ᠴᠠᠬᠢᠯᠭᠠᠨ ᠊ᠢ ᠠᠶᠤᠯ ᠦᠭᠡᠢ ᠬᠡᠷᠡᠭᠯᠡᠬᠦ( ᠬᠡᠯᠡ ᠪᠢᠴᠢᠭ – ᠶᠢᠰᠦᠳᠦᠭᠡᠷ ᠳᠡᠪᠲᠡᠷ) Цахилгааныг аюулгүй хэрэглэх( Хэл бичиг – Есдүгээр дэвтэр)
ᠴᠠᠬᠢᠯᠭᠠᠨ ᠊ᠢ ᠠᠶᠤᠯ ᠦᠭᠡᠢ ᠬᠡᠷᠡᠭᠯᠡᠬᠦ
ᠴᠠᠬᠢᠯᠭᠠᠨ ᠪᠤᠯ ᠲᠤᠩ ᠥᠷᠭᠡᠨ ᠬᠡᠷᠡᠭᠴᠡᠭᠡᠲᠡᠢ ᠪᠦᠭᠡᠦᠡ ᠬᠡᠷᠡᠭᠯᠡᠬᠦ ᠳᠤ ᠴᠤ᠌ ᠶᠡᠬᠡ ᠳᠥᠭᠥᠮ ᠶᠤᠮ᠃ ᠨᠢᠭᠡ ᠯᠡ ᠲᠠᠲᠠᠬᠤ ᠪᠤᠶᠤ ᠮᠤᠰᠬᠢᠬᠰᠠᠭᠠᠷ ᠳ᠋ᠧᠩ ᠨᠣᠴᠣᠵᠤ᠂ ᠵᠢᠷᠤᠭᠲᠤ ᠷᠠᠲᠢᠣ᠋ ᠭᠠᠷᠴᠢᠬᠠᠲᠠᠭ᠃ ᠢᠯᠠᠩᠭᠤᠶ᠎ᠠ ᠬᠦᠡᠲᠦ ᠬᠥᠩᠭᠡᠨ ᠦᠢᠯᠡᠤᠠᠪᠦᠷᠢ ᠳᠤ ᠪᠤᠯ ᠴᠠᠬᠢᠯᠭᠠᠨ ᠪ ᠨᠡᠭᠡᠭᠡᠯᠭᠡ ᠪᠡᠨ ᠨᠡᠭᠡᠭᠡᠭᠰᠡᠭᠡᠷ ᠠᠷᠪᠢᠨ ᠮᠠᠰᠢᠨ ᠨᠢᠭᠡ ᠯᠡ ᠳᠣᠣᠷ᠎ᠠ ᠬᠦᠷᠴᠢᠬᠢᠨᠡᠭᠡᠦᠡ ᠵᠡᠷᠭᠡ ᠪᠡᠷ ᠠᠵᠢᠯᠯᠠᠴᠢᠬᠠᠲᠠᠭ᠃ ᠢᠷᠡᠭᠡᠲᠦᠢ ᠳᠤ ᠮᠠᠠ ᠪ ᠤᠯᠤᠰ ᠴᠠᠬᠢᠯᠭᠠᠠᠵᠢᠭᠤᠯᠤᠯᠲᠠ ᠶ᠋ᠢ ᠪᠡᠶᠡᠯᠡᠭᠦᠯᠦᠭᠰᠡᠭᠡᠷ ᠪᠢᠲᠡᠡ ᠪ ᠴᠠᠬᠢᠯᠭᠠᠨ ᠶ᠋ᠢᠠᠷ ᠣᠷᠣᠯᠲᠣᠬᠤ ᠠᠵᠢᠯ ᠴᠤ᠌ ᠤᠯᠠᠮ ᠤᠯᠠᠠ ᠪᠣᠯᠤᠨ᠎ᠠ᠃
ᠴᠠᠬᠢᠯᠭᠠᠨ ᠊ᠢ ᠬᠡᠷᠡᠭᠯᠡᠬᠦ ᠳᠤ ᠠᠷᠬ᠋᠎ᠠ ᠶ᠋ᠢ ᠨᠢ ᠮᠡᠲᠡᠪᠡᠯ᠂ ᠠᠶᠤᠯ ᠦᠭᠡᠢ ᠬᠡᠷᠡᠭᠯᠡᠵᠦ ᠴᠢᠲᠠᠨ᠎ᠠ᠃ ᠠᠷᠬ᠋᠎ᠠ ᠶ᠋ᠢ ᠨᠢ ᠮᠡᠲᠡᠬᠦ ᠦᠭᠡᠢ ᠪᠡᠷ ᠬᠠᠮᠢᠶ᠎ᠠ ᠨᠠᠮᠢᠶ᠎ᠠ ᠦᠭᠡᠢ ᠣᠷᠣᠯᠲᠣᠪᠠᠯ ᠴᠠᠬᠢᠯᠭᠠᠨ ᠳᠤ ᠴᠣᠬᠢᠬᠲᠠᠵᠤ ᠠᠶᠤᠯ ᠭᠠᠷᠬᠤ ᠪᠠ ᠦᠡᠲᠦᠷ ᠬᠦᠴᠦᠲᠡᠯᠲᠦ ᠴᠠᠬᠢᠯᠭᠠᠨ ᠳᠤ ᠴᠣᠬᠢᠬᠲᠠᠪᠠᠯ ᠠᠮᠢ ᠨᠠᠰᠤᠨ ᠪ ᠠᠶᠤᠯ ᠴᠤ᠌ ᠭᠠᠷᠬᠤ ᠶᠤᠮ ᠃
ᠴᠠᠬᠢᠯᠭᠠᠨ ᠊ᠢ ᠬᠡᠷᠡᠭᠯᠡᠬᠦ ᠳᠤ ᠳᠣᠣᠷᠠᠬᠢ ᠬᠡᠲᠦᠨ ᠵᠦᠢᠯ ᠊ᠢ ᠠᠩᠬᠠᠷᠬᠤ ᠬᠡᠷᠡᠭᠲᠡᠢ ᠄
ᠨᠢᠭᠡ᠂ ᠠᠯᠢᠪᠠ ᠴᠠᠬᠢᠯᠭᠠᠨ ᠲᠥᠬᠥᠭᠡᠷᠦᠮᠵᠢ ᠶ᠋ᠢ ᠤᠭᠰᠠᠷᠠᠨ ᠲᠠᠭᠠᠷᠠᠭᠤᠯᠬᠤ᠂ ᠵᠠᠰᠠᠨ ᠰᠡᠯᠪᠢᠬᠦ ᠂ ᠵᠠᠲᠠᠯᠵᠤ ᠨᠡᠭᠡᠭᠡᠬᠦ ᠠᠵᠢᠯ ᠊ᠢ ᠦᠪᠡᠷ ᠲᠡᠭᠡᠡ ᠴᠢᠲᠠᠬᠤ ᠦᠭᠡᠢ᠂ ᠮᠡᠲᠡᠬᠦ ᠦᠭᠡᠢ ᠪᠣᠯ ᠴᠠᠬᠢᠯᠭᠠᠨ ᠪ ᠠᠵᠢᠯᠴᠢᠨ ᠊ᠢ ᠡᠷᠢᠵᠦ ᠬᠢᠯᠭᠡᠬᠦ ᠬᠡᠷᠡᠭᠲᠡᠢ᠃ ᠦᠪᠡᠷ ᠲᠡᠭᠡᠨ ᠳᠤᠷ᠎ᠠ ᠪᠠᠷ ᠶ᠋ᠢᠠᠨ ᠬᠥᠲᠡᠯᠭᠡᠵᠦ ᠪᠤᠯᠬᠤ ᠦᠭᠡᠢ᠃
