ᠭᠠᠩᠬ᠋᠎ᠠ ᠶ᠋ᠢᠨ ᠤᠷᠤᠰᠬᠠᠯ – ᠲᠡᠭᠦᠰᠬᠡᠯ ᠳ᠋ᠦ᠍ᠷ ᠬᠡᠯᠡᠬᠦ ᠬᠡᠳᠦᠨ ᠦᠭᠡ Гангын урсгал – Төгсгөл түр хэлэх хэдэн үг
ᠲᠡᠭᠦᠰᠬᠡᠯ ᠳ᠋ᠦ᠍ᠷ ᠬᠡᠯᠡᠬᠦ ᠬᠡᠳᠦᠨ ᠦᠭᠡ
ᠥᠪᠥᠷ ᠮᠣᠩᠭᠣᠯ ᠤ᠋ᠨ ᠨᠡᠶ᠋ᠢᠭᠡᠮ ᠦ᠋ᠨ ᠰᠢᠨᠵᠢᠯᠡᠬᠦᠢ ᠤᠬᠠᠭᠠᠨ ᠤ᠋ ᠮᠣᠩᠭᠣᠯ ᠲᠡᠦᠬᠡ ᠰᠤᠳᠤᠯᠬᠤ ᠭᠠᠵᠠᠷ ᠤ᠋ᠨ ᠳᠠᠭᠠᠭᠠᠯᠭᠠᠪᠤᠷᠢ ᠪᠠᠷ ᠮᠢᠨᠦ ᠪᠡᠶ᠎ᠡ ᠴᠢᠩ ᠤᠯᠤᠰ ᠤ᠋ᠨ ᠦᠶ᠎ᠡ ᠳ᠋ᠡᠬᠢ ᠮᠣᠩᠭᠣᠯ ᠡᠷᠳᠡᠮᠲᠡᠨ ᠭᠣᠮᠪᠣᠵᠠᠪ ᠬᠦᠩ ᠦ᠋ᠨ ᠵᠣᠬᠢᠶᠠᠭᠰᠠᠨ《ᠭᠠᠩᠭ᠎ᠠ ᠶ᠋ᠢᠨ ᠤᠷᠤᠰᠬᠠᠯ 》 ᠪᠢᠴᠢᠭᠳᠡᠭᠰᠡᠨ ᠬᠣᠶᠠᠷ ᠵᠠᠭᠤ ᠲᠠᠪᠢᠨ ᠲᠠᠪᠤᠨ ᠵᠢᠯ ᠦ᠋ᠨ ᠣᠢ ᠶ᠋ᠢ ᠲᠣᠬᠢᠶᠠᠯᠳᠤᠭᠤᠯᠤᠨ ᠡᠨᠡᠬᠦ ᠡᠷᠬᠢᠮ ᠦᠨᠡᠲᠦ ᠲᠡᠦᠬᠡᠨ ᠵᠣᠬᠢᠶᠠᠯ ᠳ᠋ᠤ᠌ ᠲᠠᠶ᠋ᠢᠯᠤᠯᠬ᠋ᠠ ᠲᠠᠯᠪᠢᠵᠤ ᠬᠡᠪᠯᠡᠯ ᠳ᠋ᠦ᠍ ᠣᠷᠣᠭᠤᠯᠬᠤ ᠳ᠋ᠤ᠌ ᠲᠣᠲᠤᠷᠬᠠᠶ᠋ᠢᠯᠠᠬᠤ ᠬᠡᠳᠦᠨ ᠵᠦᠢᠯ ᠭᠡᠪᠡᠯ ᠄
① ᠣᠳᠣ ᠂ ᠮᠠᠨ ᠤ᠋ ᠡᠨᠡᠬᠦ ᠬᠡᠪᠯᠡᠯ ᠳ᠋ᠦ᠍ ᠣᠷᠣᠭᠤᠯᠵᠤ ᠪᠠᠶ᠋ᠢᠬ᠋᠎ᠠ 《 ᠭᠠᠩᠭ᠎ᠠ ᠶ᠋ᠢᠨ ᠤᠷᠤᠰᠬᠠᠯ 》 ᠪᠣᠯ ᠣᠳᠣᠬᠠᠨ ᠳ᠋ᠠᠭᠠᠨ ᠮᠠᠨ ᠳ᠋ᠤ᠌ ᠣᠯᠳᠠᠭᠰᠠᠨ ᠴᠣᠷ ᠤ᠋ᠨ ᠭᠠᠭᠴᠠ ᠬᠠᠭᠤᠯᠤᠮᠠᠯ ᠳᠡᠪᠲᠡᠷ ᠪᠣᠯᠤᠨ᠎ᠠ ᠃ ᠡᠨᠡ ᠬᠠᠭᠤᠯᠤᠮᠠᠯ ᠳᠡᠪᠲᠡᠷ ᠊ᠢ1909-1910 ᠣᠨ ᠤ᠋ ᠬᠣᠭᠣᠷᠣᠨᠳᠣ ᠵᠥᠪᠯᠡᠯᠲᠦ ᠶ᠋ᠢᠨ ᠼ᠂ ᠷ᠂ ᠷᠠᠮᠰᠠᠷᠠᠨ ᠠᠪᠤᠭᠠᠢ ᠰᠢᠯᠢ ᠶ᠋ᠢᠨ ᠭᠣᠣᠯ ᠠᠶ᠋ᠢᠮᠠᠭ ᠤ᠋ᠨ ᠠᠪᠠᠭ᠎ᠠ ᠬᠤᠰᠢᠭᠤᠨ ᠠ᠋ᠴᠠ ᠣᠯᠵᠤ ᠠᠪᠠᠴᠢᠭᠰᠠᠨ ᠶᠤᠮ ᠃ ᠡᠨᠡ ᠬᠠᠭᠤᠯᠤᠮᠠᠯ ᠨᠢ ᠣᠳᠣ ᠵᠥᠪᠯᠡᠯᠲᠦ ᠬᠣᠯᠪᠣᠭᠠᠲᠤ ᠤᠯᠤᠰ ᠤ᠋ᠨ ᠰᠢᠨᠵᠢᠯᠡᠬᠦᠢ ᠤᠬᠠᠭᠠᠨ ᠤ᠋ ᠬᠦᠷᠢᠶᠡᠯᠡᠩ ᠦ᠋ᠨ ᠳᠣᠷᠣᠨᠠᠳᠠᠬᠢᠨ ᠊ᠢ ᠰᠤᠳᠤᠯᠬᠤ ᠭᠠᠵᠠᠷ ᠤ᠋ᠨ ᠪᠢᠴᠢᠭ ᠰᠤᠳᠤᠷ ᠤ᠋ᠨ ᠬᠠᠲᠠᠭᠠᠯᠠᠮᠠᠯ ᠳ᠋ᠤ᠌ ᠪᠣᠢ ᠃ ᠵᠥᠪᠯᠡᠯᠲᠦ ᠶ᠋ᠢᠨ ᠡᠷᠳᠡᠮᠲᠡᠨ ᠯ . ᠮ . ᠫᠦᠴᠺᠦᠸᠰᠺᠸ ᠠᠪᠤᠭᠠᠢ1960 ᠣᠨ ᠳ᠋ᠤ᠌ ᠂ ᠡᠨᠡ ᠬᠠᠳᠠᠭᠠᠯᠠᠭᠳᠠᠨ ᠪᠦᠬᠦᠢ ᠬᠠᠭᠤᠯᠠᠮᠠᠯ ᠊ᠢ ᠭᠡᠷᠡᠯ ᠵᠢᠷᠤᠭ ᠢ᠋ᠶ᠋ᠠᠷ ᠪᠠᠭᠤᠯᠭᠠᠨ ᠮᠣᠰᠺᠸᠠ ᠳ᠋ᠤ᠌ ᠬᠡᠪᠯᠡᠭᠦᠯᠵᠡᠢ ᠃ ᠡᠨᠡ ᠤᠳᠠᠭ᠎ᠠ ᠶ᠋ᠢᠨ ᠮᠠᠨ ᠤ᠋ ᠬᠡᠪᠯᠡᠯ ᠳ᠋ᠦ᠍ ᠣᠷᠣᠭᠤᠯᠤᠭᠰᠠᠨ ᠳᠡᠪᠲᠡᠷ ᠪᠣᠯ ᠳᠠᠷᠤᠢ ᠡᠨᠡ ᠳᠡᠪᠲᠡᠷ ᠪᠣᠯᠤᠨ᠎ᠠ ᠃ ᠡᠭᠦᠨ ᠳ᠋ᠦ᠍ ᠪᠢᠳᠡ ᠤᠭ ᠬᠠᠭᠤᠯᠠᠮᠠᠯ ᠳ᠋ᠤ᠌ ᠴᠢᠩ ᠦᠨᠡᠨᠴᠢ ᠶ᠋ᠢ ᠪᠠᠷᠢᠮᠲᠠᠯᠠᠨ ᠲᠡᠭᠦᠨ ᠦ᠌ ᠤᠭ ᠦᠰᠦᠭ ᠪᠢᠴᠢᠯᠭᠡ ᠂ ᠴᠢᠭ᠌ ᠲᠡᠮᠳᠡᠭ ᠵᠡᠷᠭᠡ ᠶ᠋ᠢ ᠥᠴᠦᠬᠡᠨ ᠲᠡᠳᠦᠢ ᠵᠠᠰᠠᠵᠤ ᠬᠠᠯᠠᠭᠰᠠᠨ ᠦᠭᠡᠢ ᠪᠡᠷ ᠲᠡᠷᠡᠴᠢᠯᠡᠨ ᠶᠠᠪᠤᠭᠳᠠᠭᠤᠯᠪᠠ ᠃ ᠵᠣᠷᠢᠯᠭ᠎ᠠ ᠠᠨᠤ ᠰᠤᠳᠤᠯᠤᠭᠴᠢ ᠨᠠᠷ ᠤ᠋ᠨ ᠡᠰᠢ ᠦᠨᠳᠦᠰᠦ ᠪᠣᠯᠭᠠᠬᠤ ᠳ᠋ᠤ᠌ ᠰᠡᠵᠢᠭ ᠲᠥᠷᠥᠭᠦᠯᠬᠦ ᠦᠭᠡᠢ ᠶ᠋ᠢᠨ ᠲᠥᠯᠥᠭᠡ ᠪᠤᠶᠤ ᠃ ᠡᠭᠦᠨ ᠦ᠌ ᠲᠠᠰᠢᠷᠠᠮ ᠂ ᠬᠡᠪᠯᠡᠯ ᠪᠠ ᠤᠩᠰᠢᠭᠴᠢᠳ ᠤ᠋ᠨ ᠳᠥᠭᠥᠮ ᠦ᠋ᠨ ᠲᠤᠰᠠᠳᠠ ᠤᠭ ᠬᠠᠭᠤᠯᠠᠮᠠᠯ ᠳ᠋ᠠᠬᠢ ᠬᠥᠮᠦᠨ ᠦ᠌ ᠨᠡᠷ᠎ᠡ ᠂ ᠭᠠᠵᠠᠷ ᠤ᠋ᠨ ᠨᠡᠷ᠎ᠡ ᠲᠡᠷᠡᠴᠢᠯᠡᠨ ᠵᠡᠷᠭᠡ ᠬᠡᠷᠬᠡᠮ ᠦ᠋ᠨ ᠨᠡᠷᠡᠰ ᠵᠡᠷᠭᠡ ᠶ᠋ᠢ ᠮᠠᠨᠵᠤ ᠦᠰᠦᠭ ᠢ᠋ᠶ᠋ᠡᠷ ᠪᠢᠴᠢᠭᠰᠡᠨ ᠊ᠢ ᠣᠳᠣ ᠶ᠋ᠢᠨ ᠮᠣᠩᠭᠣᠯ ᠦᠰᠦᠭ ᠳᠡᠭᠡᠷ᠎ᠡ ᠪᠠᠭᠤᠯᠭᠠᠵᠤ ᠲᠠᠯᠪᠢᠪᠠ ᠃
② ᠤᠭ ᠬᠠᠭᠤᠯᠤᠮᠠᠯ ᠳ᠋ᠤ᠌ ᠣᠨᠴᠠ ᠲᠠᠰᠢᠶᠠᠷᠠᠭᠰᠠᠨ ᠦᠰᠦᠭ ᠊ᠢ ᠴᠦ᠍ ᠮᠥᠨ ᠲᠡᠷᠡ ᠬᠡᠪ ᠢ᠋ᠶ᠋ᠡᠷ ᠨᠢ ᠰᠡᠶ᠋ᠢᠷᠡᠭᠦᠯᠦᠨ ᠪᠢᠴᠢᠭᠡᠳ ᠳᠣᠣᠷ᠎ᠠ ᠨᠢ [ ] ᠬᠠᠭᠠᠯᠲᠠ ᠳ᠋ᠤ᠌ ᠵᠥᠪ ᠪᠣᠯᠭᠠᠨ ᠪᠢᠴᠢᠭᠰᠡᠨ ᠨᠢ ᠲᠠᠶ᠋ᠢᠯᠪᠤᠷᠢᠯᠠᠭᠴᠢ ᠶ᠋ᠢᠨ ᠬᠣᠪᠢᠨ ᠤ᠋ ᠰᠠᠨᠠᠯ ᠪᠣᠯᠠᠢ ᠃ ᠵᠢᠱ᠌ᠢᠶᠡᠯᠡᠪᠡᠯ ᠄ ᠲᠡᠭᠦᠨᠦ [ ᠳᠡᠭᠦᠦ ] ᠂ ᠠᠯᠲᠠᠨ [ ᠠᠲᠠᠯ᠎ᠠ ] ᠭᠡᠬᠦ ᠮᠡᠲᠦ ᠃
