ᠴᠠᠰᠤᠨ ᠬᠠᠲᠤᠨЦасан Хатан _ Snow Queen
ᠴᠠᠰᠤᠨ ᠬᠠᠲᠤᠨ
ᠡᠷᠲᠡ ᠤᠷᠢᠳᠤ ᠶ᠋ᠢᠨ ᠴᠠᠭ ᠲᠤ᠌ ᠺᠸᠢ᠂ ᠭᠸᠷᠳᠠ ᠭᠡᠬᠦ ᠬᠣᠶᠠᠷ ᠰᠠᠢᠨ ᠨᠠᠢᠵᠠ ᠪᠠᠢᠵᠠᠢ᠃
ᠲᠡᠳᠡ ᠵᠡᠷᠭᠡᠴᠡᠭᠡ ᠬᠠᠭᠠᠯᠭᠠᠨ ᠤ᠋ ᠬᠥᠷᠰᠢ ᠨᠦ᠍ᠭᠦᠳ ᠪᠠᠢᠯ᠎ᠠ᠃ ᠬᠣᠶᠠᠷ ᠨᠠᠢᠵᠠ ᠬᠣᠶᠠᠭᠤᠯᠠ ᠪᠠᠨ ᠰᠠᠷᠠᠨᠠᠢ ᠴᠡᠴᠡᠭ ᠲᠦ᠍ ᠳᠤᠷᠠᠲᠠᠢ ᠪᠥᠭᠡᠳ ᠳᠤᠮᠳᠠ ᠶ᠋ᠢᠨ ᠭᠠᠵᠠᠷ ᠲᠤ᠌ ᠪᠠᠨ ᠰᠠᠷᠠᠨᠠᠢ ᠶ᠋ᠢᠨ ᠪᠤᠲᠠ ᠲᠠᠷᠢᠵᠠᠢ᠃
ᠺᠸᠢ ᠶ᠋ᠢᠨ ᠡᠵᠢ ᠡᠳᠦᠷ ᠪᠣᠯᠭᠠᠨ ᠲᠡᠳᠡᠨ ᠳ᠋ᠦ᠍ ᠦᠯᠢᠭᠡᠷ ᠶᠠᠷᠢᠵᠤ ᠥᠭᠳᠡᠭ ᠪᠠᠢᠭᠰᠠᠨ ᠶᠤᠮ᠃
ᠡᠪᠦᠯ ᠦ᠋ᠨ ᠨᠢᠭᠡᠨ ᠡᠳᠦᠷ ᠡᠮᠧ ᠨᠢ ᠲᠡᠳᠡᠨ ᠳ᠋ᠦ᠍ ᠴᠠᠰᠤᠨ ᠬᠠᠲᠤᠨ ᠤ᠋ ᠲᠤᠬᠠᠢ ᠦᠯᠢᠭᠡᠷ ᠶᠠᠷᠢᠯ᠎ᠠ᠃
《ᠴᠠᠰᠤᠨ ᠬᠠᠲᠤᠨ ᠪᠣᠯ ᠬᠠᠷᠭᠢᠰ ᠱᠤᠯᠤᠮ᠂ ᠲᠡᠷᠡ ᠬᠥᠮᠦᠨ ᠦ᠌ ᠰᠡᠳᠬᠢᠯ ᠢ᠋ ᠮᠥᠰᠥ ᠪᠣᠯᠭᠠᠨ ᠬᠤᠪᠢᠷᠠᠭᠠᠵᠤ ᠪᠣᠭᠣᠯ ᠢ᠋ᠶ᠋ᠠᠨ ᠪᠣᠯᠭᠠᠵᠤ ᠴᠢᠳᠠᠨ᠎ᠠ᠃》
《 ᠪᠢᠳᠡ ᠥᠪᠡᠷᠰᠡᠳ ᠢ᠋ ᠪᠡᠨ ᠴᠠᠰᠤᠨ ᠬᠠᠲᠤᠨ ᠠ᠋ᠴᠠ ᠠᠪᠤᠷᠠᠬᠤ ᠶᠣᠰᠣᠲᠠᠢ ᠶᠤᠮ ᠪᠠᠢᠨ᠎ᠠ》
《 ᠬᠠ ᠬᠠ᠂ ᠬᠡᠷᠪᠡ ᠲᠡᠷᠡ ᠡᠨᠳᠡ ᠢᠷᠡᠪᠡᠯ ᠪᠢ ᠲᠡᠭᠦᠨ ᠢ᠋ ᠭᠠᠯ ᠳᠡᠭᠡᠷ᠎ᠡ ᠬᠠᠢᠯᠤᠭᠤᠯᠤᠭᠠᠳ ᠤᠰᠤᠨ ᠬᠠᠲᠤᠨ ᠪᠣᠯᠭᠠᠴᠢᠬᠠᠶ᠎ᠠ ᠯᠠ ᠳᠠ》
ᠬᠠ ᠬᠠ ᠬᠠ᠁
《 ᠬᠦᠢ᠂ ᠨᠢᠭᠡ ᠬᠥᠮᠦᠨ ᠢᠨᠢᠶᠡᠵᠦ ᠰᠣᠨᠣᠰᠤᠭᠳᠠᠭᠠᠳ ᠪᠠᠢᠨ᠎ᠠ ᠳᠠ!》
《 ᠬᠡᠨ ᠪᠣᠢ᠂ ᠴᠣᠩᠬᠣᠨ ᠤ᠋ ᠳᠡᠷᠭᠡᠳᠡ ᠬᠥᠮᠦᠨ ᠵᠣᠭᠰᠣᠵᠤ ᠪᠠᠢᠨ᠎ᠠ ᠤᠤ?》
ᠺᠸᠢ ᠴᠣᠩᠬᠣ ᠨᠡᠭᠡᠭᠡᠭᠡᠳ ᠲᠡᠨᠳᠡ ᠬᠥᠮᠦᠨ ᠪᠠᠢᠭ᠎ᠠ ᠡᠰᠡᠬᠦ ᠶ᠋ᠢ ᠰᠢᠯᠭᠠᠪᠠ᠃ ᠴᠠᠰᠤ ᠣᠷᠣᠵᠤ ᠪᠠᠢᠯ᠎ᠠ᠂ ᠺᠸᠢ ᠶ᠋ᠢᠨ ᠨᠢᠳᠦ ᠤᠷᠤᠭᠤ ᠨᠢᠭᠡ ᠶᠠᠭᠤᠮ᠎ᠠ ᠣᠷᠣᠴᠢᠬᠠᠯ᠎ᠠ᠃
《 ᠠ᠂ ᠮᠢᠨᠦ ᠨᠢᠳᠦ᠁》
ᠨᠢᠳᠦᠨ ᠦ᠌ ᠬᠢᠨᠢ ᠳᠠᠷᠠᠭ᠎ᠠ ᠨᠢᠭᠡ ᠶᠠᠭᠤᠮ᠎ᠠ ᠵᠢᠷᠦᠬᠡ ᠤᠷᠤᠭᠤ ᠨᠢ ᠬᠠᠳᠬᠤᠴᠢᠬᠠᠯᠠ᠃
《 ᠠ᠂ ᠮᠢᠨᠦ ᠵᠢᠷᠦᠬᠡ᠁》
《 ᠶᠠᠭᠤ ᠪᠣᠯᠤᠭᠰᠠᠨ ᠪᠣᠢ᠂ ᠺᠸᠢ ᠴᠢ ᠡᠪᠡᠳᠦᠭᠡ ᠤᠤ?》
《 ᠡᠨᠡ ᠴᠢᠮ᠎ᠠ ᠳ᠋ᠤ᠌ ᠣᠭᠲᠣ ᠬᠠᠮᠢᠶ᠎ᠠ ᠦᠭᠡᠢ᠂ ᠬᠣᠢᠰᠢ ᠪᠠᠨ ᠪᠣᠯ!》
ᠭᠸᠷᠳᠠ ᠭᠠᠢᠬᠠᠵᠤ ᠣᠷᠬᠢᠯ᠎ᠠ᠂ ᠺᠸᠢ ᠡᠮᠦᠨ᠎ᠡ ᠨᠢ ᠬᠡᠵᠢᠶ᠎ᠡ ᠴᠤ᠌ ᠥᠪᠡᠷ ᠲᠦ᠍ ᠨᠢ ᠡᠢᠮᠦ ᠵᠠᠩ ᠭᠠᠷᠭᠠᠵᠤ ᠪᠠᠢᠭᠰᠠᠨ ᠦᠭᠡᠢ᠂
ᠲᠡᠷᠡ ᠡᠳᠦᠷ ᠡᠴᠡ ᠡᠬᠢᠯᠡᠨ ᠺᠸᠢ ᠬᠠᠴᠢᠨ ᠠᠪᠤᠷᠢ ᠭᠠᠷᠭᠠᠬᠤ ᠪᠣᠯᠪᠠ᠃ ᠭᠸᠷᠳᠠ ᠠ᠋ᠴᠠ ᠠᠯᠢ ᠪᠣᠯᠬᠤ ᠳ᠋ᠤ᠌ ᠯᠠ ᠶᠡᠬᠡ ᠳᠡᠭᠡᠷᠡᠩᠭᠦᠢ ᠬᠠᠨᠳᠤᠬᠤ ᠪᠣᠯᠵᠠᠢ᠃ ᠭᠸᠷᠳᠠ ᠺᠸᠢ ᠶ᠋ᠢᠨ ᠡᠨᠡ ᠵᠠᠩ ᠢ᠋ ᠣᠢᠯᠠᠭᠠᠵᠤ ᠴᠢᠳᠠᠭᠰᠠᠨ ᠦᠭᠡᠢ᠃
ᠨᠢᠭᠡᠨ ᠡᠳᠦᠷ ᠺᠸᠢ ᠴᠢᠷᠭ᠎ᠠ ᠪᠠᠨ ᠠᠪᠤᠭᠠᠳ ᠭᠠᠷᠤᠯ᠎ᠠ᠃
《 ᠺᠸᠢ ᠶᠠᠪᠤᠵᠤ ᠬᠠᠮᠲᠤ ᠲᠣᠭᠯᠠᠶ᠎ᠠ》
《 ᠦᠭᠡᠢ᠂ ᠪᠢ ᠶᠠᠪᠤᠵᠤ ᠲᠣᠮᠣ ᠬᠥᠪᠡᠭᠦᠳ ᠲᠡᠢ ᠲᠣᠭᠯᠠᠨ᠎ᠠ》
《 ᠺᠸᠢ ᠬᠣᠶᠠᠭᠤᠯᠠ ᠪᠠᠨ ᠰᠠᠢᠨ ᠨᠠᠢᠵᠠ ᠨᠤᠭᠤᠳ ᠰᠢᠦ ᠳᠡ᠂ ᠴᠢ ᠶᠠᠭᠠᠬᠢᠭᠠᠳ ᠨᠠᠳᠠ ᠲᠠᠢ ᠶᠠᠷᠢᠬᠤ ᠪᠠᠨ ᠪᠤᠯᠢᠴᠢᠬᠠᠭᠰᠠᠨ ᠪᠣᠢ?》
《ᠺᠸᠢ᠁》
ᠺᠸᠢ ᠭᠸᠷᠳᠠ ᠶ᠋ᠢ ᠣᠭᠲᠣ ᠬᠠᠢᠬᠤᠷᠤᠯ ᠦᠭᠡᠢ ᠴᠢᠷᠭ᠎ᠠ ᠪᠠᠨ ᠬᠥᠳᠡᠯᠭᠡᠵᠦ ᠡᠬᠢᠯᠡᠯ᠎ᠡ᠃ ᠭᠸᠷᠳᠠ ᠠᠷᠤ ᠠ᠋ᠴᠠ ᠨᠢ ᠳᠠᠭᠠᠬᠤ ᠭᠡᠵᠦ ᠬᠢᠴᠢᠶᠡᠭᠰᠡᠨ ᠴᠤ᠌ ᠺᠸᠢ ᠶᠡᠬᠡ ᠬᠤᠷᠳᠤᠨ ᠶᠠᠪᠤᠭᠰᠠᠨ ᠤᠴᠢᠷ ᠤᠳᠠᠯ ᠦᠭᠡᠢ ᠭᠸᠷᠳᠠ ᠳ᠋ᠤ᠌ ᠬᠠᠷᠠᠭᠳᠠᠬᠤ ᠪᠠᠨ ᠪᠠᠢᠯ᠎ᠠ᠃ ᠤᠷᠮ᠎ᠠ ᠨᠢ ᠬᠤᠭᠤᠷᠠᠭᠰᠠᠨ ᠭᠡᠷ ᠲᠤ ᠪᠡᠨ ᠢᠷᠡᠯ᠎ᠡ᠃
ᠺᠸᠢ ᠶ᠋ᠢᠨ ᠴᠢᠷᠭ᠎ᠠ ᠬᠤᠷᠳᠤᠨ ᠶᠠᠪᠤᠵᠤ ᠪᠠᠢᠯ᠎ᠠ᠂ ᠭᠡᠨᠡᠳᠲᠡᠬᠡᠨ ᠪᠤᠭᠤ ᠬᠥᠯᠭᠡᠯᠡᠭᠰᠡᠨ ᠰᠡᠦᠬᠡ ᠲᠡᠷᠭᠡ ᠡᠮᠦᠨ᠎ᠡ ᠨᠢ ᠭᠠᠷᠴᠤ ᠢᠷᠡᠭᠡᠳ ᠺᠸᠢ ᠶ᠋ᠢᠨ ᠴᠢᠷᠭ᠎ᠠ ᠶ᠋ᠢ ᠴᠢᠷᠴᠦ ᠶᠠᠪᠤᠯ᠎ᠠ᠃ ᠡᠬᠢᠨ ᠳ᠋ᠦ᠍ ᠪᠡᠨ ᠺᠸᠢ ᠳᠤ ᠠᠶᠠᠲᠠᠢᠬᠠᠨ ᠪᠠᠢᠭᠰᠠᠨ ᠴᠤ᠌ ᠳᠠᠷᠠᠭ᠎ᠠ ᠨᠢ ᠠᠶᠤᠵᠤ ᠡᠬᠢᠯᠡᠯ᠎ᠡ᠃ ᠰᠡᠦᠬᠡ ᠺᠸᠢ ᠶ᠋ᠢ ᠴᠠᠰᠤᠨ ᠤ᠋ ᠣᠷᠣᠨ ᠳ᠋ᠤ᠌ ᠠᠪᠴᠢᠷᠠᠵᠠᠢ᠃ ᠺᠸᠢ ᠶ᠋ᠢᠨ ᠡᠮᠦᠨ᠎ᠡ ᠲᠣᠮᠣ ᠴᠠᠰᠤᠨ ᠰᠢᠯᠲᠦᠭᠡᠨ ᠬᠠᠷᠠᠭᠳᠠᠪᠠ᠃ ᠰᠡᠦᠬᠡᠨ ᠡᠴᠡ ᠨᠢᠭᠡ ᠬᠥᠮᠦᠨ ᠪᠠᠭᠤᠯ᠎ᠠ᠂ ᠲᠡᠷᠡ ᠴᠠᠰᠤᠨ ᠬᠠᠲᠤᠨ ᠪᠠᠢᠪᠠ᠃
《 ᠴᠠᠰᠤᠨ ᠤ᠋ ᠣᠷᠣᠨ ᠳ᠋ᠤ᠌ ᠲᠠᠪᠠᠲᠠᠢ ᠮᠣᠷᠢᠯᠠ! ᠺᠸᠢ》
ᠺᠸᠢ ᠶ᠋ᠢ ᠶᠠᠭᠤ ᠴᠤ᠌ ᠬᠡᠯᠡᠵᠦ ᠠᠮᠵᠢᠭ᠎ᠠ ᠦᠭᠡᠢ ᠪᠠᠢᠬᠤ ᠳ᠋ᠤ᠌ ᠴᠠᠰᠤᠨ ᠬᠠᠲᠤᠨ ᠭᠠᠷ ᠢ᠋ᠶ᠋ᠠᠨ ᠺᠸᠢ ᠶ᠋ᠢᠨ ᠲᠣᠯᠣᠭᠠᠢ ᠳᠡᠭᠡᠷ᠎ᠡ ᠲᠠᠯᠪᠢᠯ᠎ᠠ᠂ ᠬᠠᠲᠤᠨ ᠤ᠋ ᠷᠢᠳᠢ ᠰᠢᠳᠢ ᠦᠢᠯᠡᠴᠢᠯᠡᠵᠦ ᠺᠸᠢ ᠲᠡᠭᠦᠨ ᠢ᠋ ᠳᠠᠭᠠᠬᠤ ᠠ᠋ᠴᠠ ᠥᠭᠡᠷ᠎ᠡ ᠶᠠᠭᠤ ᠴᠤ᠌ ᠬᠢᠵᠦ ᠴᠢᠳᠠᠭᠰᠠᠨ ᠦᠭᠡᠢ᠂ ᠴᠠᠰᠤᠨ ᠬᠠᠲᠤᠨ ᠺᠸᠢ ᠶ᠋ᠢ ᠰᠢᠯᠲᠦᠭᠡᠨ ᠤᠷᠤᠭᠤ ᠠᠪᠴᠤ ᠶᠠᠪᠤᠯ᠎ᠠ᠃
ᠭᠸᠷᠳᠠ ᠺᠸᠢ ᠶ᠋ᠢ ᠬᠦᠯᠢᠶᠡᠭᠰᠡᠭᠡᠷ᠃ ᠭᠡᠪᠡᠴᠦ ᠺᠸᠢ ᠡᠷᠭᠢᠵᠦ ᠢᠷᠡᠭᠰᠡᠨ ᠦᠭᠡᠢ᠂ ᠲᠡᠷᠡ ᠬᠠᠮᠢᠭ᠎ᠠ ᠰᠠᠢ ᠦᠭᠡᠢ ᠬᠠᠢᠭᠠᠳ ᠴᠤ᠌ ᠺᠸᠢ ᠶ᠋ᠢ ᠣᠯᠵᠤ ᠴᠢᠳᠠᠭᠰᠠᠨ ᠦᠭᠡᠢ᠃ ᠵᠤᠨ ᠪᠣᠯᠵᠤ ᠭᠸᠷᠳᠠ ᠺᠸᠢ ᠶ᠋ᠢ ᠣᠯᠵᠤ ᠭᠡᠷ ᠲᠦ᠍ ᠨᠢ ᠠᠪᠴᠢᠷᠠᠬᠤ ᠪᠠᠷ ᠰᠢᠢᠳᠦᠯ᠎ᠡ᠃ ᠭᠸᠷᠳᠠ ᠡᠮᠧ ᠲᠡᠢ ᠡᠨᠡ ᠲᠤᠬᠠᠢ ᠶᠠᠷᠢᠪᠠ
