ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ - ᠨᠥ 4 Гангын урсгал – Чингис эзний алтан ургийн түүх Канкны урсгал нэрт бичиг оршив - Нө 4
ᠪᠠᠰᠠ ᠪᠣᠭᠤᠳᠠ ᠴᠢᠩᠭᠢᠰ ᠬᠠᠭᠠᠨ ᠤ᠋ ᠡᠷᠬᠢᠮ ᠃ ᠰᠠᠢᠳ ᠶᠢᠰᠦᠨ ᠥᠷᠯᠥᠭᠡ① ᠭᠡᠮᠡᠨ ᠠᠯᠳᠠᠷᠰᠢᠭᠰᠠᠨ ᠠᠨᠤ ᠃ ᠠᠨᠤ ᠸᠠᠩ ᠬᠣᠣ ② ᠬᠠᠪᠠᠨ ᠠᠷᠯᠠᠬᠤᠳ ᠤ᠋ᠨ ᠬᠦᠯᠦᠭ ᠪᠣᠬᠤᠷᠴᠢ᠂ ᠵᠠᠯᠠᠷ ᠤ᠋ᠨ ᠲᠠᠶ᠋ᠢᠰᠢ ᠬᠤᠸᠠ ᠸᠠᠩ ᠮᠤᠬᠤᠯᠠᠢ ③ ᠲᠠᠤ ᠪᠸᠨ ᠬᠢᠶᠠᠨ (ᠴᠢᠶᠠᠨ) ᠬᠣᠣ ᠬᠠᠪᠠᠨ ᠥᠰᠢᠨ ᠦ᠌ ᠬᠠᠢᠷᠠᠲᠤ ᠪᠣᠬᠤᠷᠠᠯ④ ᠣᠶ᠋ᠢᠷᠠᠳ ᠤ᠋ᠨ ᠬᠠᠷ᠎ᠠ ᠬᠢᠷᠥᠭᠡ ( ᠬᠢᠷᠤ ) ᠂ ᠳᠥᠷᠪᠡᠨ ᠭᠥᠯᠥᠭᠡ ( ᠬᠦᠯᠦᠭ ) ᠂ ᠪᠠᠰᠤᠳ ᠤ᠋ᠨ ᠨᠣᠶᠠᠨ ᠵᠠᠪ⑤ ᠲᠠᠲᠠᠷ ᠤ᠋ᠨ ᠰᠢᠭᠢ ᠬᠤᠲᠤᠭ ᠂ ᠰᠦᠯᠳᠡᠷᠡᠲᠡᠨ ᠦ᠌ ᠲᠣᠷᠬᠠᠨ ᠰᠠᠷ᠎ᠠ⑥ ᠤᠷᠢᠶᠠᠩᠬᠠᠨ ᠤ᠋ ᠢᠯᠠᠮ᠎ᠠ ( ᠵᠠᠯᠠᠮ᠎ᠠ )᠂
— — — —
① ᠶᠢᠰᠦᠨ ᠥᠷᠯᠥᠭᠡ ᠄ ᠶᠢᠰᠦᠨ ᠥᠷᠯᠥᠭ ᠃ᠯᠤᠪᠰᠠᠩᠳᠠᠨᠽᠠᠨ ᠤ᠋ 《 ᠠᠯᠲᠠᠨ ᠲᠣᠪᠴᠢ 》 ᠳ᠋ᠤ᠌《ᠳᠣᠲᠣᠭᠠᠳᠤ ᠶᠢᠰᠦᠨ ᠰᠠᠶ᠋ᠢᠳ 》 ᠭᠡᠳᠡᠭ ᠃ 《 ᠠᠯᠲᠠᠨ ᠲᠣᠪᠴᠢ 》 ᠳ᠋ᠤ᠌ ᠴᠢᠩᠭᠢᠰ ᠦ᠋ᠨ ᠶᠢᠰᠦᠨ ᠥᠷᠯᠥᠭ ᠦ᠋ᠨ ᠲᠤᠬᠠᠢ ᠲᠡᠮᠳᠡᠭᠯᠡᠬᠦ ᠳ᠋ᠡᠭᠡᠨ ᠄ 《 ᠰᠣᠳᠣ ᠪᠣᠭᠳᠠ ᠴᠢᠩᠭᠢᠰ ᠬᠠᠭᠠᠨ ᠵᠠᠬ᠎ᠠ ᠨᠤᠲᠤᠭ ᠨᠤᠲᠤᠭᠯᠠᠵᠤ ᠶᠠᠪᠤᠬᠤᠢ ᠳ᠋ᠤᠷ ᠢ᠋ᠶ᠋ᠠᠨ ᠳᠣᠲᠣᠭᠠᠳᠤ ᠶᠢᠰᠦᠨ ᠰᠠᠶ᠋ᠢᠳ ᠢ᠋ᠶ᠋ᠠᠨ ᠠᠪᠴᠤ ᠮᠥᠷ ᠬᠠᠷᠠᠵᠤ ᠂ ᠪᠠᠷᠭᠤ ᠬᠠᠷᠠᠵᠤ ᠶᠠᠪᠤᠬᠤ ᠴᠠᠭ ᠲᠤᠷ ᠡᠵᠡᠨ ᠵᠠᠷᠯᠢᠭ ᠪᠣᠯᠤᠷᠤᠨ ᠄ < ᠶᠡᠷᠦ ᠠᠯᠢᠪᠠ ᠵᠦᠭ ᠡᠴᠡ ᠳᠠᠢᠰᠤᠨ ᠪᠣᠯᠬᠤᠶ᠎ᠠ ᠮᠡᠳᠡᠭᠡ ᠦᠭᠡᠢ᠂ ᠶᠢᠰᠦᠨ ᠰᠠᠶ᠋ᠢᠳ ᠭᠤᠷᠪᠠᠨ ᠬᠤᠪᠢ ᠪᠤᠯᠠ > ᠭᠡᠵᠦ ᠵᠠᠷᠯᠢᠭ ᠪᠣᠯᠪᠠ ᠃ ᠡᠵᠡᠨ ᠢ᠋ᠶ᠋ᠡᠨ ᠵᠠᠷᠯᠢᠭ ᠢ᠋ᠶ᠋ᠠᠷ ᠵᠠᠯᠠᠮ᠎ᠠ᠂ ᠴᠤᠤ ᠮᠡᠷᠭᠡᠨ᠂ ᠰᠢᠭᠢᠬᠤᠲᠤᠭ ᠡᠨᠡ ᠭᠤᠷᠪᠠ ᠬᠣᠯᠠ ᠨᠢᠭᠡᠨ ᠬᠤᠪᠢ ᠪᠣᠯᠪᠠ ᠃ ᠪᠣᠬᠤᠷᠵᠢ᠂ ᠪᠣᠷᠤᠬᠤᠯ᠂ ᠮᠣᠬᠤᠯᠢᠲᠠᠢ︵ᠮᠤᠬᠤᠯᠠᠢ) ᠡᠨᠡ ᠭᠤᠷᠪᠠ ᠨᠢᠭᠡᠨ ᠬᠤᠪᠢ ᠪᠣᠯᠪᠠ ᠃ ᠰᠤᠯᠰᠤᠷᠲᠠᠢ ᠶ᠋ᠢᠨ ᠲᠣᠷᠬᠤᠨ ᠰᠢᠷ᠎ᠠ ᠂ ᠪᠠᠰᠤᠳᠲᠠᠢ ᠶ᠋ᠢᠨ ᠵᠡᠪᠡ ᠂ ᠣᠶ᠋ᠢᠷᠠᠳ ᠤ᠋ᠨ ᠬᠠᠷ᠎ᠠ ᠬᠢᠷᠤ ᠡᠨᠡ ᠭᠤᠷᠪᠠ ᠨᠢᠭᠡᠨ ᠬᠤᠪᠢ ᠪᠣᠯᠵᠤ ᠭᠡᠷ ᠲᠡᠭᠡᠨ ᠰᠠᠭᠤᠪᠠ » ᠭᠡᠵᠡᠢ᠃ ᠡᠨᠡ ᠪᠣᠯ ᠴᠢᠩᠭᠢᠰ ᠬᠠᠭᠠᠨ ᠤ᠋ ᠶᠢᠰᠦᠨ ᠥᠷᠯᠥᠭ ᠦ᠋ᠨ ᠴᠡᠷᠢᠭ ᠵᠠᠰᠠᠭ ᠤ᠋ᠨ ᠶᠠᠪᠤᠳᠠᠯ ᠳ᠋ᠠᠬᠢ ᠠᠵᠢᠯ ᠤ᠋ᠨ ᠬᠤᠪᠢᠶᠠᠷᠢᠯᠠᠯ ᠪᠤᠶᠤ ᠃
② ᠧᠦ ᠸᠠᠩ ᠬᠣᠣ ᠬᠠᠪᠠᠨ ᠄ 1206 ᠣᠨ ᠳ᠋ᠤ᠌ ᠴᠢᠩᠭᠢᠰ ᠬᠠᠭᠠᠨ ᠶᠡᠬᠡ ᠣᠷᠣ ᠰᠠᠭᠤᠵᠤ ᠪᠦᠬᠦ ᠮᠣᠩᠭᠣᠯ ᠤ᠋ᠨ ᠬᠠᠭᠠᠨ ᠪᠣᠯᠤᠭᠰᠠᠨ ᠤ᠋ ᠳᠠᠷᠠᠭ᠎ᠠ ᠮᠤᠬᠤᠯᠠᠢ ᠶ᠋ᠢ ᠵᠡᠭᠦᠨ ᠭᠠᠷᠤᠨ ᠲᠦᠮᠡᠨ ᠊ᠢ ᠮᠡᠳᠡᠬᠦ ᠨᠣᠶᠠᠨ ᠂ ᠪᠤᠭᠤᠷᠵᠢ ᠶ᠋ᠢ ᠪᠠᠷᠠᠭᠤᠨ ᠭᠠᠷᠤᠨ ᠲᠦᠮᠡᠨ ᠊ᠢ ᠮᠡᠳᠡᠬᠦ ᠨᠣᠶᠠᠨ ᠭᠡᠮᠡᠨ ᠲᠤᠰ ᠲᠤᠰ ᠡᠷᠭᠦᠮᠵᠢᠯᠡᠵᠡᠢ ᠃ ᠬᠢᠲᠠᠳ ᠰᠤᠷᠪᠤᠯᠵᠢ ᠪᠢᠴᠢᠭ ᠲᠦ᠍ ᠪᠤᠭᠤᠷᠵᠢ ᠶ᠋ᠢ ᠢᠣ ᠸᠠᠨ ᠬᠡᠦ (右万户 ) ᠭᠡᠵᠦ ᠲᠡᠮᠳᠡᠭᠯᠡᠳᠡᠭ ᠶᠦ᠍ᠮ ᠂ ᠡᠨᠳᠡ ᠧᠦ ᠸᠠᠩ ᠬᠣᠣ ᠬᠠᠪᠠᠨ ᠭᠡᠵᠦ ᠲᠡᠮᠳᠡᠭᠯᠡᠭᠰᠡᠨ ᠨᠢ ᠬᠢᠲᠠᠳ ᠰᠤᠷᠪᠤᠯᠵᠢ ᠪᠢᠴᠢᠭ ᠲᠡᠬᠢ (右 方户) ᠶ᠋ᠢ ᠠᠪᠢᠶᠠᠴᠢᠯᠠᠨ ᠪᠢᠴᠢᠭᠰᠡᠨ ᠪᠠ 《 ᠬᠠᠪᠠᠨ 》 ᠭᠡᠵᠦ ᠮᠠᠨᠵᠤ ᠦᠭᠡ ᠶ᠋ᠢᠨ 《ᠰᠢᠳᠠᠷ ᠲᠦᠰᠢᠮᠡᠯ 》 ᠭᠡᠰᠡᠨ ᠦᠭᠡ ᠶ᠋ᠢ ᠬᠠᠪᠰᠤᠷᠭᠠᠨ ᠬᠡᠷᠡᠭᠯᠡᠵᠡᠢ ᠃
