ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 3 (3)> Ертөнцийн гурав – Ш᠂ Буянтогтох эмхиохэн найруулав < Оршлын оронд – 3 (3)> ᠶᠢᠷᠲᠢᠨᠴᠦ ᠶ᠋ᠢᠨ ᠭᠤᠷᠪᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 3 (3)> Ертөнцийн гурав – Ш᠂ Буянтогтох эмхиохэн найруулав < Оршлын оронд – 3 (3)>

ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 3 (3)> Ертөнцийн гурав – Ш᠂ Буянтогтох эмхиохэн найруулав < Оршлын оронд – 3 (3)>

2023-05-03

322

ᠣᠷᠣᠰᠢᠯ ᠤᠨ ᠣᠷᠣᠨ ᠳᠤ – 3 (3)


       7. 《 ᠶᠢᠷᠲᠢᠨᠴᠤ ᠶ᠋ᠢᠨ ᠭᠤᠷᠪᠠ 》 ᠨᠢ ᠪᠣᠲᠠᠲᠤ ᠶᠠᠭᠤᠮ᠎ᠠ ᠦᠵᠡᠭᠳᠡᠯ ᠊ᠢ ᠰᠢᠭᠤᠳ ᠵᠢᠭᠠᠨ ᠦᠭᠦᠯᠡᠵᠦ ᠪᠠᠶ᠋ᠢᠬᠰᠠᠨ ᠠ᠋ᠴᠠ ᠪᠠᠨ ᠬᠡᠶ᠋ᠢᠰᠪᠦᠷᠢ ᠤᠤᠠᠬ᠎ᠠ ᠶ᠋ᠢ ᠦᠭᠦᠯᠡᠨ ᠶᠠᠷᠢᠬᠤ ᠲᠡᠰᠢ  ᠬᠥᠭᠵᠢᠬᠦ ᠳ᠋ᠡᠭᠡᠨ ᠰᠠᠶ᠋ᠢᠨ ᠂ ᠰᠠᠶ᠋ᠢᠬᠠᠨ ᠂ ᠮᠠᠭᠤ ᠂ ᠮᠠᠭᠤᠬᠠᠢ  ᠬᠤᠷᠲᠤᠨ ᠂ ᠤᠲᠠᠭᠠᠨ ᠂ ᠣᠯᠠᠨ ᠂ ᠴᠥᠭᠡᠨ ᠂  ᠴᠢᠮᠡᠭ ᠂ ᠵᠠᠰᠠᠯ ᠂ ᠦᠨᠡᠨ ᠂ ᠬᠤᠲᠠᠯ ᠂ ᠶᠠᠲᠠᠭᠤ ᠂ ᠪᠠᠶᠠᠨ ᠂ ᠬᠦᠨᠲᠦ ᠬᠥᠩᠭᠡᠨ ᠂ ᠤᠷᠲᠤ ᠂ ᠣᠬᠣᠷ ᠂ ᠬᠢᠯᠪᠠᠷ ᠂ ᠪᠡᠷᠬᠡ ᠂ ᠬᠠᠲᠠᠭᠤ ᠂ ᠵᠥᠭᠡᠯᠡᠨ ᠂ ᠵᠢᠷᠭᠠᠯ ᠂ ᠵᠣᠪᠠᠯᠠᠩ ᠂ ᠰᠢᠷᠦᠭᠦᠨ ᠂ ᠳᠣᠭᠰᠢᠨ ᠂ ᠪᠥᠬᠡ ᠂  ᠬᠡᠪᠡᠷᠡᠭ  ᠁ ᠭᠡᠬᠦ ᠵᠡᠷᠭᠡ ᠶ᠋ᠢᠨ ᠴᠢᠨᠠᠷ ᠪᠠᠶ᠋ᠢᠲᠠᠯ ᠂ ᠲᠣᠬ᠋᠎ᠠ ᠬᠡᠮᠵᠢᠶ᠎ᠡ ᠶ᠋ᠢ ᠲᠤᠰᠬᠠᠨ ᠂ ᠵᠥᠪ ᠪᠤᠷᠤᠭᠤ ᠡᠰᠡᠷᠭᠦ ᠲᠡᠰᠡᠷᠭᠦ ᠬᠣᠶᠠᠷ ᠲᠠᠯ᠎ᠠ ᠪᠠᠷ ᠡᠰᠡᠷᠭᠦᠴᠡᠯᠲᠦᠨ ᠬᠥᠭᠵᠢᠵᠦ ᠬᠠᠷᠢᠴᠠᠭᠤᠯᠤᠭᠲᠠᠨ ᠳᠡᠯᠭᠡᠷᠡᠵᠡᠢ ᠃ ᠳᠠᠷᠤᠢ ᠰᠠᠶ᠋ᠢᠨ ᠪ ᠡᠰᠡᠷᠭᠦ ᠨᠢ ᠮᠠᠭᠤ ᠂ ᠰᠠᠶ᠋ᠢᠬᠠᠨ ᠪ ᠡᠰᠡᠷᠭᠦ ᠨᠢ ᠮᠠᠭᠤᠬᠠᠢ ᠭᠡᠬᠦ ᠶᠤᠰᠤ ᠪᠠᠷ ᠬᠠᠷᠢᠯᠴᠠᠨ ᠨᠥᠯᠦᠭᠡᠯᠡᠨ ᠬᠥᠭᠵᠢᠭᠰᠡᠨ ᠊ᠢ ᠬᠡᠯᠡᠵᠦ ᠪᠤᠢ ᠃ ᠡᠭᠦᠨ ᠪ ᠲᠤᠬᠠᠢ ᠵᠢᠱ᠌ᠢᠶᠡᠯᠡᠪᠡᠯ ᠄
         ᠶᠢᠷᠲᠢᠨᠴᠤ ᠶ᠋ᠢᠨ ᠭᠤᠷᠪᠠᠨ ᠰᠠᠶ᠋ᠢᠬᠠᠨ
           《 ᠥᠬᠡᠨ ᠪ ᠦᠨᠡᠨ ᠨᠢ ᠨᠢᠭᠡ ᠰᠠᠶ᠋ᠢᠬᠠᠨ
            ᠦᠨᠡᠭᠡᠨ ᠪ ᠤᠯᠠᠭᠠᠨ ᠨᠢ ᠨᠢᠭᠡ ᠰᠠᠶ᠋ᠢᠬᠠᠨ
            ᠦᠰᠦᠨ ᠪ ᠬᠠᠷ᠎ᠠ ᠨᠢ ᠨᠢᠭᠡ ᠰᠠᠶ᠋ᠢᠬᠠᠨ 》(33)
         ᠶᠢᠷᠲᠢᠨᠴᠤ ᠶ᠋ᠢᠨ ᠭᠤᠷᠪᠠᠨ ᠭᠠᠯᠵᠠᠭᠤ
           《 ᠠᠷᠢᠬᠢ ᠨᠢ  ᠭᠡᠳᠦᠷᠡᠭᠰᠡᠨ ᠰᠤᠭᠲᠤᠭᠤ ᠭᠠᠯᠵᠠᠭᠤ
            ᠠᠮᠢᠲᠠᠨ ᠊ᠢ ᠬᠠᠲᠤᠷᠠᠭᠰᠠᠨ ᠡᠬᠡᠨᠡᠷ ᠭᠠᠯᠵᠠᠭᠤ 
            ᠠᠶ᠋ᠢᠯ ᠊ᠢ ᠰᠠᠬᠢᠬᠰᠠᠨ ᠨᠣᠬᠠᠢ ᠭᠠᠯᠵᠠᠭᠤ 》(34)
 ᠭᠡᠬᠦ ᠮᠡᠲᠦ ᠪᠡᠷ ᠣᠯᠠᠨ ᠵᠦᠢᠯ ᠪᠠᠶ᠋ᠢᠬᠤ ᠪᠥᠭᠡᠳ ᠨᠢᠭᠡ ᠵᠦᠢᠯ ᠨᠢ ᠴᠦ ᠣᠯᠠᠨ ᠬᠣᠪᠢᠯᠪᠤᠷᠢ ᠲᠠᠢ ᠪᠢᠯᠡ ᠃