《 ᠴᠢ ᠵᠣᠷᠢᠭᠲᠠᠢ ᠥᠬᠢᠨ ᠶᠦᠮ ᠠ᠋᠂ ᠭᠸᠷᠳᠠ᠂ ᠴᠢ ᠵᠠᠪᠠᠯ ᠠᠮᠵᠢᠯᠲᠠ ᠳ᠋ᠤ᠌ ᠬᠥᠷᠥᠭᠡᠷᠡᠢ!》
《 ᠪᠠᠶᠠᠷᠯᠠᠯ᠎ᠠ᠂ ᠡᠮᠧ ᠠ᠋》
《 ᠡᠨᠡ ᠲᠣᠯᠢ ᠶ᠋ᠢ ᠠᠪᠤᠭᠠᠳ ᠶᠠᠪᠤ ᠶᠡᠬᠡ ᠲᠤᠰᠠ ᠪᠣᠯᠤᠨ᠎ᠠ ᠰᠢᠦ》
ᠭᠸᠷᠳᠠ ᠲᠣᠯᠢ ᠶ᠋ᠢ ᠠᠪᠤᠭᠠᠳ ᠺᠸᠢ ᠶ᠋ᠢ ᠬᠠᠢᠬᠤ ᠠᠶᠠᠨ ᠵᠠᠮ ᠳ᠋ᠤ᠌ ᠪᠠᠨ ᠭᠠᠷᠤᠯ᠎ᠠ᠃ ᠲᠡᠷᠡ ᠭᠡᠷ ᠡᠴᠡ ᠪᠡᠨ ᠶᠡᠬᠡ ᠬᠣᠯᠠ ᠶᠠᠪᠤᠵᠠᠢ᠃ ᠵᠠᠮ ᠳ᠋ᠤ᠌ ᠪᠠᠨ ᠲᠡᠷᠡ ᠠᠩ ᠠᠮᠢᠲᠠᠨ ᠠ᠋ᠴᠠ᠂ ᠠᠷᠢᠶᠠᠲᠠᠨ ᠵᠢᠭᠦᠷᠲᠡᠨ ᠡᠴᠡ᠂ ᠮᠥᠨ ᠮᠣᠳᠣᠳ ᠠ᠋ᠴᠠ᠂ ᠰᠠᠯᠬᠢᠨ ᠠ᠋ᠴᠠ ᠺᠸᠢ ᠶ᠋ᠢ ᠬᠠᠷᠠᠭᠰᠠᠨ ᠡᠰᠡᠬᠦ ᠶ᠋ᠢ ᠠᠰᠠᠭᠤᠯ᠎ᠠ᠂ ᠺᠸᠢ ᠶ᠋ᠢ ᠬᠡᠨ ᠴᠤ᠌ ᠬᠠᠷᠠᠭ᠎ᠠ ᠦᠭᠡᠢ ᠪᠠᠢᠪᠠ᠃ ᠭᠡᠪᠡᠴᠦ ᠲᠡᠷᠡ ᠪᠠᠭᠤᠵᠤ ᠦᠭᠭᠰᠡᠨ ᠦᠭᠡᠢ ᠤᠷᠤᠭᠰᠢ ᠪᠠᠨ ᠯᠠ ᠶᠠᠪᠤᠭᠠᠳ ᠪᠠᠢᠯ᠎ᠠ᠃ ᠶᠡᠬᠡ ᠬᠣᠯᠠ ᠠᠯᠬᠤᠭᠰᠠᠨ ᠤ᠋ ᠳᠠᠷᠠᠭ᠎ᠠ ᠲᠡᠷᠡ ᠭᠣᠣᠯ ᠤ᠋ᠨ ᠣᠢᠷᠠᠯᠴᠠᠭ᠎ᠠ ᠢᠷᠡᠯ᠎ᠡ᠂ ᠬᠠᠷᠢᠨ ᠬᠡᠨ ᠴᠤ᠌ ᠲᠡᠨᠳᠡ ᠪᠠᠢᠭᠰᠠᠨ ᠦᠭᠡᠢ᠂ ᠭᠸᠷᠳᠠ ᠬᠡᠰᠡᠭ ᠪᠣᠳᠣᠵᠤ ᠪᠠᠢᠭᠠᠳ ᠭᠣᠣᠯ ᠠ᠋ᠴᠠ ᠠᠰᠠᠭᠤᠯ᠎ᠠ᠄《 ᠬᠦᠨᠳᠦᠲᠦ ᠭᠣᠣᠯ ᠮᠢᠨᠢ! ᠮᠢᠨᠦ ᠨᠠᠢᠵᠠ ᠺᠸᠢ ᠶ᠋ᠢ ᠬᠠᠷᠠᠭᠰᠠᠨ ᠡᠰᠡᠬᠦ ᠪᠡᠨ ᠬᠡᠯᠡᠭᠡᠴᠢ᠂ ᠨᠠᠢᠵᠠ ᠮᠠᠨᠢ ᠠᠯᠠᠭ᠎ᠠ ᠪᠣᠯᠴᠢᠬᠠᠭᠠᠳ᠁》 ᠨᠢᠭᠡ ᠬᠡᠰᠡᠭ ᠬᠠᠷᠢᠭᠤ ᠪᠠᠢᠭᠰᠠᠨ ᠦᠭᠡᠢ᠂ ᠭᠸᠷᠳᠠ ᠶ᠋ᠢᠨ ᠤᠷᠮ᠎ᠠ ᠬᠤᠭᠤᠷᠠᠵᠤ ᠲᠡᠨᠳᠡ ᠡᠴᠡ ᠶᠠᠭ ᠶᠠᠪᠤᠬᠤ ᠭᠡᠵᠦ ᠪᠠᠢᠯ᠎ᠠ᠃ ᠬᠠᠷᠢᠨ ᠶᠠᠭ ᠲᠡᠷᠡ ᠦᠶ᠎ᠡ ᠳ᠋ᠦ᠍ ᠬᠠᠮᠢᠭ᠎ᠠ ᠠ᠋ᠴᠠ ᠶᠤᠮ ᠨᠢᠭᠡ ᠴᠠᠬᠤᠯᠠᠢ ᠭᠠᠷᠴᠤ ᠢᠷᠡᠭᠡᠳ ᠮᠥᠷᠦᠨ ᠳᠡᠭᠡᠷ᠎ᠡ ᠨᠢ ᠰᠠᠭᠤᠴᠢᠬᠠᠪᠠ᠃
《 ᠪᠢ ᠴᠢᠮ᠎ᠠ ᠳ᠋ᠤ᠌ ᠲᠤᠰᠠᠯᠠᠵᠤ ᠴᠢᠳᠠᠨ᠎ᠠ᠂ ᠭᠡᠬᠦ ᠳ᠋ᠡᠭᠡᠨ ᠴᠢ ᠡᠬᠢᠯᠡᠭᠡᠳ ᠨᠠᠳᠠ ᠳ᠋ᠤ᠌ ᠨᠢᠭᠡ ᠶᠠᠭᠤᠮ᠎ᠠ ᠥᠭᠬᠦ ᠶᠣᠰᠣᠲᠠᠢ》 ᠢᠩᠭᠢᠭᠡᠳ ᠰᠢᠪᠠᠭᠤ ᠨᠢᠰᠴᠢᠬᠡᠯᠡ᠃
ᠭᠸᠷᠳᠠ ᠡᠨᠡ ᠦᠭᠡ ᠶ᠋ᠢ ᠭᠣᠣᠯ ᠬᠡᠯᠡᠭᠰᠡᠨ ᠪᠠᠢᠵᠤ ᠲᠠᠭᠠᠷᠠᠨ᠎ᠠ ᠭᠡᠵᠦ ᠪᠣᠳᠣᠪᠠ᠃ ᠲᠡᠷᠡ ᠵᠡᠭᠦᠯᠲᠡ ᠪᠡᠨ ᠠᠪᠤᠭᠠᠳ ᠭᠣᠣᠯ ᠤᠷᠤᠭᠤ ᠤᠨᠠᠭᠠᠯ᠎ᠠ᠃ ᠭᠡᠨᠡᠳᠲᠡ ᠨᠢᠭᠡ ᠵᠠᠪᠢ ᠭᠸᠷᠳᠠ ᠶ᠋ᠢ ᠴᠢᠭᠯᠡᠨ ᠢᠷᠡᠪᠡ᠃ ᠬᠠᠷᠢᠨ ᠵᠠᠪᠢ ᠬᠣᠭᠣᠰᠣᠨ ᠪᠠᠢᠯ᠎ᠠ᠂ ᠲᠡᠷᠡ ᠵᠠᠪᠢᠨ ᠳ᠋ᠤ᠌ ᠰᠠᠭᠤᠲᠠᠯ᠎ᠠ ᠵᠠᠪᠢ ᠥᠪᠡᠷ ᠢ᠋ᠶ᠋ᠡᠨ ᠬᠥᠳᠡᠯᠵᠦ ᠡᠬᠢᠯᠡᠯ᠎ᠡ᠃ ᠵᠠᠪᠢ ᠭᠸᠷᠳᠠ ᠶ᠋ᠢ ᠭᠣᠣᠯ ᠤ᠋ᠨ ᠨᠥᠭᠦᠭᠡ ᠲᠠᠯ᠎ᠠ ᠳ᠋ᠤ᠌ ᠬᠦᠷᠭᠡᠯ᠎ᠡ᠃ ᠲᠡᠷᠡ ᠵᠠᠪᠢᠨ ᠠ᠋ᠴᠠ ᠪᠠᠭᠤᠭᠠᠳ ᠨᠢᠭᠡᠨ ᠴᠡᠴᠡᠷᠯᠢᠭ ᠦ᠋ᠨ ᠡᠮᠦᠨ᠎ᠡ ᠢᠷᠡᠭᠰᠡᠨ ᠪᠠᠢᠪᠠ᠃ ᠶᠠᠩᠵᠤ ᠪᠦᠷᠢ ᠶ᠋ᠢᠨ ᠴᠡᠴᠡᠭᠡᠰ ᠲᠡᠢ ᠶᠡᠬᠡ ᠰᠠᠢᠬᠠᠨ ᠴᠡᠴᠡᠷᠯᠢᠭ ᠪᠠᠢᠯ᠎ᠠ᠃ ᠭᠸᠷᠳᠠ ᠠᠮᠢᠳᠤᠷᠠᠯ ᠳ᠋ᠠᠭᠠᠨ ᠡᠢᠮᠦ ᠣᠯᠠᠨ ᠶᠠᠩᠵᠤ ᠶ᠋ᠢᠨ ᠴᠡᠴᠡᠭᠡᠰ ᠬᠠᠷᠠᠵᠤ ᠪᠠᠢᠭᠰᠠᠨ ᠦᠭᠡᠢ᠂ ᠴᠡᠴᠡᠭᠡᠰ ᠢ᠋ ᠬᠠᠷᠠᠬᠤ ᠳ᠋ᠤ᠌ ᠭᠸᠷᠳᠠ ᠳᠤ ᠰᠠᠢᠬᠠᠨ ᠪᠠᠢᠯ᠎ᠠ᠂ ᠭᠡᠬᠦ ᠳ᠋ᠦ᠍ ᠪᠡᠨ ᠲᠡᠷᠡ ᠪᠠᠰᠠ ᠴᠡᠴᠡᠭᠡᠰ ᠶᠠᠮᠠᠷ ᠴᠤ᠌ ᠠᠩᠬᠢᠯᠤᠮ᠎ᠠ ᠦᠨᠦᠷ ᠦᠭᠡᠢ ᠪᠠᠢᠭ᠎ᠠ ᠶ᠋ᠢ ᠠᠩᠵᠠᠭᠠᠷᠠᠵᠠᠢ᠃ ᠭ᠌ᠸᠷᠳᠠ ᠶ᠋ᠢ ᠨᠢᠭᠡ ᠡᠮᠡᠭᠲᠡᠢ ᠴᠢᠭᠯᠡᠨ ᠢᠷᠡᠯ᠎ᠡ᠃
《 ᠲᠠᠪᠠᠲᠠᠢ ᠮᠣᠷᠢᠯᠠ ᠥᠬᠢᠨ ᠮᠢᠨᠢ》
《 ᠪᠠᠶᠠᠷᠯᠠᠯ᠎ᠠ》
《 ᠴᠢ ᠬᠡᠨ ᠪᠣᠢ ᠥᠬᠢᠨ ᠮᠢᠨᠢ᠂ ᠡᠨᠳᠡ ᠶᠠᠮᠠᠷ ᠬᠡᠷᠡᠭ ᠢ᠋ᠶ᠋ᠡᠷ ᠢᠷᠡᠭᠡ ᠪᠣᠢ?》
《 ᠪᠢ ᠪᠣᠯ ᠭᠸᠷᠳᠠ᠂ ᠪᠢ ᠥᠪᠡᠷ ᠦ᠋ᠨ ᠨᠠᠢᠵᠠ ᠺᠸᠢ ᠶ᠋ᠢ ᠬᠠᠢᠵᠤ ᠪᠠᠢᠨ᠎ᠠ᠂ ᠲᠠ ᠮᠢᠨᠦ ᠨᠠᠢᠵᠠ ᠶ᠋ᠢ ᠬᠠᠷᠠᠭᠰᠠᠨ ᠤᠤ?》
《 ᠺᠸᠢ ᠭᠡᠨ᠎ᠡ᠂ ᠦᠭᠡᠢ ᠳᠡ᠂ ᠰᠠᠨᠠᠭᠠᠨ ᠳ᠋ᠤ᠌ ᠣᠷᠣᠬᠤ ᠦᠭᠡᠢ ᠪᠠᠢᠨ᠎ᠠ》
《 ᠦ᠂᠂᠂᠂ ᠲᠡᠭᠡᠪᠡᠯ ᠴᠤ᠌ ᠪᠢ ᠶᠠᠪᠤᠶ᠎ᠠ ᠳᠠ᠂ ᠲᠠᠨ ᠳ᠋ᠤ᠌ ᠲᠦᠪᠡᠭ ᠣᠳᠤᠭᠰᠠᠨ ᠪᠣᠯ ᠠᠭᠤᠴᠢᠯᠠᠭᠠᠷᠠᠢ》
《 ᠬᠦᠯᠢᠶᠡ ᠯᠡ ᠳᠡ᠂ ᠶᠠᠭᠤ ᠭᠡᠰᠡᠨ ᠪᠣᠢ᠂ ᠺᠢ ᠭᠡᠰᠡᠨ ᠤᠤ? ᠡᠭᠦᠪᠡᠷ ᠨᠢᠭᠡ ᠬᠦᠦ ᠶᠠᠪᠤᠬᠤ ᠶ᠋ᠢ ᠬᠠᠷᠠᠭᠰᠠᠨ ᠰᠠᠨᠠᠭᠳᠠᠬᠤ ᠶᠤᠮ᠂ ᠨᠠᠮ᠎ᠠ ᠶ᠋ᠢ ᠳᠠᠭᠠᠭᠠᠳ ᠶᠠᠪᠤ᠂ ᠲᠡᠷᠡ ᠡᠳᠦᠷ ᠶᠠᠭᠤ
ᠪᠣᠯᠤᠭᠰᠠᠨ ᠢ᠋ ᠪᠢ ᠶᠠᠷᠢᠵᠤ ᠥᠭᠶ᠎ᠡ》
ᠡᠮᠡᠭᠲᠡᠢ ᠭᠧᠷᠳᠠ ᠳ᠋ᠤ᠌ ᠴᠠᠢ ᠬᠢᠵᠦ ᠦᠭᠯ᠎ᠡ᠃ ᠭᠸᠷᠳᠠ ᠲᠡᠭᠦᠨ ᠳ᠋ᠦ᠍ ᠺᠸᠢ ᠶᠠᠭᠠᠬᠢᠵᠤ ᠠᠯᠠᠭ᠎ᠠ ᠪᠣᠯᠤᠭᠰᠠᠨ ᠢ᠋ ᠶᠠᠷᠢᠪᠠ᠃ ᠴᠠᠰᠤᠨ ᠬᠠᠲᠤᠨ ᠤ᠋ ᠲᠠᠯ᠎ᠠ ᠪᠠᠷ ᠡᠷᠡᠭᠡᠯᠵᠡᠭᠡ ᠪᠡᠨ ᠴᠤ᠌ ᠬᠡᠯᠡᠯ᠎ᠡ᠃
《 ᠠ᠂ ᠦ ᠴᠠᠰᠤᠨ ᠬᠠᠲᠤᠨ᠂ ᠲᠡᠷᠡ ᠪᠣᠯ ᠱᠤᠯᠤᠮ᠂ ᠲᠡᠷᠡ ᠱᠤᠯᠤᠮ ᠠ᠋ᠴᠠ ᠪᠣᠯᠤᠭᠠᠳ ᠮᠢᠨᠦ ᠪᠦᠬᠦ ᠴᠡᠴᠡᠭᠡᠰ ᠠᠩᠬᠢᠯᠤᠮ᠎ᠠ ᠦᠨᠦᠷ ᠢ᠋ᠶ᠋ᠡᠨ ᠠᠯᠳᠠᠴᠢᠬᠠᠭᠰᠠᠨ᠂ ᠪᠢ ᠲᠡᠷᠡ ᠮᠠᠭᠤ ᠳ᠋ᠤ᠌ ᠰᠤᠷᠭᠠᠵᠤ ᠥᠭᠮᠡᠷ ᠪᠠᠢᠨ᠎ᠠ》