③ ᠭᠤᠸ᠎ᠠ ᠸᠠᠩ ᠮᠤᠬᠤᠯᠠᠢ ᠄ ᠬᠢᠲᠠᠳ ᠦᠭᠡ ᠭᠦᠸᠧ ᠸᠠᠩ (国王 ) ᠮᠤᠬᠤᠯᠠᠢ ᠭᠡᠰᠡᠨ ᠊ᠢ ᠮᠣᠩᠭᠣᠯ ᠰᠤᠷᠪᠤᠯᠵᠢ ᠳ᠋ᠤ᠌ ᠭᠤᠸ᠋᠎ᠠ ᠸᠠᠩ ᠮᠤᠬᠤᠯᠢ ᠭᠡᠵᠦ ᠲᠡᠮᠳᠡᠭᠯᠡᠳᠡᠭ ᠪᠣᠢ ᠃ ᠮᠤᠬᠤᠯᠠᠢ (1170 -1223 ) ᠪᠣᠯ ᠴᠢᠩᠭᠢᠰ ᠬᠠᠭᠠᠨ ᠤ᠋ ᠦᠶ᠎ᠡ ᠳ᠋ᠡᠬᠢ ᠠᠯᠳᠠᠷᠲᠤ ᠴᠡᠷᠢᠭ ᠦ᠋ᠨ ᠡᠷᠳᠡᠮᠲᠡᠨ ᠶᠦ᠍ᠮ ᠃ ᠲᠡᠷᠡ ᠴᠢᠩᠭᠢᠰ ᠊ᠢ ᠳᠠᠭᠠᠵᠤ ᠮᠣᠩᠭᠣᠯ ᠊ᠢ ᠨᠢᠭᠡᠳᠬᠡᠨ ᠮᠣᠩᠭᠣᠯ ᠲᠥᠷᠥ ᠶ᠋ᠢ ᠪᠠᠶ᠋ᠢᠭᠤᠯᠬᠤ ᠳ᠋ᠤ᠌ ᠮᠠᠰᠢ ᠶᠡᠬᠡ ᠭᠠᠪᠢᠶ᠎ᠠ ᠵᠢᠳᠬᠦᠯ ᠦᠵᠡᠭᠦᠯᠵᠡᠢ᠃ 1211 ᠣᠨ ᠳ᠋ᠤ᠌ ᠮᠤᠬᠤᠯᠠᠢ ᠡᠮᠦᠨᠡᠰᠢ ᠳᠠᠶ᠋ᠢᠯᠠᠬᠤ ᠶᠡᠬᠡ ᠴᠡᠷᠢᠭ ᠊ᠢ ᠳᠠᠶ᠋ᠢᠴᠢᠯᠠᠨ ᠯᠢᠶᠣᠤ ᠳ᠋ᠦ᠋ᠩ᠂ᠯᠢᠶᠣᠤ ᠰᠢ ᠶ᠋ᠢᠨ ᠭᠠᠵᠠᠷ ᠊ᠢ ᠳᠠᠶ᠋ᠢᠯᠠᠨ ᠠᠪᠤᠪᠠ᠃ ᠮᠤᠬᠤᠯᠠᠢ ᠶ᠋ᠢᠨ ᠴᠡᠷᠢᠭ ᠲᠡᠶ᠋ᠢᠨ ᠦ᠌ ᠦᠢᠯᠡᠰ ᠲᠦ᠍ ᠦᠵᠡᠭᠦᠯᠦᠭᠰᠡᠨ ᠭᠠᠪᠢᠶ᠎ᠠ ᠶ᠋ᠢ ᠦᠨᠳᠦᠰᠦᠯᠡᠨ ᠴᠢᠩᠭᠢᠰ ᠬᠠᠭᠠᠨ ᠲᠡᠭᠦᠨ ᠊ᠢ ᠭᠦᠸᠧ ᠸᠠᠩ (国王 ) ᠡᠷᠭᠦᠮᠵᠢᠯᠡᠵᠡᠢ ᠃ ᠮᠤᠬᠤᠯᠠᠢ ᠶ᠋ᠢ ᠭᠦᠸᠧ ᠸᠠᠩ ᠡᠷᠭᠦᠮᠵᠢᠯᠡᠭᠰᠡᠨ ᠣᠨ ᠵᠢᠯ ᠦ᠋ᠨ ᠲᠤᠬᠠᠢ ᠰᠤᠳᠤᠷ ᠪᠢᠴᠢᠭ ᠲᠦ᠍ ᠠᠳᠠᠯᠢ ᠦᠭᠡᠢ ᠲᠡᠮᠳᠡᠭᠯᠡᠯ ᠪᠠᠶ᠋ᠢᠳᠠᠭ᠃ 《 ᠮᠣᠩᠭᠣᠯ ᠤ᠋ᠨ ᠨᠢᠭᠤᠴᠠ ᠲᠣᠪᠴᠢᠶᠠᠨ 》 ᠳ᠋ᠤ᠌1206 ᠣᠨ ᠳ᠋ᠤ᠌ ᠮᠤᠬᠤᠯᠠᠢ ᠶ᠋ᠢ ᠭᠦᠸᠧ ᠸᠠᠩ ᠡᠷᠭᠦᠮᠵᠢᠯᠡᠪᠡ ᠭᠡᠬᠦ ᠂ 《 ᠶᠤᠸᠠᠨ ᠰᠢ 》 ᠳ᠋ᠦ᠍1217 ᠣᠨ ᠳ᠋ᠤ᠌ ᠭᠦᠸᠧ ᠸᠠᠩ ᠡᠷᠭᠦᠮᠵᠢᠯᠡᠪᠡ ᠭᠡᠬᠦ᠂ᠷᠠᠰᠢᠳ᠋-ᠠᠳ᠋-ᠳ᠋ᠢᠨ ᠦ᠌ ᠬᠡᠯᠡᠬᠦ ᠪᠡᠷ ᠪᠣᠯ1218 ᠣᠨ ᠳ᠋ᠤ᠌ ᠶᠤᠮ ᠭᠡᠨ᠎ᠡ ᠃ ᠶᠠᠫᠣᠨ ᠤ᠋ ᠡᠷᠳᠡᠮᠲᠡᠨ -ᠮᠤᠷᠠᠺᠠᠮᠠᠢ -ᠮᠠᠰᠼᠢ᠍ᠵᠢ ᠶ᠋ᠢᠨ ᠬᠡᠯᠡᠬᠦ ᠪᠡᠷ ᠪᠣᠯ 《国王 》 ᠭᠡᠰᠡᠨ ᠬᠢᠲᠠᠳ ᠦᠭᠡ ᠠᠯᠢ ᠡᠷᠲᠡ ᠬᠢᠳᠠᠨ ᠪᠠ ᠵᠣᠷᠴᠢᠨ ᠨᠠᠷ ᠤ᠋ᠨ ᠦᠭᠡᠨ ᠳ᠋ᠦ᠍ ᠵᠢᠭᠡᠯᠡᠭᠳᠡᠨ ᠬᠡᠷᠡᠭᠯᠡᠭᠳᠡᠵᠦ ᠪᠠᠶ᠋ᠢᠭᠰᠠᠨ ᠤᠴᠢᠷ ᠠ᠋ᠴᠠ ᠮᠣᠩᠭᠣᠯᠴᠤᠳ ᠪᠠᠰᠠ ᠡᠨᠡ ᠦᠭᠡ ᠶ᠋ᠢ ᠠᠯᠢ ᠡᠷᠲᠡ ᠬᠡᠷᠡᠭᠯᠡᠵᠦ ᠪᠠᠶ᠋ᠢᠭᠰᠠᠨ ᠭᠡᠨ᠎ᠡ᠃ ᠡᠭᠦᠨ ᠡᠴᠡ ᠦᠵᠡᠪᠡᠯ᠂ 《 ᠨᠢᠭᠤᠴᠠ ᠲᠣᠪᠴᠢᠶᠠᠨ 》 ᠳ᠋ᠤ᠌ ᠮᠤᠬᠤᠯᠠᠢ ᠶ᠋ᠢ1206 ᠣᠨ ᠳ᠋ᠤ᠌ ᠭᠦᠸᠧ ᠸᠠᠩ ᠡᠷᠭᠦᠮᠵᠢᠯᠡᠯ᠎ᠡ ᠭᠡᠰᠡᠨ ᠨᠢ ᠳᠡᠮᠡᠢ ᠰᠡᠵᠢᠭ ᠲᠡᠢ ᠠᠰᠠᠭᠤᠳᠠᠯ ᠪᠢᠰᠢ ᠶᠦ᠍ᠮ᠃
④ ᠲᠠᠤ ᠹᠧᠨ ᠬᠢᠶᠠᠨ ᠬᠣᠣ ᠥᠰᠢᠨ ᠦ᠌ ᠬᠠᠶ᠋ᠢᠷᠠᠲᠤ ᠪᠣᠬᠤᠷᠠᠯ ᠄ 《 ᠮᠣᠩᠭᠣᠯ ᠤ᠋ᠨ ᠨᠢᠭᠤᠴᠠ ᠲᠣᠪᠴᠢᠶᠠᠨ 》 ᠳ᠋ᠤ᠌ ᠪᠣᠷᠤᠬᠤᠯ ᠭᠡᠵᠡᠢ ᠃ ᠴᠢᠩᠭᠢᠰ ᠬᠠᠭᠠᠨ ᠵᠥᠷᠭᠢᠨ ᠠᠶ᠋ᠢᠮᠠᠭ ᠊ᠢ ᠳᠠᠶ᠋ᠢᠯᠠᠬᠤ ᠳ᠋ᠤ᠌ ᠲᠡᠶ᠋ᠢᠨ ᠦ᠌ ᠳᠤᠮᠳᠠ ᠠ᠋ᠴᠠ ᠣᠯᠵᠤ ᠠᠪᠤᠭᠰᠠᠨ ᠪᠤᠶᠤ᠃ ᠥᠭᠡᠯᠦᠨ ᠡᠬᠡ ᠠᠰᠠᠷᠠᠨ ᠲᠡᠵᠢᠭᠡᠵᠦ ᠡᠷ᠎ᠡ ᠶ᠋ᠢᠨ ᠲᠤᠶ᠋ᠢᠯ ᠳ᠋ᠤ᠌ ᠬᠦᠷᠭᠡᠪᠡ᠃ ᠴᠢᠩᠭᠢᠰ ᠬᠠᠭᠠᠨ ᠪᠣᠷᠤᠬᠤᠯ ᠊ᠢ ᠄ 《 ᠬᠠᠷᠪᠤᠬᠤ ᠰᠤᠮᠤᠨ ᠳ᠋ᠤ᠌ ᠬᠠᠯᠬᠠᠪᠴᠢ ᠪᠣᠯᠤᠭᠰᠠᠨ ᠰᠤᠷᠬᠢᠷᠠᠬᠤ ᠰᠤᠮᠤᠨ ᠳ᠋ᠤ᠌ ᠰᠠᠷᠠᠪᠴᠢ ᠪᠣᠯᠤᠭᠰᠠᠨ ᠂ ᠲᠣᠯᠣᠭᠠᠢ ᠪᠠᠨ ᠰᠢᠷᠬᠠᠲᠠᠬᠤ ᠳ᠋ᠤ᠌ ᠲᠣᠬᠣᠮ ᠢ᠋ᠶ᠋ᠠᠨ ᠡᠰᠡ ᠠᠯᠳᠠᠭᠰᠠᠨ ᠬᠥᠰᠢᠨ ᠦ᠌ ᠰᠠᠢᠨ ᠪᠣᠷᠤᠬᠤᠯ ᠮᠢᠨᠢ 》 ( 《 ᠯᠦ᠍᠂ ᠠᠯᠲᠠᠨ ᠲᠣᠪᠴᠢ 》 ) ᠭᠡᠵᠦ ᠮᠠᠭᠲᠠᠳᠠᠭ ᠃ ᠴᠢᠩᠭᠢᠰ ᠬᠠᠭᠠᠨ ᠶᠡᠬᠡ ᠣᠷᠣ ᠰᠠᠭᠤᠭᠰᠠᠨ ᠤ᠋ ᠳᠠᠷᠠᠭ᠎ᠠ ᠲᠡᠷᠢᠭᠦᠨ ᠤᠳᠠᠭ᠎ᠠ ᠮᠢᠩᠭᠠᠲᠤ ᠶ᠋ᠢᠨ ᠨᠣᠶᠠᠳ ᠊ᠢ ᠡᠷᠭᠦᠮᠵᠢᠯᠡᠬᠦ ᠳ᠋ᠦ᠍ ᠪᠣᠷᠤᠬᠤᠯ ᠊ᠢ ᠡᠷᠭᠦᠮᠵᠢᠯᠡᠪᠡ ᠂ ᠡᠨᠡ ᠤᠴᠢᠷ ᠢ᠋ ᠬᠢᠲᠠᠳ ᠰᠤᠳᠤᠷ ᠲᠤ᠌ ᠲᠧᠦ ᠹᠧᠨ ᠴᠢᠶᠠᠨ ᠬᠤ᠌ ( 《头分千户 》 ) ( ᠠᠩᠬᠠᠨ ᠤᠳᠠᠭ᠎ᠠ ᠡᠷᠭᠦᠮᠵᠢᠯᠡᠭᠰᠡᠨ ᠮᠢᠩᠭᠠᠲᠤ ᠶ᠋ᠢᠨ ᠨᠣᠶᠠᠨ ) ᠭᠡᠳᠡᠭ᠃ ᠡᠨᠳᠡ ᠡᠨᠡ ᠤᠴᠢᠷ ᠊ᠢ ᠠᠪᠢᠶᠠᠴᠢᠯᠠᠨ ᠲᠡᠮᠳᠡᠭᠯᠡᠵᠡᠢ᠃
⑤ ᠵᠠᠪ ᠄ ᠵᠡᠪᠡ ᠪᠤᠶᠤ ᠃ ᠣᠯᠠᠨ ᠲᠠᠶ᠋ᠢᠴᠢᠭᠤᠳ ᠠᠶ᠋ᠢᠮᠠᠭ ᠤ᠋ᠨ ᠬᠥᠮᠦᠨ ᠂ ᠤᠭ ᠨᠡᠷ᠎ᠡ ᠵᠢᠷᠭᠤᠭᠠᠲᠠᠢ᠃ ᠬᠠᠷᠪᠤᠯᠭ᠎ᠠ ᠳ᠋ᠤ᠌ ᠮᠡᠷᠭᠡᠨ ᠤᠴᠢᠷ ᠠ᠋ᠴᠠ ᠴᠢᠩᠭᠢᠰ ᠬᠠᠭᠠᠨ ᠲᠡᠭᠦᠨ ᠳ᠋ᠦ᠍ ᠵᠡᠪᠡ ᠨᠡᠷ᠎ᠡ ᠥᠭᠪᠡ᠃1211 ᠣᠨ ᠳ᠋ᠤ᠌ ᠠᠯᠲᠠᠨ ᠤᠯᠤᠰ ᠊ᠢ ᠴᠣᠬᠢᠬᠤ ᠳ᠋ᠤ᠌ ᠬᠣᠰᠢᠭᠤᠴᠢ ᠶᠠᠪᠤᠵᠤ ᠂ᠵᠢᠦᠢ ᠶᠦᠩ ᠭᠤᠸᠠᠨ ᠪᠣᠭᠣᠮᠲᠠ ᠶ᠋ᠢ ᠡᠪᠳᠡᠨ ᠾᠧ ᠪᠧᠢ ᠶ᠋ᠢ ᠡᠵᠡᠯᠡᠨ ᠨᠡᠷ᠎ᠡ ᠮᠠᠨᠳᠤᠪᠠ᠃1219 ᠣᠨ ᠳ᠋ᠤ᠌ ᠴᠢᠩᠭᠢᠰ ᠬᠠᠭᠠᠨ ᠪᠠᠷᠠᠭᠤᠨᠰᠢ ᠳᠠᠶ᠋ᠢᠯᠠᠵᠤ ᠬᠣᠷᠧᠼᠮ ᠊ᠢ ᠡᠵᠡᠯᠡᠬᠦ ᠲᠡᠶ᠋ᠢᠨ ᠳ᠋ᠦ᠍ ᠵᠡᠪᠡ ᠵᠠᠩᠵᠤᠨ ᠭᠠᠪᠢᠶ᠎ᠠ ᠪᠠᠶ᠋ᠢᠭᠤᠯᠵᠤ᠂ᠬᠡᠪᠴᠠᠬ᠂ᠣᠷᠣᠰ ᠊ᠢ ᠳᠠᠶ᠋ᠢᠯᠠᠬᠤ ᠲᠡᠶ᠋ᠢᠨ ᠳ᠋ᠦ᠍ ᠪᠦᠷ ᠭᠠᠪᠢᠶ᠎ᠠ ᠪᠠᠶ᠋ᠢᠭᠤᠯᠵᠤ ᠶᠠᠪᠤᠵᠠᠢ᠃1224 ᠣᠨ ᠳ᠋ᠤ᠌ ᠪᠠᠷᠠᠭᠤᠨᠰᠢ ᠳᠠᠶ᠋ᠢᠯᠠᠭᠰᠠᠨ ᠴᠡᠷᠢᠭ ᠮᠣᠩᠭᠣᠯ ᠭᠠᠵᠠᠷ ᠢ᠋ᠶ᠋ᠠᠨ ᠪᠤᠴᠠᠬᠤ ᠵᠠᠮ ᠤ᠋ᠨ ᠳᠤᠮᠳᠠ ᠡᠨᠡ ᠶᠡᠬᠡ ᠵᠠᠩᠵᠤᠨ ᠡᠪᠡᠳᠴᠢᠨ ᠢ᠋ᠶ᠋ᠡᠷ ᠨᠠᠰᠤ ᠪᠠᠷᠠᠵᠠᠢ᠃