ᠬᠣᠶᠠᠷ᠂ ᠴᠠᠬᠢᠯᠭᠠᠨ ᠤᠲᠠᠰᠤᠨ ᠳᠡᠭᠡᠷ᠎ᠡ ᠬᠤᠪᠴᠠᠰᠤ ᠬᠤᠨᠠᠷ ᠶ᠋ᠢᠠᠨ ᠡᠯᠭᠦᠵᠦ ᠪᠤᠯᠬᠤ ᠦᠭᠡᠢ᠃ ᠬᠤᠪᠴᠠᠰᠤ ᠬᠤᠨᠠᠷ ᠡᠯᠭᠦᠬᠦ ᠲᠡᠮᠦᠷ ᠤᠲᠠᠰᠤ ᠶ᠋ᠢ ᠴᠠᠬᠢᠯᠭᠠᠨ ᠤᠲᠠᠰᠤᠨ ᠠ᠋ᠴᠠ ᠵᠠᠯᠭᠠᠵᠤ ᠪᠤᠯᠬᠤ ᠦᠭᠡᠢ᠃
ᠭᠤᠷᠪᠠ᠂ ᠦᠡᠲᠦᠷ ᠬᠦᠴᠦᠲᠡᠯᠲᠦ ᠴᠠᠬᠢᠯᠭᠠᠨ ᠤᠲᠠᠰᠤᠨ ᠪ ᠬᠠᠪᠢ ᠪᠠᠷ ᠴᠠᠭᠠᠰᠤᠨ ᠰᠢᠪᠠᠭᠤ᠂ ᠰᠠᠯᠬᠢᠨ ᠬᠥᠷᠲᠦ ᠬᠢᠵᠦ ᠳᠡᠭᠡᠭᠰᠢ ᠭᠠᠷᠭᠠᠵᠤ ᠨᠠᠭᠠᠤᠠᠴᠤ ᠪᠤᠯᠬᠤ ᠦᠭᠡᠢ᠃ ᠴᠠᠬᠢᠯᠭᠠᠨ ᠤᠲᠠᠰᠤᠨ ᠪ ᠪᠠᠭᠠᠨ᠎ᠠ ᠥᠭᠡᠲᠡ ᠠᠪᠠᠷᠢᠬᠤ ᠪᠤᠶᠤ ᠴᠠᠬᠢᠯᠭᠠᠨ ᠤᠲᠠᠰᠤᠨ ᠪ ᠪᠠᠭᠠᠨ᠎ᠠ ᠠ᠋ᠴᠠ ᠮᠠᠯ ᠤᠨᠤᠬ᠋᠎ᠠ ᠤᠶᠠᠵᠤ ᠪᠤᠯᠬᠤ ᠦᠭᠡᠢ᠃ ᠨᠡᠩ ᠴᠤ᠌ ᠴᠠᠬᠢᠯᠭᠠᠨ ᠤᠲᠠᠰᠤᠨ ᠪ ᠪᠠᠭᠠᠨ᠎ᠠ ᠳᠡᠭᠡᠷᠡᠬᠢ ᠤᠲᠠᠰᠤ ᠶ᠋ᠢ ᠳᠤᠷ᠎ᠠ ᠪᠠᠷ ᠶ᠋ᠢᠠᠨ ᠬᠥᠲᠡᠯᠭᠡᠵᠦ ᠪᠤᠯᠬᠤ ᠦᠭᠡᠢ᠃
ᠳᠥᠷᠪᠡ᠂ ᠡᠯ᠎ᠡ ᠵᠦᠢᠯ ᠦ᠋ᠨ ᠴᠠᠬᠢᠯᠭᠠᠨ ᠪᠠᠭᠠᠵᠢ ᠬᠡᠷᠡᠭᠰᠡᠯ ᠊ᠢ ᠴᠢᠭᠢᠭ᠌ ᠦᠭᠡᠢ ᠬᠠᠭᠤᠷᠠᠢ ᠪᠦᠰ ᠶ᠋ᠢᠡᠷ ᠵᠦᠯᠭᠦᠵᠦ ᠪᠠᠶ᠋ᠢᠬᠤ ᠬᠡᠷᠡᠭᠲᠡᠢ ᠂ ᠴᠠᠬᠢᠯᠭᠠᠨ ᠪ ᠨᠡᠭᠡᠭᠡᠯᠭᠡ ᠬᠢᠭᠡᠳ ᠤᠭᠯᠤᠷᠬ᠋ᠠ ᠳᠡᠭᠡᠷᠡᠬᠢ ᠲᠡᠮᠦᠷᠯᠢᠭ ᠶ᠋ᠢᠡᠷ ᠤᠷᠤᠯᠲᠤᠵᠤ ᠪᠤᠯᠬᠤ ᠦᠭᠡᠢ᠃ ᠳ᠋ᠧᠩ ᠦ᠋ᠨ ᠫᠤᠤᠽᠢ ᠶ᠋ᠢ ᠲᠠᠭᠠᠷᠠᠭᠤᠯᠬᠤ ᠳ᠋ᠠᠭᠠᠨ ᠳ᠋ᠧᠩ ᠦ᠋ᠨ ᠲᠥᠬᠥᠭᠡᠷᠦᠮᠵᠢ ᠶ᠋ᠢᠨ ᠵᠠᠰ ᠲᠠᠢ ᠭᠠᠵᠠᠷ ᠪᠦᠭᠦᠲᠡ ᠳᠤ ᠭᠠᠷ ᠶ᠋ᠢᠠᠨ ᠬᠦᠷᠭᠡᠵᠦ ᠪᠤᠯᠬᠤ ᠦᠭᠡᠢ᠃
ᠲᠠᠪᠤ᠂ ᠴᠠᠬᠢᠯᠭᠠᠨ ᠤᠲᠠᠰᠤ ᠲᠠᠰᠤᠷᠠᠭᠰᠠᠨ ᠪᠠᠶ᠋ᠢᠪᠠᠯ ᠳᠠᠷᠤᠢ ᠲᠦᠷᠭᠡᠨ ᠶ᠋ᠢᠡᠷ ᠴᠠᠬᠢᠯᠭᠠᠨ ᠪ ᠠᠵᠢᠯᠴᠢᠨ ᠳᠤ ᠬᠡᠯᠡᠵᠦ ᠵᠠᠰᠠᠭᠤᠯᠬᠤ ᠬᠡᠷᠡᠭᠲᠡᠢ᠃ ᠴᠠᠬᠢᠯᠭᠠᠨ ᠲᠥᠬᠥᠭᠡᠷᠦᠮᠵᠢ ᠡᠴᠡ ᠭᠠᠯ ᠭᠠᠷᠬᠤ ᠪᠤᠶᠤ ᠤᠲᠤᠬ᠋᠎ᠠ ᠤᠭᠤᠬᠢᠵᠤ ᠪᠠᠶ᠋ᠢᠪᠠᠯ ᠳᠣᠣᠷ᠎ᠠ ᠨᠢ ᠴᠠᠬᠢᠯᠭᠠᠨ ᠪ ᠬᠠᠭᠠᠯᠲᠠ ᠶ᠋ᠢ ᠲᠠᠲᠠᠠ ᠰᠠᠯᠭᠠᠵᠤ ᠴᠠᠬᠢᠯᠭᠠᠨ ᠡᠭᠦᠰᠭᠡᠭᠴᠢ ᠶ᠋ᠢ ᠲᠠᠰᠤᠯᠬᠤ ᠬᠡᠷᠡᠭᠲᠡᠢ᠂ ᠳᠠᠷᠠᠬ᠋᠎ᠠ ᠨᠢ ᠰᠢᠷᠣᠢ ᠪᠠᠷ ᠭᠠᠯ ᠊ᠢ ᠨᠢ ᠳᠠᠷᠤᠬᠤ ᠬᠡᠷᠡᠭᠲᠡᠢ ᠂ ᠴᠠᠬᠢᠯᠭᠠᠨ ᠡᠭᠦᠰᠬᠡᠭᠴᠢ ᠶ᠋ᠢ ᠲᠠᠰᠤᠯᠬᠤ ᠠ᠋ᠴᠠ ᠡᠮᠦᠨ᠎ᠡ ᠬᠡᠷᠬᠢᠪᠡᠴᠦ ᠤᠰᠤ ᠪᠠᠷ ᠭᠠᠯ ᠊ᠢ ᠨᠢ ᠤᠠᠲᠠᠷᠠᠭᠠᠵᠤ ᠪᠤᠯᠬᠤ ᠦᠭᠡᠢ᠃