ᠬᠡᠰᠡᠭ ᠬᠤᠭᠤᠴᠠᠭᠠᠨ ᠤ᠋ ᠳᠠᠷᠠᠭ᠎ᠠ ᠡᠮᠡᠭᠲᠡᠢ ᠭᠸᠷᠳᠠ ᠶ᠋ᠢᠨ ᠦᠰᠦ ᠶ᠋ᠢ ᠰᠠᠮᠨᠠᠵᠤ ᠡᠬᠢᠯᠡᠯ᠎ᠡ᠃ ᠷᠢᠳᠢ ᠰᠢᠳᠢ ᠶ᠋ᠢᠨ ᠰᠠᠮ ᠪᠠᠢᠵᠠᠢ᠃ ᠦᠨᠡᠨ ᠳ᠋ᠦ᠍ ᠪᠡᠨ ᠲᠡᠷᠡ ᠡᠮᠡᠭᠲᠡᠢ ᠭᠠᠭᠴᠠᠭᠠᠷᠳᠠᠭᠰᠠᠨ ᠪᠣᠯᠬᠣᠷ ᠭᠸᠷᠳᠠ ᠶ᠋ᠢ ᠥᠪᠡᠷ ᠲᠡᠢ ᠪᠡᠨ ᠤᠳᠠᠭᠠᠨ ᠪᠠᠢᠯᠭᠠᠬᠤ ᠶ᠋ᠢ ᠬᠦᠰᠡᠭᠰᠡᠨ ᠪᠠᠢᠵᠠᠢ᠃ ᠡᠨᠡ ᠰᠢᠳᠢᠲᠦ ᠰᠠᠮ ᠢ᠋ᠶ᠋ᠠᠷ ᠳᠠᠮᠵᠢᠭᠤᠯᠤᠨ ᠲᠡᠷᠡ ᠭᠸᠷᠳᠠ ᠶ᠋ᠢᠨ ᠳᠤᠷᠠᠰᠤᠮᠵᠢ ᠶ᠋ᠢ ᠠᠷᠢᠯᠭᠠᠵᠠᠢ᠃ ᠭᠸᠷᠳᠠ ᠤᠨᠲᠠᠭᠠᠳ ᠥᠭᠭᠦᠯ᠎ᠡ᠂ ᠰᠡᠷᠡᠬᠦ ᠳ᠋ᠡᠭᠡᠨ ᠶᠠᠭᠤ ᠴᠤ᠌ ᠰᠠᠨᠠᠬᠤ ᠪᠠᠨ ᠪᠠᠢᠭᠰᠠᠨ ᠪᠠᠢᠯ᠎ᠠ᠃
《 ᠪᠢ ᠬᠠᠮᠢᠭ᠎ᠠ ᠪᠠᠢᠨ᠎ᠠ?》
《 ᠴᠢ ᠨᠠᠳᠠ ᠲᠠᠢ ᠬᠠᠮᠲᠤ ᠪᠠᠢᠨ᠎ᠠ ᠥᠬᠢᠨ ᠮᠢᠨᠢ᠂ ᠮᠢᠨᠦ ᠴᠡᠴᠡᠷᠯᠢᠭ ᠲᠦ᠍》 ᠡᠮᠡᠭᠲᠡᠢ ᠶ᠋ᠢᠨ ᠷᠢᠳᠢ ᠰᠢᠳᠢ ᠭᠸᠷᠳᠠ ᠶ᠋ᠢᠨ ᠠᠷᠢᠭᠤᠨ ᠰᠡᠳᠬᠢᠯ ᠳ᠋ᠦ᠍ ᠨᠥᠯᠥᠭᠡᠯᠡᠭᠰᠡᠨ ᠦᠭᠡᠢ᠂ ᠲᠡᠷᠡ ᠡᠮᠡᠭᠲᠡᠢ ᠶ᠋ᠢᠨ ᠮᠠᠯᠠᠭᠠᠢ ᠶ᠋ᠢᠨ ᠳᠡᠭᠡᠷᠡᠬᠢ ᠭᠣᠶᠣᠮᠰᠣᠭ ᠰᠠᠷᠠᠨᠠᠢ ᠶ᠋ᠢ ᠬᠠᠷᠠᠭᠰᠠᠨ ᠳᠠᠷᠤᠢ ᠳ᠋ᠤ᠌ ᠪᠠᠨ ᠺᠸᠢ ᠶ᠋ᠢ ᠪᠣᠯᠤᠨ ᠺᠸᠢ ᠶ᠋ᠢᠨ ᠲᠠᠯ᠎ᠠ ᠪᠠᠷ ᠪᠦᠭᠦᠳᠡ ᠶ᠋ᠢ ᠰᠠᠨᠠᠪᠠ᠃
《 ᠪᠢ ᠠᠯᠢ ᠪᠣᠯᠬᠤ ᠬᠤᠷᠳᠤᠨ ᠺᠸᠢ ᠶ᠋ᠢ ᠣᠯᠬᠤ ᠶᠣᠰᠣᠲᠠᠢ᠂ ᠪᠢ ᠴᠤ᠌ ᠶᠠᠪᠤᠶ᠎ᠠ ᠳᠠ》
ᠡᠮᠡᠭᠲᠡᠢ ᠭᠸᠷᠳᠠ ᠶᠢ ᠵᠣᠭᠰᠣᠭᠠᠬᠤ ᠭᠡᠵᠦ ᠣᠷᠣᠯᠳᠣᠭᠰᠠᠨ ᠴᠤ᠌ ᠭᠸᠷᠳᠠ ᠬᠠᠲᠠᠭᠤ ᠰᠢᠢᠳᠦᠭᠰᠡᠨ ᠪᠠᠢᠯ᠎ᠠ᠃ ᠥᠬᠢᠨ ᠵᠠᠪᠢ ᠤᠷᠤᠭᠤ ᠪᠤᠴᠠᠵᠤ ᠣᠴᠢᠭᠠᠳ ᠵᠠᠪᠢᠨ ᠳ᠋ᠤ᠌ ᠰᠠᠭᠤᠭᠰᠠᠨ ᠶᠤᠮ᠂ ᠵᠠᠪᠢ ᠬᠥᠳᠡᠯᠵᠦ ᠡᠬᠢᠯᠡᠭᠰᠡᠨ ᠴᠤ᠌ ᠭᠸᠷᠳᠠ ᠬᠠᠮᠢᠭᠠᠰᠢ ᠪᠠᠨ ᠶᠠᠪᠤᠬᠤ ᠪᠠᠨ ᠮᠡᠳᠡᠭᠰᠡᠨ ᠦᠭᠡᠢ᠃
《 ᠦ ᠭᠣᠣᠯ ᠮᠢᠨᠢ! ᠵᠠᠮ ᠢ᠋ᠶ᠋ᠠᠨ ᠣᠯᠬᠤ ᠳ᠋ᠤ᠌ ᠮᠢᠨᠢ ᠲᠤᠰᠠᠯᠠᠭᠠᠴᠢ ᠳᠠ᠂》 ᠵᠠᠯᠪᠠᠷᠢᠵᠤ ᠳᠠᠭᠤᠰᠤᠭ᠎ᠠ ᠦᠭᠡᠢ ᠪᠠᠢᠲᠠᠯ᠎ᠠ ᠨᠢᠭᠡᠨ ᠬᠡᠷᠢᠶ᠎ᠡ ᠲᠡᠭᠦᠨ ᠤᠷᠤᠭᠤ ᠨᠢᠰᠴᠦ ᠢᠷᠡᠭᠡᠳ《 ᠬᠣᠢᠲᠤ ᠵᠦᠭ ᠲᠦ᠍ ᠶᠠᠪᠤ》 ᠭᠡᠵᠦ ᠵᠢᠭᠠᠯ᠎ᠠ᠃ᠭᠸᠷᠳᠠ ᠬᠡᠰᠡᠭ ᠬᠤᠭᠤᠴᠠᠭ᠎ᠠ ᠳ᠋ᠤ᠌ ᠬᠡᠷᠢᠶ᠎ᠡ ᠶ᠋ᠢ ᠳᠠᠭᠠᠪᠠ᠃ ᠮᠥᠰᠦᠲᠠᠢ ᠲᠠᠩᠭᠢᠰ ᠢ᠋ᠶ᠋ᠠᠷ ᠠᠶᠠᠯᠠᠭᠰᠠᠭᠠᠷ ᠨᠢᠭᠡᠨ ᠬᠥᠯᠭᠡ ᠳ᠋ᠦ᠍ ᠬᠦᠷᠦᠯ᠎ᠡ᠃ ᠭᠸᠷᠳᠠ ᠬᠥᠯᠭᠡ ᠤᠷᠤᠭᠤ ᠠᠪᠠᠷᠢᠯᠠ᠃
《 ᠡᠨᠡ ᠬᠥᠯᠭᠡ ᠨᠠᠮ᠎ᠠ ᠶ᠋ᠢ ᠴᠠᠰᠤᠨ ᠬᠠᠲᠤᠨ ᠤ᠋ ᠰᠢᠯᠲᠦᠭᠡᠨ ᠳ᠋ᠦ᠍ ᠬᠦᠷᠭᠡᠬᠦ ᠪᠣᠯᠪᠠ ᠤᠤ》
ᠳᠠᠯᠠᠢ ᠶ᠋ᠢᠨ ᠳᠡᠭᠡᠷᠡᠮᠴᠢᠨ ᠪᠦᠰᠡᠭᠦᠢ ᠭᠸᠷᠳᠠ ᠶ᠋ᠢᠨ ᠡᠮᠦᠨ᠎ᠡ ᠭᠠᠷᠴᠤ ᠢᠷᠡᠯ᠎ᠡ᠃
