ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 3 (4)> Ертөнцийн гурав – Ш᠂ Буянтогтох эмхиохэн найруулав < Оршлын оронд – 3 (4)>
ᠣᠷᠣᠰᠢᠯ ᠤᠨ ᠣᠷᠣᠨ ᠳᠤ – 3 (4)
11. 《 ᠶᠢᠷᠲᠢᠨᠴᠦ ᠶ᠋ᠢᠨ ᠭᠤᠷᠪᠠ 》 ᠨᠢ ᠬᠥᠭᠵᠢᠨ ᠬᠤᠪᠢᠷᠠᠬᠤ ᠶᠠᠪᠤᠴᠠ ᠳ᠋ᠠᠭᠠᠨ ᠵᠦᠢᠷ ᠰᠡᠴᠡᠨ ᠦᠭᠡ ᠲᠠᠢ ᠵᠠᠷᠢᠮ ᠲᠠᠯ᠎ᠠ ᠪᠠᠷ ᠶ᠋ᠢᠠᠨ ᠬᠠᠷᠢᠴᠠᠬ᠋ᠠ ᠬᠣᠯᠪᠣᠬ᠋᠎ᠠ ᠲᠠᠢ ᠪᠣᠯᠤᠭᠰᠠᠨ ᠪᠠᠶ᠋ᠢᠨ᠎ᠠ ᠃ ᠵᠤᠶ᠋ᠢᠷ ᠦᠭᠡ ᠶ᠋ᠢᠨ ᠲᠣᠲᠣᠷ᠎ᠠ ᠪᠠᠰᠠ 《 ᠶᠢᠷᠲᠢᠨᠴᠤ ᠶ᠋ᠢᠨ ᠭᠤᠷᠪᠠ 》 ᠳᠦ ᠬᠣᠯᠪᠣᠭᠲᠠᠬᠤ ᠪᠣᠲᠠᠲᠤ ᠦᠭᠡ ᠬᠠᠷᠠᠭᠲᠠᠵᠤ ᠪᠠᠶ᠋ᠢᠨ᠎ᠠ ᠃ ᠣᠲᠣ ᠠ᠋ᠴᠠ ᠦᠵᠡᠪᠡᠯ ᠵᠠᠷᠢᠮ ᠵᠤᠶ᠋ᠢᠷ ᠦᠭᠡ ᠶ᠋ᠢᠨ ᠡᠮᠬᠢᠤᠠᠬᠡᠯ ᠦ᠋ᠨ ᠲᠡᠭᠦᠪᠦᠷᠢ ᠳᠦ 《 ᠶᠢᠷᠲᠢᠨᠴᠤ ᠶ᠋ᠢᠨ ᠭᠤᠷᠪᠠ 》 ᠶ᠋ᠢᠨ ᠭᠤᠷᠪᠠᠨ ᠮᠦᠷ ᠦ᠋ᠨ ᠨᠢᠭᠡ ᠮᠦᠷ ᠊ᠢ ᠨᠢ ᠬᠠᠰᠤᠵᠤ ᠣᠷᠣᠭᠤᠯᠤᠭᠰᠠᠨ ᠪᠤᠶᠤ ᠳᠥᠷᠪᠡᠨ ᠮᠦᠷ ᠲᠡᠢ ᠶ᠋ᠢ ᠨᠢ ᠬᠣᠶᠠᠷ ᠪᠣᠯᠭᠠᠨ ᠰᠠᠯᠭᠠᠨ ᠂ ᠣᠷᠣᠭᠤᠯᠤᠭᠰᠠᠨ ᠵᠤᠶ᠋ᠢᠯ ᠨᠡᠯᠢᠶᠡᠳ ᠣᠯᠠᠨ ᠪᠠᠶ᠋ᠢᠨ᠎ᠠ ᠃ ᠡᠭᠦᠨ ᠪ ᠡᠰᠡᠷᠭᠦ ᠪᠡᠷ ᠵᠠᠷᠢᠮ ᠵᠤᠶ᠋ᠢᠷ ᠰᠡᠴᠡᠨ ᠦᠭᠡ ᠨᠢ ᠬᠥᠭᠵᠢᠨ ᠳᠠᠷᠬᠠᠵᠤ ᠂ ᠳᠡᠯᠭᠡᠷᠡᠨ ᠲᠥᠭᠡᠬᠦ ᠵᠢᠴᠢ ᠣᠯᠠᠨ ᠬᠥᠮᠦᠨ ᠪ ᠠᠮᠠ ᠪᠠᠷ ᠤᠯᠠᠮᠵᠢᠯᠠᠬᠤ ᠶᠠᠪᠤᠴᠠ ᠳᠦ ᠬᠣᠶᠠᠷ ᠮᠦᠷ ᠡᠴᠡ ᠪᠡᠨ ᠭᠤᠷᠪᠠᠨ ᠮᠦᠷ ᠂ ᠳᠥᠷᠪᠡᠨ ᠮᠦᠷ ᠪᠣᠯᠵᠤ ᠬᠣᠶᠠᠷ ᠮᠦᠷ ᠨᠢ ᠨᠡᠶ᠋ᠢᠯᠡᠭᠡᠳ ᠭᠠᠭᠴᠠ ᠤᠤᠠᠬ᠎ᠠ ᠶ᠋ᠢ ᠵᠢᠭᠠᠵᠤ ᠪᠠᠶ᠋ᠢᠬᠰᠠᠨ ᠠ᠋ᠴᠠ ᠪᠠᠨ ᠭᠤᠷᠪᠠᠨ ᠮᠦᠷ ᠪᠦᠷ ᠨᠢ ᠣᠨᠲᠣᠣ ᠣᠨᠲᠣᠣ ᠤᠤᠠᠬ᠎ᠠ ᠶ᠋ᠢ ᠵᠢᠭᠠᠬᠤ ᠪᠣᠯᠵᠤ 《 ᠶᠢᠷᠲᠢᠨᠴᠤ ᠶ᠋ᠢᠨ ᠭᠤᠷᠪᠠ 》 ᠲᠠᠢ ᠢᠵᠢᠯᠰᠢᠨ ᠣᠶ᠋ᠢᠷᠠᠤᠠᠴᠤ ᠬᠣᠪᠢᠷᠠᠭᠰᠠᠨ ᠪᠤᠶᠤ 《 ᠶᠢᠷᠲᠢᠨᠴᠤ ᠶ᠋ᠢᠨ ᠭᠤᠷᠪᠠ 》 ᠶ᠋ᠢᠨ ᠪᠤᠢ ᠪᠣᠯᠬᠤ ᠶ᠋ᠢᠨ ᠤᠷᠢᠲᠠᠯ ᠨᠥᠬᠥᠴᠡᠯ ᠊ᠢ ᠪᠦᠷᠢᠯᠲᠦᠭᠦᠯᠦᠨ ᠥᠭᠭᠦᠭᠰᠡᠨ ᠪᠠᠶ᠋ᠢᠨ᠎ᠠ ᠃ ᠡᠶ᠋ᠢᠮᠦ ᠪᠣᠯᠬᠣᠷ ᠵᠤᠶ᠋ᠢᠷ ᠰᠡᠴᠡᠨ ᠦᠭᠡ ᠨᠢ 《 ᠶᠢᠷᠲᠢᠨᠴᠤ ᠶ᠋ᠢᠨ ᠭᠤᠷᠪᠠ 》 ᠶ᠋ᠢᠨ ᠪᠠᠶᠠᠯᠢᠬᠵᠢᠨ ᠬᠥᠭᠵᠢᠬᠦ ᠳᠦ ᠨᠥᠯᠦᠭᠡ ᠲᠤᠰᠬᠠᠯ ᠶ᠋ᠢᠠᠨ ᠦᠵᠡᠭᠦᠯᠦᠭᠰᠡᠨ ᠪᠠᠶ᠋ᠢᠨ᠎ᠠ ᠃ ᠭᠡᠪᠡᠴᠦ ᠡᠨᠡ ᠬᠣᠶᠠᠷ ᠪᠣᠯ ᠨᠢᠭᠡ ᠵᠤᠶ᠋ᠢᠯ ᠦ᠋ᠨ ᠶᠠᠭᠤᠮ᠎ᠠ ᠣᠭᠲᠣ ᠪᠢᠰᠢ ᠃ ᠡᠨᠡ ᠬᠣᠶᠠᠷ ᠲᠥᠷᠥᠯ ᠦ᠋ᠨ ᠠᠮᠠᠨ ᠵᠣᠬᠢᠶᠠᠯ ᠊ᠢ ᠨᠢᠭᠡᠯᠡ ᠲᠥᠷᠥᠯ ᠦ᠋ᠨ ᠶᠠᠭᠤᠮ᠎ᠠ ᠭᠡᠮᠡᠨ ᠦᠵᠡᠬᠦ ᠦᠵᠡᠯᠲᠡ ᠵᠢᠴᠢ ᠡᠨᠡ ᠬᠣᠶᠠᠷ ᠨᠢ ᠬᠣᠭᠣᠷᠤᠨᠲᠤ ᠪᠠᠨ ᠣᠭᠲᠣ ᠬᠠᠷᠢᠴᠠᠬ᠋ᠠ ᠬᠣᠯᠪᠣᠬ᠋᠎ᠠ ᠦᠭᠡᠢ ᠭᠡᠮᠡᠨ ᠭᠠᠭᠴᠠᠭᠠᠷᠲᠠᠮᠠᠯ ᠶ᠋ᠢᠠᠷ ᠦᠵᠡᠬᠦ ᠦᠵᠡᠯᠲᠡ ᠶ᠋ᠢᠨ ᠠᠯᠢ ᠨᠢ ᠴᠤ᠌ ᠪᠦᠷ ᠲᠠᠭᠠᠷᠠᠬᠤ ᠦᠭᠡᠢ ᠶᠤᠮ ᠃ ᠡᠨᠡ ᠬᠣᠶᠠᠷ ᠨᠢ ᠬᠡᠲᠦᠶ᠋ᠢᠪᠡᠷ ᠬᠣᠶᠠᠷ ᠲᠥᠷᠥᠯ ᠦ᠋ᠨ ᠠᠮᠠᠨ ᠵᠣᠬᠢᠶᠠᠯ ᠪᠣᠯᠪᠠᠴᠤ ᠣᠷᠣᠰᠢᠨ ᠲᠣᠭᠲᠠᠨᠢᠬᠤ ᠪᠠ ᠪᠠᠶᠠᠯᠢᠬᠵᠢᠨ ᠬᠥᠭᠵᠢᠬᠦ ᠶᠠᠪᠤᠴᠠ ᠳᠦ ᠬᠣᠭᠣᠷᠤᠨᠲᠤ ᠪᠠᠨ ᠵᠠᠷᠢᠮ ᠲᠠᠯ᠎ᠠ ᠪᠠᠷ ᠬᠠᠷᠢᠴᠠᠬ᠋ᠠ ᠬᠣᠯᠪᠣᠬ᠋᠎ᠠ ᠲᠠᠢ ᠪᠣᠯᠤᠭᠰᠠᠨ ᠪᠠᠶ᠋ᠢᠨ᠎ᠠ ᠃ ᠵᠢᠱ᠌ᠢᠶᠡᠯᠡᠪᠡᠯ ᠄
《 ᠡᠯᠴᠢ ᠶ᠋ᠢᠨ ᠡᠪᠲᠡᠢ ᠨᠢ ᠰᠠᠶ᠋ᠢᠨ