⑥ 《 ᠮᠣᠩᠭᠣᠯ ᠤ᠋ᠨ ᠨᠢᠭᠤᠴᠠ ᠲᠣᠪᠴᠢᠶᠠᠨ 》 ᠳ᠋ᠤ᠌ ᠰᠦᠯᠲᠡᠰᠦᠨ ᠦ᠌ ᠰᠤᠷᠬᠠᠨ ᠰᠢᠷ᠎ᠠ ᠭᠡᠳᠡᠭ ᠃
ᠲᠠᠢᠰᠢ ᠵᠦᠩ ᠱᠤ᠌ ᠯᠢᠩ ᠬᠠᠪᠠᠨ ᠂ ᠭᠤᠸᠠᠩ ᠨᠢᠩ ᠸᠠᠨ ᠵᠢᠩ ᠸᠠᠩ ᠵᠣᠷᠴᠢᠳ ᠤ᠋ᠨ ᠴᠤ᠌ ᠮᠡᠷᠭᠡᠨ ①ᠡᠳᠡ ᠪᠤᠶᠤ ᠃ ᠲᠠᠪᠤᠨ ᠥᠩᠭᠡ ᠂ ᠲᠠᠪᠤᠨ ᠬᠠᠷ ᠤᠯᠤᠰ ② ᠬᠡᠮᠡᠭᠳᠡᠬᠦ ᠢᠨᠤ᠂ ᠵᠠᠷᠢᠮ ᠰᠤᠲᠣᠷᠠ ᠃ ᠬᠥᠬᠡ ᠮᠣᠩᠭᠣᠯ ᠂ ᠤᠯᠠᠭᠠᠨ ᠬᠢᠲᠠᠳ ᠂ ᠬᠠᠷ᠎ᠠ ᠲᠥᠪᠳᠡ ( ᠲᠥᠪᠡᠳ ) ᠂ ᠰᠠᠷ᠎ᠠ ( ᠰᠢᠷ᠎ᠠ ) ᠰᠠᠷᠲᠠᠬᠤᠯ ᠂ ᠴᠠᠭᠠᠨ ᠰᠣᠯᠣᠩᠭᠣᠳ ᠂ ᠡᠳᠡ ᠲᠠᠪᠤᠨ ᠥᠩᠭᠡ ᠪᠥᠭᠡᠳ ᠂ ᠮᠣᠩᠭᠣᠯ ᠤ᠋ᠨ ᠤᠬᠠᠭᠠᠨ ᠲᠤᠯᠠ ᠢᠨᠠᠳᠤ ᠪᠤᠰᠤ ᠳᠥᠷᠪᠡᠨ ᠢᠨᠤ ᠃ ᠳᠥᠷᠪᠡᠨ ᠬᠠᠷᠢ ᠪᠣᠢ ᠬᠡᠮᠡᠵᠦᠬᠦᠢ᠃ ᠵᠠᠷᠢᠮ ᠲᠠᠪᠤᠨ ᠥᠩᠭᠡ ᠤᠷᠢᠳᠤ ᠮᠡᠲᠦ ᠳᠡᠭᠡᠷ᠎ᠡ ᠂ ᠭᠠᠭᠴᠠ ᠬᠥᠯ ᠳ᠋ᠦ᠍ ᠽᠣᠨᠳ᠋
— — — —
① ᠲᠠᠶ᠋ᠢᠰᠢ ᠵᠦᠩ ᠱᠧ ᠯᠢᠩ ᠬᠠᠪᠠᠨ ᠂ ᠭᠤᠸᠠᠩ ᠨᠢᠩ ᠸᠠᠨ ᠵᠢᠩ ᠸᠠᠩ ᠵᠦᠷᠴᠢᠳ ᠦ᠋ᠨ ᠴᠦ᠍ ᠮᠡᠷᠭᠡᠨ ᠄ ᠮᠣᠩᠭᠣᠯ ᠤ᠋ᠨ ᠲᠡᠦᠬᠡᠨ ᠳ᠋ᠦ᠍ ᠨᠡᠷ᠎ᠡ ᠠᠯᠳᠠᠷᠰᠢᠭᠰᠠᠨ ᠶᠸᠯᠢᠤᠢ ᠴᠦᠰᠡᠢ(1190-1244) ᠶ᠋ᠢ ᠮᠣᠩᠭᠣᠯ ᠲᠡᠦᠬᠡᠨ ᠰᠤᠷᠪᠤᠯᠵᠢ ᠳ᠋ᠤ᠌ ᠴᠤᠤ ᠮᠡᠷᠭᠡᠨ ᠭᠡᠳᠡᠭ ᠃ ᠶᠸᠯᠢᠤᠢ ᠴᠦᠰᠡᠢ ᠪᠣᠯ ᠬᠢᠲᠠᠳ ᠬᠥᠮᠦᠨ ᠂ ᠮᠣᠩᠭᠣᠯ ᠬᠠᠭᠠᠨᠲᠤ ᠤᠯᠤᠰ ᠤ᠋ᠨ ᠴᠢᠩᠭᠢᠰ ᠪᠠ ᠥᠭᠡᠳᠡᠢ ᠶ᠋ᠢᠨ ᠦᠶ᠎ᠡ ᠳ᠋ᠡᠬᠢ ᠶᠡᠬᠡ ᠲᠦᠰᠢᠮᠡᠯ ᠪᠤᠶᠤ ᠃1215 ᠣᠨ ᠳ᠋ᠤ᠌ ᠴᠢᠩᠭᠢᠰ ᠬᠠᠭᠠᠨ ᠶᠠᠨ ᠵᠢᠩ ( ᠪᠡᠭᠡᠵᠢᠩ) ᠊ᠢ ᠡᠵᠡᠯᠡᠬᠦ ᠦᠶ᠎ᠡ ᠳ᠋ᠦ᠍ ᠶᠸᠯᠢᠤᠢ ᠴᠦᠰᠡᠢ ᠮᠣᠩᠭᠣᠯ ᠳ᠋ᠤ᠌ ᠪᠠᠭᠤᠨ ᠥᠭᠪᠡ᠃ ᠲᠡᠭᠦᠨᠴᠡ ᠬᠣᠶ᠋ᠢᠰᠢ ᠶᠸᠯᠢᠤᠢ ᠴᠦᠰᠡᠢ ᠮᠣᠩᠭᠣᠯ ᠲᠥᠷᠥ ᠳ᠋ᠦ᠍ ᠭᠤᠴᠢᠨ ᠵᠢᠯ ᠲᠤᠰᠢᠶᠠᠯ ᠡᠭᠦᠷᠴᠦ ᠵᠦᠩ ᠱᠤ᠌ ᠯᠢᠩ (中书令 ) ᠲᠦᠰᠢᠮᠡᠯ ᠦ᠋ᠨ ᠵᠡᠷᠭᠡ ᠳ᠋ᠦ᠍ ᠬᠦᠷᠴᠦ ᠂ ᠮᠣᠩᠭᠣᠯ ᠲᠥᠷᠥ ᠶ᠋ᠢᠨ ᠤᠯᠤᠰ ᠲᠥᠷᠥ ᠂ ᠠᠵᠤ ᠠᠬᠤᠢ ᠵᠢᠴᠢ ᠤᠳᠬ᠎ᠠ ᠰᠣᠶᠣᠯ ᠤ᠋ᠨ ᠦᠢᠯᠡᠰ ᠲᠦ᠍ ᠲᠣᠮᠣ ᠶᠡᠬᠡ ᠬᠦᠴᠦᠨ ᠦᠵᠡᠭᠦᠯᠵᠡᠢ ᠃ ᠶᠸᠯᠢᠤᠢ ᠴᠦᠰᠡᠢ ᠨᠠᠰᠤ ᠪᠠᠷᠠᠭᠰᠠᠨ ᠤ᠋ ᠬᠣᠶ᠋ᠢᠨ᠎ᠠ ᡁᠢ ᠰᠦᠨ ᠦ᠌ ᠠᠩᠬᠠᠨ ᠣᠨ(1330) ᠳ᠋ᠤ᠌ ᠨᠡᠬᠡᠵᠦ ᠭᠤᠸᠠᠩ ᠨᠢᠩ ᠸᠠᠩ ᠡᠷᠭᠦᠮᠵᠢᠯᠡᠨ ᠂ ᠴᠣᠯᠠ ᠶ᠋ᠢ ᠸᠸᠨ ᠶᠸᠩ ᠭᠡᠵᠡᠢ ᠃
② ᠲᠠᠪᠤᠨ ᠥᠩᠭᠡ ᠂ ᠲᠠᠪᠤᠨ ᠬᠠᠷ ᠤᠯᠤᠰ ᠄ ᠮᠣᠩᠭᠣᠯ ᠰᠤᠷᠪᠤᠯᠵᠢ ᠳ᠋ᠤ᠌ 《 ᠲᠠᠪᠤᠨ ᠥᠩᠭᠡ ᠂ ᠳᠥᠷᠪᠡᠨ ᠬᠠᠷᠢ ᠤᠯᠤᠰ 》 ᠭᠡᠵᠦ ᠲᠡᠮᠳᠡᠭᠯᠡᠳᠡᠭ᠃ᠡᠨᠳᠡ《 ᠲᠠᠪᠤᠨ ᠬᠠᠷ 》 ᠭᠡᠰᠡᠨ ᠨᠢ 《 ᠳᠥᠷᠪᠡᠨ ᠬᠠᠷᠢ 》 ᠭᠡᠰᠡᠨ ᠊ᠢ ᠡᠨᠳᠡᠭᠦᠷᠡᠨ ᠪᠢᠴᠢᠭᠰᠡᠨ ᠪᠣᠯᠤᠯᠲᠠᠢ ᠃ ᠤᠴᠢᠷ ᠨᠢ ᠂ᠬᠣᠶ᠋ᠢᠨ᠎ᠠ ᠲᠠᠶ᠋ᠢᠯᠪᠤᠷᠢᠯᠠᠭᠰᠠᠨ ᠨᠢ 《 ᠲᠠᠪᠤᠨ ᠥᠩᠭᠡ 》 ᠪᠠ 《 ᠳᠥᠷᠪᠡᠨ ᠬᠠᠷᠢ 》 ᠶ᠋ᠢᠨ ᠲᠤᠬᠠᠢ ᠶᠤᠮ ᠃ 《 ᠲᠠᠪᠤᠨ ᠥᠩᠭᠡ ᠳᠥᠷᠪᠡᠨ ᠬᠠᠷᠢ ᠤᠯᠤᠰ 》 ᠤ᠋ᠨ ᠢᠷᠡᠯᠲᠡ ᠪᠠ ᠠᠭᠤᠯᠭ᠎ᠠ ᠶ᠋ᠢᠨ ᠲᠤᠬᠠᠢ ᠲᠤᠰ ᠨᠣᠮ ᠤ᠋ᠨ ᠤᠳᠤᠷᠢᠳᠬᠠᠯ ᠳ᠋ᠤ᠌ ᠪᠢᠴᠢᠭᠰᠡᠨ ᠊ᠢ ᠦᠵᠡᠮᠦ ᠃
ᠤᠯᠤᠰ ᠂ ᠣᠭᠢᠨ ᠤᠯᠤᠰ ᠂ ᠡᠪᠡᠴᠡᠭᠥᠨ ᠳ᠋ᠡᠭᠡᠨ ᠨᠢᠳᠦ ᠳ᠋ᠦ᠍ ᠤᠯᠤᠰ᠃ ᠨᠣᠬᠠᠢ ᠲᠣᠯᠤᠬᠠᠢ ᠳ᠋ᠤ᠌ ᠤᠯᠤᠰ ② ᠂ ᠡᠳᠡ ᠳᠥᠷᠪᠡᠨ ᠬᠠᠷᠢ ᠪᠤᠶᠤ ᠬᠡᠮᠡᠶ᠋ᠢᠢ ᠃ ᠡᠳᠡᠭᠡᠷ ᠪᠠᠷᠤᠭ ᠰᠤᠳᠤᠷ ᠤ᠋ᠨ ᠦᠭᠡ ᠮᠥᠨ ᠪᠣᠯᠪᠠᠴᠤ ᠰᠢᠨᠵᠢᠯᠡᠪᠡᠰᠦ ᠂ᠲᠡᠳᠡᠭᠡᠷ ᠤᠯᠤᠰ ᠴᠥᠮ ᠪᠣᠭᠳᠠ ᠶ᠋ᠢᠨ ᠰᠣᠶᠣᠯ ᠳ᠋ᠤᠷ ᠳᠠᠭᠠᠭᠰᠠᠨ ᠨᠣᠶᠠᠨ ᠠᠯᠲᠠᠨ [ ᠠᠲᠠᠯ᠎ᠠ ] ᠂ ᠲᠡᠳᠡᠨ ᠳ᠋ᠦ᠍ᠷ ᠲᠡᠷᠡ ᠮᠡᠲᠦ ᠥᠩᠭᠡ ᠬᠠᠲᠠᠬᠤ ᠬᠠᠷᠢ ᠪᠤᠯᠬᠠᠬᠤ ᠤᠴᠢᠷ ᠤ᠋ᠨ ᠪᠠᠷᠢᠯᠳᠤᠯᠭ᠎ᠠ ᠲᠣᠳᠣᠷᠬᠠᠢ ᠦᠭᠡᠢ᠂ ᠲᠡᠭᠦᠨ ᠡᠴᠡ᠂ ᠬᠠᠷᠢᠨ ᠴᠢᠩᠭᠢᠰ ᠪᠣᠭᠳᠠ ᠣᠯᠠᠨ ᠥᠪᠡᠷ᠎ᠡ ᠶᠣᠰᠣᠲᠠᠨ ᠊ᠢ ᠡᠷᠬᠡ ᠳ᠋ᠡᠭᠡᠨ ᠬᠤᠷᠢᠶᠠᠭᠰᠠᠨ ᠠᠲᠠᠯᠠᠨ ᠂ᠰᠢᠳᠠᠷ ᠬᠢᠶ᠎ᠡ ᠯᠢᠦ ᠵᠦᠩ ᠯᠦ᠍ ᠲᠠᠢᠰᠢ ᠲᠦᠰᠢᠮᠡᠯ ᠷᠠᠰᠢᠶᠠᠨ