《ᠴᠢ ᠲᠥᠭᠡᠷᠢᠴᠢᠬᠡ ᠤᠤ ?ᠥᠬᠢᠨ ᠠ᠋ !ᠴᠢ ᠳᠠᠯᠠᠢ ᠶ᠋ᠢᠨ ᠳᠡᠭᠡᠷᠡᠮᠴᠢᠨ ᠦ᠌ ᠬᠥᠯᠭᠡ ᠳ᠋ᠦ᠍ ᠪᠠᠢᠨ᠎ᠠ》ᠭᠸᠷᠳᠠ ᠲᠡᠭᠦᠨ ᠳ᠋ᠦ᠍ ᠺᠸᠢ ᠪᠣᠯᠤᠨ ᠴᠠᠰᠤᠨ ᠬᠠᠲᠤᠨ ᠤ᠋ ᠲᠠᠯ᠎ᠠ ᠪᠠᠷ ᠪᠦᠭᠦᠳᠡ ᠶ᠋ᠢ ᠬᠡᠯᠡᠯ᠎ᠡ᠃ ᠳᠠᠯᠠᠢ ᠶ᠋ᠢᠨ ᠳᠡᠭᠡᠷᠡᠮᠴᠢᠨ ᠪᠦᠰᠡᠭᠦᠢ ᠲᠡᠳᠡᠨ ᠢ᠋ ᠦᠷᠦ ᠡᠪᠡᠳᠴᠡᠢ᠃
《 ᠴᠢ ᠺᠸᠢ ᠶ᠋ᠢ ᠴᠠᠰᠤᠨ ᠬᠠᠲᠤᠨ ᠤ᠋ ᠰᠢᠯᠲᠦᠭᠡᠨ ᠡᠴᠡ ᠭᠠᠷᠭᠠᠵᠤ ᠠᠪᠴᠤ ᠴᠢᠳᠠᠬᠤ ᠦᠭᠡᠢ᠂ ᠲᠡᠭᠦᠨ ᠢ᠋ ᠮᠠᠷᠲᠠ!》
《 ᠪᠢ ᠶᠠᠮᠠᠷ ᠴᠤ᠌ ᠦᠨᠡᠬᠡᠷ ᠬᠠᠮᠢᠶ᠎ᠠ ᠦᠭᠡᠢ᠃ ᠺᠸᠢ ᠶ᠋ᠢ ᠣᠯᠤᠨ᠎ᠠ᠂ ᠪᠢ ᠵᠣᠪᠠᠬᠤ ᠴᠠᠭ ᠲᠤ᠌ ᠨᠢ ᠨᠠᠢᠵᠠ ᠶ᠋ᠢ ᠪᠡᠨ ᠣᠷᠬᠢᠬᠤ ᠦᠭᠡᠢ》
《 ᠨᠠᠳᠠ ᠳ᠋ᠤ᠌ ᠦᠨᠡᠨ ᠳ᠋ᠦ᠍ ᠪᠡᠨ ᠨᠠᠢᠵᠠ ᠪᠠᠢᠬᠤ ᠦᠭᠡᠢ ᠯᠡ ᠳᠡ᠂ ᠲᠡᠢᠮᠦ ᠡᠴᠡ ᠪᠢ ᠴᠢᠮ᠎ᠠ ᠶ᠋ᠢ ᠠᠪᠴᠤ ᠦᠯᠡᠳᠡᠮᠡᠷ ᠯᠡ ᠪᠠᠢᠨ᠎ᠠ᠃ ᠭᠡᠬᠦ ᠳ᠋ᠦ᠍ ᠪᠡᠨ ᠴᠢᠨᠦ ᠵᠠᠩ ᠴᠢᠨᠠᠷ ᠮᠢᠨᠦ ᠰᠡᠳᠬᠢᠯ ᠢ᠋ ᠬᠥᠳᠡᠯᠭᠡᠯᠡ᠂ ᠨᠠᠢᠵᠠ ᠶ᠋ᠢ ᠪᠡᠨ ᠣᠯᠬᠤ ᠳ᠋ᠤ᠌ ᠴᠢᠨᠢ ᠪᠢ ᠲᠤᠰᠠᠯᠠᠨ᠎ᠠ》
ᠮᠠᠷᠭᠠᠰᠢ ᠥᠷᠯᠥᠭᠡ ᠨᠢ ᠳᠠᠯᠠᠢ ᠶ᠋ᠢᠨ ᠳᠡᠭᠡᠷᠡᠮᠴᠢᠨ ᠪᠦᠰᠡᠭᠦᠢ ᠭᠸᠷᠳᠠ ᠳ᠋ᠤ᠌ ᠴᠠ ᠪᠤᠭᠤ ᠥᠭᠭᠦᠯ᠎ᠡ᠃
《 ᠡᠨᠡ ᠪᠣᠯ ᠴᠠᠰᠤᠨ ᠤ᠋ ᠣᠷᠣᠨ ᠤ᠋ ᠬᠠᠮᠤᠭ ᠤ᠋ᠨ ᠬᠤᠷᠳᠤᠨ ᠴᠠ ᠪᠤᠭᠤ ᠪᠠᠢᠭ᠎ᠠ ᠶᠤᠮ᠂ ᠴᠢᠮ᠎ᠠ ᠶ᠋ᠢ ᠴᠠᠰᠤᠨ ᠬᠠᠲᠤᠨ ᠤ᠋ ᠰᠢᠯᠲᠦᠭᠡᠨ ᠳ᠋ᠦ᠍ ᠬᠦᠷᠭᠡᠵᠦ ᠥᠭᠭᠦᠨ᠎ᠡ》
《 ᠦ᠂ ᠪᠠᠶᠠᠷᠯᠠᠯ᠎ᠠ》
《 ᠲᠡᠷᠡ ᠮᠠᠭᠤ ᠬᠦᠢᠲᠡᠨ ᠱᠤᠯᠤᠮ ᠢ᠋ ᠪᠣᠯᠭᠣᠭᠠᠳ ᠥᠭᠭᠦᠭᠡᠷᠡᠢ》
ᠭᠸᠷᠳᠠ ᠴᠠ ᠪᠤᠭᠤ ᠶ᠋ᠢ ᠤᠨᠤᠭᠠᠳ ᠬᠣᠯᠠ ᠵᠠᠮ ᠲᠤᠭᠤᠯᠤᠭᠰᠠᠨ ᠤ᠋ ᠡᠴᠦᠰ ᠲᠦ᠍ ᠨᠢᠭᠡᠨ ᠴᠠᠰᠤᠨ ᠣᠷᠣᠴᠨᠨ ᠳ᠋ᠤ᠌ ᠬᠦᠷᠪᠡ᠃ ᠲᠡᠨᠳᠡ ᠨᠢᠭᠡ ᠡᠪᠦᠭᠡᠨ ᠲᠡᠢ ᠲᠠᠭᠠᠷᠠᠵᠠᠢ᠃
《 ᠵᠠ ᠥᠬᠢᠨ ᠮᠢᠨᠢ ᠴᠢ ᠲᠣᠯᠢ ᠶ᠋ᠢ ᠠᠪᠴᠢᠷᠠᠭᠰᠠᠨ ᠪᠢᠵᠡ ᠳᠡ》
ᠭᠸᠷᠳᠠ ᠡᠨᠡ ᠶ᠋ᠢ ᠰᠣᠨᠣᠰᠤᠭᠠᠳ ᠭᠠᠢᠬᠠᠯ᠎ᠠ᠃ ᠤᠬᠠᠭᠠᠨᠲᠤ ᠡᠪᠦᠭᠡᠨ ᠲᠣᠯᠢᠨ ᠤ᠋ ᠲᠠᠯ᠎ᠠ ᠪᠠᠷ ᠶᠠᠭᠠᠬᠢᠵᠤ ᠮᠡᠳᠡᠭᠰᠡᠨ ᠢ᠋ ᠣᠢᠯᠠᠭᠠᠭᠰᠠᠨ ᠦᠭᠡᠢ᠃ ᠭᠸᠷᠳᠠ ᠲᠣᠯᠢ ᠪᠠᠨ ᠭᠠᠷᠭᠠᠵᠤ ᠤᠬᠠᠭᠠᠨᠲᠤ ᠡᠪᠦᠭᠡᠨ ᠳ᠋ᠦ᠍ ᠦᠵᠡᠭᠦᠯᠦᠯ᠎ᠡ᠃
《 ᠡᠨᠡ ᠨᠠᠳᠠ ᠳ᠋ᠤ᠌ ᠴᠠᠰᠤᠨ ᠬᠠᠲᠤᠨ ᠢ᠋ ᠢᠯᠠᠬᠤ ᠳ᠋ᠤ᠌ ᠲᠤᠰᠠᠯᠠᠬᠤ ᠪᠣᠯᠪᠠ ᠤᠤ?》
《 ᠦᠭᠡᠢ᠂ ᠡᠨᠡ ᠪᠣᠯ ᠰᠢᠳᠢᠲᠦ ᠲᠣᠯᠢ᠂ ᠲᠣᠯᠢ ᠦᠨᠡᠨ ᠢ᠋ ᠵᠥᠪᠬᠡᠨ ᠦᠨᠡᠨ ᠢ᠋ ᠯᠡ ᠦᠵᠡᠭᠦᠯᠳᠡᠭ ᠶᠦᠮ ᠰᠢᠦ ᠳᠡ》
