯᠠᠭᠠᠨ ᠨᠢ ᠰᠠᠶ᠋ᠢᠬᠠᠨ
          ᠦᠰᠦᠨ ‍ᠤ ᠬᠠᠷ᠎ᠠ ᠨᠢ ᠰᠠᠶ᠋ᠢᠬᠠᠨ 》
                   ( ᠶᠢᠷᠲᠢᠨᠴᠦ ‍ᠶ᠋ᠢᠨ ᠭᠤᠷᠪᠠᠨ ᠰᠠᠶ᠋ᠢᠬᠠᠨ )
 ᠭᠡᠬᠦ ᠭᠡᠪᠡᠴᠦ ᠂ 《 ᠶᠢᠷᠲᠢᠨᠴᠦ ‍ᠶ᠋ᠢᠨ ᠭᠤᠷᠪᠠ 》 ᠨᠢ ᠬᠣᠯᠪᠣᠭ᠎ᠠ ᠰᠢᠯᠦᠭ ᠂ ᠢᠷᠦᠭᠡᠯ ᠮᠠᠭᠲᠠᠭᠠᠯ ᠎ᠲᠠᠢ ᠠᠳᠠᠯᠢ ᠤᠶᠠᠩᠭ᠎ᠠ ᠰᠡᠳᠬᠢᠯᠭᠡ ‍ᠶ᠋ᠢ ᠳᠡᠮᠡᠢ ᠡᠷᠬᠢᠮᠯᠡᠬᠦ ᠦᠭᠡᠢ ᠂ ᠬᠠᠷᠢᠨ ᠬᠡᠷᠡᠭ ᠶᠠᠭᠤᠮ᠎ᠠ ᠦᠵᠡᠭᠳᠡᠯ ‍ᠤᠨ ᠠᠯᠢ ᠨᠢᠭᠡ ᠣᠨᠴᠠᠯᠢᠬ ᠰᠢᠨᠵᠢ ‍ᠶ᠋ᠢ ᠳᠦᠷᠰᠦᠯᠡᠨ ᠬᠠᠷᠠᠭᠤᠯᠵᠤ ᠂ ᠶᠠᠮᠠᠷ  ᠨᠢᠭᠡᠨ ᠤᠴᠢᠷ ᠶᠣᠰᠣ ᠂ ᠮᠡᠳᠡᠯᠭᠡ ᠰᠤᠷᠭᠠᠯ ‍ᠢ ᠥᠭᠦᠯᠡᠨ ᠤᠯᠠᠮᠵᠢᠯᠠᠨ᠎ᠠ ᠃
       《 ᠡᠷ᠎ᠡ ‍ᠶ᠋ᠢᠨ ᠬᠦᠴᠦᠨ ‍ᠳᠤ ᠡᠮ᠎ᠡ ᠳᠠᠩᠬ᠎ᠠ
        ᠡᠪᠡᠷ ‍ᠤᠨ ᠬᠦᠴᠦᠨ ‍ᠳᠤ ᠪᠤᠬ᠎ᠠ ᠳᠠᠩᠬ᠎ᠠ
        ᠡᠴᠢᠭᠡ ‍ᠶ᠋ᠢᠨ ᠰᠦᠷ ᠎ᠲᠤ᠌ ᠬᠡᠦᠬᠡᠳ ᠳᠠᠩᠬ᠎ᠠ 》
                  ( ᠶᠢᠷᠲᠢᠨᠴᠦ ‍ᠶ᠋ᠢᠨ ᠭᠤᠷᠪᠠᠨ ᠳᠠᠩᠬ᠎ᠠ )
       《 ᠦᠬᠦᠬᠦ ᠠ᠋ᠴᠠ ᠠᠮᠢ ᠨᠢᠭᠡ ᠬᠠᠶ᠋ᠢᠷᠠᠲᠠᠢ
        ᠥᠲᠡᠯᠬᠦ ᠠ᠋ᠴᠠ ᠨᠠᠰᠤ ᠨᠢᠭᠡ ᠬᠠᠶ᠋ᠢᠷᠠᠲᠠᠢ
        ᠦᠭᠡᠶ᠋ᠢᠷᠡᠬᠦ ᠠ᠋ᠴᠠ ᠡᠳ᠋ ᠨᠢᠭᠡ ᠬᠠᠶ᠋ᠢᠷᠠᠲᠠᠢ 》
           ( ᠶᠢᠷᠲᠢᠨᠴᠦ ‍ᠶ᠋ᠢᠨ ᠭᠤᠷᠪᠠᠨ ᠬᠠᠶ᠋ᠢᠷᠠᠲᠠᠢ )
     ᠡᠨᠡ ᠬᠣᠶᠠᠷ ᠪᠠᠳᠠᠭ ᠨᠢ ᠪᠦᠷ ᠡᠳᠦᠷ ᠳᠣᠳᠣᠮ ‍ᠤᠨ ᠠᠮᠢᠳᠤᠷᠠᠯ ‍ᠳᠤ ᠣᠷᠣᠰᠢᠵᠤ ᠪᠦᠬᠦᠢ ᠤᠴᠢᠷ ‍ᠢ ᠰᠢᠯᠦᠭᠯᠡᠨ ᠥᠭᠦᠯᠡᠵᠡᠢ ᠃
 ᠭᠡᠪᠡᠴᠦ ᠂ ᠰᠢᠯᠦᠭ ᠎ᠲᠤ᠌ ᠤᠴᠢᠷ ᠶᠣᠰᠣ ᠂ ᠦᠵᠡᠯᠲᠡ ᠲᠠᠨᠢᠯᠲᠠ ᠂ ᠮᠡᠳᠡᠯᠭᠡ ᠰᠤᠷᠭᠠᠯ ‍ᠢ ᠤᠯᠠᠮᠵᠢᠯᠠᠬᠤ ᠰᠠᠨᠠᠭ᠎ᠠ ᠨᠢ ᠶᠡᠬᠡ ᠠ᠋ᠴᠠ ᠪᠢᠰᠢ ᠂ ᠬᠠᠷᠢᠨ ᠤᠶᠠᠩᠭ᠎ᠠ ᠰᠡᠳᠬᠢᠯᠭᠡ ‍ᠶ᠋ᠢ ᠳᠡᠮᠡᠢ ᠴᠢᠬᠤᠯᠠᠴᠢᠯᠠᠭᠰᠠᠨ ᠦᠭᠡᠢ ᠃
      3. 《 ᠶᠢᠷᠲᠢᠨᠴᠦ ‍ᠶ᠋ᠢᠨ ᠭᠤᠷᠪᠠ  》 ‍ᠳᠤ ᠥᠭᠦᠯᠡᠭᠴᠢ ᠬᠥᠮᠦᠨ ‍ᠤ ᠦᠵᠡᠯᠲᠡ ᠲᠠᠨᠢᠯᠲᠠ ᠲᠣᠳᠣᠷᠬᠠᠢ ᠢᠯᠡᠷᠡᠨ᠎ᠡ  ᠃ 
    《 ᠶᠢᠷᠲᠢᠨᠴᠦ ‍ᠶ᠋ᠢᠨ ᠭᠤᠷᠪᠠ 》 ‍ᠶ᠋ᠢ ᠵᠣᠬᠢᠶᠠᠨ ᠪᠦᠲᠦᠭᠡᠬᠦ ‍ᠳᠤ ᠬᠡᠷᠡᠭ ᠦᠵᠡᠭᠳᠡᠯ ‍ᠢ ᠨᠠᠷᠢᠨ ᠠᠵᠢᠬᠯᠠᠵᠤ ᠨᠢᠮᠪᠠᠢ ᠰᠢᠨᠵᠢᠯᠡᠬᠦ ᠂ ᠣᠨᠴᠠᠯᠢᠬ ᠰᠢᠨᠵᠢ ‍ᠶ᠋ᠢ ᠨᠢ ᠣᠯᠵᠤ ᠠᠪᠤᠭᠠᠳ ᠤᠷᠠᠨ ᠳᠦᠷᠰᠦᠯᠢᠭ ‍ᠢᠶ᠋ᠠᠷ ᠬᠤᠷᠢᠶᠠᠩᠭᠤᠶ᠋ᠢᠯᠠᠵᠤ ᠦᠵᠡᠭᠦᠯᠬᠦ ᠂ ᠰᠡᠳᠬᠢᠬᠦ ᠂ ᠤᠷᠠᠯᠠᠬᠤ ᠶᠠᠪᠤᠴᠠ ‍ᠶ᠋ᠢ ᠥᠩᠭᠡᠷᠡᠭᠡᠳᠡᠭ ᠃ ᠲᠡᠭᠡᠬᠦᠯᠡᠷ 《 ᠶᠢᠷᠲᠢᠨᠴᠦ ‍ᠶ᠋ᠢᠨ ᠭᠤᠷᠪᠠ 》 ᠨᠢ ᠪᠠᠰᠠ ᠵᠦᠢᠷ ᠰᠡᠴᠡᠨ ᠦᠭᠡ ᠮᠡᠲᠦ ᠎ᠪᠠᠷ ᠬᠡᠷᠡᠭ ᠦᠵᠡᠭᠳᠡᠯ ‍ᠤᠨ ᠶᠠᠮᠠᠷ ᠨᠢᠭᠡᠨ ᠣᠨᠴᠠᠯᠢᠬ ᠰᠢᠨᠵᠢ ᠪᠣᠯᠤᠨ ᠶᠣᠰᠣ ᠤᠴᠢᠷ ‍ᠢ ᠨᠡᠯᠢᠶᠡᠳ ᠣᠨᠣᠪᠴᠢᠲᠠᠢ ᠎ᠪᠠᠷ ᠬᠠᠷᠠᠭᠤᠯᠵᠤ ᠴᠢᠳᠠᠳᠠᠭ ᠪᠢᠯᠡ ᠃