③ ᠤᠭ ᠬᠠᠭᠤᠯᠤᠮᠠᠯ ᠳ᠋ᠤ᠌ ᠵᠠᠷᠢᠮ ᠨᠡᠷᠡᠰ ᠦᠭᠡ ᠶ᠋ᠢᠨ ᠬᠠᠵᠠᠭᠤ ᠳ᠋ᠤ᠌ ᠲᠥᠪᠡᠳ ᠦᠰᠦᠭ ᠢ᠋ᠶ᠋ᠡᠷ ᠳᠠᠭᠤᠳᠠᠯᠭ᠎ᠠ ᠬᠠᠲᠠᠭᠰᠠᠨ ᠪᠠ ᠬᠠᠭᠠᠳ ᠨᠣᠶᠠᠳ ᠤ᠋ᠨ ᠣᠯᠠᠨ ᠬᠥᠪᠡᠭᠦᠳ ᠦ᠋ᠨ ᠳᠡᠰ ᠳᠠᠷᠠᠭ᠎ᠠ ᠶ᠋ᠢ ᠲᠡᠮᠳᠡᠭᠯᠡᠬᠦ ᠳ᠋ᠡᠭᠡᠨ ᠬᠠᠵᠠᠭᠤ ᠳ᠋ᠤᠨᠢ ᠵᠢᠷᠤᠬᠠᠢ ᠶ᠋ᠢᠨ ᠲᠣᠭ᠎ᠠ ᠪᠠᠷ ᠳ᠋ᠤᠭᠠᠷᠯᠠᠵᠤ ᠬᠠᠲᠠᠭᠰᠠᠨ ᠵᠦᠢᠯ ᠪᠣᠢ ᠃ ᠡᠭᠦᠨ ᠳ᠋ᠦ᠍ ᠲᠥᠪᠡᠳ ᠦᠰᠦᠭ ᠢ᠋ᠶ᠋ᠡᠷ ᠬᠠᠲᠠᠭᠰᠠᠨ ᠳᠠᠭᠤᠳᠠᠯᠭ᠎ᠠ ᠶ᠋ᠢ ᠣᠷᠬᠢᠵᠤ ᠵᠢᠷᠤᠬᠠᠢ ᠶ᠋ᠢᠨ ᠲᠣᠭ᠎ᠠ ᠪᠠᠷ ᠲᠡᠮᠳᠡᠭᠯᠡᠭᠰᠡᠨ ᠊ᠢ ᠬᠠᠰᠤᠵᠤ ᠬᠠᠶᠠᠪᠠ ᠃
④ ᠤᠭ ᠬᠠᠭᠤᠯᠤᠮᠠᠯ ᠳ᠋ᠤ᠌ ᠪᠦᠯᠦᠭ ᠪᠠᠳᠠᠭ ᠬᠤᠪᠢᠶᠠᠭᠰᠠᠨ ᠦᠭᠡᠢ ᠃ ᠤᠩᠰᠢᠭᠴᠢᠳ ᠤ᠋ᠨ ᠦᠵᠡᠵᠦ ᠰᠤᠳᠤᠯᠬᠤ ᠳ᠋ᠤ᠌ ᠳᠥᠭᠥᠮ ᠊ᠢ ᠪᠣᠳᠣᠵᠤ ᠵᠣᠬᠢᠶᠠᠯ ᠤ᠋ᠨ ᠠᠭᠤᠯᠭ᠎ᠠ ᠶ᠋ᠢ ᠦᠨᠳᠦᠰᠦᠯᠡᠨ ᠪᠦᠯᠦᠭ ᠬᠤᠪᠢᠶᠠᠨ ᠰᠡᠶ᠋ᠢᠷᠡᠭᠦᠯᠪᠡ ᠃
ᠡᠨᠡᠬᠦ 《ᠭᠠᠩᠭ᠎ᠠ ᠶ᠋ᠢᠨ ᠤᠷᠤᠰᠬᠠᠯ 》ᠬᠡᠮᠡᠭᠴᠢ ᠲᠡᠦᠬᠡᠨ ᠵᠣᠬᠢᠶᠠᠯ ᠊ᠢ ᠲᠠᠶ᠋ᠢᠯᠤᠯᠬ᠋ᠠ ᠬᠢᠬᠦ ᠶᠠᠪᠤᠴᠠ ᠪᠠ ᠭᠣᠮᠪᠣᠵᠠᠪ ᠤ᠋ᠨ ᠥᠩᠭᠡᠷᠡᠯᠲᠡ ᠵᠢᠴᠢ ᠵᠣᠬᠢᠶᠠᠯ ᠪᠦᠲᠦᠭᠡᠯ ᠊ᠢ ᠰᠢᠨᠵᠢᠨ ᠰᠣᠳᠣᠯᠠᠬᠤ ᠶᠠᠪᠤᠴᠠ ᠳ᠋ᠤ᠌ ᠥᠪᠥᠷ ᠮᠣᠩᠭᠣᠯ ᠤ᠋ᠨ ᠰᠢᠨᠵᠢᠯᠡᠬᠦᠢ ᠤᠬᠠᠭᠠᠨ ᠤ᠋ ᠬᠦᠷᠢᠶᠡᠯᠡᠩ ᠦ᠋ᠨ ᠮᠣᠩᠭᠣᠯ ᠲᠡᠦᠬᠡ ᠰᠣᠳᠣᠯᠠᠬᠤ ᠭᠠᠵᠠᠷ ᠤ᠋ᠨ ᠬᠠᠷᠢᠭᠤᠴᠠᠯᠭᠠᠲᠠᠨ ᠯᠢᠦ ᠶ᠋ᠢᠨ ᠰᠦᠸᠧ ᠨᠥᠬᠥᠷ ᠪᠠ ᠠᠬᠠᠮᠠᠳ ᠲᠡᠦᠬᠡ ᠶ᠋ᠢᠨ ᠠᠵᠢᠯᠲᠠᠨ ᠮᠡᠷᠭᠡᠨᠪᠠᠭᠠᠲᠤᠷ ᠠᠪᠤᠭᠠᠢ ᠲᠠᠨ ᠴᠢᠩ ᠰᠡᠳᠬᠢᠯ ᠦ᠋ᠨ ᠲᠤᠰᠠᠯᠠᠮᠵᠢ ᠦᠵᠡᠭᠦᠯᠵᠦ ᠨᠡᠩ ᠢᠯᠠᠩᠭᠤᠶ᠎ᠠ ᠯᠢᠦ ᠶ᠋ᠢᠨ ᠰᠦᠸᠧ ᠨᠥᠬᠥᠷ ᠡᠷᠬᠢᠮ ᠦᠨᠡᠲᠦ ᠴᠠᠭ ᠮᠥᠴᠡ ᠶᠦ᠍ᠭᠡᠨ ᠭᠠᠷᠤᠵᠠᠳᠠᠭᠤᠯᠤᠨ ᠳᠠᠬᠢᠨ ᠳᠠᠪᠲᠠᠨ ᠬᠢᠨᠠᠨ ᠲᠣᠭᠲᠠᠭᠠᠭᠰᠠᠨ ᠳ᠋ᠤ᠌ ᠴᠢᠩ ᠰᠡᠳᠬᠢᠯ ᠡᠴᠡ ᠪᠡᠨ ᠬᠦᠨᠳᠦᠳᠡ ᠲᠠᠯᠠᠷᠬᠠᠵᠤ ᠪᠠᠶ᠋ᠢᠨ᠎ᠠ ᠃
ᠲᠡᠭᠦᠰᠪᠡᠢ ᠃
ᠦᠰᠦᠭ ᠠᠮᠢᠯᠠᠭᠤᠯᠤᠭᠴᠢ ᠄
ᠪᠤᠤ ᠴᠢᠩ ᠬᠡᠦ — ᠲᠦᠩᠯᠢᠶᠣᠤ ᠬᠣᠲᠠ ᠶ᠋ᠢᠨ ᠬᠦᠷᠢᠶ᠎ᠡ ᠬᠤᠰᠢᠭᠤᠨ ᠤ᠋ ᠮᠠᠩᠬᠠᠨ ᠰᠤᠮᠤ
ᠲᠠᠨ᠎ᠠ — ᠰᠢᠯᠢ ᠶ᠋ᠢᠨ ᠭᠣᠣᠯ ᠠᠢᠮᠠᠭ ᠤ᠋ᠨ ᠵᠡᠭᠦᠨ ᠰᠥᠨᠢᠳ ᠬᠣᠰᠢᠭᠤ
ᠭᠡᠷᠡᠯ — ᠣᠷᠳᠣᠰ ᠬᠣᠲᠠ ᠶ᠋ᠢᠨ ᠦᠦᠰᠢᠨ ᠬᠣᠰᠢᠭᠤ
ᠣᠳᠣᠨ — ᠤᠯᠠᠭᠠᠨᠬᠠᠳᠠ ᠬᠣᠲᠠ ᠶ᠋ᠢᠨ ᠠᠷᠤ ᠬᠣᠷᠴᠢᠨ ᠬᠣᠰᠢᠭᠤ
ᠰᠧ ᠂ ᠵᠢᠷᠭᠠᠯ — ᠤᠯᠠᠭᠠᠨᠬᠠᠳᠠ ᠬᠣᠲᠠ ᠶ᠋ᠢᠨ ᠬᠡᠰᠢᠭᠲᠡᠨ ᠬᠤᠰᠢᠭᠤᠨ ᠤ᠋ ᠤᠤᠭᠠᠯ
ᠪᠠᠯᠵᠢ — ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤ
ᠰᠣᠷᠭᠣᠭ — ᠣᠷᠳᠣᠰ ᠬᠣᠲᠠ ᠶ᠋ᠢᠨ ᠦᠦᠰᠢᠨ ᠬᠣᠰᠢᠭᠤ
ᠤᠷᠠᠨ — ᠤᠯᠠᠭᠠᠨᠬᠠᠳᠠ ᠬᠣᠲᠠ ᠶ᠋ᠢᠨ ᠬᠡᠰᠢᠭᠲᠡᠨ ᠬᠤᠰᠢᠭᠤᠨ ᠤ᠋ ᠳᠠᠯᠠᠢᠨᠠᠭᠣᠷ ᠦᠨᠳᠦᠰᠦᠲᠡᠨ ᠦ᠌ ᠲᠤᠷᠰᠢᠯᠲᠠ ᠶ᠋ᠢᠨ ᠪᠠᠭ᠎ᠠ ᠰᠤᠷᠭᠠᠭᠤᠯᠢ ᠶ᠋ᠢᠨ ᠪᠠᠭᠰᠢ᠂
ᠿᠦᠩ ᠰᠢ — ᠲᠦᠩᠯᠢᠶᠣᠤ ᠬᠣᠲᠠ ᠶ᠋ᠢᠨ ᠬᠦᠷᠢᠶ᠎ᠡ ᠬᠤᠰᠢᠭᠤᠨ ᠤ᠋ ᠬᠦᠷᠢᠶ᠎ᠡ ᠪᠠᠯᠭᠠᠰᠤᠨ ᠤ᠋ ᠠᠷᠠᠳ ᠤ᠋ᠨ ᠵᠠᠰᠠᠭ ᠤ᠋ᠨ ᠣᠷᠳᠣᠨ ᠤ᠋ ᠠᠵᠢᠯᠲᠠᠨ
ᠨᠠᠷᠠᠨᠵᠦ᠋ᠭ — ᠨᠡᠷ᠎ᠡ ᠭᠧᠨ ᠰᠢᠶᠣᠤ ᠂ ᠤᠯᠠᠭᠠᠨᠬᠠᠳᠠ ᠬᠣᠲᠠ ᠶ᠋ᠢᠨ ᠠᠷᠤ ᠬᠣᠷᠴᠢᠨ ᠬᠤᠰᠢᠭᠤᠨ ᠤ᠋ ᠬᠣᠨᠳᠣ ᠪᠠᠯᠭᠠᠰᠤ
ᠰᠠᠷᠠᠨᠲᠤᠶᠠᠭ᠎ᠠ — ᠣᠷᠳᠣᠰ ᠬᠣᠲᠠ ᠶ᠋ᠢᠨ ᠣᠲᠣᠭ ᠬᠣᠰᠢᠭᠤ ᠂ ᠥᠪᠥᠷ ᠮᠣᠩᠭᠣᠯ ᠤ᠋ᠨ ᠦᠨᠳᠦᠰᠦᠲᠡᠨ ᠦ᠌ ᠴᠡᠴᠡᠷᠯᠢᠭ ᠦ᠋ᠨ ᠪᠠᠭᠰᠢ ᠶ᠋ᠢᠨ ᠲᠤᠰᠬᠠᠢ ᠮᠡᠷᠭᠡᠵᠢᠯ ᠦ᠋ᠨ ᠳᠡᠭᠡᠳᠦ ᠰᠤᠷᠭᠠᠭᠤᠯᠢ ᠶ᠋ᠢᠨ ᠪᠠᠭᠰᠢ᠃
ᠬᠢᠨᠠᠭᠴᠢ᠄
ᠮᠥᠴᠢᠷ — ᠲᠦᠩᠯᠢᠶᠣᠤ ᠬᠣᠲᠠ ᠶ᠋ᠢᠨ ᠨᠠᠢ᠍ᠮᠠᠨ ᠬᠤᠰᠢᠭᠤᠨ ᠤ᠋ ᠲᠦᠯᠡᠭᠡᠨᠲᠠᠯ᠎ᠠ ᠪᠠᠭ᠎ᠠ ᠰᠤᠷᠭᠠᠭᠤᠯᠢ