ᠳᠠᠷᠠᠭ᠎ᠠ ᠨᠢ ᠤᠬᠠᠭᠠᠨᠲᠤ ᠡᠪᠦᠭᠡᠨ ᠭ᠌ᠸᠷᠳᠠ ᠳ᠋ᠤ᠌ ᠴᠠᠰᠤᠨ ᠬᠠᠲᠤᠨ ᠬᠡᠨ ᠪᠠᠢᠭᠰᠠᠨ ᠢ᠋ ᠶᠠᠷᠢᠵᠤ ᠥᠭᠪᠡ᠃
《 ᠴᠠᠰᠤᠨ ᠬᠠᠲᠤᠨ ᠵᠢᠭᠠᠬᠠᠨ ᠪᠠᠢᠬᠤ ᠳ᠋ᠤ᠌ ᠪᠠᠨ ᠶᠡᠬᠡ ᠰᠠᠢᠬᠠᠨ ᠰᠡᠳᠬᠢᠯ ᠲᠡᠢ ᠴᠣᠪᠣᠭᠣ ᠥᠬᠢᠨ ᠪᠠᠢᠭᠰᠠᠨ ᠶᠤᠮ᠃ ᠶᠠᠪᠤᠭᠰᠠᠨ ᠭᠠᠵᠠᠷ ᠲᠤ᠌ ᠨᠢ ᠴᠡᠴᠡᠭᠡᠰ ᠳᠡᠯᠪᠢᠯᠡᠳᠡᠭ᠂ ᠲᠡᠭᠡᠭᠡᠳ ᠪᠠᠰᠠ ᠢᠨᠢᠶᠡᠬᠦ ᠳ᠋ᠦ᠍ ᠨᠢ ᠨᠢᠳᠦ ᠨᠢ ᠨᠠᠷᠠᠨ ᠤ᠋ ᠭᠡᠷᠡᠯ ᠮᠡᠲᠦ ᠭᠢᠯᠠᠯᠵᠠᠳᠠᠭ ᠪᠠᠢᠯ᠎ᠠ᠃ ᠶᠡᠬᠡ ᠣᠨᠴᠠᠭᠠᠢ ᠵᠢᠷᠭᠠᠯᠲᠠᠢ ᠥᠬᠢᠨ ᠪᠠᠢᠭᠰᠠᠨ᠂ ᠨᠡᠷ᠎ᠡ ᠶ᠋ᠢ ᠨᠢ ᠯᠢᠯᠠ ᠭᠡᠳᠡᠭ ᠪᠠᠢᠭᠰᠠᠨ᠂ ᠭᠡᠪᠡᠴᠦ ᠬᠥᠮᠦᠨ ᠪᠦᠷ ᠯᠢᠯᠠ ᠶ᠋ᠢ ᠱᠤᠯᠤᠮ ᠭᠡᠵᠦ ᠪᠣᠳᠣᠵᠠᠢ᠃ ᠲᠡᠢᠮᠦ ᠪᠣᠯᠬᠣᠷ ᠯᠠ ᠬᠡᠦᠬᠡᠳ ᠦ᠋ᠳ ᠯᠢᠯᠠ ᠲᠠᠢ ᠲᠣᠭᠯᠠᠬᠤ᠂ ᠦᠭᠡ ᠰᠣᠯᠢᠬᠤ ᠶ᠋ᠢ ᠬᠣᠷᠢᠭᠯᠠᠳᠠᠭ ᠪᠠᠢᠯ᠎ᠠ ᠰᠢᠦ ᠳᠡ᠂ ᠲᠡᠭᠡᠭᠡᠳ ᠯᠡ ᠭᠠᠭᠴᠠᠭᠠᠷ ᠢ᠋ᠶ᠋ᠠᠨ ᠭᠤᠨᠢᠭᠲᠠᠢ ᠪᠠᠢᠬᠤ ᠪᠣᠯᠤᠭᠰᠠᠨ ᠶᠤᠮ ᠳᠠ᠂ ᠤᠳᠠᠬᠤ ᠦᠭᠡᠢ ᠪᠦᠬᠦ ᠵᠦᠢᠯ ᠳ᠋ᠦ᠍ ᠡᠷᠭᠢᠨ ᠲᠣᠭᠣᠷᠢᠨ ᠤ᠋ ᠬᠥᠮᠦᠨ ᠪᠦᠷᠢ ᠳ᠋ᠦ᠍ ᠳᠤᠷ᠎ᠠ ᠦᠭᠡᠢ ᠪᠣᠯᠵᠤ ᠡᠬᠢᠯᠡᠯ᠎ᠡ᠃ ᠲᠡᠭᠡᠭᠡᠳ ᠨᠢᠭᠡ ᠡᠳᠦᠷ ᠲᠡᠷᠡ ᠬᠦᠰᠡᠯ ᠢ᠋ᠶ᠋ᠡᠨ ᠰᠢᠪᠡᠨᠡᠭᠰᠡᠨ ᠶᠦᠮ᠂《 ᠨᠠᠳᠠ ᠳ᠋ᠤ᠌ ᠮᠠᠭᠤᠬᠠᠢ ᠬᠠᠨᠳᠤᠭᠰᠠᠨ ᠪᠦᠬᠦᠨ ᠮᠥᠰᠥ ᠪᠣᠯᠤᠨ ᠬᠤᠪᠢᠷᠠ᠂ 》ᠲᠡᠭᠡᠭᠡᠳ ᠯᠢᠯᠠ ᠬᠥᠮᠦᠨ ᠪᠦᠷᠢ ᠡᠴᠡ ᠬᠣᠯᠠ ᠮᠥᠰᠥᠨ ᠰᠢᠯᠲᠦᠭᠡᠨ ᠪᠠᠷᠢᠭᠰᠠᠨ ᠶᠤᠮ ᠳᠠ᠂ ᠠᠮᠢᠳᠤᠷᠠᠯ ᠳ᠋ᠠᠭᠠᠨ ᠬᠠᠢᠷ᠎ᠠ᠂ ᠠᠵᠠ ᠵᠢᠷᠭᠠᠯ ᠢ᠋ ᠮᠡᠳᠡᠷᠡᠯ ᠦᠭᠡᠢ ᠭᠠᠪ ᠭᠠᠭᠴᠠᠭᠠᠷ ᠢ᠋ᠶ᠋ᠠᠨ ᠥᠰᠦᠭᠰᠡᠨ᠃ ᠲᠡᠷᠡ ᠶ᠋ᠢ ᠪᠢᠲᠡᠭᠡᠢ ᠤᠰᠠᠳᠬᠠᠭᠠᠷᠠᠢ! ᠬᠣᠷᠣᠨ ᠮᠠᠭᠤ ᠪᠣᠳᠣᠯ ᠢ᠋ ᠨᠢ ᠯᠡ ᠤᠰᠠᠳᠬᠠᠴᠢᠬᠠ᠃ ᠰᠢᠳᠢᠲᠦ ᠲᠣᠯᠢ ᠴᠢᠨᠢ ᠲᠡᠭᠡᠬᠦ ᠳ᠋ᠦ᠍ ᠴᠢᠨᠢ ᠲᠤᠰᠠᠯᠠᠨ᠎ᠠ᠃ ᠲᠡᠭᠦᠨ ᠳ᠋ᠦ᠍ ᠬᠡᠨ ᠪᠠᠢᠭᠰᠠᠨ ᠢ᠋ ᠨᠢ ᠰᠠᠨᠠᠭᠤᠯᠵᠤ ᠴᠢᠳᠠᠪᠠᠯ ᠴᠢ ᠺᠸᠢ ᠨᠠᠢᠵᠠ ᠶ᠋ᠢ ᠪᠡᠨ ᠠᠪᠤᠷᠠᠵᠤ ᠴᠢᠳᠠᠨ᠎ᠠ ᠭᠡᠰᠡᠨ ᠦᠭᠡ ᠵᠠ ᠦᠦ!》
ᠭᠸᠷᠳᠠ ᠴᠠᠰᠤᠨ ᠬᠠᠲᠤᠨ ᠤ᠋ ᠰᠢᠯᠲᠦᠭᠡᠨ ᠳ᠋ᠦ᠍ ᠣᠴᠢᠪᠠ᠃
ᠺᠸᠢ ᠨᠢᠭᠡ ᠪᠤᠯᠤᠩ ᠳ᠋ᠤ᠌ ᠪᠠᠢᠯ᠎ᠠ᠂ ᠲᠡᠷᠡ ᠮᠥᠰᠥᠨ ᠰᠡᠢᠯᠪᠦᠷᠢ ᠬᠢᠵᠦ ᠪᠠᠢᠪᠠ᠃
《 ᠠ᠂ ᠦ᠂ ᠺᠸᠢ ᠴᠢᠮ᠎ᠠ ᠶ᠋ᠢ ᠬᠠᠷᠠᠭᠠᠳ ᠮᠠᠰᠢ ᠶᠡᠬᠡ ᠪᠠᠶᠠᠷᠯᠠᠵᠤ ᠪᠠᠢᠨ᠎ᠠ᠂ ᠪᠢ ᠪᠠᠢᠨ᠎ᠠ᠂ ᠭᠸᠷᠳᠠ᠂ ᠨᠠᠮ᠎ᠠ ᠶ᠋ᠢ ᠲᠠᠨᠢᠬᠤ ᠦᠭᠡᠢ ᠪᠠᠢᠭ᠎ᠠ ᠶᠤᠮ ᠤᠤ? ᠺᠸᠢ》