— — — —
② ᠡᠨᠳᠡ ᠳᠤᠷᠠᠳᠤᠭᠰᠠᠨ 《 ᠭᠠᠭᠴᠠ ᠬᠥᠯ ᠳ᠋ᠦ᠍ ᠽᠤᠨᠳ᠋ ᠤᠯᠤᠰ ᠂ ᠣᠬᠢᠨ ( ᠥᠬᠢᠨ ) ᠤᠯᠤᠰ ᠂ ᠡᠪᠴᠢᠭᠦᠨ ᠳ᠋ᠡᠭᠡᠨ ᠨᠢᠳᠦ ᠳ᠋ᠦ᠍ ᠤᠯᠤᠰ᠂ ᠲᠣᠯᠤᠬᠠᠢ ᠳ᠋ᠤ᠌ ᠤᠯᠤᠰ》ᠭᠡᠳᠡᠭ ᠪᠣᠯ ᠮᠣᠩᠭᠣᠯ ᠂ ᠬᠢᠲᠠᠳ ᠤ᠋ᠨ ᠡᠷᠲᠡᠨ ᠦ᠌ ᠰᠤᠷᠪᠤᠯᠵᠢ ᠪᠢᠴᠢᠭ ᠲᠦ᠍ ᠪᠦᠷ ᠬᠠᠷᠠᠭᠳᠠᠳᠠᠭ ᠵᠦᠢᠯ ᠪᠤᠶᠤ ᠃ ᠬᠢᠲᠠᠳ ᠤ᠋ᠨ 《 文献通考》 ᠪᠢᠴᠢᠭ ᠲᠦ᠍ ᠥᠬᠢᠨ ᠤᠯᠤᠰ ᠭᠡᠵᠦ ᠹᠦ ᠰᠠᠩ ( ᠶᠠᠫᠣᠨ ) ᠠ᠋ᠴᠠ ᠵᠡᠭᠦᠨᠰᠢ ᠮᠢᠩᠭ᠎ᠠ ᠢᠯᠡᠭᠦᠦ ᠭᠠᠵᠠᠷ ᠤ᠋ᠨ ᠳᠠᠯᠠᠢ ᠳᠤᠮᠳᠠᠬᠢ ᠨᠢᠭᠡᠨ ᠠᠷᠠᠯ ᠳᠡᠭᠡᠷ᠎ᠡ ᠪᠠᠶ᠋ᠢᠲᠠᠭ ᠪᠥᠭᠡᠳ ᠡᠨᠳᠡᠬᠢ ᠶ᠋ᠢᠨ ᠡᠮᠡᠭᠲᠡᠢᠴᠦᠳ ᠨᠢ ᠭᠣᠶᠣ ᠭᠠᠩᠬᠠᠨ ᠲᠥᠷᠥᠭᠰᠡᠨ ᠠᠲᠠᠯ᠎ᠠ ᠡᠷᠡᠭᠲᠡᠢᠴᠦᠳ ᠨᠢ ᠬᠠᠷᠢᠨ ᠬᠥᠮᠦᠨ ᠪᠡᠶᠡᠲᠦ ᠨᠣᠬᠠᠢ ᠲᠣᠯᠣᠭᠠᠢ ᠲᠠᠢ ᠂ ᠳᠠᠭᠤᠨ ᠠᠨᠤ ᠨᠣᠬᠠᠢ ᠬᠤᠴᠠᠬᠤ ᠠᠳᠠᠯᠢ ᠭᠡᠵᠦ ᠬᠠᠴᠢᠨ ᠰᠣᠨᠢᠨ ᠵᠦᠢᠯ ᠢ᠋ᠶ᠋ᠡᠷ ᠲᠡᠮᠳᠡᠭᠯᠡᠵᠡᠢ ᠃ ᠪᠠᠰᠠ ᠤᠮᠠᠷᠠᠲᠤ ᠳᠠᠯᠠᠢ ᠣᠷᠴᠢᠮ《 ᠴᠢᠳᠬᠥᠷ ᠤᠯᠤᠰ 》 ᠭᠡᠵᠦ ᠪᠠᠶ᠋ᠢᠬᠤ ᠪᠠ ᠠᠲᠠᠢ ᠤᠯᠤᠰ ᠨᠢ ᠡᠳᠦᠷ ᠲᠡᠭᠡᠨ ᠤᠨᠲᠠᠵᠤ ᠰᠥᠨᠢ ᠪᠣᠯᠪᠠᠯ ᠲᠣᠭᠣᠷᠢᠳᠠᠭ ᠪᠥᠭᠡᠳ ᠠᠮᠠ ᠠᠨᠤ ᠬᠦᠵᠦᠭᠦᠨ ᠳ᠋ᠡᠭᠡᠨ ᠪᠣᠢ ᠭᠡᠵᠦ ᠲᠡᠮᠳᠡᠭᠯᠡᠭᠰᠡᠨ ᠵᠦᠢᠯᠡᠰ ᠴᠦ᠍ ᠪᠠᠰᠠ ᠪᠣᠢ ᠃ ᠲᠡᠦᠬᠡᠴᠢ ᠢᠨᠵᠠᠨᠨᠠᠰᠢ ᠶ᠋ᠢᠨ ᠲᠡᠮᠳᠡᠭᠯᠡᠭᠰᠡᠨ ᠡᠴᠡ ᠦᠵᠡᠪᠡᠯ ᠡᠨᠡ ᠮᠡᠲᠦ ᠶ᠋ᠢᠨ ᠲᠡᠮᠳᠡᠭᠯᠡᠯ ᠊ᠢ ᠠᠯᠢ ᠡᠷᠲᠡ ᠮᠣᠩᠭᠣᠯ ᠤ᠋ᠨ 《 ᠬᠠᠭᠤᠴᠢᠨ ᠮᠣᠩᠭᠣᠯ ᠦᠭᠡᠰ ᠦ᠋ᠨ ᠰᠤᠳᠤᠷ 》 ᠲᠤ᠌ 《 ᠲᠠᠪᠤᠨ ᠬᠠᠷᠢ ᠬᠢᠯᠢᠭᠡᠳ ᠲᠠᠰᠢᠭ ᠤᠯᠤᠰ 》 ᠭᠡᠵᠦ ᠡᠩ ᠨᠡᠶ᠋ᠢᠲᠡ ᠳ᠋ᠦ᠍ᠨᠢ ᠲᠡᠮᠳᠡᠭᠯᠡᠵᠦ ᠪᠠᠶ᠋ᠢᠬᠰᠠᠨ ᠪᠠ 《 ᠡᠨᠡ ᠦᠶ᠎ᠡ ᠶ᠋ᠢᠨ ᠦᠭᠡ ᠪᠡᠷ ᠬᠡᠯᠡᠪᠡᠰᠦ ᠡᠲᠡᠭᠡᠳ ᠥᠪᠡᠷ᠎ᠡ ᠰᠣᠨᠢᠨ ᠵᠢᠭᠲᠡᠢ ᠤᠯᠤᠰ ᠬᠡᠮᠡᠭᠰᠡᠨ ᠦᠭᠡ 》 ( 《 ᠬᠥᠬᠡ ᠰᠤᠳᠤᠷ 》 ) ᠭᠡᠵᠦ ᠲᠠᠶ᠋ᠢᠯᠪᠤᠷᠢᠯᠠᠵᠠᠢ ᠃
ᠲᠠᠨ ᠵᠡᠷᠭᠡᠪᠡᠷ ᠂ ᠬᠢᠲᠠᠳ ᠣᠷᠣᠨ ᠳ᠋ᠤᠷ ᠵᠠᠷᠤᠵᠤ ᠴᠠᠩ ᠴᠥᠩ ᠂ ᠴᠠᠤ ᠴᠤ᠌ ᠶ᠋ᠢ ① ᠨᠡᠷᠡᠲᠦ ᠠᠷᠰᠢ ᠶ᠋ᠢ ᠠᠷᠪᠠᠨ ᠨᠠᠢ᠍ᠮᠠᠨ ᠮᠡᠷᠭᠡᠨ ᠱᠠᠪᠢ ᠲᠠᠢ ᠢᠨᠤ ᠤᠷᠢᠵᠤ ᠲᠠᠪᠤᠨ ᠣᠲᠣᠭᠠᠳ ᠂ ᠶᠣᠰᠣᠲᠤ ᠠᠭᠤᠯᠠᠨ ᠤ᠋ ᠡᠩᠭᠡᠷ ᠲᠣᠷ ᠪᠠᠷᠠᠭᠠᠯᠠᠭᠤᠯᠵᠤ ᠂ ᠲᠥᠷᠥ ᠶ᠋ᠢ ᠪᠠᠷᠢᠬᠤ ᠠᠮᠢᠲᠠᠨ ᠊ᠢ ᠲᠡᠳᠬᠦᠬᠦ ᠶᠣᠰᠣᠨ ᠊ᠢ ᠠᠰᠠᠭᠤᠵᠤ ᠰᠠᠶ᠋ᠢᠰᠢᠶᠠᠨ ᠮᠠᠭᠲᠠᠭᠠᠳ ᠂ ᠲᠥᠪ ᠲᠩᠷᠢ ᠴᠣᠯᠠ ᠡᠷᠭᠦᠵᠦ ᠂ ᠪᠠᠭᠰᠢ ᠶ᠋ᠢᠨ ᠶᠣᠰᠣᠬᠠᠷ ᠂ ᠬᠦᠨᠳᠦᠯᠡᠭᠰᠡᠨ ᠡᠴᠡ ᠡᠬᠢᠯᠡᠨ ᠂ ᠬᠣᠶ᠋ᠢᠰᠢ ᠥᠭᠡᠳᠡᠢ ᠡᠵᠡᠨ ᠂ ᠰᠡᠴᠡᠨ ᠬᠠᠭᠠᠨ ᠲᠠᠨ ᠠᠯᠢᠪᠠ ᠵᠠᠷᠴᠢᠮ ᠵᠢᠷᠤᠮ ᠬᠠᠤᠯᠢ ᠶᠣᠰᠣᠨ ᠊ᠢ ᠴᠥᠮ ᠬᠢᠲᠠᠳ ᠤ᠋ᠨ ᠶᠣᠰᠣᠭᠠᠷ ᠵᠣᠬᠢᠶᠠᠭᠰᠠᠨ ᠊ᠢ ᠪᠣᠳᠣᠪᠠᠰᠤ ᠰᠤᠳᠤᠷ ᠨᠣᠬᠤᠳ ᠲᠤᠷ ᠂ ᠡᠨᠡᠳᠬᠡᠭ ᠦ᠋ᠨ ᠰᠢᠰᠢᠨ ᠦ᠌ ᠬᠠᠭᠠᠨ ᠂ ᠬᠢᠲᠠᠳ ᠤ᠋ᠨ ᠲᠥᠷᠥ ᠶ᠋ᠢᠨ ᠬᠠᠭᠠᠨ ᠂ ᠭᠡᠮᠡᠨ ᠨᠣᠮᠠᠯᠠᠭᠰᠠᠨ ᠯᠤᠭ᠎ᠠ ᠤᠳᠬ᠎ᠠ ᠲᠡᠭᠦᠯᠳᠡᠷ ᠮᠡᠲᠦ ᠪᠠᠶ᠋ᠢᠨᠠᠮ ᠃ ᠲᠡᠭᠦᠪᠡᠷ ᠦᠯᠢᠵᠦ
— — — —
① ᠴᠢᠦ ᠴᠦ᠍ ᠶ᠋ᠢ (1147-1227 ) ᠄ ᠶᠤᠸᠠᠨ ᠤᠯᠤᠰ ᠤ᠋ᠨ ᠪᠣᠮᠪᠣ᠂ ᠳ᠋ᠧᠩ ᠵᡁᠸ᠋ ᠴᠢ ᠰᠢᠶᠠ ᠶ᠋ᠢᠨ ᠬᠥᠮᠦᠨ ᠃ ᠡᠷᠭᠦᠭᠰᠡᠨ ᠨᠡᠷ᠎ᠡ ᠲᠦᠩ ᠮᠢ ᠂ ᠴᠣᠯᠠ ᠴᠠᠩ ᠴᠦᠨ ᠽᠢ ᠭᠡᠳᠡᠭ ᠃1219 ᠣᠨ ᠳ᠋ᠤ᠌ ᠴᠢᠩᠭᠢᠰ ᠬᠠᠭᠠᠨ ᠨᠠᠢ᠍ᠮᠠᠨ ᠠ᠋ᠴᠠ ᠵᠠᠪᠠᠷ ᠪᠣᠯᠤᠨ ᠯᠢᠦ ᠵᠦᠩ ᠯᠦ᠍ ᠭᠡᠳᠡᠭ ᠬᠣᠶᠠᠷ ᠬᠥᠮᠦᠨ ᠊ᠢ ᠲᠣᠮᠢᠯᠠᠨ ᠪᠣᠮᠪᠣ ᠴᠢᠦ ᠴᠦ᠍ ᠶ᠋ᠢ ᠶ᠋ᠢ ᠵᠠᠯᠠᠭᠤᠯᠵᠠᠢ ᠃ ᠡᠨᠡ ᠪᠣᠮᠪᠣ ᠥᠩᠭᠡᠷᠡᠭᠰᠡᠨ ᠳ᠋ᠦ᠍ ᠠᠯᠲᠠᠨ ᠤᠯᠤᠰ ᠪᠠ ᠰᠥᠩ ᠤᠯᠤᠰ ᠠ᠋ᠴᠠ ᠡᠯᠴᠢ ᠲᠣᠮᠢᠯᠠᠨ ᠢᠷᠡᠭᠦᠯᠵᠦ ᠤᠷᠢᠵᠤ ᠵᠠᠯᠠᠭᠰᠠᠨ ᠳ᠋ᠤ᠌ ᠪᠦᠷ ᠣᠴᠢᠭᠰᠠᠨ ᠦᠭᠡᠢ ᠶᠦ᠍ᠮ ᠃ ᠡᠨᠡ ᠤᠳᠠᠭ᠎ᠠ ᠡᠨᠡ ᠪᠣᠮᠪᠣ ᠥᠪᠡᠷ ᠦ᠋ᠨ ᠱᠠᠪᠢ ᠪᠣᠯᠬᠤ ᠠᠷᠪᠠᠨ ᠨᠠᠢ᠍ᠮᠠᠨ ᠬᠥᠮᠦᠨ ᠊ᠢ ᠳᠠᠭᠠᠭᠤᠯᠤᠨ ᠴᠢᠩᠭᠢᠰ ᠬᠠᠭᠠᠨ ᠲᠠᠢ ᠠᠭᠤᠯᠵᠠᠬᠤ ᠪᠠᠷ ᠮᠣᠩᠭᠣᠯ ᠂ ᠲᠦᠷᠺᠢᠸᠰᠲ᠋ᠠᠨ ᠣᠷᠣᠨ ᠊ᠢ ᠥᠩᠭᠡᠷᠡᠨ ᠂ ᠡᠯᠡᠰᠦ ᠮᠠᠩᠬ᠎ᠠ ᠶ᠋ᠢ ᠲᠤᠭᠤᠯᠤᠨ ᠴᠠᠰᠤᠲᠤ ᠠᠭᠤᠯᠠ ᠶ᠋ᠢ ᠳᠠᠪᠠᠵᠤ ᠶᠠᠪᠤᠭᠰᠠᠭᠠᠷ1221 ᠣᠨ ᠪᠣᠯᠬᠤ ᠳ᠋ᠤ᠌ ᠴᠢᠩᠭᠢᠰ ᠬᠠᠭᠠᠨ ᠤ᠋ ᠥᠷᠭᠥᠭᠡ ᠪᠠᠶ᠋ᠢᠬᠰᠠᠨ ᠡᠨᠡᠳᠬᠡᠭ ᠦ᠋ᠨ ᠬᠢᠵᠠᠭᠠᠷ ᠬᠦᠷᠴᠦ ᠂ ᠴᠢᠩᠭᠢᠰ ᠬᠠᠭᠠᠨ ᠲᠠᠢ ᠠᠭᠤᠯᠵᠠᠵᠠᠢ ᠃ ᠲᠡᠭᠦᠨ ᠲᠡᠢ ᠬᠠᠮᠲᠤ ᠶᠠᠪᠤᠭᠰᠠᠨ ᠱᠠᠪᠢ ᠪᠣᠯᠬᠤ ᠯᠢ ᡁᠢ ᠴᠠᠩ ᠭᠡᠳᠡᠭ ᠬᠥᠮᠦᠨ 《 ᠴᠠᠩ ᠴᠦᠨ ᠪᠣᠮᠪᠣ ᠶ᠋ᠢᠨ ᠪᠠᠷᠠᠭᠤᠨᠰᠢ ᠵᠣᠷᠴᠢᠭᠰᠠᠨ ᠲᠡᠮᠳᠡᠭᠯᠡᠯ 》 ᠭᠡᠰᠡᠨ ᠵᠠᠮ ᠤ᠋ᠨ ᠲᠡᠮᠳᠡᠭᠯᠡᠯ ᠪᠢᠴᠢᠵᠦ ᠂ ᠲᠤᠬᠠᠢ ᠶ᠋ᠢᠨ ᠦᠶ᠎ᠡ ᠶ᠋ᠢᠨ ᠮᠣᠩᠭᠣᠯᠴᠤᠳ ᠤ᠋ᠨ ᠲᠤᠬᠠᠢ ᠣᠯᠠᠨ ᠰᠣᠨᠢᠨ ᠵᠦᠢᠯ ᠊ᠢ ᠮᠡᠳᠡᠭᠡᠯᠡᠵᠡᠢ ᠃
ᠰᠠᠭᠤᠪᠠᠰᠤ ᠶᠢᠰᠦᠨ ᠥᠷᠯᠥᠭ ᠡᠬᠤ ᠂ᠶᠢᠰᠦᠨ ᠴᠢᠩ① ᠬᠡᠮᠡᠭᠳᠡᠬᠦ ᠲᠥᠷᠥ ᠶ᠋ᠢᠨ ᠪᠣᠢ ᠦᠭᠡᠢ ᠶᠢᠰᠦᠨ ᠵᠦᠢᠯ ᠦᠢᠯᠡ ᠶ᠋ᠢ ᠳᠠᠭᠠᠭᠰᠠᠨ ᠡᠷᠬᠢᠮ ᠰᠠᠶ᠋ᠢᠳ ᠤ᠋ᠨ ᠬᠢᠭᠡᠳ ᠃ ᠲᠠᠪᠤᠨ ᠥᠩᠭᠡ ᠢᠨᠤ ᠬᠦᠩ ᠱᠠᠩ ᠵᠢᠶᠣᠤ ᠶ᠋ᠢ ᠢᠦᠢ ᠲᠠᠪᠤᠨ ᠮᠠᠭᠠᠪᠤᠳ② ᠤ᠋ᠨ ᠲᠠᠪᠤᠨ ᠴᠢᠨᠠᠷ ᠲᠤ᠌ ᠲᠠᠪᠤᠨ ᠵᠦᠢᠯ ᠣᠪᠣᠭ ᠲᠤᠷ ᠪᠠᠭᠲᠠᠭᠰᠠᠨ ᠂ ᠡᠯ᠎ᠡ ᠭᠣᠣᠯ ᠤᠯᠤᠰ ᠢᠷᠭᠡᠨ ᠪᠠ ᠳᠥᠷᠪᠡᠨ ᠬᠠᠷᠢ ᠠᠨᠤ ᠼᠢ ᠠᠢ③ ᠬᠡᠮᠡᠭᠳᠡᠬᠦ ᠂ ᠳᠤᠮᠳᠠᠳᠤ ᠤᠯᠤᠰ ᠤ᠋ᠨ ᠳᠥᠷᠪᠡᠨ ᠵᠦᠭ ᠲᠦ᠍ᠷ ᠠᠭᠠᠴᠢ ᠂ ᠠᠯᠪᠠ ᠡᠷᠭᠦᠨ ᠢᠪᠡᠭᠡᠯ ᠳ᠋ᠦ᠍ᠷ ᠬᠦᠷᠲᠡᠭᠴᠢ ᠡᠯ᠎ᠡ ᠭᠠᠳᠠᠭᠠᠳᠤ ᠤᠯᠤᠰ ᠨᠡᠶ᠋ᠢᠲᠡ ᠶ᠋ᠢᠨ ᠨᠡᠷ᠎ᠡ ᠪᠥᠭᠡᠳ ᠂ ᠬᠢᠲᠠᠳ ᠤ᠋ᠨ ᠠᠬᠤ ᠶᠣᠰᠣᠨ ᠤ᠋ ᠥᠭᠦᠯᠡᠯ ᠊ᠢ ᠳᠠᠭᠠᠵᠤ ᠮᠣᠩᠭᠣᠯᠴᠢᠯᠠᠨ ᠣᠷᠴᠢᠭᠤᠯᠤᠭᠰᠠᠨ ᠮᠡᠲᠦ ᠪᠠᠶ᠋ᠢᠨᠠᠮ ᠃
— — — —
① ᠶᠢᠰᠦᠨ ᠴᠢᠩ ᠄ ᠶᠢᠰᠦᠨ ᠥᠷᠯᠥᠭ ᠭᠡᠳᠡᠭ ᠊ᠢ ᠬᠢᠲᠠᠳ ᠤ᠋ᠨ ᠨᠣᠶᠠᠳ ᠲᠦᠰᠢᠮᠡᠯ ᠦ᠋ᠨ 《九卿 》 ᠭᠡᠳᠡᠭ ᠵᠡᠷᠭᠡ ᠲᠡᠢ ᠠᠳᠠᠯᠢ ᠭᠡᠵᠦ ᠦᠵᠡᠵᠡᠢ ᠃ 《 九卿》 ᠭᠡᠬᠦ ᠲᠦᠰᠢᠮᠡᠯ ᠦ᠋ᠨ ᠵᠡᠷᠭᠡ ᠳᠠᠭᠤᠳᠠᠯᠭ᠎ᠠ ᠪᠣᠯ ᠴᠢᠨ ᠤᠯᠤᠰ ᠂ ᠬᠠᠨ ᠤᠯᠤᠰ ᠤ᠋ᠨ ᠦᠶ᠎ᠡ ᠳ᠋ᠦ᠍ ᠣᠷᠳᠣᠨ ᠤ᠋ ᠳᠣᠲᠣᠷᠠᠬᠢ ᠵᠠᠰᠠᠭ ᠤ᠋ᠨ ᠨᠣᠶᠠᠨ ᠢ᠋ᠶ᠋ᠠᠨ ᠶᠢᠰᠦᠨ ᠵᠦᠢᠯ ᠢ᠋ᠶ᠋ᠡᠷ ᠨᠡᠷᠡᠯᠡᠨ ᠳᠠᠭᠤᠳᠠᠳᠠᠭ ᠪᠠᠶ᠋ᠢᠵᠠᠢ ᠃ᠡᠨᠡ ᠨᠢ ᠬᠡᠷᠡᠭ ᠳᠡᠭᠡᠷ᠎ᠡ ᠪᠡᠨ ᠲᠤᠬᠠᠢ ᠶ᠋ᠢᠨ ᠦᠶ᠎ᠡ ᠶ᠋ᠢᠨ ᠲᠥᠪ ᠦ᠋ᠨ ᠴᠡᠷᠢᠭ ᠵᠠᠰᠠᠭ ᠤ᠋ᠨ ᠪᠠᠶ᠋ᠢᠭᠤᠯᠤᠮᠵᠢ ᠨᠤᠭᠤᠳ ᠤ᠋ᠨ ᠶᠡᠷᠦᠩᠬᠡᠢ ᠨᠡᠷᠡᠶ᠋ᠢᠲᠦᠯ ᠪᠣᠯᠬᠤ ᠶᠤᠮ ᠃ ᠮᠢᠩ ᠤᠯᠤᠰ ᠪᠠ ᠴᠢᠩ ᠤᠯᠤᠰ ᠤ᠋ᠨ ᠦᠶ᠎ᠡ ᠳ᠋ᠦ᠍ ᠶᠡᠬᠡ ᠶᠢᠰᠦᠨ ᠴᠢᠩ ᠂ ᠪᠠᠭ᠎ᠠ ᠶᠢᠰᠦᠨ ᠴᠢᠩ ᠬᠤᠪᠢᠶᠠᠨ ᠢᠯᠭᠠᠵᠤ ᠪᠠᠶ᠋ᠢᠬᠰᠠᠨ ᠴᠤ᠌ ᠴᠣᠬᠣᠮ ᠶᠠᠮᠠᠷ ᠨᠣᠶᠠᠳ ᠊ᠢ ᠵᠢᠭᠠᠵᠤ ᠪᠠᠶ᠋ᠢᠬᠰᠠᠨ ᠲᠤᠬᠠᠢ ᠨᠠᠷᠢᠨ ᠲᠣᠳᠣᠷᠬᠠᠢ ᠲᠡᠮᠳᠡᠭᠯᠡᠯ ᠦᠭᠡᠢ ᠶᠦ᠍ᠮ ᠃ 《 ᠶᠢᠰᠦᠨ ᠥᠷᠯᠥᠭ 》 ᠭᠡᠳᠡᠭ ᠪᠣᠯ ᠮᠣᠩᠭᠣᠯ ᠲᠥᠷᠥ ᠶ᠋ᠢᠨ ᠦᠶ᠎ᠡ ᠳ᠋ᠦ᠍ ᠴᠢᠩᠭᠢᠰ ᠬᠠᠭᠠᠨ ᠤ᠋ ᠵᠠᠰᠠᠭ ᠴᠡᠷᠢᠭ ᠦ᠋ᠨ ᠴᠢᠬᠤᠯᠠ ᠡᠷᠬᠡ ᠶ᠋ᠢ ᠠᠳᠬᠤᠭᠰᠠᠨ ᠶᠢᠰᠦᠨ ᠨᠣᠶᠠᠳ ᠢ᠋ᠶ᠋ᠠᠨ ᠶᠢᠰᠦᠨ ᠥᠷᠯᠥᠭ ᠭᠡᠵᠦ ᠡᠷᠭᠦᠮᠵᠢᠯᠡᠨ ᠳᠠᠭᠤᠳᠠᠵᠤ ᠪᠠᠶ᠋ᠢᠬᠰᠠᠨ ᠶᠤᠮ ᠃ ᠡᠨᠡ ᠨᠢ ᠬᠢᠲᠠᠳ ᠤ᠋ᠨ 《九卿 》 ᠭᠡᠳᠡᠭ ᠲᠡᠢ ᠶᠠᠮᠠᠷ ᠴᠤ᠌ ᠬᠣᠯᠪᠣᠭ᠎ᠠ ᠦᠭᠡᠢ ᠶᠦ᠍ᠮ ᠃
② ᠡᠷᠲᠡᠨ ᠳ᠋ᠡᠭᠡᠨ ᠬᠢᠲᠠᠳ ᠦᠨᠳᠦᠰᠦᠲᠡᠨ ᠳᠠᠭᠤᠨ ᠠᠶᠠᠯᠭᠤ ᠂ ᠴᠢᠨᠠᠷ ᠮᠠᠬᠠᠪᠣᠳ ᠊ᠢ ᠲᠠᠪᠤᠨ ᠠᠶᠠᠯᠭᠤ ᠂ ᠡᠰᠡᠬᠦᠯ᠎ᠡ ᠲᠠᠪᠤᠨ ᠮᠠᠬᠠᠪᠣᠳ 《宫商角微羽 》 ᠭᠡᠵᠦ ᠲᠡᠮᠳᠡᠭᠯᠡᠵᠦ ᠢᠷᠡᠵᠡᠢ ᠃ ᠡᠭᠦᠨ ᠊ᠢ ᠮᠣᠩᠭᠣᠯ ᠤ᠋ᠨ ᠡᠷᠲᠡᠨ ᠦ᠌ ᠪᠢᠴᠢᠭ ᠲᠦ᠍ ᠪᠠᠰᠠ 《 ᠭᠦᠩᠳᠡᠭᠦᠨ ᠂ ᠰᠠᠩᠲᠠᠭᠤᠨ ᠂ ᠭᠢᠶᠣᠳᠠᠭᠤᠨ ᠂ ᠵᠢᠳᠠᠭᠤᠨ ᠂ ᠶᠦᠳᠠᠭᠤᠨ 》 ᠭᠡᠵᠦ ᠲᠡᠮᠳᠡᠭᠯᠡᠳᠡᠭ ᠶᠦ᠍ᠮ ᠃