       《 ᠡᠨᠡᠷᠢᠯ ᠦᠭᠡᠢ ᠯᠠᠮᠠ ᠎ᠪᠠᠷ ᠰᠢᠲᠦᠭᠡᠨ ᠬᠢᠬᠦ ᠪᠡᠷᠬᠡ
         ᠡᠷᠯᠢᠭ ᠠᠳᠠᠯᠢ ᠬᠥᠮᠦᠨ ᠎ᠲᠠᠢ ᠤᠳᠠᠭᠠᠨ ᠰᠠᠭᠤᠬᠤ ᠪᠡᠷᠬᠡ
        ᠡᠯᠵᠢᠭᠡ ᠠᠳᠠᠯᠢ ᠡᠬᠡᠨᠡᠷ ᠎ᠲᠠᠢ ᠨᠠᠰᠤᠨ ᠳ᠋ᠠᠭᠠᠨ ᠠᠮᠢᠳᠤᠷᠠᠬᠤ ᠪᠡᠷᠬᠡ 》
             (ᠶᠢᠷᠲᠢᠨᠴᠦ ‍ᠶ᠋ᠢᠨ ᠭᠤᠷᠪᠠᠨ ᠪᠡᠷᠬᠡ )
    ᠲᠤᠰ ᠪᠠᠳᠠᠭ ᠎ᠲᠤ᠌ ᠠᠮᠢᠳᠤᠷᠠᠯ ‍ᠤᠨ ᠳᠤᠮᠳᠠ ᠪᠣᠳᠠᠲᠠᠢ ᠎ᠪᠠᠷ ᠣᠷᠣᠰᠢᠵᠤ ᠪᠦᠬᠦᠢ ᠶᠠᠪᠤᠳᠠᠯ ‍ᠢ ᠨᠢᠬᠲᠠ ᠠᠵᠢᠨ ᠰᠢᠨᠵᠢᠵᠦ ᠂ ᠥᠩᠭᠡᠷᠡᠭᠰᠡᠨ ᠤᠴᠢᠷ ᠦᠢᠯᠡ ᠠ᠋ᠴᠠ ᠰᠤᠷᠭᠠᠮᠵᠢ ᠠᠪᠴᠤ ᠂ 《 ᠡᠨᠡᠷᠢᠯ ᠦᠭᠡᠢ ᠯᠠᠮᠠ ᠂ ᠡᠷᠯᠢᠭ ᠠᠳᠠᠯᠢ ᠬᠥᠮᠦᠨ ᠂ ᠡᠯᠵᠢᠭᠡ ᠠᠳᠠᠯᠢ ᠡᠬᠡᠨᠡᠷ 》 ‍ᠤᠨ ᠮᠠᠭᠤ ᠲᠠᠯ᠎ᠠ ‍ᠶ᠋ᠢ ᠣᠯᠠᠨ ‍ᠳᠤ ᠮᠡᠳᠡᠭᠦᠯᠦᠨ ᠰᠤᠷᠭᠠᠴᠢᠯᠠᠭᠰᠠᠨ ᠪᠠᠶ᠋ᠢᠨ᠎ᠠ ᠃ ᠡᠨᠡ ᠵᠢᠱ᠌ᠢᠶᠡᠨ ᠠ᠋ᠴᠠ ᠦᠵᠡᠪᠡᠯ 《 ᠶᠢᠷᠲᠢᠨᠴᠦ ‍ᠶ᠋ᠢᠨ ᠭᠤᠷᠪᠠ 》 ‍ᠳᠤ ᠬᠡᠷᠡᠭ ᠦᠵᠡᠭᠳᠡᠯ ‍ᠤᠨ ᠶᠠᠮᠠᠷ ᠨᠢᠭᠡᠨ ᠣᠨᠴᠠᠯᠢᠬ ᠰᠢᠨᠵᠢ ‍ᠶ᠋ᠢ ᠲᠤᠰᠬᠠᠬᠤ ᠎ᠪᠠᠷ ᠵᠣᠭᠰᠣᠬᠤ  ᠦᠭᠡᠢ ᠂  ᠦᠭᠦᠯᠡᠭᠴᠢ ᠬᠥᠮᠦᠨ ᠪ ᠦᠵᠡᠯᠲᠡ ᠵᠣᠭᠰᠣᠯᠲᠠ ᠢᠯᠡᠷᠡᠳᠡᠭ ᠪᠠᠶ᠋ᠢᠨ᠎ᠠ ᠃ ᠡᠨᠡ ᠵᠢᠱ᠌ᠢᠶᠡᠨ  ᠳ᠋ᠤ᠌ ᠂ ᠵᠡᠭᠦᠨᠰᠢ ᠭᠡᠪᠡᠯ ᠪᠠᠷᠠᠭᠤᠨᠰᠢ ᠲᠡᠮᠡᠤᠯᠡᠲᠡᠭ ᠂ ᠤᠷᠤᠭᠰᠢ ᠭᠡᠪᠡᠯ ᠬᠣᠶ᠋ᠢᠰᠢ ᠤᠬᠤᠷᠢᠲᠠᠭ ᠡᠬᠡᠨᠡᠷ ᠪᠠ ᠡᠷᠯᠢᠭ ᠮᠡᠲᠦ ᠬᠥᠮᠦᠨ ᠂ ᠡᠯᠪᠡᠷᠢᠯ ᠦᠭᠡᠢ ᠯᠠᠮᠠ ᠶ᠋ᠢᠨ ᠣᠯᠠᠨ ᠠ᠋ᠴᠠ ᠣᠨᠴᠤᠭᠤᠢ ᠡᠲᠡᠭᠡᠳ ᠵᠦᠷᠢᠭᠦᠤ ᠂ ᠬᠥᠮᠦᠨ ᠬᠠᠷ᠎ᠠ ᠲᠠᠢ ᠡᠶ᠎ᠡ ᠡᠪ ᠦᠭᠡᠢ ᠬᠥᠮᠦᠰ ᠲᠤ ᠶᠡᠬᠡ ᠯᠡ ᠳᠤᠷ᠎ᠠ ᠦᠭᠡᠢᠴᠡᠭᠰᠡᠨ ᠰᠠᠨᠠᠬ᠋᠎ᠠ ᠪᠠ ᠡᠶ᠋ᠢᠮᠦ ᠬᠥᠮᠦᠰ ᠲᠡᠢ ᠨᠠᠶ᠋ᠢᠵᠠᠯᠠᠨ ᠠᠮᠢᠲᠤᠷᠠᠬᠤ ᠪᠣᠯ ᠨᠠᠭᠠᠲᠤᠮ ᠪᠤᠰᠤ ᠭᠡᠳᠡᠭ ᠭᠣᠷᠢ ᠳᠠᠰᠤᠷᠠᠭᠰᠠᠨ ᠰᠡᠤᠠᠬᠢᠯᠭᠡ ᠪᠡᠨ ᠣᠯᠠᠨ  ᠳ᠋ᠤ᠌  ᠮᠡᠳᠡᠭᠦᠯᠦᠭᠰᠡᠨ ᠪᠠᠶ᠋ᠢᠨ᠎ᠠ ᠃
      4. 《 ᠶᠢᠷᠲᠢᠨᠴᠤ ᠶ᠋ᠢᠨ ᠭᠤᠷᠪᠠ 》 ᠨᠢ ᠵᠤᠶ᠋ᠢᠷ ᠰᠡᠴᠡᠨ ᠦᠭᠡ ᠪᠢᠰᠢ ᠃ ᠵᠤᠶ᠋ᠢᠷ ᠰᠡᠴᠡᠨ ᠦᠭᠡ ᠪᠠ 《 ᠶᠢᠷᠲᠢᠨᠴᠤ ᠶ᠋ᠢᠨ ᠭᠤᠷᠪᠠ 》 ᠶ᠋ᠢᠨ ᠠᠲᠠᠯᠢᠪᠲᠤᠷ ᠲᠠᠯ᠎ᠠ ᠠ᠋ᠴᠠ ᠨᠢ ᠠᠪᠴᠤ ᠦᠵᠡᠪᠡᠯ ᠂ 《 ᠶᠢᠷᠲᠢᠨᠴᠤ ᠶ᠋ᠢᠨ ᠭᠤᠷᠪᠠ 》 ᠶᠠᠭᠤᠨ ᠪ ᠡᠮᠦᠨ᠎ᠡ ᠵᠤᠶ᠋ᠢᠷ ᠰᠡᠴᠡᠨ ᠦᠭᠡ ᠮᠡᠲᠦ ᠪᠡᠷ ᠶᠠᠮᠠᠷ ᠨᠢᠭᠡ  ᠬᠡᠷᠡᠭ ᠦᠵᠡᠭᠳᠡᠯ ᠦ᠋ᠨ ᠣᠨᠴᠠᠯᠢᠬ ᠰᠢᠨᠵᠢ ᠪᠠ ᠤᠴᠢᠷ ᠶᠤᠰᠤ ᠶ᠋ᠢ ᠮᠠᠭᠠᠤᠠᠯᠠᠨ  ᠦᠵᠡᠭᠦᠯᠳᠡᠭ ᠃ ᠳᠠᠷᠠᠬ᠋᠎ᠠ ᠳ᠋ᠤᠨᠢ ᠬᠡᠯᠡᠬᠦ ᠵᠤᠶ᠋ᠢᠯ ᠲᠤᠰᠬᠠᠬᠤ ᠶᠠᠭᠤᠮ᠎ᠠ ᠪᠠᠨ ᠵᠤᠶ᠋ᠢᠷ ᠰᠡᠴᠡᠨ ᠦᠭᠡ ᠮᠡᠲᠦ ᠪᠡᠷ ᠲᠤᠩ ᠠᠪᠰᠠᠷᠬᠠᠨ ᠪᠥᠭᠡᠳ ᠣᠨᠤᠪᠴᠢᠲᠠᠢ ᠪᠠᠷ ᠣᠨᠣᠭᠠᠨ ᠢᠯᠡᠤᠠᠬᠡᠵᠦ ᠴᠢᠲᠠᠨ᠎ᠠ ᠃ ᠭᠤᠷᠪᠠ  ᠳ᠋ᠤ᠌ ᠵᠤᠶ᠋ᠢᠷ ᠰᠡᠴᠡᠨ ᠦᠭᠡ ᠰᠢᠭ᠌  ᠳᠦᠷᠰᠦᠯᠢᠭ ᠭᠦᠴᠦᠲᠡᠢ ᠪᠠᠶ᠋ᠢᠲᠠᠭ ᠃ ᠲᠡᠷᠡᠴᠢᠯᠡᠨ ᠵᠠᠷᠢᠮ ᠨᠢ ᠵᠤᠶ᠋ᠢᠷ ᠰᠡᠴᠡᠨ ᠦᠭᠡ ᠡᠴᠡ ᠴᠤ᠌ ᠡᠭᠦᠰᠦᠯᠲᠡᠢ ᠪᠠᠶ᠋ᠢᠨ᠎ᠠ ᠃ 》(1) ᠡᠶ᠋ᠢᠮᠦ ᠪᠣᠯᠬᠣᠷ ᠪᠢᠲᠡ ᠡᠮᠦᠨ᠎ᠡ ᠨᠢᠭᠡᠨᠲᠡ ᠡᠨᠡ ᠬᠣᠶᠠᠷ ᠲᠥᠷᠥᠯ ᠦ᠋ᠨ ᠵᠣᠬᠢᠶᠠᠯ ᠊ᠢ ᠲᠥᠷᠥᠯ ᠰᠠᠲᠤᠨ ᠪ ᠬᠠᠷᠢᠴᠠᠬ᠋᠎ᠠ ᠲᠠᠢ ᠭᠡᠵᠦ ᠬᠡᠯᠡᠵᠦ ᠥᠩᠭᠡᠷᠡᠭᠰᠡᠨ ᠪᠠᠶ᠋ᠢᠨ᠎ᠠ ᠃
     《 ᠲᠡᠷᠡ ᠬᠣᠶᠠᠷ ᠲᠤ ᠠᠲᠠᠯᠢ ᠲᠠᠯ᠎ᠠ ᠪᠠᠶ᠋ᠢᠬᠤ ᠪᠣᠯᠪᠠᠴᠤ ᠂ ᠠᠲᠠᠯᠢ ᠦᠭᠡᠢ ᠲᠠᠯ᠎ᠠ ᠨᠡᠩ ᠪᠠᠶ᠋ᠢᠬᠤ ᠪᠥᠭᠡᠳ ᠡᠨᠡ ᠠᠲᠠᠯᠢ ᠦᠭᠡᠢ ᠲᠠᠯ᠎ᠠ ᠨᠢ ᠭᠣᠣᠯ ᠪᠣᠯᠵᠤ ᠪᠠᠶ᠋ᠢᠲᠠᠭ ᠶᠤᠮ ᠃ ᠶᠠᠭ ᠡᠶ᠋ᠢᠮᠦ ᠪᠣᠯᠬᠣᠷ ᠪᠡᠶ᠎ᠡ ᠪᠡᠶ᠎ᠡ ᠪᠡᠨ ᠳᠠᠭᠠᠭᠠᠵᠤ ᠠᠮᠠᠨ ᠢᠷᠠᠭᠤ ᠨᠠᠶ᠋ᠢᠷᠠᠭ ᠦ᠋ᠨ ᠬᠣᠶᠠᠷ ᠲᠥᠷᠥᠯ ᠵᠤᠶ᠋ᠢᠯ  ᠳ᠋ᠤ᠌ ᠣᠷᠣᠭᠰᠠᠨ ᠶᠤᠮ ᠃ ᠵᠠᠷᠢᠮ ᠨᠥᠬᠥᠳ ᠲᠡᠷᠡ ᠬᠣᠶᠠᠷ ᠦ᠋ᠨ ᠠᠲᠠᠯᠢ ᠳᠥᠰᠦᠭᠡᠲᠡᠢ ᠲᠠᠯ᠎ᠠ ᠶ᠋ᠢ ᠢᠯᠡᠭᠦᠦ ᠬᠠᠷᠠᠭᠠᠯᠵᠠᠭᠠᠳ ᠂ ᠶᠢᠷᠲᠢᠨᠴᠤ ᠶ᠋ᠢᠨ ᠭᠤᠷᠪᠠ ᠶ᠋ᠢ ᠵᠤᠶ᠋ᠢᠷ ᠦᠭᠡ ᠪᠤᠶᠤ ᠰᠤᠷᠭᠠᠯ ᠦᠭᠡ ᠭᠡᠵᠦ ᠬᠡᠯᠡᠵᠦ ᠪᠠᠶ᠋ᠢᠨ᠎ᠠ ᠂ ᠡᠨᠡ ᠪᠣᠯ ᠵᠣᠬᠢᠰ ᠦᠭᠡᠢ ᠶᠤᠮ ᠃ ᠶᠠᠭᠤᠨ ᠪ ᠡᠮᠦᠨ᠎ᠡ ᠂ ᠵᠤᠶ᠋ᠢᠷ ᠰᠡᠴᠡᠨ ᠦᠭᠡ ᠤᠤᠠᠬ᠎ᠠ ᠲᠣᠭᠲᠠᠮᠠᠯ ᠦᠭᠡ ᠰᠢᠯᠵᠢᠰᠢ ᠦᠭᠡᠢ ᠪᠠᠶ᠋ᠢᠵᠤ ᠂ ᠶᠢᠷᠲᠢᠨᠴᠤ ᠶ᠋ᠢᠨ ᠭᠤᠷᠪᠠ ᠪᠣᠯ ᠬᠠᠷᠢᠨ ᠲᠡᠶ᠋ᠢᠮᠦ ᠪᠢᠰᠢ ᠃ ᠮᠠᠨ ᠪ ᠮᠡᠲᠡᠵᠦ ᠪᠠᠶ᠋ᠢᠬᠤ ᠪᠠᠷ ᠵᠤᠶ᠋ᠢᠷ ᠰᠡᠴᠡᠨ ᠦᠭᠡ ᠪᠣᠯ ᠴᠠᠭ ᠦᠶ᠎ᠡ ᠂ ᠣᠷᠴᠢᠨ ᠲᠣᠭᠣᠷᠢᠨ ᠪᠠ ᠬᠡᠯᠡᠬᠦ ᠦᠭᠦᠯᠡᠬᠦ ᠬᠥᠮᠦᠨ ᠪ ᠦᠵᠡᠯᠲᠡ ᠬᠠᠨᠲᠤᠯᠬ᠋᠎ᠠ ᠠ᠋ᠴᠠ ᠪᠣᠯᠵᠤ ᠦᠭᠡ ᠰᠣᠯᠢᠬᠲᠠᠨ ᠤᠤᠠᠬ᠎ᠠ ᠬᠣᠪᠢᠷᠠᠬᠤ ᠦᠭᠡᠢ ᠂ ᠬᠡᠵᠢᠶ᠎ᠡ ᠬᠠᠮᠢᠬ᠋᠎ᠠ ᠴᠤ᠌ ᠭᠡᠰᠡᠨ ᠭᠠᠭᠴᠠ ᠤᠤᠠᠬ᠎ᠠ ᠨᠢᠭᠡ ᠯᠠ ᠰᠠᠨᠠᠬ᠋᠎ᠠ ᠪᠠᠷ  ᠬᠡᠷᠡᠭᠯᠡᠭᠳᠡᠳᠡᠭ᠃ ᠭᠡᠲᠡᠯ᠎ᠡ ᠶᠢᠷᠲᠢᠨᠴᠦ ᠶ᠋ᠢᠨ ᠭᠤᠷᠪᠠ ᠪᠣᠯ ᠴᠠᠭ ᠦᠶ᠎ᠡ ᠂ ᠣᠷᠴᠢᠨ ᠲᠣᠭᠣᠷᠢᠨ ᠪᠠ ᠦᠭᠦᠯᠡᠬᠦ ᠶᠠᠷᠢᠬᠤ ᠬᠥᠮᠦᠨ ᠪ ᠰᠢᠯᠲᠠᠭᠠᠨ  ᠠ᠋ᠴᠠ ᠪᠣᠯᠵᠤ ᠂ ᠦᠭᠡ ᠰᠣᠯᠢᠬᠲᠠᠨ ᠤᠤᠠᠬ᠎ᠠ ᠥᠭᠡᠷᠡᠲᠡᠵᠦ ᠂ ᠥᠭᠡᠷ᠎ᠡ ᠥᠭᠡᠷ᠎ᠡ ᠵᠤᠶ᠋ᠢᠯ ᠊ᠢ ᠵᠢᠭᠠᠵᠤ ᠂ ᠣᠨᠲᠣᠣ ᠣᠨᠲᠣᠣ ᠰᠠᠨᠠᠬ᠋᠎ᠠ ᠶ᠋ᠢ ᠭᠠᠷᠭᠠᠲᠠᠭ ᠃ ᠪᠠᠬᠠᠨ ᠪᠣᠲᠠᠲᠠᠢ ᠪᠠᠷ ᠬᠡᠯᠡᠪᠡᠯ ᠂ ᠡᠨᠡ ᠴᠠᠭ ᠦᠶ᠎ᠡ ᠂ ᠡᠨᠡ ᠣᠷᠴᠢᠨ ᠲᠣᠭᠣᠷᠢᠨ  ᠳ᠋ᠤ᠌ ᠪᠤᠶᠤ ᠡᠨᠡ ᠬᠥᠮᠦᠨ  ᠳ᠋ᠤ᠌ ᠡᠨᠡ ᠭᠤᠷᠪᠠᠨ ᠬᠡᠷᠡᠭ ᠦᠵᠡᠭᠳᠡᠯ ᠬᠦᠨᠲᠦ ᠦᠵᠡᠭᠳᠡᠨ ᠴᠢᠬᠤᠯᠠ ᠪᠣᠲᠤᠭᠲᠠᠭᠠᠳ ᠶᠢᠷᠲᠢᠨᠴᠤ ᠶ᠋ᠢᠨ ᠭᠤᠷᠪᠠ ᠶ᠋ᠢᠨ ᠠᠭᠤᠯᠬ᠋᠎ᠠ ᠪᠣᠯᠤᠭᠰᠠᠨ ᠪᠠᠶ᠋ᠢᠬᠤ  ᠳ᠋ᠤ᠌ ᠂ ᠥᠭᠡᠷ᠎ᠡ ᠨᠢᠭᠡᠨ ᠴᠠᠭ ᠦᠶ᠎ᠡ ᠂ ᠣᠷᠴᠢᠨ ᠲᠣᠭᠣᠷᠢᠨ ᠪᠠ ᠥᠭᠡᠷ᠎ᠡ ᠬᠥᠮᠦᠨ  ᠳ᠋ᠤ᠌ ᠥᠭᠡᠷ᠎ᠡ ᠭᠤᠷᠪᠠᠨ  ᠬᠡᠷᠡᠭ  ᠦᠵᠡᠭᠳᠡᠯ ᠬᠦᠨᠲᠦ ᠦᠵᠡᠭᠳᠡᠨ ᠴᠢᠬᠤᠯᠠ ᠪᠣᠲᠤᠭᠲᠠᠭᠠᠳ ᠂ ᠶᠢᠷᠲᠢᠨᠴᠤ ᠶ᠋ᠢᠨ ᠭᠤᠷᠪᠠ  ᠳ᠋ᠤ᠌ ᠣᠷᠣᠭᠰᠠᠨ ᠪᠣᠯᠤᠨ᠎ᠠ ᠃ ᠵᠢᠱ᠌ᠢᠶᠡᠯᠡᠪᠡᠯ ᠄
         < ᠨᠠᠷᠠ ᠦᠭᠡᠢ ᠡᠴᠡ ᠡᠲᠦᠷ ᠬᠠᠷ᠎ᠠ
         ᠨᠢᠲᠦ ᠦᠭᠡᠢ ᠡᠴᠡ ᠵᠠᠮ ᠬᠠᠷ᠎ᠠ
         ᠨᠠᠶ᠋ᠢᠷ ᠦᠭᠡᠢ ᠡᠴᠡ ᠬᠣᠷᠢᠮ ᠬᠠᠷ᠎ᠠ >
         < ᠰᠦᠨ ᠦᠭᠡᠢ ᠴᠠᠢ ᠬᠠᠷ᠎ᠠ
         ᠰᠦᠰᠦᠭ ᠦᠭᠡᠢ ᠰᠡᠳᠬᠢᠯ ᠬᠠᠷ᠎ᠠ
         ᠰᠦᠮ᠎ᠡ ᠦᠭᠡᠢ ᠬᠦᠮᠦᠨ ᠬᠠᠷ᠎ᠠ >
        < ᠬᠠᠷᠢᠶᠠᠯᠴᠢ ᠬᠦᠮᠦᠨ ‍ᠦ ᠠᠮᠠ ᠬᠠᠷ᠎ᠠ
         ᠬᠠᠷᠠᠮᠴᠢ ᠬᠦᠮᠦᠨ ‍ᠦ ᠰᠡᠳᠬᠢᠯ ᠬᠠᠷ᠎ᠠ
         ᠬᠠᠶ᠋ᠢᠷᠤᠭᠤᠯ ᠲᠣᠭᠣᠭᠠᠨ ‍ᠤ ᠬᠥ᠋ ᠬᠠᠷ᠎ᠠ >
    ᠡᠨᠡ ᠬᠡᠳᠦᠨ < ᠭᠤᠷᠪᠠᠨ ᠬᠠᠷ᠎ᠠ > ‍ᠶ᠋ᠢᠨ ᠳᠣᠲᠣᠷ᠎ᠠ ᠂ ᠬᠣᠶᠠᠳᠠᠬᠢ ᠪᠠᠳᠠᠭ ᠨᠢ ᠮᠤᠬᠤᠷ ᠪᠢᠰᠢᠷᠡᠯ ‍ᠦᠨ ᠡᠭᠦᠳᠡᠨ  ᠡᠴᠡ ᠶᠠᠭᠤᠮ᠎ᠠ ‍ᠶ᠋ᠢ ᠦᠵᠡᠨ ᠠᠰᠠᠭᠤᠳᠠᠯ ‍ᠢ ᠦᠭᠦᠯᠡᠭᠰᠡᠨ ᠴᠢᠭᠯᠡᠯ ᠮᠠᠭᠤᠲᠠᠢ ᠪᠣᠯᠬᠤ ᠠ᠋ᠴᠠ ᠭᠠᠳᠠᠨ᠎ᠠ ᠂ ᠪᠤᠰᠤᠳ ᠨᠢ ᠪᠦᠷ ᠠᠳᠠᠯᠢ ᠪᠤᠰᠤ ᠡᠭᠦᠳᠡᠨ ᠎ᠡᠴᠡ ᠠᠳᠠᠯᠢ ᠪᠤᠰᠤ ᠬᠡᠷᠡᠭ ᠦᠵᠡᠭᠳᠡᠯ ‍ᠦᠨ ᠰᠢᠨᠵᠢ ᠴᠢᠨᠠᠷ ᠂ ᠣᠨᠴᠠᠯᠢᠬ ᠪᠠᠶ᠋ᠢᠳᠠᠯ ‍ᠢ ᠵᠣᠬᠢᠬᠤ ᠬᠡᠮᠵᠢᠶᠡᠨ ‍ᠳᠦ ᠲᠤᠰᠬᠠᠵᠤ ᠴᠢᠳᠠᠵᠠᠢ ᠃ ᠡᠶ᠋ᠢᠮᠦ ᠎ᠡᠴᠡ ᠡᠨᠡ ᠬᠡᠳᠦ  ᠪᠣᠯ ᠪᠦᠷ < ᠶᠢᠷᠲᠢᠨᠴᠦ ‍ᠶ᠋ᠢᠨ ᠭᠤᠷᠪᠠᠨ ᠬᠠᠷ᠎ᠠ  > ᠮᠥᠨ ᠃ ᠭᠡᠬᠦ ᠳ᠋ᠡᠭᠡᠨ ᠂ ᠠᠳᠠᠯᠢ ᠪᠤᠰᠤ  ᠴᠠᠭ ᠦᠶ᠎ᠡ ᠶᠤᠮ ‍ᠤᠤ ᠠᠳᠠᠯᠢ ᠪᠤᠰᠤ ᠬᠦᠮᠦᠨ ‍ᠦ ᠵᠣᠬᠢᠶᠠᠭᠰᠠᠨ ᠪᠦᠲᠦᠭᠡᠯ ᠮᠥᠨ ᠪᠣᠯᠬᠣᠷ ᠦᠭᠡ ᠰᠣᠯᠢᠬᠳᠠᠨ ᠤᠳᠬ᠎ᠠ ᠬᠤᠪᠢᠷᠠᠭᠠᠳ ᠥᠭᠡᠷ᠎ᠡ ᠥᠭᠡᠷ᠎ᠡ ᠵᠤᠶ᠋ᠢᠯ ‍ᠢ ᠵᠢᠭᠠᠵᠤ ᠠᠰ  ᠠᠰᠲᠠᠭᠠᠨ  ᠰᠠᠨᠠᠭ᠎ᠠ ‍ᠶ᠋ᠢ ᠭᠠᠷᠭᠠᠭᠰᠠᠨ ᠪᠠᠶ᠋ᠢᠨ᠎ᠠ 》(2) ᠃ ᠶᠢᠷᠲᠢᠨᠴᠦ ‍ᠶ᠋ᠢᠨ ᠭᠤᠷᠪᠠ ᠪᠠ ᠵᠣᠶ᠋ᠢᠷ ᠰᠡᠴᠡᠨ ᠦᠭᠡ ‍ᠶ᠋ᠢᠨ ᠬᠡᠷᠡᠭᠯᠡᠭᠳᠡᠬᠦ ᠪᠠᠶ᠋ᠢᠳᠠᠯ ᠠ᠋ᠴᠠ ᠨᠢ ᠠᠪᠴᠤ ᠦᠵᠡᠪᠡᠯ ᠂ 《 ᠵᠤᠶ᠋ᠢᠷ ᠰᠡᠴᠡᠨ ᠦᠭᠡ ‍ᠶ᠋ᠢ ᠬᠦᠮᠦᠨ ‍ᠦ ᠠᠮᠢᠳᠤᠷᠠᠯ ‍ᠳᠤ ᠰᠤᠷᠭᠠᠮᠵᠢ ᠪᠣᠯᠭᠠᠬᠤ ᠬᠢᠭᠡᠳ ᠦᠭᠡ ᠶᠠᠷᠢᠶ᠎ᠠ ‍ᠶ᠋ᠢ ᠴᠢᠮᠡᠭ ᠎ᠲᠡᠢ ᠬᠥᠭᠵᠢᠶᠡᠨ ᠎ᠲᠡᠢ ᠤᠷᠠᠨ ᠰᠡᠴᠡᠨ ᠪᠣᠯᠭᠠᠬᠤ ᠵᠣᠷᠢᠯᠭ᠎ᠠ ᠎ᠪᠠᠷ ᠬᠥᠮᠦᠰ ‍ᠦᠨ ᠡᠳᠦᠷ ᠲᠣᠲᠣᠮ ‍ᠤᠨ ᠶᠠᠷᠢᠶᠠᠨ ‍ᠤ ᠶᠠᠪᠤᠴᠠ ‍ᠳᠤ ᠥᠷᠭᠡᠨ ᠬᠡᠷᠡᠭᠯᠡᠳᠡᠭ ᠪᠣᠯ ᠂ ᠶᠢᠷᠲᠢᠨᠴᠦ ‍ᠶ᠋ᠢᠨ ᠭᠤᠷᠪᠠ ᠨᠢ ᠬᠥᠮᠦᠰ ᠦ᠋ᠨ ᠵᠢᠷ ᠦ᠋ᠨ ᠶᠠᠷᠢᠶᠠᠨ  ᠳ᠋ᠤ᠌ ᠪᠦᠷ  ᠬᠡᠷᠡᠭᠯᠡᠳᠡᠭ ᠦᠭᠡᠢ ᠬᠠᠷᠢᠨ ᠬᠡᠯᠡᠵᠦ ᠶᠠᠷᠢᠬᠤ  ᠬᠡᠷᠡᠭ ᠭᠠᠷᠪᠠᠯ ᠨᠥᠭᠦᠭᠡ ᠬᠦᠮᠦᠨ ᠡᠴᠡ ᠪᠡᠨ ᠠᠰᠠᠭᠤᠵᠤ ᠂ ᠮᠡᠲᠡᠬᠦ ᠦᠭᠡᠢ ᠪᠣᠯ ᠬᠡᠯᠡᠵᠦ  ᠥᠭᠳᠡᠭ ᠶ᠋ᠢᠡᠷ ᠶ᠋ᠢᠡᠨ ᠵᠤᠬ᠋᠎ᠠ ᠨᠠᠭᠠᠲᠤᠮ ᠦ᠋ᠨ ᠰᠢᠨᠵᠢ ᠴᠢᠨᠠᠷ ᠲᠠᠢ ᠶᠤᠮ ᠃ 》(3) ᠃ ᠡᠭᠦᠨ ᠡᠴᠡ ᠭᠠᠲᠠᠨ᠎ᠠ ᠶᠢᠷᠲᠢᠨᠴᠦ ᠶ᠋ᠢᠨ ᠭᠤᠷᠪᠠ ᠨᠢ ᠪᠠᠰᠠ ᠂ ᠵᠤᠶ᠋ᠢᠷ ᠰᠡᠴᠡᠨ ᠦᠭᠡ ᠰᠢᠭ᠌ ᠵᠦᠢᠷᠯᠡᠯ ᠶᠣᠭᠲᠠᠯᠠᠯ ᠊ᠢ ᠶᠡᠬᠡ ᠪᠡᠷ  ᠬᠡᠷᠡᠭᠯᠡᠵᠦ ᠂ ᠤᠤᠠᠬ᠎ᠠ ᠰᠢᠯᠵᠢᠭᠦᠯᠦᠨ ᠳᠠᠯᠳᠠ ᠪᠢᠲᠡᠭᠦᠦ ᠵᠦᠢᠷᠯᠡᠨ ᠦᠵᠡᠭᠦᠯᠬᠦ ᠦᠭᠡᠢ ᠂ ᠬᠠᠷᠢᠨ ᠢᠯᠡ ᠵᠡᠷᠭᠡᠴᠡᠭᠦᠯᠦᠨ ᠰᠢᠭᠤᠳ ᠵᠢᠭᠠᠲᠠᠭ ᠃ ᠡᠲᠡᠭᠡᠷ ᠡᠴᠡ ᠠᠪᠴᠤ ᠦᠵᠡᠪᠡᠯ ᠶᠢᠷᠲᠢᠨᠴᠦ ᠶ᠋ᠢᠨ ᠭᠤᠷᠪᠠ ᠨᠢ ᠵᠦᠢᠷ ᠰᠡᠴᠡᠨ ᠦᠭᠡ ᠪᠢᠰᠢ ᠃
     
        5 . 《 ᠶᠢᠷᠲᠢᠨᠴᠦ ᠶ᠋ᠢᠨ ᠭᠤᠷᠪᠠ 》 ᠨᠢ ᠣᠨᠢᠰᠣᠬ᠋᠎ᠠ ᠪᠢᠰᠢ ᠃ ᠶᠢᠷᠲᠢᠨᠴᠦ ᠶ᠋ᠢᠨ ᠭᠤᠷᠪᠠ  ᠶ᠋ᠢ ᠬᠡᠯᠡᠯᠴᠡᠬᠦ ᠳ᠋ᠡᠭᠡᠨ 《 ᠶᠢᠷᠲᠢᠨᠴᠦ ᠶ᠋ᠢᠨ  ᠭᠤᠷᠪᠠᠨ × × ×  ᠭᠡᠭᠴᠢ ᠶᠠᠭᠤ ᠪᠤᠢ ?》 ᠭᠡᠵᠦ ᠨᠢᠭᠡ ᠨᠢ ᠠᠰᠠᠭᠤᠬᠤ  ᠳ᠋ᠤ᠌ ᠂ ᠨᠥᠭᠦᠭᠡ ᠨᠢ《 ᠶᠢᠷᠲᠢᠨᠴᠦ ᠶ᠋ᠢᠨ  ᠭᠤᠷᠪᠠᠨ × × ×  ᠭᠡᠳᠡᠭ ᠪᠣᠯ 》  《 ᠶᠠᠭᠤ ᠶᠠᠭᠤ ᠶ᠋ᠢ ᠬᠡᠯᠡᠨ᠎ᠡ 》 ᠬᠡᠮᠡᠨ ᠬᠠᠷᠢᠭᠤᠯᠲᠠᠭ ᠪᠢᠯᠡ ᠃ ᠵᠢᠱ᠌ᠢᠶᠡᠯᠡᠪᠡᠯ ᠄
      ᠠ᠊  ᠄ ᠶᠢᠷᠲᠢᠨᠴᠦ ᠶ᠋ᠢᠨ ᠭᠤᠷᠪᠠᠨ ᠴᠤᠯᠭᠤᠢ ᠭᠡᠭᠴᠢ ᠶᠠᠭᠤ ᠪᠤᠢ ?
      ᠡ᠊ ᠄ ᠶᠢᠷᠲᠢᠨᠴᠦ ᠶ᠋ᠢᠨ ᠭᠤᠷᠪᠠᠨ ᠴᠤᠯᠭᠤᠢ ᠬᠡᠮᠡᠭᠴᠢ ᠄
           ᠠᠷᠢᠬᠢ ᠦᠭᠡᠢ ᠨᠠᠶ᠋ᠢᠷ ᠨᠢᠭᠡ ᠴᠤᠯᠭᠤᠢ
           ᠠᠶ᠋ᠢᠷᠠᠭ ᠦᠭᠡᠢ ᠵᠤᠨ ᠨᠢᠭᠡ ᠴᠤᠯᠭᠤᠢ
           ᠠᠪᠤ ᠦᠭᠡᠢ ᠭᠡᠷ ᠨᠢᠭᠡ ᠴᠤᠯᠭᠤᠢ
 ᠭᠡᠵᠦ ᠬᠠᠷᠢᠭᠤᠯᠲᠠᠭ ᠪᠢᠯᠡ ᠃ ᠡᠭᠦᠨ ᠡᠴᠡ ᠪᠣᠯᠵᠤ ᠵᠠᠷᠢᠮ ᠬᠥᠮᠦᠰ ᠲᠡᠭᠦᠨ ᠊ᠢ ᠣᠨᠢᠰᠣᠬ᠋᠎ᠠ ᠳᠠᠭᠠᠪᠤᠷᠢ ᠪᠤᠶᠤ 《 ᠳᠠᠭᠠᠪᠤᠷᠢ ᠭᠤᠷᠪᠠᠯᠵᠢᠨ 》 ᠡᠰᠡᠬᠦᠯ᠎ᠡ 《 ᠶᠢᠷᠲᠢᠨᠴᠦ ᠶ᠋ᠢᠨ  ᠭᠤᠷᠪᠠᠨ ᠣᠨᠢᠰᠣᠬ᠋᠎ᠠ 》 ᠬᠡᠵᠦ ᠤᠯᠤᠰ ᠦ᠋ᠨ ᠳᠣᠲᠣᠭᠠᠳᠤ ᠭᠠᠲᠠᠭᠠᠲᠤ ᠶ᠋ᠢᠨ ᠡᠷᠲᠡᠮᠲᠡᠳ ᠠᠲᠠᠯᠢ ᠪᠤᠰᠤ ᠪᠠᠷ  ᠦᠵᠡᠭᠰᠡᠨ ᠪᠠᠶ᠋ᠢᠨ᠎ᠠ ᠃ ᠶᠢᠷᠲᠢᠨᠴᠦ ᠶ᠋ᠢᠨ   ᠭᠤᠷᠪᠠ ᠨᠢ ᠴᠣᠬᠣᠮ ᠣᠨᠢᠰᠣᠬ᠋᠎ᠠ ᠶ᠋ᠢᠨ ᠲᠥᠷᠥᠯ  ᠳ᠋ᠤ᠌ ᠪᠠᠭᠲᠠᠬᠤ ᠡᠰᠡᠬᠦ ᠶ᠋ᠢ ᠰᠢᠨᠵᠢᠯᠡᠵᠦ ᠦᠵᠡᠶ᠎ᠡ ᠃ ᠡᠨᠡ ᠬᠣᠶᠠᠷ ᠦ᠋ᠨ ᠠᠲᠠᠯᠢ ᠲᠠᠯ᠎ᠠ ᠠ᠋ᠴᠠ ᠨᠢ ᠠᠪᠴᠤ ᠦᠵᠡᠪᠡᠯ ᠂ 《ᠶᠢᠷᠲᠢᠨᠴᠦ ᠶ᠋ᠢᠨ ᠭᠤᠷᠪᠠ 》 ᠪᠣᠯ ᠬᠣᠶᠠᠷ  ᠭᠡᠰᠡᠭ ᠶ᠋ᠢᠡᠷ  ᠪᠦᠷᠢᠯᠳᠦᠭᠰᠡᠨ ᠪᠠᠶ᠋ᠢᠨ᠎ᠠ ᠃ ᠨᠢᠭᠡᠲᠦᠭᠡᠷ ᠭᠡᠰᠡᠭ ᠨᠢ ᠠᠰᠠᠭᠤᠯᠲᠠ ᠃ ᠬᠣᠶᠠᠲᠤᠭᠠᠷ ᠭᠡᠰᠡᠭ ᠨᠢ ᠳᠠᠷᠤᠢ ᠬᠠᠷᠢᠭᠤᠯᠲᠠ ᠶ᠋ᠢᠨ ᠭᠡᠰᠡᠭ ᠪᠣᠯᠤᠨ᠎ᠠ ᠃ ᠡᠨᠡ ᠲᠠᠯ᠎ᠠ ᠪᠠᠷ ᠶ᠋ᠢᠠᠨ ᠣᠨᠢᠰᠣᠬ᠋᠎ᠠ ᠲᠠᠢ ᠲᠥᠰᠦᠭᠡᠲᠡᠢ ᠪᠢᠯᠡ ᠃ ᠭᠡᠪᠡᠴᠦ ᠢᠯᠭᠠᠬ᠋᠎ᠠ ᠨᠢ ᠬᠠᠰᠢᠯᠠ ᠭᠣᠣᠯ ᠪᠠᠶ᠋ᠢᠷᠢ ᠶ᠋ᠢ ᠡᠵᠡᠯᠡᠨ᠎ᠡ ᠃ 《 ᠣᠨᠢᠰᠣᠬ᠋᠎ᠠ ᠪᠣᠯ ᠬᠡᠵᠢᠶ᠎ᠡ ᠬᠠᠮᠢᠬ᠋᠎ᠠ ᠴᠤ᠌ ᠭᠡᠰᠡᠨ ᠦᠭᠡᠢ ᠠᠰᠠᠭᠤᠬᠤ ᠰᠠᠨᠠᠬ᠋᠎ᠠ ᠲᠠᠢ ᠪᠠᠶ᠋ᠢᠬᠤ  ᠳ᠋ᠤ᠌ ᠂ ᠶᠢᠷᠲᠢᠨᠴᠦ ᠶ᠋ᠢᠨ ᠭᠤᠷᠪᠠ ᠪᠣᠯ ᠵᠠᠪᠠᠯ ᠠᠰᠠᠭᠤᠵᠤ ᠬᠠᠷᠢᠭᠤᠯᠬᠤ ᠬᠡᠯᠪᠡᠷᠢ  ᠳ᠋ᠤ᠌ ᠪᠠᠶ᠋ᠢᠬᠤ ᠠᠯᠪᠠ ᠦᠭᠡᠢ ᠃ ᠲᠡᠷᠡ ᠶᠡᠷᠦ ᠳ᠋ᠡᠭᠡᠨ < ᠶᠢᠷᠲᠢᠨᠴᠦ ᠶ᠋ᠢᠨ  ᠭᠤᠷᠪᠠᠨ × × × > ᠂ < ᠶᠢᠷᠲᠢᠨᠴᠦ ᠶ᠋ᠢᠨ  ᠭᠤᠷᠪᠠᠨ × × ×  ᠬᠡᠮᠡᠪᠡᠰᠦ> ᠭᠡᠵᠦ ᠰᠢᠭᠤᠳ ᠭᠠᠷᠴᠠᠭᠯᠠᠭᠠᠳ ᠂ ᠳᠠᠷᠠᠬ᠋᠎ᠠ ᠨᠢ ᠥᠨᠥ ᠭᠤᠷᠪᠠᠨ ᠵᠦᠢᠯ ᠶ᠋ᠢᠡᠨ ᠬᠡᠯᠡᠵᠦ ᠭᠠᠷᠭᠠᠲᠠᠭ ᠃ ᠡᠨᠡ ᠦᠶ᠎ᠡ ᠲᠡᠭᠦᠨ ᠊ᠢ ᠠᠰᠠᠭᠤᠬᠤ ᠬᠠᠷᠢᠭᠤᠯᠬᠤ ᠰᠠᠨᠠᠬ᠋᠎ᠠ ᠣᠭᠲᠣ ᠦᠭᠡᠢ ᠂ ᠣᠨᠢᠰᠣᠬ᠋᠎ᠠ ᠳᠠᠭᠠᠪᠤᠷᠢ ᠯᠤᠬ᠋᠎ᠠ ᠠᠲᠠᠯᠢ ᠲᠥᠰᠦᠭᠡᠲᠡᠢ ᠭᠠᠵᠠᠷ  ᠴᠤ᠌ ᠣᠭᠲᠣ ᠦᠭᠡᠢ ᠂ ᠵᠥᠪᠬᠡᠨ ᠭᠠᠷᠴᠠᠭ ᠰᠡᠲᠤᠪ ᠲᠠᠢ ᠰᠢᠯᠦᠭ ᠲᠡᠲᠦᠢ ᠶᠤᠮ ᠃  ᠶᠢᠷᠲᠢᠨᠴᠦ ᠶ᠋ᠢᠨ ᠭᠤᠷᠪᠠ ᠂ ᠠᠰᠠᠭᠤᠬᠤ ᠬᠠᠷᠢᠭᠤᠯᠬᠤ ᠬᠡᠯᠪᠡᠷᠢ  ᠳ᠋ᠤ᠌ ᠪᠠᠶ᠋ᠢᠬᠤ  ᠦᠶ᠎ᠡ ᠳ᠋ᠡᠭᠡᠨ ᠴᠤ᠌ ᠪᠠᠰᠠ ᠣᠨᠢᠰᠣᠬ᠋᠎ᠠ ᠲᠠᠢ ᠲᠠᠭᠠᠷᠠᠬᠤ ᠦᠭᠡᠢ ᠃ ᠡᠩ ᠲᠡᠷᠢᠭᠦᠨ  ᠳ᠋ᠤ᠌ ᠣᠨᠢᠰᠣᠬ᠋᠎ᠠ ᠪᠣᠯ ᠬᠡᠵᠢᠶ᠎ᠡ ᠬᠠᠮᠢᠬ᠋᠎ᠠ ᠭᠡᠰᠡᠨ ᠦᠭᠡᠢ ᠠᠰᠠᠭᠤᠬᠤ ᠰᠠᠨᠠᠬ᠋᠎ᠠ ᠲᠠᠢ ᠪᠠᠶ᠋ᠢᠬᠤ ᠪᠠᠷ ᠪᠠᠷᠠᠬᠤ ᠦᠭᠡᠢ ᠂ ᠵᠠᠪᠠᠯ ᠬᠠᠷᠢᠭᠤᠯᠲᠠ ᠲᠠᠶ᠋ᠢᠯᠪᠤᠷᠢ ᠱᠠᠭᠠᠷᠲᠠᠲᠠᠭ ᠶᠤᠮ ᠃ ᠭᠡᠲᠡᠯ᠎ᠡ ᠶᠢᠷᠲᠢᠨᠴᠦ ᠶ᠋ᠢᠨ ᠭᠤᠷᠪᠠ ᠪᠣᠯ ᠦᠨᠡᠨ ᠳ᠋ᠡᠭᠡᠨ ᠠᠰᠠᠭᠤᠬᠤ ᠭᠡᠰᠡᠨ ᠪᠢᠰᠢ ᠂ ᠨᠤᠲᠠᠯᠠᠬᠤ ᠭᠡᠰᠡᠨ ᠶᠤᠮ ᠃ ᠥᠭᠡᠷ᠎ᠡ ᠪᠡᠷ ᠬᠡᠯᠡᠪᠡᠯ ᠨᠤᠲᠠᠯᠠᠬᠤ ᠭᠡᠰᠡᠨ ᠡᠭᠦᠲᠡᠨ ᠡᠴᠡ ᠠᠰᠠᠭᠤᠬᠤ ᠬᠡᠯᠪᠡᠷᠢ ᠪᠡᠷ ᠡᠬᠢᠯᠡᠵᠦ ᠂ ᠠᠷᠤ ᠳ᠋ᠡᠬᠢ ᠵᠦᠢᠯ ᠶ᠋ᠢᠡᠨ ᠤᠲᠤᠷᠢᠲᠤᠨ ᠭᠠᠷᠭᠠᠵᠤ ᠪᠠᠶ᠋ᠢᠬ᠋᠎ᠠ  ᠬᠡᠷᠡᠭ ᠶᠤᠮ ᠃ ᠡᠨᠡ ᠨᠢ ᠬᠠᠷᠢᠨ ᠨᠠᠶ᠋ᠢᠷᠠᠭᠤᠯᠬ᠋᠎ᠠ ᠶ᠋ᠢᠨ ᠵᠦᠢ ᠳ᠋ᠠᠬᠢ ᠥᠪᠡᠰᠦᠪᠡᠨ ᠠᠰᠠᠭᠤᠯᠲᠠ ᠲᠠᠯᠪᠢᠭᠠᠳ ᠥᠪᠡᠰᠦᠪᠡᠨ ᠬᠠᠷᠢᠭᠤᠯᠲᠠ ᠥᠭᠴᠦ ᠂ ᠨᠤᠲᠠᠯᠠᠬᠤ ᠵᠣᠷᠢᠯᠬ᠋᠎ᠠ ᠳ᠋ᠠᠭᠠᠨ ᠬᠦᠷᠳᠡᠭ ᠲᠡᠢ ᠠᠲᠠᠯᠢ ᠪᠠᠶ᠋ᠢᠨ᠎ᠠ ᠃ ᠢᠩᠭᠢᠬᠦᠯᠡᠷ ᠶᠢᠷᠲᠢᠨᠴᠦ ᠶ᠋ᠢᠨ ᠭᠤᠷᠪᠠ ᠶ᠋ᠢᠨ ᠡᠨᠡ ᠠᠰᠠᠭᠤᠯᠲᠠ ᠨᠢ ᠬᠡᠷᠡᠭ ᠳᠡᠭᠡᠷ᠎ᠡ ᠪᠡᠨ ᠪᠠᠰᠠ ᠴᠤ᠌ ᠭᠠᠷᠴᠠᠭ ᠰᠡᠲᠦᠪ ᠦ᠋ᠨ ᠦᠢᠯᠡᠲᠦᠯ ᠦᠵᠡᠭᠦᠯᠵᠦ ᠪᠠᠶ᠋ᠢᠬ᠋᠎ᠠ ᠪᠢᠯᠡ 》(4) ᠃