ᠡᠮᠴᠢ ᠶ᠋ᠢᠨ ᠢᠪᠡᠭᠡᠯ ᠲᠡᠢ ᠨᠢ ᠰᠠᠶ᠋ᠢᠨ 》(49) ᠭᠡᠵᠦ ᠪᠠᠶ᠋ᠢᠬᠰᠠᠨ ᠠ᠋ᠴᠠ ᠪᠠᠨ ᠰᠡᠭᠦᠯ ᠦ᠋ᠨ ᠦᠶ᠎ᠡ ᠳᠦ ᠪᠣᠯᠵᠤ ᠢᠷᠡᠭᠡᠳ
《ᠡᠯᠴᠢ ᠶ᠋ᠢᠨ ᠡᠪᠲᠡᠢ ᠨᠢ ᠰᠠᠶ᠋ᠢᠨ
ᠡᠷᠲᠡᠮ ᠦ᠋ᠨ ᠭᠦᠨ ᠨᠢ ᠰᠠᠶ᠋ᠢᠨ
ᠡᠮᠴᠢ ᠶ᠋ᠢᠨ ᠢᠪᠡᠭᠡᠯᠲᠡᠢ ᠨᠢ ᠰᠠᠶ᠋ᠢᠨ 》(50) ᠭᠡᠵᠦ ᠤᠯᠠᠷᠢᠨ ᠬᠣᠪᠢᠷᠠᠵᠠᠢ ᠃ ᠡᠶ᠋ᠢᠮᠦᠷᠬᠦ ᠪᠠᠶ᠋ᠢᠲᠠᠯ ᠨᠡᠯᠢᠶᠡᠳ ᠬᠠᠷᠠᠭᠲᠠᠨ᠎ᠠ ᠃ ᠡᠭᠦᠨ ᠲᠡᠢ ᠠᠲᠠᠯᠢ ᠶᠤᠰᠤ ᠪᠠᠷ ᠄
《 ᠬᠠᠲᠠ ᠰᠠᠶ᠋ᠢᠲᠠᠢ ᠦᠨᠡᠭᠡ ᠨᠢᠭᠡ ᠪᠠᠷᠲᠠᠮ
ᠬᠠᠲᠠᠮ ᠰᠠᠶ᠋ᠢᠲᠠᠢ ᠬᠦᠷᠭᠡᠨ ᠨᠢᠭᠡ ᠪᠠᠷᠲᠠᠮ
ᠨᠣᠶᠠᠨ ᠰᠠᠶ᠋ᠢᠲᠠᠢ ᠠᠯᠪᠠᠲᠤ ᠨᠢᠭᠡ ᠪᠠᠷᠲᠠᠮ
ᠨᠣᠬᠠᠢ ᠰᠠᠶ᠋ᠢᠲᠠᠢ ᠬᠣᠲᠠ ᠨᠢᠭᠡ ᠪᠠᠷᠲᠠᠮ 》(51) ᠭᠡᠵᠦ ᠳᠥᠷᠪᠡᠨ ᠮᠦᠷ ᠊ᠢ ᠬᠠᠮᠲᠤ ᠳ᠋ᠦ᠍ᠨᠢ ᠨᠡᠶ᠋ᠢᠯᠡᠭᠦᠯᠦᠨ ᠬᠡᠯᠡᠯᠴᠡᠳᠡᠭ ᠪᠣᠯᠪᠠᠴᠤ ᠵᠠᠷᠢᠮ ᠵᠤᠶ᠋ᠢᠷ ᠰᠡᠴᠡᠨ ᠦᠭᠡ ᠶ᠋ᠢᠨ ᠡᠮᠬᠢᠤᠠᠬᠡᠯ ᠳᠦ ᠬᠣᠶᠠᠷ ᠲᠡᠰᠢ ᠪᠡᠨ ᠰᠠᠯᠭᠠᠵᠤ ᠲᠡᠮᠲᠡᠭᠯᠡᠵᠦ ᠪᠠᠶ᠋ᠢᠲᠠᠭ ᠃
《 ᠥᠰᠬᠦ ᠳᠦ ᠰᠢᠲᠦ ᠨᠢᠭᠡ ᠴᠠᠭᠠᠨ
ᠥᠲᠡᠯᠬᠦ ᠳᠦ ᠦᠰᠦ ᠨᠢᠭᠡ ᠴᠠᠭᠠᠨ
ᠦᠬᠦᠬᠦ ᠳᠦ ᠶᠠᠰᠤ ᠨᠢᠭᠡ ᠴᠠᠭᠠᠨ 》(52) ᠭᠡᠳᠡᠭ 《 ᠶᠢᠷᠲᠢᠨᠴᠤ ᠶ᠋ᠢᠨ ᠭᠤᠷᠪᠠ 》 ᠶ᠋ᠢ ᠵᠠᠷᠢᠮ ᠵᠤᠶ᠋ᠢᠷ ᠦᠭᠡ ᠶ᠋ᠢᠨ ᠲᠡᠭᠦᠪᠦᠷᠢ ᠳᠦ ᠄
《 ᠦᠰᠬᠦ ᠳᠦ ᠰᠢᠳᠦ ᠨᠢᠭᠡ ᠴᠠᠭᠠᠨ
ᠦᠲᠡᠯᠬᠦ ᠳᠦ ᠦᠰᠦ ᠨᠢᠭᠡ ᠴᠠᠭᠠᠨ 》 (53 ) ᠭᠡᠵᠦ ᠬᠣᠶᠠᠷ ᠮᠥᠷ ᠢ ᠠᠪᠴᠤ ᠂ ᠨᠢᠭᠡ ᠮᠥᠷ ᠢ ᠨᠢ ᠲᠠᠶᠠᠭᠳᠠᠵᠤ ᠣᠷᠬᠢᠬᠰᠠᠨ ᠪᠠᠶ᠋ᠢᠨ᠎ᠠ ᠃ ᠡᠶ᠋ᠢᠮᠦ ᠪᠣᠯᠬᠣᠷ ᠡᠨᠡ ᠬᠣᠶᠠᠷ ᠨᠢ ᠠᠳᠠᠯᠢ ᠲᠥᠷᠥᠯ ᠦᠨ ᠵᠣᠬᠢᠶᠠᠯ ᠪᠢᠰᠢ ᠪᠣᠯᠵᠤ ᠬᠤᠪᠢᠷᠠᠭᠰᠠᠨ ᠪᠠᠶ᠋ᠢᠨ᠎ᠠ ᠃ ᠡᠨᠡ ᠨᠢ ᠳᠠᠷᠤᠢ ᠡᠨᠡ ᠬᠣᠶᠠᠷ ᠤᠨ ᠬᠣᠭᠣᠷᠣᠨᠳᠣ ᠣᠷᠣᠰᠢᠵᠤ ᠪᠠᠶ᠋ᠢᠭ᠎ᠠ ᠬᠠᠷᠢᠴᠠᠭ᠎ᠠ ᠪᠣᠯᠤᠨ᠎ᠠ ᠃
12 . 《 ᠶᠢᠷᠲᠢᠨᠴᠦ ᠶ᠋ᠢᠨ ᠭᠤᠷᠪᠠ 》 ᠨᠢ ᠨᠡᠶ᠋ᠢᠭᠡᠮ ᠦᠨ ᠬᠥᠭᠵᠢᠯᠲᠡ ᠶ᠋ᠢ ᠳᠠᠭᠠᠯᠳᠤᠨ ᠬᠥᠭᠵᠢᠵᠦ ᠂ ᠰᠢᠨ᠎ᠡ ᠠᠭᠤᠯᠭ᠎ᠠ ᠬᠡᠯᠪᠡᠷᠢ ᠲᠠᠰᠤᠷᠠᠯᠲᠠ ᠦᠭᠡᠢ ᠨᠡᠮᠡᠭᠳᠡᠨ ᠣᠷᠣᠵᠤ ᠰᠢᠨ᠎ᠡ ᠪᠡᠷ ᠵᠣᠬᠢᠶᠠᠭᠳᠠᠵᠤ ᠪᠠᠶ᠋ᠢᠨ᠎ᠠ ᠃ ᠵᠢᠱ᠌ᠢᠶᠡᠯᠡᠪᠡᠯ ᠄
《 ᠨᠠᠭᠠᠳᠤᠮ ᠦᠭᠡ ᠨᠠᠮ ᠳᠤ ᠬᠠᠷᠰᠢ
ᠨᠠᠪᠲᠠᠭᠠᠷ ᠨᠣᠬᠠᠢ ᠬᠤᠯᠠᠭᠠᠶ᠋ᠢᠴᠢ ᠳᠤ ᠬᠠᠷᠰᠢ
ᠨᠠᠷᠠᠨ ᠤ ᠭᠡᠷᠡᠯ ᠪᠠᠭᠪᠠᠬᠠᠢ ᠳᠤ ᠬᠠᠷᠰᠢ 》(54 )
《ᠬᠡᠭᠡᠯᠢ ᠢᠳᠡᠳᠡᠭ ᠡᠴᠡ ᠨᠣᠶᠠᠨ ᠬᠡᠴᠡᠭᠦᠦ
ᠬᠡᠩᠰᠢᠭᠦᠦ ᠬᠥᠭᠡᠭᠡᠳᠡᠭ ᠡᠴᠡ ᠯᠠᠮᠠ ᠬᠡᠴᠡᠭᠦᠦ
ᠬᠡᠷᠡᠭ ᠲᠠᠲᠠᠳᠠᠭ ᠠ᠋ᠴᠠ ᠯᠣᠶ᠋ᠢᠪᠠᠷᠴᠢᠨ ᠬᠡᠴᠡᠭᠦᠦ 》(55) ᠭᠡᠬᠦ ᠮᠡᠲᠦᠴᠢᠯᠡᠨ ᠨᠠᠶ᠋ᠢᠬᠡᠮ ᠦᠨ ᠬᠥᠭᠵᠢᠯᠲᠡ ᠶ᠋ᠢ ᠳᠠᠭᠠᠯᠳᠤᠨ ᠰᠢᠨ᠎ᠡ ᠠᠭᠤᠯᠭ᠎ᠠ ᠂ ᠨᠡᠷ᠎ᠡ ᠲᠣᠮᠢᠶ᠎ᠠ ᠰᠢᠩᠭᠡᠨ ᠣᠷᠣᠵᠤ ᠰᠢᠨ᠎ᠡ ᠪᠡᠷ ᠵᠣᠬᠢᠶᠠᠭᠳᠠᠨ ᠪᠣᠢ ᠃ ᠡᠨᠡ ᠨᠢ 《 ᠶᠢᠷᠲᠢᠨᠴᠦ ᠶ᠋ᠢᠨ ᠭᠤᠷᠪᠠ 》 ᠨᠢ ᠬᠠᠷᠢᠨ ᠬᠥᠭᠵᠢᠯᠲᠡ ᠶ᠋ᠢᠨ ᠵᠢᠮ᠎ᠡ ᠶᠣᠰᠣ ᠪᠠᠷ ᠢᠶ᠋ᠠᠨ ᠬᠥᠭᠵᠢᠵᠦ ᠯᠡ ᠪᠠᠶ᠋ᠢᠲᠠᠭ ᠊ᠢ ᠬᠠᠷᠠᠭᠤᠯᠵᠤ ᠪᠠᠶ᠋ᠢᠨ᠎ᠠ ᠃ 《 ᠶᠢᠷᠲᠢᠨᠴᠦ ᠶ᠋ᠢᠨ ᠭᠤᠷᠪᠠ 》 ᠶ᠋ᠢᠨ ᠡᠭᠦᠰᠦᠯ ᠬᠥᠭᠵᠢᠯ ᠪᠠ ᠲᠡᠭᠦᠨ ᠪ ᠬᠡᠷᠬᠢᠨ ᠤᠯᠠᠷᠢᠨ ᠬᠤᠪᠢᠷᠠᠵᠤ ᠳᠠᠷᠬᠠᠨ ᠳᠡᠯᠭᠡᠷᠡᠭᠰᠡᠨ ᠶᠡᠬᠡ ᠲᠥᠯᠥᠪ ᠪᠠᠶ᠋ᠢᠲᠠᠯ ᠨᠢ ᠪᠠᠷᠤᠭ ᠡᠶ᠋ᠢᠮᠦ ᠯᠡ ᠪᠠᠶ᠋ᠢᠨ᠎ᠠ ᠃