③ ᠽᠢ ᠢ ᠄ ᠬᠢᠲᠠᠳ ᠤ᠋ᠨ 《 四夷》 ᠭᠡᠰᠡᠨ ᠦᠭᠡ ᠂ ᠳᠥᠷᠪᠡᠨ ᠬᠠᠷᠢ ᠭᠡᠵᠦ ᠮᠣᠩᠭᠣᠯ ᠤ᠋ᠨ ᠰᠤᠳᠤᠷ ᠪᠢᠴᠢᠭ ᠲᠦ᠍ ᠲᠡᠮᠳᠡᠭᠯᠡᠭᠰᠡᠭᠡᠷ ᠢᠷᠡᠵᠡᠢ ᠃ ᠡᠭᠦᠨ ᠊ᠢ ᠶᠠᠭ ᠬᠢᠲᠠᠳ ᠤ᠋ᠨ 《四夷 》 ᠭᠡᠳᠡᠭ ᠡᠴᠡ ᠢᠷᠡᠯ᠎ᠡ ᠭᠡᠵᠦ ᠦᠵᠡᠬᠦ ᠳ᠋ᠦ᠍ ᠦᠨᠳᠦᠰᠦ ᠦᠭᠡᠢ ᠶᠦ᠍ᠮ ᠃ 《 ᠲᠠᠪᠤᠨ ᠥᠩᠭᠡ ᠂ ᠳᠥᠷᠪᠡᠨ ᠬᠠᠷᠢ ᠤᠯᠤᠰ 》 ᠭᠡᠳᠡᠭ ᠪᠣᠯ ᠠᠯᠢ ᠡᠷᠲᠡ ᠮᠣᠩᠭᠣᠯ ᠤ᠋ᠨ ᠬᠠᠭᠠᠨᠲᠤ ᠤᠯᠤᠰ ᠤ᠋ᠨ ᠦᠶ᠎ᠡ ᠳ᠋ᠦ᠍ ᠨᠢᠭᠡᠨᠲᠡ ᠲᠤᠰᠬᠠᠢ ᠨᠡᠷ᠎ᠡ ᠪᠣᠯᠤᠨ ᠲᠣᠭᠲᠠᠭᠰᠠᠨ ᠪᠠᠶ᠋ᠢᠨ᠎ᠠ ᠂ ᠬᠢᠲᠠᠳ ᠲᠤ᠌ ᠡᠶ᠋ᠢᠮᠦ ᠲᠤᠰᠬᠠᠢ ᠨᠡᠷ᠎ᠡ ᠦᠭᠡᠢ ᠶᠦ᠍ᠮ ᠃
ᠵᠢᠷᠭᠤᠭᠠᠨ ᠮᠣᠩᠭᠣᠯ ᠂ ᠳᠥᠷᠪᠡᠨ ᠤᠶ᠋ᠢᠷᠠᠳ ᠬᠡᠮᠡᠭᠳᠡᠬᠦ ᠡᠴᠡ ᠵᠢᠷᠭᠤᠭᠠᠨ ᠲᠦᠭ ᠲᠦᠮᠡᠨ ᠮᠣᠩᠭᠣᠯ① ᠠᠨᠤ ᠵᠠᠷᠢᠮ ᠪᠢᠴᠢᠭ ᠲᠣᠷ ᠲᠦᠮᠡᠨ ᠬᠡᠮᠡᠵᠦᠬᠦᠢ ᠂ ᠨᠠᠢ᠍ᠮᠠᠨ ᠣᠲᠣᠭ ᠴᠠᠬᠠᠷ ᠂ ᠠᠯᠴᠤᠳ ᠬᠢᠭᠡᠳ ᠂ ᠬᠡᠰᠢᠭᠲᠡᠨ ᠂ ᠣᠣᠬᠠᠨ ᠨᠠᠢ᠍ᠮᠠᠨ ᠂ ᠲᠠᠲᠠᠷ ᠡᠳᠡ ᠦᠯᠭᠡ ᠶ᠋ᠢᠨ ᠳᠥᠷᠪᠡᠨ ᠣᠲᠣᠭ ᠪᠣᠢ ᠂ ᠦᠵᠦᠮᠦᠴᠢᠨ ᠬᠠᠬᠤᠴᠢᠳ ᠬᠡᠮᠡᠭᠴᠢᠳ ᠬᠠᠯᠭᠠ ᠡᠳᠡ ᠳᠥᠷᠪᠡᠨ ᠣᠲᠣᠭ ᠪᠣᠢ ᠂ ᠲᠠᠪᠤᠨ ᠣᠲᠣᠭ ᠬᠠᠯᠭᠠ ᠣᠷᠢᠶᠠᠩᠬᠠᠨ ᠡᠳᠡ ᠵᠡᠭᠦᠨ ᠭᠤᠷᠪᠠᠨ ᠲᠦᠭ ᠲᠦᠮᠡᠨ ᠂ ᠠᠷᠪᠠᠨ ᠬᠣᠶᠠᠷ ᠲᠦᠮᠡᠨ ᠣᠷᠳᠣᠰ ᠂ ᠳᠣᠯᠤᠬᠠᠨ ᠲᠦᠮᠡᠨ ᠤᠶ᠋ᠢᠬᠤᠷᠴᠢᠨ ᠂ ᠪᠠᠭᠠᠷᠢᠨ ᠲᠦᠮᠡᠨ ᠥᠰᠢᠨ ᠲᠦᠮᠡᠨ ᠂ ᠪᠠᠶᠠᠳ ᠲᠦᠮᠡᠨ ᠂ ᠤᠷᠠᠳ ᠲᠦᠮᠡᠨ ᠂ ᠬᠣᠩᠭᠢᠷᠠᠳ ᠲᠦᠮᠡᠨ ᠂ ᠢᠳᠡ ᠲᠦᠮᠡᠨ ᠂ ᠰᠠᠯᠵᠤᠤᠲᠠ ᠲᠦᠮᠡᠨ ᠂ ᠶᠡᠬᠡ ᠲᠦᠮᠡᠨ ᠂ ᠵᠢᠷᠭᠢᠨ ᠲᠦᠮᠡᠨ ᠂ ᠶᠦᠩᠰᠢᠶᠠᠪᠤ ᠬᠢᠭᠡᠳ ᠂ ᠨᠠᠰᠤᠳ ᠂ ᠬᠠᠷᠴᠢᠨ ᠡᠳᠡ ᠪᠠᠷᠠᠬᠤᠨ ᠲᠦᠭ ᠲᠦᠮᠡᠨ ᠪᠤᠶᠤ ᠳᠥᠷᠪᠡᠨ ᠲᠦᠭ ᠲᠦᠮᠡᠨ ᠤᠶ᠋ᠢᠷᠠᠳ② ᠠᠨᠤ ᠂ ᠬᠤᠰᠢᠭᠤᠳ ᠲᠤᠷᠠᠭᠤᠳ ᠬᠣᠶᠠᠷ ᠨᠢᠭᠡᠨ ᠂ ᠳᠥᠷᠪᠡᠳ ᠵᠡᠭᠦᠨ
— — — —
① ᠵᠢᠷᠭᠤᠭᠠᠨ ᠲᠦᠭ ᠲᠦᠮᠡᠨ ᠮᠣᠩᠭᠣᠯ ᠄ 《 ᠰᠢᠷ᠎ᠠ ᠲᠣᠭᠣᠵᠢ 》 ᠳ᠋ᠤ᠌ ᠵᠢᠷᠭᠤᠭᠠᠨ ᠲᠦᠮᠡᠨ ᠮᠣᠩᠭᠣᠯ ᠭᠡᠵᠦ ᠲᠡᠮᠳᠡᠭᠯᠡᠭᠡᠳ ᠲᠡᠭᠦᠨ ᠦ᠌ ᠪᠦᠷᠢᠯᠳᠦᠭᠰᠡᠨ ᠲᠤᠬᠠᠢ ᠲᠡᠮᠳᠡᠭᠯᠡᠭᠰᠡᠨ ᠨᠢ᠄ ᠶᠤᠸᠠᠨ ᠤᠯᠤᠰ ᠤ᠋ᠨ ᠲᠣᠭᠤᠭᠠᠨᠲᠡᠮᠦᠷ ᠤᠬᠠᠭᠠᠨᠲᠤ ᠬᠠᠭᠠᠨ ᠲᠠᠶ᠋ᠢᠲᠦ ( ᠪᠡᠭᠡᠵᠢᠩ ) ᠡᠴᠡ ᠳᠤᠲᠠᠭᠠᠨ ᠭᠠᠷᠬᠤ ᠳ᠋ᠠᠭᠠᠨ ᠳᠥᠴᠢᠨ ᠲᠦᠮᠡᠨ ᠮᠣᠩᠭᠣᠯ ᠤ᠋ᠨ ᠢ᠋ᠶ᠋ᠠᠨ ᠵᠢᠷᠭᠤᠭᠠᠨ ᠲᠦᠮᠡᠨ ᠊ᠢ ᠠᠪᠴᠤ ᠭᠠᠷᠪᠠ ᠃ ᠡᠭᠦᠨ ᠊ᠢ ᠵᠢᠷᠭᠤᠭᠠᠨ ᠲᠦᠮᠡᠨ ᠮᠣᠩᠭᠣᠯ ᠭᠡᠳᠡᠭ ᠃ ᠵᠢᠷᠭᠤᠭᠠᠨ ᠲᠦᠮᠡᠨ ᠮᠣᠩᠭᠣᠯ ᠤ᠋ᠨ ᠵᠡᠭᠦᠨ ᠭᠤᠷᠪᠠᠨ ᠲᠦᠮᠡᠨ ᠨᠢ ᠴᠠᠬᠠᠷ ᠲᠦᠮᠡᠨ ᠂ ᠬᠠᠯᠬ᠎ᠠ ᠲᠦᠮᠡᠨ ᠂ ᠤᠷᠢᠶᠠᠩᠬᠠᠨ ᠲᠦᠮᠡᠨ ᠂ ᠪᠠᠷᠠᠭᠤᠨ ᠭᠤᠷᠪᠠᠨ ᠲᠦᠮᠡᠨ ᠨᠢ ᠣᠷᠳᠣᠰ ᠲᠦᠮᠡᠨ ᠂ ᠠᠷᠪᠠᠨ ᠬᠣᠶᠠᠷ ᠲᠦᠮᠡᠳ ᠲᠦᠮᠡᠨ ᠂ ᠶᠦᠩᠰᠢᠶᠠᠪᠤ ᠵᠡᠷᠭᠡ ᠪᠣᠯᠤᠨ᠎ᠠ ᠃ ᠵᠢᠷᠭᠤᠭᠠᠨ ᠲᠦᠮᠡᠨ ᠊ᠢ ᠪᠠᠰᠠ ᠵᠠᠷᠢᠮ ᠰᠤᠳᠤᠷ ᠲᠤ᠌ 《 ᠵᠢᠷᠭᠤᠭᠠᠨ ᠶᠡᠬᠡ ᠤᠯᠤᠰ 》 ᠭᠡᠵᠦ ᠨᠡᠷᠡᠯᠡᠳᠡᠭ ᠪᠤᠶᠤ ᠃ ᠠᠷᠪᠠᠨ ᠳᠣᠯᠣᠳᠤᠭᠠᠷ ᠵᠠᠭᠤᠨ ᠤ᠋ ᠪᠢᠴᠢᠭ ᠰᠤᠳᠤᠷ ᠠ᠋ᠴᠠ ᠦᠵᠡᠬᠦ ᠳ᠋ᠦ᠍ 《 ᠤᠯᠤᠰ 》 ᠪᠠ 《 ᠲᠦᠮᠡᠨ 》 ᠭᠡᠳᠡᠭ ᠨᠢ ᠪᠠᠷᠤᠭ ᠠᠳᠠᠯᠢ ᠤᠳᠬ᠎ᠠ ᠪᠠᠷ ᠬᠡᠷᠡᠭᠯᠡᠭᠳᠡᠵᠦ ᠪᠠᠶ᠋ᠢᠬᠰᠠᠨ ᠵᠠᠰᠠᠭ ᠵᠠᠬᠢᠷᠭᠠᠨ ᠤ᠋ ᠨᠢᠭᠡᠴᠡ ᠪᠣᠯᠤᠯᠲᠠᠢ ᠃ ᠡᠭᠦᠨ ᠳ᠋ᠦ᠍ ᠲᠣᠳᠣᠯᠠᠭᠤᠱᠢᠲᠠᠢ ᠨᠢᠭᠡ ᠵᠦᠢᠯ ᠭᠡᠪᠡᠯ 《 ᠤᠯᠤᠰ 》 ᠪᠠ 《 ᠲᠦᠮᠡᠨ 》 ᠨᠢ ᠪᠦᠷ ᠴᠢᠩᠭᠢᠰ ᠬᠠᠭᠠᠨ ᠤ᠋ ᠠᠯᠲᠠᠨ ᠤᠷᠤᠭ ᠤ᠋ᠨ ᠬᠢᠨᠢ ᠬᠤᠪᠢ ᠶᠤᠮ ᠃
② ᠳᠥᠷᠪᠡᠨ ᠲᠦᠭ ᠲᠦᠮᠡᠨ ᠤᠶ᠋ᠢᠷᠠᠳ ᠄ 《 ᠰᠢᠷ᠎ᠠ ᠲᠣᠭᠣᠵᠢ 》 ᠳ᠋ᠤ᠌ ᠳᠥᠷᠪᠡᠨ ᠤᠶ᠋ᠢᠷᠠᠳ ᠭᠡᠵᠦ ᠲᠡᠮᠳᠡᠭᠯᠡᠭᠡᠳ ᠬᠠᠷᠢᠶᠠᠳ ᠲᠦᠮᠡᠨ ᠃ ᠥᠭᠡᠯᠡᠳ ᠲᠦᠮᠡᠨ ᠃ ᠪᠠᠷᠠᠭᠤ ᠂ ᠪᠠᠭᠠᠲᠤᠳ ᠂ ᠬᠤᠶ᠋ᠢᠳ ᠬᠠᠮᠰᠠᠵᠤ ᠨᠢᠭᠡᠨ ᠲᠦᠮᠡᠨ ᠃ ᠬᠤᠰᠢᠭᠤᠳ ᠂ ᠲᠣᠷᠭᠤᠳ ᠂ ᠵᠡᠭᠦᠨ ᠭᠠᠷ ᠂ ᠳᠥᠷᠪᠡᠳ ᠬᠠᠮᠰᠠᠵᠤ ᠨᠢᠭᠡᠨ ᠲᠦᠮᠡᠨ ᠃ 《 ᠳᠥᠷᠪᠡᠨ ᠲᠦᠮᠡᠨ ᠤᠶ᠋ᠢᠷᠠᠳ ᠭᠡᠭᠴᠢ ᠡᠨᠡ 》 ᠭᠡᠵᠡᠢ ᠃ ᠶᠤᠸᠠᠨ ᠤᠯᠤᠰ ᠤ᠋ᠨ ᠦᠶ᠎ᠡ ᠳ᠋ᠦ᠍ ᠪᠦᠬᠦ ᠮᠣᠩᠭᠣᠯᠴᠤᠳ ᠊ᠢ 《 ᠳᠥᠴᠢᠨ ᠂ ᠳᠥᠷᠪᠡᠨ ᠂ ᠬᠣᠶᠠᠷ 》 ᠳᠠᠷᠤᠢ ᠵᠡᠭᠦᠨ ᠮᠣᠩᠭᠣᠯ ᠤ᠋ᠨ ᠳᠥᠴᠢᠨ ᠲᠦᠮᠡ ᠂ ᠪᠠᠷᠠᠭᠤᠨ ᠮᠣᠩᠭᠣᠯ ᠤ᠋ᠨ ᠳᠥᠷᠪᠡᠨ ᠲᠦᠮᠡ ᠭᠡᠵᠦ ᠨᠡᠶ᠋ᠢᠲᠡᠮ ᠨᠡᠷᠡᠯᠡᠵᠦ ᠪᠠᠶ᠋ᠢᠯ᠎ᠠ ᠃ ᠮᠢᠩ ᠤᠯᠤᠰ ᠤ᠋ᠨ ᠦᠶ᠎ᠡ ᠳ᠋ᠦ᠍ ᠤᠶ᠋ᠢᠷᠠᠤᠠᠴᠤᠳ ᠊ᠢ ᠪᠠᠰᠠ ᠮᠥᠨ ᠬᠦ ᠳᠥᠷᠪᠡᠨ ᠲᠦᠮᠡᠨ ᠤᠶ᠋ᠢᠷᠠᠳ ᠭᠡᠵᠦ ᠨᠡᠷᠡᠯᠡᠵᠦ ᠪᠠᠶ᠋ᠢᠵᠠᠢ ᠃
ᠬᠠᠷ ᠡᠳᠡ ᠨᠢᠭᠡᠨ ᠂ ᠬᠤᠬᠤᠨ [ ᠬᠤᠬᠤᠰ ] ᠪᠠᠭᠠᠲᠤᠳ ᠬᠣᠶᠠᠷ ᠨᠢᠭᠡᠨ ᠂ ᠪᠠᠷᠠᠬᠤ ᠂ ᠪᠣᠷᠤᠭᠤᠨ ᠬᠣᠶᠠᠷ ᠨᠢᠭᠡᠨ ᠠᠶ᠋ᠢᠮᠠᠭ ᠪᠣᠢ ᠂ ᠨᠡᠶ᠋ᠢᠲᠡ ᠠᠷᠪᠠᠨ ᠲᠦᠭ ᠲᠦᠮᠡᠨ ᠭᠠᠳᠠᠨ ᠴᠡᠷᠢᠭ ᠂ ᠬᠢᠲᠠᠳ ᠪᠢᠴᠢᠭᠲᠡᠢ ᠵᠠᠭᠤᠨ ᠲᠦᠮᠡᠨ ᠬᠠᠳᠠᠨ ᠪᠢᠴᠢᠭ ᠭᠡᠮᠡᠨ ᠪᠢᠴᠢᠵᠦᠬᠦᠢ ᠃ ᠭᠡᠮᠡᠨ ᠠᠯᠳᠠᠷᠰᠢᠪᠠᠢ ᠃ ᠪᠠᠰᠠ ᠵᠠᠷᠢᠮ ᠪᠢᠴᠢᠬᠲᠦᠷ ᠂ ᠵᠠᠯᠠᠶ᠋ᠢᠳ ᠂ ᠬᠣᠷᠯᠤᠰ ᠂ ᠤᠷᠠᠳ ᠂ ᠳᠥᠷᠪᠡᠳ ᠂ ᠦᠰᠢᠨ ᠂ ᠰᠠᠯᠴᠤᠣᠳ᠋ ᠪᠠᠰᠤᠳ ᠂ ᠮᠠᠩᠬᠤᠳ ᠂ ᠪᠠᠶᠠᠤᠳ ᠂ ᠲᠡᠷᠡᠭᠦᠲᠡ ᠂ ᠳᠠᠯᠠᠨ ᠬᠣᠶᠠᠷ ᠮᠣᠩᠭᠣᠯ③ ᠬᠢᠨ ᠡᠴᠡ ᠲᠠᠩᠬᠤᠳ ᠂ ᠤᠶ᠋ᠢᠬᠤᠷ ᠬᠣᠬᠣᠢ ᠲᠥᠪᠡᠳ ᠤᠯᠤᠰ ᠃ ᠬᠠᠷ᠎ᠠ ᠬᠢᠲᠠᠳ ᠂ ᠵᠦᠷᠴᠢᠳ ᠲᠡᠷᠡᠭᠦᠲᠡᠨ ᠭᠤᠴᠢᠨ ᠨᠢᠭᠡᠨ ᠬᠠᠷᠢ ᠰᠠᠷᠠᠶ᠋ᠢᠬᠤᠨ ᠰᠤᠯᠤᠩᠬᠤᠳ ᠂ ᠢᠦᠢ ᡁᠢ ᠵᠤᠶ᠋ᠢᠳ ᠲᠡᠷᠡᠭᠦᠲᠡᠨ ᠨᠠᠢ᠍ᠮᠠᠨ ᠼᠠᠬᠠ [ ᠴᠢᠬᠠ ] ④ ᠬᠡᠮᠡᠭᠰᠡᠨ ᠪᠠᠶ᠋ᠢᠨᠠᠮ ᠃ ᠪᠠᠰᠠ ᠪᠤᠰᠤ ᠮᠣᠩᠭᠣᠯ ᠤ᠋ᠨ ᠶᠡᠬᠡ ᠬᠥᠭᠵᠢᠮ ᠂ ᠬᠠᠪᠤᠲᠤ ᠶᠡᠬᠡ ᠳᠠᠩᠬᠤ ᠰᠣᠶ᠋ᠢᠬᠤᠷ ᠵᠢᠬᠢᠰ ᠲᠣᠯᠤᠬᠠᠢ ᠶᠤᠯᠤᠨ ᠠᠶᠠᠯᠬᠤ ᠃ ᠲᠣᠬᠤᠰ ᠲᠡᠷᠡᠭᠦᠲᠡ ᠠᠷᠪᠠᠨ
— — — —
① ᠳᠠᠯᠠᠨ ᠬᠣᠶᠠᠷ ᠮᠣᠩᠭᠣᠯ ᠄ ᠬᠢᠲᠠᠳ ᠰᠤᠷᠪᠤᠯᠵᠢ 《 ᠴᠤᠸᠸ ᠭᠧᠩ ᠯᠦ᠍ 》 ᠪᠢᠴᠢᠭ ᠲᠦ᠍ ᠮᠣᠩᠭᠣᠯ ᠳᠠᠯᠠᠨ ᠬᠣᠶᠠᠷ ᠠᠶ᠋ᠢᠮᠠᠭ ᠭᠡᠵᠦ ᠳᠤᠷᠠᠳᠤᠨ ᠨᠢᠭᠡᠳ ᠨᠢᠭᠡ ᠪᠡᠷ ᠲᠣᠭᠠᠴᠢᠵᠠᠢ ᠃ ᠢᠨᠵᠠᠨᠨᠠᠰᠢ 《 ᠬᠥᠬᠡ ᠰᠤᠳᠤᠷ 》 ᠲᠠᠭᠠᠨ ᠮᠣᠩᠭᠣᠯ ᠊ᠢ ᠠᠷᠪᠠᠨ ᠬᠣᠶᠠᠷ ᠶᠡᠬᠡ ᠤᠯᠤᠰ ᠂ ᠳᠠᠯᠠᠨ ᠲᠠᠪᠤᠨ ᠪᠠᠭ᠎ᠠ ᠠᠶ᠋ᠢᠮᠠᠭ ᠭᠡᠵᠦ ᠢᠯᠭᠠᠨ ᠲᠡᠮᠳᠡᠭᠯᠡᠵᠡᠢ ᠃
② ᠨᠠᠢ᠍ᠮᠠ ᠽᠠᠬᠠ ᠄ 《 ᠠᠯᠲᠠᠨ ᠤᠷᠤᠭ ᠲᠠᠨ ᠤ᠋ ᠳᠤᠲᠠ ᠲᠡᠦᠬᠡ 》 ᠳ᠋ᠦ᠍ 《 ᠰᠠᠷᠠᠶ᠋ᠢᠬᠤᠯ ᠃ ᠰᠤᠯᠤᠩᠬᠤᠳ ᠃ ᠢᠦᠢ ᠽᠢ ᠵᠣᠬᠤᠨ ᠲᠡᠷᠢᠭᠦᠲᠡᠨ ᠠᠶ᠋ᠢᠮᠠᠨ ᠴᠢᠬᠠ 》 ᠭᠡᠵᠦ ᠲᠡᠮᠳᠡᠭᠯᠡᠭᠰᠡᠨ ᠨᠢ ᠭᠣᠮᠪᠣᠵᠠᠪ ᠤ᠋ᠨ ᠡᠨᠳᠡ ᠲᠡᠮᠳᠡᠭᠯᠡᠭᠰᠡᠨ 《 ᠨᠠᠢ᠍ᠮᠠᠨ ᠽᠠᠬᠠ 》 ᠭᠡᠳᠡᠭ ᠲᠡᠢ ᠪᠠᠷᠤᠭ ᠠᠳᠠᠯᠢᠪᠲᠤᠷ ᠶᠤᠮ ᠃ ᠨᠠᠢ᠍ᠮᠠᠨ ᠽᠠᠬᠠ ᠪᠤᠶᠤ ᠨᠠᠶ᠋ᠢᠮᠠᠨ ᠴᠢᠬᠠ ᠭᠡᠳᠡᠭ ᠪᠣᠯ ᠶᠤᠸᠠᠨ ᠤᠯᠤᠰ ᠤ᠋ᠨ ᠰᠡᠭᠦᠯᠴᠢ ᠪᠡᠷ ᠬᠢᠲᠠᠳ ᠲᠡᠦᠬᠡᠴᠢ ᠲᠤᠤ ᠽᠦᠩ ᠢ ᠶ᠋ᠢᠨ ᠵᠣᠬᠢᠶᠠᠭᠰᠠᠨ 《 ᠠᠨ ᠼᠦᠨ ᠴᠦᠸᠧ ᠬ᠌ᠸᠩ ᠯᠦ᠍ 》 ( 《南村辍耕录 》 ) ᠭᠡᠳᠡᠭ ᠪᠢᠴᠢᠭ ᠲᠦ᠍ ᠠᠩᠬᠠᠨ ᠳᠤᠷᠠᠳᠤᠭᠰᠠᠨ 《 ᠬᠢᠲᠠᠳ ᠨᠠᠢ᠍ᠮᠠᠨ ᠤᠭᠰᠠᠭ᠎ᠠ 》 (汉人八种 ) ᠭᠡᠳᠡᠭ ᠊ᠢ ᠵᠢᠭᠠᠵᠤ ᠪᠣᠢ ᠃ ᠲᠤᠤ ᠽᠦᠩ ᠢ ᠶ᠋ᠢᠨ ᠲᠡᠮᠳᠡᠭᠯᠡᠭᠰᠡᠨ 《 ᠬᠢᠲᠠᠳ ᠨᠠᠢ᠍ᠮᠠᠨ ᠤᠭᠰᠠᠭ᠎ᠠ 》 ᠭᠡᠳᠡᠭ ᠨᠢ ᠄ ᠬᠢᠳᠠᠨ (契丹 ) ᠂ ᠰᠤᠯᠤᠩᠬᠤᠳ ( 高丽) ᠵᠦᠷᠴᠢᠨ (女真 ) ᠵᠦᠨᠲᠡᠢ (竹因夕 ) ᠰᠦᠷᠭᠡᠲᠠᠢ ( 术里阔夕) ᠂ ᠵᠣᠬᠤᠨ (竹温 ) ᠵᠤᠶ᠋ᠢᠳ ( 竹亦夕) ᠂ ᠪᠦᠸᠧ ᠬᠠᠢ ( 渤海) ᠪᠣᠯᠤᠨ᠎ᠠ ᠃ ᠲᠡᠦᠬᠡᠴᠢ ᠨᠠᠷ ᠤ᠋ᠨ ᠰᠤᠳᠤᠯᠤᠯ ᠊ᠢ ᠦᠨᠳᠦᠰᠦᠯᠡᠪᠡᠯ ᠂ ᠵᠦᠨᠲᠡᠢ ᠂ ᠰᠦᠷᠭᠡᠲᠠᠢ ᠂ ᠵᠣᠬᠤᠨ ᠂ ᠵᠤᠶ᠋ᠢᠳ ᠭᠡᠳᠡᠭ ᠨᠢ ᠴᠣᠬᠣᠮ ᠪᠣᠳᠠᠲᠠᠢ ᠶᠠᠮᠠᠷ ᠤᠭᠰᠠᠭ᠎ᠠ ᠦᠨᠳᠦᠰᠦᠲᠡᠨ ᠊ᠢ ᠵᠢᠭᠠᠭᠰᠠᠨ ᠲᠤᠬᠠᠢ ᠬᠠᠷᠢᠭᠤᠯᠲᠠ ᠣᠯᠤᠭᠠᠳᠤᠢ ᠪᠠᠶ᠋ᠢᠬᠰᠠᠭᠠᠷ ᠃