ᠯᠢᠦ ᠴᠢᠩ ᠯᠢᠶᠠᠨ — ᠲᠤᠩᠯᠢᠶᠣᠣ ᠬᠣᠲᠠ ᠶ᠋ᠢᠨ ᠬᠣᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ᠋ ᠪᠤᠤ ᠯᠦᠩ ᠱᠠᠨ ᠮᠣᠩᠭᠣᠯ ᠦᠨᠳᠦᠰᠦᠲᠡᠨ ᠦ᠌ ᠳᠤᠮᠳᠠᠳᠤ ᠰᠤᠷᠭᠠᠭᠤᠯᠢ ᠶ᠋ᠢᠨ ᠮᠣᠩᠭᠣᠯ ᠬᠡᠯᠡ ᠪᠢᠴᠢᠭ ᠦ᠋ᠨ ᠪᠠᠭᠰᠢ ᠂ ᠬᠣᠷᠢ ᠭᠠᠷᠤᠢ ᠵᠢᠯ ᠦ᠋ᠨ ᠲᠤᠷᠰᠢ ᠂ ᠮᠣᠩᠭᠣᠯ ᠬᠡᠦᠬᠡᠳ ᠦ᠋ᠨ ᠢ᠋ᠶ᠋ᠡᠨ ᠡᠬᠡ ᠬᠡᠯᠡᠨ ᠦ᠌ ᠰᠤᠷᠭᠠᠨ ᠬᠥᠮᠦᠵᠢᠯ ᠦ᠋ᠨ ᠠᠵᠢᠯ ᠳ᠋ᠤ᠌ ᠭᠠᠷᠮᠠᠭᠠᠢᠯᠠᠨ ᠠᠵᠢᠯᠯᠠᠭᠰᠠᠭᠠᠷ ᠪᠠᠢᠭ᠎ᠠ ᠨᠢᠭᠡᠨ᠃
ᠪᠤᠤ ᠳᠣᠷᠣᠨ᠎ᠠ — ᠪᠤᠤ ᠿᠦᠩ ᠬᠤᠸᠠ᠃ ᠬᠣᠷᠴᠢᠨ ᠵᠡᠭᠦᠨ ᠭᠠᠷᠤᠨ ᠬᠣᠢᠲᠤ ᠬᠤᠰᠢᠭᠤᠨ ᠤ᠋ ᠨᠤᠭᠤᠰᠤᠲᠠᠢ ᠪᠠᠯᠭᠠᠰᠤᠨ ᠤ᠋ ᠭᠣᠣᠯ ᠪᠠᠭ᠎ᠠ ᠰᠤᠷᠭᠠᠭᠤᠯᠢ ᠶ᠋ᠢᠨ ᠲᠣᠭᠠᠨ ᠤ᠋ ᠤᠬᠠᠭᠠᠨ ᠤ᠋ ᠪᠠᠭᠰᠢ ᠃
ᠰᠡᠴᠡᠨᠴᠢᠮᠡᠭ — ᠲᠦᠩᠯᠢᠶᠣᠤ ᠬᠣᠲᠠ ᠶ᠋ᠢᠨ ᠨᠠᠢ᠍ᠮᠠᠨ ᠬᠤᠰᠢᠭᠤᠨ ᠤ᠋ ᡁᠢ ᠠᠨ ᠮᠣᠩᠭᠣᠯ ᠪᠠᠭ᠎ᠠ ᠰᠤᠷᠭᠠᠭᠤᠯᠢ ᠶ᠋ᠢᠨ ᠪᠠᠭᠰᠢ᠃
ᠣᠳᠬᠠᠨᠰᠣᠸᠠ — ᠪᠤᠭᠤᠲᠤ ᠬᠣᠲᠠ ᠶ᠋ᠢᠨ ᠵᠧᠦ ᠶᠤᠸᠠᠨ ᠲᠣᠭᠣᠷᠢᠭ ᠤ᠋ᠨ ᠮᠣᠩᠭᠣᠯ ᠪᠠᠭ᠎ᠠ ᠰᠤᠷᠭᠠᠭᠤᠯᠢ ᠶ᠋ᠢᠨ ᠠᠵᠢᠯ ᠠ᠋ᠴᠠ ᠪᠠᠨ ᠠᠮᠠᠷᠠᠭᠰᠠᠨ ᠮᠣᠩᠭᠣᠯ ᠬᠡᠯᠡᠨ ᠦ᠌ ᠪᠠᠭᠰᠢ ( ᠥᠨᠳᠥᠷ ᠳᠡᠰ )