ᠳᠡᠭᠡᠷᠡᠬᠢ ᠵᠤᠶ᠋ᠢᠯ ᠊ᠢ ᠠᠩᠬᠠᠷᠴᠤ ᠴᠢᠲᠠᠪᠠᠯ ᠴᠠᠬᠢᠯᠭᠠᠨ ᠊ᠢ ᠠᠶᠤᠯ ᠦᠭᠡᠢ ᠬᠡᠷᠡᠭᠯᠡᠵᠦ ᠴᠢᠲᠠᠨ᠎ᠠ᠃
ᠢᠷᠡᠯᠲᠡ ᠄
ᠲᠠᠪᠤᠨ ᠵᠢᠯ ᠦᠨ ᠲᠦᠷᠢᠮᠳᠦ ᠪᠠᠭ᠎ᠠ ᠰᠤᠷᠭᠠᠭᠤᠯᠢ ᠳᠤ ᠦᠵᠡᠬᠦ
ᠬᠡᠯᠡ ᠪᠢᠴᠢᠭ ᠶᠢᠰᠦᠳᠦᠭᠡᠷ ᠲᠡᠪᠳᠡᠷ ※
ᠦᠪᠦᠷ ᠮᠤᠩᠭᠤᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶ᠎ᠠ ᠨᠠᠢᠢᠷᠠᠭᠤᠯᠤᠨ ᠬᠡᠪᠯᠡᠭᠦᠯᠪᠡ
ᠦᠪᠦᠷ ᠮᠤᠩᠭᠤᠯ ᠤᠨ ᠰᠢᠨᠬᠤᠸᠠ ᠨᠤᠮ ᠤᠨ ᠲᠡᠯᠭᠡᠭᠦᠷ ᠲᠠᠷᠬᠠᠭᠠᠪᠠ
ᠦᠪᠦᠷ ᠮᠤᠩᠭᠤᠯ ᠤᠨ ᠮᠤᠩᠭᠤᠯ ᠪᠢᠴᠢᠭ ᠬᠡᠪᠯᠠᠬᠦ ᠦᠢᠯᠡᠳᠪᠦᠷᠢ ᠬᠡᠪᠯᠡᠪᠡ
1981 ᠤᠨ ᠤ 5 ᠰᠠᠷ᠎ᠠ ᠳᠤ ᠬᠤᠶᠠᠳᠤᠭᠠᠷ ᠬᠡᠪ ᠢ ᠬᠢᠪᠡ
1984 ᠤᠨ ᠤ 4 ᠰᠠᠷ᠎ᠠ ᠳᠤ ᠲᠦᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃
ᠦᠰᠦᠭ᠋ ᠠᠮᠢᠯᠠᠭᠤᠯᠤᠭᠴᠢ ᠄ ᠪᠣᠷᠵᠢᠭᠢᠨ ᠨᠠᠷᠠᠠᠭᠡᠷᠡᠯ
ᠬᠢᠨᠠᠭᠴᠢ ᠄ ᠣᠤᠠᠬᠠᠨᠰᠣ᠎ᠠ ᠂ ᠲᠣ᠋ · ᠨᠠᠨᠲᠢᠨ
2023᠂ 3 ᠂ 12