ᠵᠢᠷᠭᠤᠭᠠᠨ ᠪᠠᠬ᠎ᠠ ᠬᠥᠭᠵᠢᠮ ᠃ ᠠᠷᠰᠯᠠᠴᠠᠶᠦ ᠬᠠᠷ᠎ᠠ ᠂ ᠬᠣᠱᠢᠬᠤᠷ ᠂ ᠵᠢᠭᠦᠢ ᠪᠡᠲᠡᠨᠭᠦᠨ ᠲᠡᠷᠡᠭᠦᠲᠡ ᠠᠷᠪᠠᠨ ᠭᠤᠷᠪᠠᠨ ᠪᠣᠢ ᠂ ᠬᠡᠮᠡᠶᠦᠬᠦᠢ①
ᠺᠠᠩ ᠮᠦ᠍ ᠲᠡᠷᠡᠭᠦᠲᠡᠨ ᠨᠠᠩᠭᠢᠶᠠᠳ ᠪᠠ ᠂ ᠮᠣᠩᠭᠣᠯ ᠤ᠋ᠨ
ᠬᠡᠳᠦᠨ ᠲᠡᠦᠬᠡ ᠱᠠᠰᠲᠢᠷ ᠠ᠋ᠴᠠ
ᠺᠠᠯᠲᠤᠷ ᠮᠣᠳᠣᠨ ᠤ᠋ ᠬᠤᠤᠯ ᠰᠠᠯᠠᠭᠠᠨ ᠊ᠢ ᠳᠦᠷᠢᠮᠯᠡᠨ
ᠵᠡᠷᠭᠡᠪᠡᠷ ᠲᠣᠪᠴᠢᠯᠠᠶᠤ ᠵᠢᠭᠰᠠᠭᠰᠠᠨ ᠂
ᠺᠠᠩᠭᠡ ᠶ᠋ᠢᠨ ᠤᠷᠤᠰᠬᠠᠯ ᠬᠡᠮᠡᠬᠦ ᠂ ᠡᠨᠡ ᠪᠢᠴᠢᠭ ᠦ᠋ᠨ
ᠥᠭᠦᠯᠡᠯ ᠬᠢᠭᠡᠳ ᠂ ᠥᠭᠦᠯᠡᠭᠳᠡᠬᠦᠨ
ᠺᠠᠯᠪᠠ ᠡᠴᠦᠰᠲᠡᠯ᠎ᠡ ᠦᠪᠡᠳᠡᠭᠰᠢ ᠳᠡᠯᠭᠡᠷᠢᠨ
— — — —
① ᠮᠣᠩᠭᠣᠯ ᠤ᠋ᠨ ᠬᠥᠭᠵᠢᠮ ᠦ᠋ᠨ ᠲᠤᠬᠠᠢ ᠮᠣᠩᠭᠣᠯ ᠰᠤᠷᠪᠤᠯᠵᠢ ᠪᠢᠴᠢᠭ ᠲᠦ᠍ ᠲᠡᠮᠳᠡᠭᠯᠡᠭᠰᠡᠨ ᠵᠦᠢᠯᠡᠰ ᠲᠤᠩ ᠬᠣᠮᠰᠠ ᠪᠠᠶ᠋ᠢᠲᠠᠭ ᠃ ᠭᠡᠲᠡᠯ᠎ᠡ ᠮᠣᠩᠭᠣᠯᠴᠤᠳ ᠤ᠋ᠨ ᠬᠥᠭᠵᠢᠮ ᠠᠶᠠᠯᠭᠤᠨ ᠤ᠋ ᠲᠤᠬᠠᠢ ᠬᠢᠲᠠᠳ ᠰᠤᠷᠪᠤᠯᠵᠢ ᠪᠢᠴᠢᠭ ᠲᠦ᠍ ᠮᠡᠳᠡᠭᠡᠯᠡᠭᠰᠡᠨ ᠵᠦᠢᠯ ᠪᠣᠢ ᠃ ᠶᠤᠸᠠᠨ ᠤᠯᠤᠰ ᠂ ᠮᠢᠩ ᠤᠯᠤᠰ ᠪᠠ ᠴᠢᠩ ᠤᠯᠤᠰ ᠤ᠋ᠨ ᠦᠶ᠎ᠡ ᠳ᠋ᠦ᠍ ᠮᠣᠩᠭᠣᠯᠴᠤᠳ ᠤ᠋ᠨ ᠬᠥᠭᠵᠢᠮ ᠠᠶᠠᠯᠭᠤ ᠭᠤᠴᠢ ᠭᠠᠷᠤᠢ ᠵᠦᠢᠯ ᠪᠠᠶ᠋ᠢᠬᠰᠠᠨ ᠲᠤᠬᠠᠢ ᠬᠢᠲᠠᠳ ᠤ᠋ᠨ ᠲᠡᠦᠬᠡ ᠰᠤᠳᠤᠷ ᠲᠤ᠌ ᠮᠡᠳᠡᠭᠡ ᠪᠣᠢ ᠃ ᠬᠢᠲᠠᠳ ᠤ᠋ᠨ 《 ᠲᠦᠩ ᡁᠢ ᠪᠢᠴᠢᠭ ᠦ᠋ᠨ ᠵᠠᠯᠭᠠᠪᠤᠷᠢ 》 ( 《续通志 》 ) ᠳ᠋ᠤ᠌ ᠲᠡᠮᠳᠡᠭᠯᠡᠭᠰᠡᠨ ᠡᠴᠡ ᠦᠵᠡᠪᠡᠯ ᠂ ᠶᠤᠸᠠᠨ ᠤᠯᠤᠰ ᠤ᠋ᠨ ᠦᠶ᠎ᠡ ᠳ᠋ᠦ᠍ ᠲᠠ ᠳᠠ ( ᠮᠣᠩᠭᠣᠯ ) ᠤ᠋ᠨ ᠬᠥᠭᠵᠢᠮ ᠠᠶᠠᠯᠭᠤ ᠬᠣᠷᠢᠨ ᠨᠠᠢ᠍ᠮᠠᠨ ᠵᠦᠢᠯ ᠪᠠᠶ᠋ᠢᠵᠠᠢ ᠃ ᠡᠨᠡ ᠨᠢ ᠳᠠᠷᠤᠢ ᠄ ᠬᠠᠪᠤᠯᠳᠤ ᠂ ᠶᠡᠬᠡ ᠳᠠᠭᠤᠨ ᠂ ᠬᠣᠶ᠋ᠢᠬᠤᠷᠢ ᠂ ᠮᠠᠩᠭᠤᠷ ᠂ ᠴᠢᠳᠬᠥᠷ ᠂ ᠪᠠᠷᠰ ᠲᠣᠯᠣᠭᠠᠢ ᠂ ᠰᠢᠰᠢᠪ ᠂ ᠡᠷᠡᠰ ᠂ ᠮᠣᠩᠭᠣᠯ ᠡᠷᠡᠰ ᠂ ᠰᠢᠯᠢᠳᠡᠭ ᠡᠷᠡᠰ ᠂ ᠠᠶᠠᠯᠭᠤ ᠂ ᠰᠡᠩᠭᠡ ᠬᠦᠮᠲᠡ ᠂ ᠳᠠᠷᠬᠠᠨ ᠂ ᠭᠦᠦᠰᠢ ᠪᠠᠭᠰᠢ ᠂ ᠠᠷᠰᠠᠯᠴᠢᠶᠤ ᠂ ᠡᠷᠡᠨᠡ ᠂ ᠬᠠᠷ᠎ᠠ ᠬᠤᠰᠢᠭᠤᠷ ᠂ ᠳ᠋ᠦ᠋ᠩ ᠳ᠋ᠠᠮᠪᠠ ᠂ ᠶᠤᠯᠮᠤᠨ ᠂ ᠵᠢᠭᠦᠷ ᠂ ᠫᠤᠩᠰᠤᠭ ᠦᠷ ᠂ ᠪᠠᠯᠳᠠᠨ ᠭᠡᠪᠰᠢ ᠂ ᠰᠢᠷᠡᠭᠡᠳ ᠂ ᠮᠠᠬ᠎ᠠ ᠂ ᠰᠢᠶᠠᠩ ᠬᠦᠩ ᠂ ᠲᠣᠭᠣᠰ ᠂ ᠠᠯᠲᠠᠨ ᠰᠤᠶ᠋ᠢᠬᠠ ᠵᠡᠷᠭᠡ ᠪᠣᠯᠤᠨ᠎ᠠ ᠭᠡᠵᠡᠢ ᠃ ᠡᠨᠡ ᠪᠣᠯ ᠮᠣᠩᠭᠣᠯ ᠤ᠋ᠨ ᠬᠥᠭᠵᠢᠮ ᠠᠶᠠᠯᠭᠤᠨ ᠤ᠋ ᠲᠤᠬᠠᠢ ᠬᠢᠲᠠᠳ ᠰᠤᠷᠪᠤᠯᠵᠢ ᠳ᠋ᠤ᠌ ᠮᠡᠳᠡᠭᠡᠯᠡᠭᠰᠡᠨ ᠦᠨᠡᠲᠦ ᠴᠢᠬᠤᠯᠠ ᠮᠠᠲ᠋ᠧᠷᠢᠶᠠᠯ ᠪᠣᠯᠬᠤ ᠶᠤᠮ ᠃ ᠭᠣᠮᠪᠣᠵᠠᠪ ᠪᠣᠯ ᠮᠣᠩᠭᠣᠯ ᠤ᠋ᠨ ᠬᠥᠭᠵᠢᠮ ᠠᠶᠠᠯᠭᠤᠨ ᠤ᠋ ᠲᠤᠬᠠᠢ ᠮᠣᠩᠭᠣᠯ ᠲᠡᠦᠬᠡᠨ ᠳ᠋ᠦ᠍ ᠠᠩᠬᠠᠨ ᠤᠳᠠᠭ᠎ᠠ ᠲᠡᠮᠳᠡᠭᠯᠡᠭᠰᠡᠨ ᠬᠥᠮᠦᠨ ᠮᠥᠨ ᠃
ᠥᠨᠢᠳᠡ ᠠᠨᠤ ᠶ᠋ᠢ ᠶᠢᠷᠦᠭᠡᠮᠦᠢ᠃ ᠪᠠᠰᠠ ᠂
ᠴᠢᠩ ᠤᠯᠤᠰ ᠤ᠋ᠨ ᠬᠡᠨ [ ᠬᠠᠭᠠᠨ ] ᠲᠥᠷᠥ ᠪᠠᠲᠤᠳᠠ
ᠣᠷᠣᠰᠢᠨ ᠪᠡᠳᠡᠷᠢᠨ ᠥᠷᠭᠡᠳᠬᠡᠭᠡᠳ
ᠴᠢᠳᠠᠭᠴᠢᠳ ᠤ᠋ᠨ ᠠᠷᠰᠯᠠᠨ ᠤ᠋ ᠰᠠᠰᠢᠨ ᠡᠯᠳᠡᠪ ᠶᠣᠰᠣᠨ
ᠪᠦᠭᠦᠳᠡ ᠰᠠᠨᠠᠲᠤᠷ ᠮᠠᠨᠳᠤᠭᠤᠯ ᠃
ᠴᠢᠨᠠᠷ ᠲᠡᠭᠦᠯᠳᠡᠷ ᠡᠯ᠎ᠡ ᠪᠣᠳᠠᠰ ᠠᠮᠤᠷ ᠢ᠋ᠶ᠋ᠠᠷ
ᠴᠡᠩᠭᠡᠨ ᠪᠣᠯᠪᠠᠰᠤᠷᠠᠭᠠᠳ ᠃
ᠴᠢᠨᠠᠳᠤ ᠬᠢᠵᠠᠬᠠᠷ ᠰᠢᠲᠦᠭᠡᠨ ᠪᠠ ᠰᠢᠲᠦᠭᠴᠢ ᠶ᠋ᠢᠨ
ᠪᠡᠶ᠎ᠡ ᠪᠡᠷ ᠵᠢᠪᠠᠭᠤᠯᠠᠩᠲᠠᠶᠠ ᠪᠣᠰᠲᠤᠬᠠᠢ ᠃
ᠬᠡᠮᠡᠬᠦ ᠡᠭᠦᠨᠢ ᠰᠤᠷᠭᠠᠭᠤᠯᠢ ᠶ᠋ᠢ ᠨᠡᠶ᠋ᠢᠲᠡ ᠵᠠᠬᠢᠷᠤᠨ ᠰᠤᠷᠭᠠᠭᠴᠢ ᠰᠠᠶ᠋ᠢᠳ ᠤ᠋ᠨ ᠲᠤᠰᠢᠶᠠᠯ ᠳ᠋ᠤ᠌ ᠬᠦ ᠰᠦ᠍ ᠯᠦ᠍ ᠂ ᠺᠤᠮᠪᠤᠵᠠᠪ ᠢ᠋ᠶ᠋ᠠᠷ ᠬᠡᠷᠡᠭᠰᠡᠭᠡᠴᠢᠳ ᠦ᠋ᠨ ᠢᠯᠳᠠᠷᠠ ᠰᠤᠳᠤᠷ ᠨᠤᠭᠤᠳ ᠠ᠋ᠴᠠ᠂ᠲᠡᠭᠦᠵᠦ ᠨᠠᠶ᠋ᠢᠷᠯᠠᠤ᠋ᠯᠭᠠᠪᠠᠢ [ ᠨᠠᠶ᠋ᠢᠷᠠᠭᠤᠯᠪᠠᠢ] ᠃ ᠳᠡᠳ᠋ ᠰᠤᠷᠭᠠᠭᠴᠢ ᠲᠡᠷᠢᠭᠦᠨ ᠯᠠᠮᠠ ᠭᠦᠦᠰᠢ ᠲᠠᠩᠶᠵᠢᠨ ᠠ᠋ᠴᠠ ᠵᠥᠪᠡᠯᠡᠨ ᠪᠠᠷᠢᠯᠳᠤᠭᠤᠯᠵᠤ ᠦᠢᠯᠡᠳᠳᠦᠭᠡᠳ ᠲᠠᠶ᠋ᠢᠴᠢᠩ ᠤᠯᠤᠰ ᠤ᠋ᠨ ᠨᠠᠶ᠋ᠢᠷᠠᠯᠲᠤ ᠲᠦᠪᠡ [ᠲᠥᠪ] ᠦ᠋ᠨ ᠭᠤᠲᠠᠭᠠᠷ ᠣᠨ ᠳᠥᠷᠪᠡᠨ ᠰᠠᠷ᠎ᠠ ᠶ᠋ᠢᠨ ᠰᠠᠢᠨ ᠡᠳᠦᠷ᠎ᠡ ᠲᠡᠭᠦᠰᠬᠡᠪᠡᠢ ᠃
ᠳᠠᠭᠠᠯᠳᠤᠭᠤᠯᠤᠯ
ᠭᠣᠮᠪᠣᠵᠠᠪ ᠬᠦᠩ ᠦ᠋ᠨ ᠭᠡᠷ ᠦ᠋ᠨ ᠦᠶ᠎ᠡ ᠶ᠋ᠢᠨ ᠪᠢᠴᠢᠭ