      《 ᠣᠨᠢᠰᠣᠬ᠋᠎ᠠ ᠪᠣᠯ ᠢᠯᠡ ᠪᠡᠶ᠎ᠡ ᠂ ᠤᠭ ᠪᠡᠶ᠎ᠡ ( ᠳᠠᠯᠳᠠ ᠪᠡᠶ᠎ᠡ) ᠭᠡᠵᠦ ᠬᠣᠶᠠᠷ ᠪᠠᠶ᠋ᠢᠬᠤ ᠪᠥᠭᠡᠳ ᠢᠯᠡ ᠪᠡᠶ᠎ᠡ ᠭᠡᠳᠡᠭ ᠨᠢ ᠠᠰᠠᠭᠤᠬᠤ ᠵᠣᠷᠢᠯᠬ᠋᠎ᠠ ᠪᠠᠷ ᠪᠢᠲᠡᠭᠦᠦ ᠳᠦᠷᠰᠦᠯᠡᠵᠦ ᠭᠠᠷᠭᠠᠭᠰᠠᠨ ᠣᠨᠢᠰᠣᠬ᠋᠎ᠠ ᠂ ᠤᠭ ᠪᠡᠶ᠎ᠡ ᠭᠡᠳᠡᠭ ᠨᠢ ᠡᠨᠡ ᠣᠨᠢᠰᠣᠬ᠋᠎ᠠ  ᠳ᠋ᠤ᠌ ᠥᠭᠬᠦ ᠲᠠᠶ᠋ᠢᠯᠪᠤᠷᠢ — ᠠᠰᠠᠭᠤᠭᠰᠠᠨ ᠤᠭ ᠶᠠᠭᠤᠮ᠎ᠠ ᠪᠣᠯᠤᠨ᠎ᠠ 》(5) ᠃
        ᠰᠦᠨᠡᠰᠦ ᠦᠭᠡᠢ ᠨᠣᠶᠠᠨ
        ᠬᠦᠨᠡᠰᠦ ᠦᠭᠡᠢ ᠴᠡᠷᠢᠭ
        ᠤᠰᠤ ᠦᠭᠡᠢ ᠭᠠᠵᠠᠷ ᠲᠦ
        ᠴᠢᠰᠤ ᠦᠭᠡᠢ ᠪᠠᠶ᠋ᠢᠯᠲᠤᠨ᠎ᠠ ᠃
        ᠡᠨᠡ ᠳᠦᠷᠰᠦᠯᠡᠯ ᠪᠣᠯ ᠢᠯᠡ ᠪᠡᠶ᠎ᠡ ᠨᠢ ᠮᠥᠨ ᠃ ᠡᠭᠦᠨ ᠪ ᠬᠠᠷᠢᠭᠤ  ᠳ᠋ᠤ᠌  ᠥᠭᠬᠦ 《 ᠰᠢᠲᠠᠷ᠎ᠠ ᠲᠠᠯᠪᠢᠬᠤ 》 ᠭᠡᠬᠦ ᠲᠠᠶ᠋ᠢᠯᠪᠤᠷᠢ ᠪᠣᠯ ᠳᠠᠯᠳᠠ  ᠪᠡᠶ᠎ᠡ ᠮᠥᠨ ᠃ ᠣᠨᠢᠰᠣᠬ᠋᠎ᠠ  ᠳ᠋ᠤ᠌ ᠡᠨᠡ ᠮᠡᠲᠦ ᠠᠰᠠᠭᠤᠬᠤ ᠵᠦᠢᠯ ᠶ᠋ᠢᠡᠨ ᠤᠤᠠᠬ᠎ᠠ ᠰᠢᠯᠵᠢᠭᠦᠯᠦᠨ ᠳᠠᠯᠳᠠ ᠪᠢᠲᠡᠭᠦᠦ ᠪᠡᠷ ᠳᠦᠷᠰᠦᠯᠡᠨ ᠭᠠᠷᠭᠠᠭᠠᠳ ᠬᠠᠷᠢᠭᠤᠯᠲᠠ ᠲᠠᠶ᠋ᠢᠯᠪᠤᠷᠢ ᠶ᠋ᠢ ᠬᠠᠷᠢᠨ ᠪᠣᠲᠠᠲᠠᠢ ᠪᠠᠷ ᠰᠢᠭᠤᠳ ᠭᠠᠷᠭᠠᠲᠠᠭ ᠪᠠᠶ᠋ᠢᠨ᠎ᠠ ᠃ 《 ᠭᠡᠲᠡᠯ᠎ᠡ ᠶᠢᠷᠲᠢᠨᠴᠦ ᠶ᠋ᠢᠨ ᠭᠤᠷᠪᠠ ᠪᠣᠯ ᠠᠰᠠᠭᠤᠬᠤ ᠵᠦᠢᠯ ᠶ᠋ᠢᠡᠨ ᠰᠢᠭᠤᠳ ᠵᠢᠭᠠᠨ ᠠᠰᠠᠭᠤᠵᠤ ᠂ ᠮᠥᠨ ᠲᠡᠭᠦᠨ ᠶ᠋ᠢᠡᠨ  ᠰᠢᠯᠦᠭᠯᠡᠨ ᠭᠠᠷᠭᠠᠲᠠᠭ ᠂ ᠡᠶ᠋ᠢᠮᠦ ᠡᠴᠡ ᠲᠡᠷᠡ ᠪᠣᠯ ᠬᠣᠶᠠᠷ ᠪᠡᠶ᠎ᠡ ᠭᠡᠵᠦ ᠪᠠᠶ᠋ᠢᠬᠤ ᠦᠭᠡᠢ ᠂ ᠤᠤᠠᠬ᠎ᠠ ᠰᠢᠯᠵᠢᠭᠡᠳ ᠳᠠᠯᠳᠠ ᠪᠢᠲᠡᠭᠦᠦ ᠴᠤ᠌ ᠪᠠᠶ᠋ᠢᠲᠠᠭ ᠦᠭᠡᠢ ᠃ ᠡᠨᠲᠡ ᠨᠡᠯᠢᠶᠡᠳ ᠠᠲᠠᠯᠢ ᠦᠭᠡᠢ ᠨᠢᠭᠡᠨ ᠭᠠᠵᠠᠷ ᠭᠡᠪᠡᠯ ᠂ ᠣᠨᠢᠰᠣᠬ᠋᠎ᠠ  ᠳ᠋ᠤ᠌ ᠠᠰᠠᠭᠤᠭᠰᠠᠨ  ᠭᠡᠰᠡᠭ ᠨᠢ ᠳᠦᠷᠰᠦᠯᠡᠯ ᠶ᠋ᠢᠡᠷ ᠪᠠᠶ᠋ᠢᠬᠤ  ᠳ᠋ᠤ᠌ ᠂ ᠶᠢᠷᠲᠢᠨᠴᠦ ᠶ᠋ᠢᠨ ᠭᠤᠷᠪᠠ  ᠳ᠋ᠤ᠌ ᠬᠠᠷᠢᠨ ᠬᠠᠷᠢᠭᠤᠯᠤᠭᠰᠠᠨ ᠨᠤᠲᠠᠯᠠᠭᠰᠠᠨ ᠭᠡᠰᠡᠭ ᠨᠢ ᠳᠦᠷᠰᠦᠯᠡᠯ ᠶ᠋ᠢᠡᠷ ᠪᠠᠶ᠋ᠢᠵᠤ ᠪᠠᠶ᠋ᠢᠨ᠎ᠠ ᠃ ᠡᠨᠡ ᠪᠦᠬᠦᠨ ᠡᠴᠡ ᠦᠵᠡᠪᠡᠯ ᠂ ᠶᠢᠷᠲᠢᠨᠴᠦ ᠶ᠋ᠢᠨ ᠭᠤᠷᠪᠠ ᠶ᠋ᠢ ᠣᠨᠢᠰᠣᠬ᠋᠎ᠠ ᠶ᠋ᠢᠨ ᠬᠦᠷᠢᠶᠡᠨ ᠳ᠋ᠤ᠌ ᠪᠠᠭᠲᠠᠭᠠᠬᠤ ᠪᠣᠯ ᠪᠠᠰᠠ ᠵᠣᠬᠢᠰ ᠦᠭᠡᠢ 》(6) ᠭᠡᠵᠦ ᠶᠠᠷᠢᠬᠰᠠᠨ ᠨᠢ ᠮᠠᠰᠢ ᠵᠦᠢᠲᠡᠢ ᠪᠠᠶ᠋ᠢᠨ᠎ᠠ ᠃