ᠲᠠᠶ᠋ᠢᠯᠪᠤᠷᠢ ᠄
(1) ᠮ ᠂ ᠭᠣᠷᠺᠢ ᠶ᠋ᠢᠨ 《 ᠠᠷᠠᠳ ᠦ᠋ᠨ ᠠᠮᠠᠨ ᠵᠣᠬᠢᠶᠠᠯ ᠦ᠋ᠨ ᠲᠤᠬᠠᠢ ᠶᠠᠷᠢᠶ᠎ᠠ 》 ᠠ᠋ᠴᠠ ᠃
(2) 《 ᠪᠤᠷᠬᠠᠨ ᠭᠤᠷᠪᠠᠨ ᠡᠷᠲᠡᠨᠢ 》 — ᠨᠣᠮ ᠂ ᠪᠤᠷᠬᠠᠨ ᠂ ᠯᠠᠮᠠ ᠶ᠋ᠢ ᠬᠡᠯᠡᠨ᠎ᠡ ᠃
(3)(4) ᠣᠣᠨ ᠂ ᠡᠷᠲᠡᠨᠢ ᠶ᠋ᠢᠨ 《 ᠭᠤᠷᠪᠠᠲᠤ ᠶ᠋ᠢᠨ ᠪᠦᠷᠢᠯᠲᠦᠬᠦᠨ ᠪ ᠤᠯᠠᠷᠢᠬᠤᠢ ᠣᠨᠣᠯ ᠊ᠢ ᠲᠤᠷᠰᠢᠨ ᠥᠭᠦᠯᠡᠬᠦ ᠨᠢ 》 ᠭᠡᠲᠡᠭ᠋ ᠥᠭᠦᠯᠡᠯ ᠡᠴᠡ ᠃
(5) ᠱ ᠂ ᠡᠷᠲᠡᠨᠢᠴᠢᠯᠠᠭᠤ ᠂ ᠱ ᠪᠤᠶᠠᠨᠲᠣᠭᠲᠠᠬᠤ ᠶ᠋ᠢᠨ 《 ᠬᠦᠷ ᠬᠥᠭᠵᠢᠭᠡᠨᠲᠦ ᠬᠦᠷᠢᠶ᠎ᠡ ᠬᠤᠷᠢᠮ 》 ( ᠵᠢᠷᠢᠮ ᠦ᠋ᠨ ᠤᠷᠠᠨ ᠵᠣᠬᠢᠶᠠᠯ ᠦ᠋ᠨ 83.2 ᠬᠤᠭᠤᠴᠠᠬ᠋᠎ᠠ ᠶ᠋ᠢᠨ 118 ᠨᠢᠭᠤᠷ ᠲᠤ ᠦᠵᠡ ᠃)
(7) 《 ᠠᠯᠲᠠᠨ ᠭᠠᠨᠲᠠᠷᠢ 》 ᠰᠡᠤᠠᠬᠦᠯ ᠦ᠋ᠨ 80.1 ᠬᠤᠭᠤᠴᠠᠬ᠋᠎ᠠ ᠳᠦ ᠃
(9) ᠬᠠᠯᠠᠬ᠎ᠠ ᠠᠷᠠᠳ ᠦ᠋ᠨ ᠳᠤᠮᠳᠠ ᠶᠠᠷᠢᠬᠲᠠᠵᠤ ᠪᠠᠶ᠋ᠢᠬ᠋᠎ᠠ ᠃
(6)(8)(10) - (20)(27) - (38)(50) - (55) ᠡᠮᠬᠢᠤᠠᠬᠡᠯ ᠡᠴᠡ ᠯᠠᠪᠯᠠ ᠃