ᠪᠠᠶᠠᠷᠴᠡᠴᠡᠭ — ᠬᠥᠯᠥᠨ ᠪᠤᠢᠷ ᠬᠣᠲᠠ ᠶ᠋ᠢᠨ ᠰᠢᠨ᠎ᠡ ᠪᠠᠷᠭᠤ ᠵᠡᠭᠦᠨ ᠬᠤᠰᠢᠭᠤᠨ ᠤ᠋ ᠤᠯᠤᠰ ᠤ᠋ᠨ ᠳᠡᠰ ᠦ᠋ᠨ 《 ᠬᠤᠪᠴᠠᠰᠤ ᠵᠠᠰᠠᠯ ᠤ᠋ᠨ ᠤᠷ᠎ᠠ ᠮᠡᠷᠭᠡᠵᠢᠯ 》 ᠦ᠋ᠨ ᠬᠢᠨᠠᠨ ᠰᠢᠯᠭᠠᠭᠴᠢ ᠂ ᠬᠣᠲᠠ ᠶ᠋ᠢᠨ ᠳᠡᠰ ᠦ᠋ᠨ ᠪᠠᠭᠰᠢ ᠶ᠋ᠢᠨ ᠦᠨᠡᠮᠯᠡᠯ ᠲᠡᠢ᠂ ᠰᠢᠨ᠎ᠡ ᠪᠠᠷᠭᠤ ᠵᠡᠭᠦᠨ ᠬᠤᠰᠢᠭᠤᠨ ᠤ᠋ ᠠᠵᠢᠯ ᠣᠯᠭᠣᠬᠤ ᠲᠣᠪᠴᠢᠶ᠎ᠠ ᠪᠠ 《 ᠰᠣᠶᠣᠯ ᠠᠵᠢᠯ ᠮᠡᠷᠭᠡᠵᠢᠯ 》 ᠦ᠋ᠨ ᠰᠤᠷᠭᠠᠭᠤᠯᠢ ᠶ᠋ᠢᠨ ᠮᠣᠩᠭᠣᠯ ᠬᠤᠪᠴᠠᠰᠤ ᠵᠠᠰᠠᠯ ᠤ᠋ᠨ ᠤᠷ᠎ᠠ ᠮᠡᠷᠭᠡᠵᠢᠯ ᠦ᠋ᠨ ᠣᠨᠴᠠ ᠤᠷᠢᠭᠰᠠᠨ ᠪᠠᠭᠰᠢ ᠪᠠᠷ 2011 ᠣᠨ ᠠ᠋ᠴᠠ ᠣᠳᠣ ᠪᠣᠯᠲᠠᠯ᠎ᠠ ᠠᠵᠢᠯᠯᠠᠵᠤ ᠪᠣᠢ ᠃
ᠰ᠂ ᠳᠣᠷᠣᠨ᠎ᠠ — ᠰᠢᠯᠢ ᠶ᠋ᠢᠨ ᠭᠣᠣᠯ ᠠᠢᠮᠠᠭ ᠊ᠤᠨ ᠡᠷᠢᠶᠡᠨ ᠬᠣᠲᠠ ᠶ᠋ᠢᠨ ᠮᠣᠩᠭᠣᠯ ᠪᠠᠭ᠎ᠠ ᠰᠤᠷᠭᠠᠭᠤᠯᠢ ᠶ᠋ᠢᠨ ᠪᠠᠭᠰᠢ
ᠱᠤᠸᠠᠩ ᠤ᠋ᠨ ᠬᠤᠸᠠ — ᠲᠥᠷᠥᠭᠰᠡᠨ ᠨᠤᠲᠤᠭ ᠲᠦᠩᠯᠢᠶᠣᠤ ᠬᠣᠲᠠ ᠶ᠋ᠢᠨ ᠬᠦᠷᠢᠶ᠎ᠡ ᠬᠣᠰᠢᠭᠤ᠂ ᠣᠳᠣ ᠤᠯᠠᠭᠠᠨᠴᠠᠪ ᠬᠣᠲᠠ ᠶ᠋ᠢᠨ ᠰᠢᠩ ᠾᠧ ᠰᠢᠶᠠᠨ ᠤ᠋ ᠬᠥᠳᠡᠭᠡ ᠲᠣᠰᠬᠣᠨ ᠢ᠋ ᠬᠥᠭᠵᠢᠭᠦᠯᠬᠦ ᠲᠣᠪᠴᠢᠶᠠᠨ ᠳ᠋ᠤ᠌ ᠠᠵᠢᠯᠯᠠᠵᠤ ᠪᠣᠢᠳᠣᠷᠣᠨᠠ - ᠬᠡᠰᠢᠭᠲᠡᠨ ᠬᠣᠰᠢᠭᠤ ᠪᠠᠷ ᠨᠤᠲᠤᠭᠲᠠᠢ ᠂ ᠲᠦᠩᠯᠢᠶᠣᠤ ᠬᠣᠲᠠ ᠶ᠋ᠢᠨ 《 ᠠᠯᠲᠠᠨ ᠦᠨᠳᠦᠰᠦ 》 ᠰᠡᠳᠬᠦᠯ ᠦ᠋ᠨ ᠮᠣᠩᠭᠣᠯ ᠬᠡᠯᠡᠨ ᠦ᠌ ᠨᠠᠢᠷᠠᠭᠤᠯᠤᠭᠴᠢ᠃