ᠺᠸᠢ ᠥᠭᠡᠳᠡ ᠡᠴᠡ ᠨᠢ ᠬᠠᠷᠠᠭᠰᠠᠨ ᠴᠤ᠌ ᠬᠠᠷᠢᠭᠤ ᠦᠵᠡᠭᠦᠯᠦᠭᠰᠡᠨ ᠦᠭᠡᠢ᠂ ᠭᠡᠨᠡᠳᠲᠡᠬᠡᠨ ᠬᠠᠮᠢᠭ᠎ᠠ ᠠ᠋ᠴᠠ ᠶᠤᠮ ᠴᠠᠰᠤᠨ ᠬᠠᠲᠤᠨ ᠭᠠᠷᠤᠭᠠᠳ ᠢᠷᠡᠯ᠎ᠡ᠃
《 ᠡᠨᠳᠡᠬᠢ ᠶ᠋ᠢᠨ ᠪᠤᠰᠤᠳ ᠪᠦᠬᠦ ᠵᠦᠢᠯᠡᠰ ᠦ᠋ᠨ ᠠᠳᠠᠯᠢ ᠪᠠᠷ ᠺᠸᠢ ᠶ᠋ᠢᠨ ᠵᠢᠷᠦᠬᠡ ᠮᠥᠰᠥ ᠪᠣᠯᠤᠨ ᠬᠤᠪᠢᠷᠠᠭᠰᠠᠨ᠂ ᠡᠨᠳᠡ ᠡᠴᠡ ᠶᠠᠪᠤ! ᠣᠳᠣ ᠺᠸᠢ ᠮᠢᠨᠦ ᠪᠣᠭᠣᠯ᠂ ᠣᠷᠬᠢᠵᠤ ᠶᠠᠪᠤᠬᠤ ᠦᠭᠡᠢ ᠪᠣᠯ ᠴᠢᠮ᠎ᠠ ᠶ᠋ᠢ ᠴᠤ᠌ ᠭᠡᠰᠡᠨ ᠮᠥᠰᠥ ᠪᠣᠯᠭᠠᠵᠤ ᠬᠤᠪᠢᠷᠠᠭᠠᠨ᠎ᠠ》
《 ᠺᠸᠢ ᠪᠤᠴᠠᠭᠠᠳ ᠢᠷᠡᠭᠡᠴᠢ ᠳᠡ ᠪᠢ ᠴᠢᠮ᠎ᠠ ᠶ᠋ᠢ ᠰᠠᠨᠠᠭᠠᠳ ᠪᠠᠢᠨ᠎ᠠ ᠪᠢ ᠴᠢᠮ᠎ᠠ ᠶ᠋ᠢ ᠭᠡᠷ ᠲᠦ᠍ ᠠᠪᠠᠴᠢᠬᠤ ᠪᠠᠷ ᠢᠷᠡᠯ᠎ᠡ ᠶᠠᠪᠤᠵᠠᠭᠠᠶ᠎ᠠ》 ᠭᠸᠷᠳᠠ ᠶ᠋ᠢᠨ ᠨᠢᠯᠪᠤᠰᠤ ᠺᠸᠢ ᠶ᠋ᠢᠨ ᠭᠠᠷ ᠳᠡᠭᠡᠷ᠎ᠡ ᠤᠨᠠᠪᠠ᠃ ᠬᠠᠯᠠᠭᠤᠨ ᠰᠡᠳᠬᠢᠯ ᠬᠠᠢᠷ᠎ᠠ ᠡᠨᠡᠷᠢᠯ ᠨᠥᠯᠥᠭᠡᠯᠡᠵᠡᠢ᠃ ᠺᠸᠢ ᠠᠭᠠᠵᠢᠮ ᠢ᠋ᠶ᠋ᠠᠷ ᠳᠤᠷᠠᠰᠤᠮᠵᠢ ᠪᠠᠨ ᠡᠷᠭᠢᠭᠦᠯᠦᠨ ᠣᠯᠤᠭᠰᠠᠨ ᠶᠤᠮ᠃
《 ᠭᠸᠷᠳᠠ ᠠ᠋᠂ ᠦ᠂ ᠪᠢ ᠴᠢᠮ᠎ᠠ ᠶ᠋ᠢ ᠲᠠᠨᠢᠯ᠎ᠠ᠂ ᠪᠢ ᠪᠦᠭᠦᠳᠡ ᠶ᠋ᠢ ᠰᠠᠨᠠᠵᠤ ᠪᠠᠢᠨ᠎ᠠ》
ᠴᠠᠰᠤᠨ ᠬᠠᠲᠤᠨ ᠡᠭᠦᠨ ᠢ᠋ ᠬᠠᠷᠠᠭᠠᠳ ᠶᠡᠬᠡᠳᠡ ᠬᠢᠯᠢᠩᠨᠡᠵᠦ ᠭᠸᠷᠳᠠ ᠶ᠋ᠢ ᠬᠠᠷᠢᠶᠠᠬᠤ ᠪᠠᠷ ᠰᠢᠳᠢᠲᠦ ᠳᠣᠬᠢᠭᠤᠷ ᠢ᠋ᠶ᠋ᠠᠨ ᠭᠠᠷᠭᠠᠵᠤ ᠢᠷᠡᠯ᠎ᠡ᠃ ᠭᠸᠷᠳᠠ ᠰᠢᠳᠢᠲᠦ ᠲᠣᠯᠢ ᠪᠠᠨ ᠭᠠᠷᠭᠠᠵᠤ ᠢᠷᠡᠭᠡᠳ ᠬᠠᠷᠢᠶᠠᠯ ᠤ᠋ᠨ ᠥᠭᠡᠳᠡ ᠡᠴᠡ ᠪᠠᠷᠢᠯ᠎ᠠ᠃ ᠬᠠᠷᠢᠶᠠᠯ ᠪᠠᠢᠬᠤ ᠦᠭᠡᠢ ᠪᠣᠯᠪᠠ᠃ ᠳᠠᠷᠠᠭ᠎ᠠ ᠨᠢ ᠴᠠᠰᠤᠨ ᠬᠠᠲᠤᠨ ᠭᠸᠷᠳᠠ ᠶᠢᠨ ᠰᠢᠳᠢᠲᠦ ᠲᠣᠯᠢ ᠶ᠋ᠢ ᠬᠠᠷᠠᠯ᠎ᠠ᠃ ᠲᠡᠭᠦᠨ ᠳ᠋ᠦ᠍ ᠥᠪᠡᠷ ᠦ᠋ᠨ ᠬᠢᠨᠢ ᠴᠢᠷᠠᠢ ᠪᠢᠰᠢ᠂ ᠪᠢᠴᠢᠬᠠᠨ ᠥᠬᠢᠨ ᠦ᠌ ᠴᠢᠷᠠᠢ ᠬᠠᠷᠠᠭᠳᠠᠵᠠᠢ᠂ ᠭᠡᠨᠡᠳᠲᠡᠬᠡᠨ ᠴᠠᠰᠤᠨ ᠬᠠᠲᠤᠨ ᠡᠷᠭᠢᠭᠡᠳ ᠵᠢᠭᠠᠬᠠᠨ ᠥᠬᠢᠨ ᠪᠣᠯᠵᠤ ᠬᠤᠪᠢᠷᠠᠭᠰᠠᠨ᠃
《 ᠺᠸᠢ ᠭᠸᠷᠳᠠ ᠲᠠ ᠬᠣᠶᠠᠷ ᠲᠤ᠌ ᠪᠠᠶᠠᠷᠯᠠᠯ᠎ᠠ᠂ ᠬᠡᠨ ᠪᠣᠯᠬᠤ ᠶ᠋ᠢ ᠮᠢᠨᠢ ᠰᠠᠨᠠᠭᠤᠯᠤᠭᠰᠠᠨ ᠳ᠋ᠤ᠌ ᠪᠠᠶᠠᠷᠯᠠᠯ᠎ᠠ᠂ ᠪᠢ ᠣᠳᠣ ᠬᠣᠷᠣᠨ ᠰᠠᠨᠠᠭᠠᠨ ᠠ᠋ᠴᠠ ᠠᠩᠭᠢᠵᠢᠷᠠᠯ᠎ᠠ》
ᠺᠸᠢ ᠭᠸᠷᠳᠠ ᠬᠣᠶᠠᠷ ᠯᠢᠯᠠ ᠲᠠᠢ ᠰᠠᠯᠬᠤ ᠶᠣᠰᠣ ᠬᠢᠭᠡᠳ ᠭᠡᠷ ᠲᠤ ᠪᠡᠨ ᠬᠠᠷᠢᠵᠠᠭᠠᠯ᠎ᠠ᠃
ᠦᠰᠦᠭ ᠠᠮᠢᠯᠠᠭᠤᠯᠤᠭᠴᠢ᠄ ᠲᠦᠮᠡᠳ ᠣᠨᠳᠣᠷᠮᠠ
ᠬᠢᠨᠠᠭᠴᠢ᠄ ᠣᠳᠬᠠᠨᠰᠤ᠎ᠡ ᠢᠷᠡᠭᠡᠳᠦᠢ