(21)-(24) ᠪ ᠂ ᠰᠣᠤᠠᠨᠠᠮ ᠦ᠋ᠨ 《 ᠮᠣᠩᠭᠣᠯ ᠠᠷᠠᠳ ᠦ᠋ᠨ ᠶᠢᠷᠲᠢᠨᠴᠦ ᠶ᠋ᠢᠨ ᠭᠤᠷᠪᠠ ᠂ ᠳᠥᠷᠪᠡ ᠶ᠋ᠢᠨ ᠲᠤᠬᠠᠢ 》 ᠭᠡᠳᠡᠭ ᠥᠭᠦᠯᠡᠯ ᠡᠴᠡ ᠃
(25) ᠯᠣᠪᠰᠠᠩᠴᠣᠶ᠋ᠢᠲᠠᠨ ᠪ 《 ᠮᠣᠩᠭᠣᠯ ᠦ᠋ᠨ ᠵᠠᠩ ᠠᠭᠠᠯᠢ ᠶ᠋ᠢᠨ ᠣᠶ᠋ᠢᠯᠠᠪᠤᠷᠢ 》 ᠳᠦ᠃
(26) ᠢᠨᠵᠠᠨᠨᠠᠰᠢ ᠶ᠋ᠢᠨ 《 ᠬᠥᠬᠡ ᠰᠤᠲᠤᠷ 》 ᠦ᠋ᠨ 48 ᠪᠦᠯᠦᠭ᠋ ᠲᠦ ᠃
(39) 《 ᠬᠤᠷᠢᠶᠠᠩᠭᠤᠢ ᠠᠯᠲᠠᠨ ᠲᠣᠪᠴᠢ 》 ᠠ᠋ᠴᠠ ᠃
(40)-(44) ᠢᠰᠢᠲᠠᠨᠽᠠᠨᠸᠠᠩᠵᠢᠯ ᠦ᠋ᠨ ᠰᠤᠷᠭᠠᠯ ᠰᠢᠯᠦᠭ ᠡᠴᠡ ᠃
(45)-(46) 《 ᠵᠠᠭᠤᠨ ᠪᠢᠯᠢᠭ᠋ 》 ᠦ᠋ᠨ 4 ᠪᠣᠲᠢ ᠳᠦ ᠃
(47)-(48) ᠭᠦᠩᠭᠠᠵᠠᠯᠼᠠᠨ ᠪ 《 ᠡᠷᠲᠡᠨᠢ ᠶ᠋ᠢᠨ ᠰᠠᠩ ᠰᠤᠪᠠᠰᠢᠲᠢ 》 ᠠ᠋ᠴᠠ ᠃
(49)-(53) 《 ᠵᠤᠶ᠋ᠢᠷ ᠰᠡᠴᠡᠨ ᠦᠭᠡ 》 ᠬᠡᠮᠡᠬᠦ ᠲᠡᠭᠦᠪᠦᠷᠢ ᠡᠴᠡ ᠃
ᠦᠰᠦᠭ ᠠᠮᠢᠯᠠᠭᠤᠯᠤᠭᠴᠢ ᠄ ᠣᠶᠤᠨᠲᠤᠨᠠᠯ ᠂ ᠳ᠋ᠦ᠋ᠩ ᠹᠧᠩ ᠂ ᠬᠠᠷᠠᠨᠤᠳ ᠲᠤᠶᠠᠭ᠎ᠠ
ᠬᠢᠨᠠᠭᠴᠢ ᠄ ᠮᠢᠩᠭᠠᠳ ᠴᠢᠮᠡᠭ ᠂ ᠬᠠᠷᠠᠨᠤᠳ ᠲᠤᠶᠠᠭ᠎ᠠ