      ᠡᠭᠦᠨ ᠡᠴᠡ ᠭᠠᠲᠠᠨ᠎ᠠ ᠂ ᠶᠢᠷᠲᠢᠨᠴᠦ ᠶ᠋ᠢᠨ ᠭᠤᠷᠪᠠ ᠨᠢ ᠰᠤᠷᠭᠠᠯ ᠦᠭᠡ ᠪᠠ ᠪᠢᠲᠡᠭᠦᠦ ᠬᠣᠯᠪᠣᠬ᠋᠎ᠠ  ᠳ᠋ᠤ᠌ ᠣᠭᠲᠣ ᠪᠠᠭᠲᠠᠬᠤ ᠦᠭᠡᠢ ᠃ ᠶᠢᠷᠲᠢᠨᠴᠦ ᠶ᠋ᠢᠨ ᠭᠤᠷᠪᠠ ᠨᠢ ᠬᠡᠲᠦᠶ᠋ᠢᠪᠡᠷ ᠬᠡᠷᠡᠭ  ᠦᠵᠡᠭᠳᠡᠯ ᠦ᠋ᠨ ᠵᠠᠷᠢᠮ ᠣᠨᠴᠠᠯᠢᠬ ᠰᠢᠨᠵᠢ ᠂ ᠶᠣᠰᠣ ᠤᠴᠢᠷ ᠊ᠢ ᠵᠣᠬᠢᠬᠤ ᠬᠡᠮᠵᠢᠶᠡᠨ  ᠳ᠋ᠤ᠌ ᠳᠤᠰᠬᠠᠭᠰᠠᠨ ᠶ᠋ᠢᠠᠷ ᠶ᠋ᠢᠠᠨ ᠬᠥᠮᠦᠰ ᠲᠤ ᠮᠡᠲᠡᠯᠭᠡ ᠰᠤᠷᠭᠠᠯ ᠊ᠢ ᠬᠦᠷᠲᠡᠭᠡᠬᠦ ᠴᠢᠨᠠᠷ ᠲᠠᠢ ᠪᠣᠯᠪᠠᠴᠤ ᠡᠨᠡ ᠨᠢ ᠲᠡᠭᠦᠨ ᠪ ᠭᠣᠣᠯ ᠰᠢᠨᠵᠢ ᠪᠢᠰᠢ ᠮᠥᠷᠲᠡᠭᠡᠨ ᠰᠤᠷᠭᠠᠯ ᠦᠭᠡ ᠰᠢᠭ᠌ ᠰᠢᠭᠤᠳ ᠶ᠋ᠢᠠᠷ ᠵᠢᠭᠠᠨ ᠰᠤᠷᠭᠠᠲᠠᠭ ᠦᠭᠡᠢ ᠪᠢᠯᠡ ᠃ ᠶᠢᠷᠲᠢᠨᠴᠦ ᠶ᠋ᠢᠨ ᠭᠤᠷᠪᠠ ᠨᠢ ᠬᠡᠲᠦᠶ᠋ᠢᠪᠡᠷ ᠠᠰᠠᠭᠤᠬᠤ ᠳ᠋ᠠᠭᠠᠨ ᠪᠢᠲᠡᠭᠦᠦ ᠬᠣᠯᠪᠣᠬ᠋᠎ᠠ ᠲᠠᠢ ᠲᠥᠰᠦᠭᠡᠲᠡᠢ ᠪᠣᠯᠪᠠᠴᠤ ᠂ ᠳᠦᠷᠰᠦᠯᠡᠨ ᠶᠠᠷᠢᠬᠤ ᠪᠠ ᠤᠶᠠᠩᠬ᠋᠎ᠠ ᠰᠡᠤᠠᠬᠢᠯᠭᠡ ᠶ᠋ᠢᠨ ᠲᠠᠯ᠎ᠠ ᠪᠠᠷ ᠶ᠋ᠢᠠᠨ ᠣᠨᠲᠣᠣ ᠪᠣᠯᠬᠣᠷ ᠡᠲᠡᠭᠡᠷ ᠦ᠋ᠨ ᠠᠯᠢᠨ  ᠳ᠋ᠤ᠌ ᠴᠤ᠌ ᠪᠠᠭᠲᠠᠬᠤ ᠦᠭᠡᠢ ᠪᠢᠯᠡ ᠃ ᠬᠠᠷᠢᠨ ᠵᠠᠷᠢᠮ ᠨᠢᠭᠡᠨ ᠲᠠᠯ᠎ᠠ ᠪᠠᠷ ᠶ᠋ᠢᠠᠨ ᠲᠡᠲᠡᠭᠡᠷ ᠯᠤᠭᠡ ᠲᠥᠰᠥᠬᠡᠪᠲᠦᠷ ᠰᠢᠨᠵᠢ ᠲᠡᠢ ᠂ ᠪᠡᠶ᠎ᠡ ᠪᠡᠨ ᠳᠠᠭᠠᠭᠠᠭᠰᠠᠨ ᠨᠢᠭᠡᠨ ᠬᠡᠯᠪᠡᠷᠢ ᠮᠥᠨ ᠃ ᠮᠣᠩᠭᠣᠯ ᠠᠷᠠᠳ ᠦ᠋ᠨ ᠠᠮᠠᠨ ᠵᠣᠬᠢᠶᠠᠯ ᠳ᠋ᠠᠬᠢ ᠵᠤᠭᠠᠲᠠᠢ ᠰᠣᠨᠢᠷᠬᠠᠯᠲᠠᠢ ᠢᠷᠠᠭᠤ ᠨᠠᠶ᠋ᠢᠷᠠᠭ ᠦ᠋ᠨ ᠨᠢᠭᠡᠨ ᠲᠥᠷᠥᠯ ᠪᠣᠯᠤᠭᠰᠠᠨ ᠪ ᠬᠤᠪᠢ  ᠳ᠋ᠤ᠌ ᠂ ᠲᠡᠭᠦᠨ ᠊ᠢ ᠪᠢᠲᠡ ᠴᠤᠭᠯᠠᠭᠤᠯᠤᠨ ᠡᠮᠬᠢᠤᠠᠬᠡᠵᠦ ᠂ ᠰᠢᠨᠵᠢᠯᠡᠨ ᠰᠤᠲᠤᠯᠬᠤ ᠴᠢᠬᠤᠯᠠ ᠲᠠᠢ ᠪᠥᠭᠡᠳ ᠵᠣᠬᠢᠬᠤ ᠦᠨᠡᠯᠡᠯᠲᠡ ᠶ᠋ᠢ  ᠥᠭᠬᠦ ᠨᠢ ᠮᠠᠨ ᠪ ᠡᠮᠦᠨ᠎ᠡ ᠲᠠᠯᠪᠢᠬᠲᠠᠵᠤ ᠪᠠᠶ᠋ᠢᠬ᠋᠎ᠠ ᠡᠭᠦᠷᠭᠡ ᠮᠥᠨ ᠃


 ᠲᠠᠶ᠋ᠢᠯᠪᠤᠷᠢ
    (1)(2) ᠥᠪᠥᠷ ᠮᠣᠩᠭᠣᠯ ‍ᠤᠨ ᠰᠤᠷᠭᠠᠨ ᠬᠥᠮᠦᠵᠢᠯ ‍ᠦᠨ ᠬᠡᠪᠯᠡᠯ ‍ᠦᠨ ᠬᠣᠷᠢᠶ᠎ᠠ ᠠ᠋ᠴᠠ ᠬᠡᠪᠯᠡᠭᠦᠯᠦᠭᠰᠡᠨ ᠮᠠᠨᠳᠤᠬᠤ ᠨᠥᠬᠥᠷ ‍ᠤᠨ 《 ᠮᠣᠩᠭᠣᠯ ᠠᠷᠠᠳ ‍ᠤᠨ ᠠᠮᠠᠨ ᠵᠣᠬᠢᠶᠠᠯ ‍ᠤᠨ ᠲᠣᠶ᠋ᠢᠮᠣ 》 ᠭᠡᠳᠡᠭ ᠨᠣᠮ ‍ᠤᠨ230-233 ᠨᠢᠭᠤᠷ ᠎ᠲᠤ᠌᠃ 
     (3) ᠥᠪᠥᠷ ᠮᠣᠩᠭᠣᠯ ‍ᠤᠨ ᠠᠷᠠᠳ ‍ᠤᠨ ᠬᠡᠪᠯᠡᠯ ‍ᠤᠨ ᠬᠣᠷᠢᠶ᠎ᠠ ᠠ᠋ᠴᠠ ᠬᠡᠪᠯᠡᠭᠦᠯᠦᠭᠰᠡᠨ ᠬᠠ‍ ᠂ ᠰᠠᠮᠫᠢᠯᠳᠠᠨᠳᠠᠪ ‍ᠤᠨ 《 ᠬᠡᠦᠬᠡᠳ ‍ᠤᠨ ᠠᠮᠠᠨ ᠵᠣᠬᠢᠶᠠᠯ ‍ᠤᠨ ᠤᠴᠢᠷ 》 ᠭᠡᠳᠡᠭ ᠨᠣᠮ ‍ᠤᠨ95 ᠨᠢᠭᠤᠷ ᠎ᠲᠤ᠌
    (4)(5)(6) ᠮᠠᠨᠳᠤᠬᠤ ᠨᠥᠬᠥᠷ ‍ᠤᠨ 《 ᠮᠣᠩᠭᠣᠯ ᠠᠷᠠᠳ ‍ᠤᠨ ᠠᠮᠠᠨ ᠵᠣᠬᠢᠶᠠᠯ ‍ᠤᠨ ᠲᠣᠶ᠋ᠢᠮᠣ 》 ᠭᠡᠳᠡᠭ ᠨᠣᠮ ‍ᠤᠨ 234-236 ᠨᠢᠭᠤᠷ ᠎ᠲᠤ᠌
        

ᠦᠰᠦᠭ ᠠᠮᠢᠯᠠᠭᠤᠯᠤᠭᠴᠢ ᠄   ᠣᠶᠤᠨᠲᠤᠨᠠᠯ ᠂  ᠳ᠋ᠦ᠋ᠩ ᠹᠧᠩ ᠂  ᠬᠠᠷᠠᠨᠤᠳ ᠲᠤᠶᠠᠭ᠎ᠠ ᠂  ᠮᠢᠩᠭᠠᠳ ᠴᠢᠮᠡᠭ ᠂  ᠬᠠᠳᠠᠴᠢ ᠤᠷᠠᠨ᠎ᠠ 
    ᠬᠢᠨᠠᠭᠴᠢ ᠄   ᠮᠢᠩᠭᠠᠳ ᠴᠢᠮᠡᠭ ᠂   ᠬᠠᠷᠠᠨᠤᠳ ᠲᠤᠶᠠᠭ᠎ᠠ