ᠰᠢᠨ᠎ᠡ ᠣᠨ ᠤ ᠵᠥᠩᠨᠡᠯ - ᠤᠷᠠᠳ ᠴᠢᠮᠡᠭШинэ оны зөгнөл-урд чимгээ ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨ᠎ᠡ ᠣᠨ ᠤ ᠵᠥᠩᠨᠡᠯ - ᠤᠷᠠᠳ ᠴᠢᠮᠡᠭШинэ оны зөгнөл-урд чимгээ

ᠰᠢᠨ᠎ᠡ ᠣᠨ ᠤ ᠵᠥᠩᠨᠡᠯ - ᠤᠷᠠᠳ ᠴᠢᠮᠡᠭШинэ оны зөгнөл-урд чимгээ

2023-05-04

661

ᠰᠢᠨ᠎ᠡ ᠣᠨ ᠤ ᠵᠥᠩᠨᠡᠯ

      ᠤᠷᠠᠳ ᠴᠢᠮᠡᠭ

ᠳᠡᠯᠡᠬᠡᠢ ‍ᠶ᠋ᠢᠨ ᠡᠯ᠎ᠡ ᠥᠨᠴᠥᠭ ᠪᠤᠯᠤᠩ ᠢ᠋ᠶ᠋ᠠᠷ ᠨᠤᠲᠤᠭᠯᠠᠵᠤ ᠪᠠᠶ᠋ᠢᠭ᠎ᠠ
ᠳᠥᠷᠪᠡᠨ ᠵᠦᠭ ᠨᠠᠢ᠍ᠮᠠᠨ ᠵᠣᠪᠬᠢᠰ ᠤ᠋ᠨ ᠳᠠᠶᠠᠭᠠᠷ ᠮᠣᠩᠭᠣᠯᠴᠤᠳ ᠲᠠᠭᠠᠨ
ᠰᠢᠨ᠎ᠡ ᠣᠨ ᠤ᠋ ᠠᠮᠤᠷ ᠠᠮᠤᠭᠤᠯᠠᠩ ᠠᠶ᠋ᠢᠯᠠᠳᠬᠠᠶ᠎ᠠ 
ᠨᠠᠷᠠᠨ ᠢ᠋ᠶ᠋ᠠᠨ ᠰᠢᠲᠦᠵᠦ ᠡᠩᠬᠡ ᠣᠷᠣᠰᠢᠵᠤ
ᠰᠠᠴᠤᠯᠢ ᠪᠠᠨ ᠡᠷᠭᠦᠵᠦ ᠪᠦᠬᠦᠨ ᠢ᠋ᠶ᠋ᠡᠨ ᠳᠠᠭᠠᠳᠬᠠᠵᠤ
ᠡᠷᠦᠬᠡ ᠪᠡᠨ ᠲᠠᠲᠠᠪᠠᠯ ᠪᠤᠶᠠᠨ ᠳᠠᠯᠠᠯᠵᠤ
ᠡᠭᠦᠳᠡ ᠪᠡᠨ ᠨᠡᠭᠡᠭᠡᠪᠡᠯ ᠬᠡᠰᠢᠭ ᠬᠤᠷᠤᠶ᠋ᠢᠯᠠᠵᠤ
ᠡᠪᠦᠭᠡᠳ ᠨᠠᠰᠤᠲᠠᠳ ᠬᠣᠶ᠋ᠢᠮᠣᠷ ᠳᠦᠭᠦᠷᠡᠩ
ᠦᠷ᠎ᠡ ᠬᠡᠦᠬᠡᠳ ᠨᠢ ᠭᠡᠷ ᠳᠦᠭᠦᠷᠡᠩ
ᠲᠠᠪᠤᠨ ᠬᠣᠰᠢᠭᠤ ᠮᠠᠯ ᠨᠢ ᠲᠠᠯ᠎ᠠ ᠳᠦᠭᠦᠷᠡᠩ
ᠲᠠᠩᠰᠤᠭ ᠵᠢᠷᠭᠠᠯᠲᠤ ᠠᠮᠢᠳᠤᠷᠠᠯ ᠨᠢ ᠥᠷᠭᠥᠭᠡ ᠳᠦᠭᠦᠷᠡᠩ ᠰᠠᠴᠤᠷᠠᠵᠤ
ᠡᠪᠡᠳᠴᠢᠨ ᠵᠣᠪᠠᠯᠠᠩ ᠦᠭᠡᠢ ᠥᠷᠢ ᠰᠢᠷᠢ ᠦᠭᠡᠢ
ᠡᠷᠡᠭᠦᠯ ᠰᠠᠷᠠᠭᠤᠯ ᠡᠩᠬᠡ ᠠᠮᠤᠭᠤᠯᠠᠩ
ᠥᠭᠡᠳᠡ ᠡᠰᠡᠷᠡᠭ ᠪᠠᠶ᠋ᠢᠬᠤ ‍ᠶ᠋ᠢᠨ ᠥᠷᠥᠴᠡᠨ ᠦ᠌ ᠵᠥᠩᠨᠡᠯ ᠬᠠᠶ᠋ᠢᠷᠠᠯᠠᠶ᠎ᠠ
ᠤᠷᠲᠤ ᠨᠠᠰᠤᠯᠠᠵᠤ ᠤᠳᠠᠭᠠᠨ ᠵᠢᠷᠭᠠᠵᠤ
ᠵᠠᠭᠤ ᠨᠠᠰᠤᠯᠠᠵᠤ ᠵᠤᠵᠠᠭᠠᠨ ᠵᠢᠷᠭᠠᠵᠤ
ᠦᠷᠡᠰ ᠦ᠋ᠨ ᠢ᠋ᠶ᠋ᠡᠨ ᠰᠠᠢᠬᠠᠨ ᠢ᠋ ᠦᠵᠡᠨ ᠵᠢᠷᠭᠠᠵᠤ
ᠦᠰᠦ ᠪᠡᠨ ᠪᠤᠭᠤᠷᠤᠯᠳᠠᠲᠠᠯ᠎ᠠ ᠨᠠᠰᠤᠯᠠᠨ ᠵᠢᠷᠭᠠᠲᠤᠭᠠᠢ !

    ᠦᠰᠦᠭ ᠠᠮᠢᠯᠠᠭᠤᠯᠤᠭᠴᠢ ᠄ ᠠᠯᠲᠠᠨ ᠠᠭᠤᠯᠠ