      8.  《ᠶᠢᠷᠲᠢᠨᠴᠤ ᠶ᠋ᠢᠨ ᠭᠤᠷᠪᠠ 》 ᠨᠢ ᠣᠯᠠᠨ ᠮᠦᠷ ᠪᠠ ᠣᠯᠠᠨ ᠲᠠᠯ᠎ᠠ ᠶ᠋ᠢᠨ ᠤᠤᠠᠬ᠎ᠠ ᠠᠭᠤᠯᠬ᠋᠎ᠠ ᠶ᠋ᠢ ᠪᠠᠭᠲᠠᠭᠠᠨ ᠣᠷᠣᠭᠤᠯᠤᠭᠰᠠᠨ ᠪᠠ ᠣᠯᠠᠨ ᠵᠦᠢᠯ ᠦ᠋ᠨ ᠢᠯᠡᠤᠠᠬᠡᠬᠦ ᠠᠷᠬ᠋᠎ᠠ ᠬᠡᠯᠪᠡᠷᠢ ᠪᠤᠢ ᠪᠣᠯᠤᠭᠰᠠᠨ ᠠ᠋ᠴᠠ ᠭᠠᠲᠠᠨ᠎ᠠ ᠠᠲᠠᠯᠢᠬᠠᠨ ᠰᠠᠨᠠᠬ᠋᠎ᠠ ᠶ᠋ᠢ ᠢᠯᠡᠤᠠᠬᠡᠬᠦ ᠳ᠋ᠡᠭᠡᠨ ᠠᠲᠠᠯᠢ ᠪᠤᠰᠤ ᠪᠠᠷ  ᠰᠢᠯᠦᠭᠯᠡᠨ ᠬᠡᠯᠡᠯᠴᠡᠳᠡᠭ ᠬᠣᠪᠢᠯᠪᠤᠷᠢ ᠪᠤᠢ ᠪᠣᠯᠵᠠᠢ ᠃ ᠵᠢᠱ᠌ᠢᠶᠡᠯᠡᠪᠡᠯ ᠄
        《 ᠪᠠᠷᠢᠵᠤ ᠲᠠᠯᠪᠢᠵᠤ ᠪᠠᠶ᠋ᠢᠪᠠᠴᠤ ᠵᠡᠭᠦᠳᠦ ᠬᠣᠭᠣᠰᠣᠨ
            ᠪᠠᠷᠠᠶ᠋ᠢᠵᠤ ᠢᠷᠠᠶ᠋ᠢᠵᠤ ᠪᠠᠶ᠋ᠢᠪᠠᠴᠤ ᠵᠡᠷᠭᠡᠯᠭᠡᠨ ᠬᠣᠭᠣᠰᠣᠨ
            ᠪᠠᠷᠬᠢᠷᠠᠵᠤ ᠴᠠᠷᠬᠢᠷᠠᠵᠤ ᠪᠠᠶ᠋ᠢᠪᠠᠴᠤ ᠴᠤᠤᠷᠢᠶ᠎ᠠ ᠬᠣᠭᠣᠰᠣᠨ 》 (35)
 ᠭᠡᠳᠡᠭ 《 ᠶᠢᠷᠲᠢᠨᠴᠦ ‍ᠶ᠋ᠢᠨ ᠭᠤᠷᠪᠠᠨ ᠬᠣᠭᠣᠰᠣᠨ 》 ‍ᠢ ᠪᠠᠰᠠ ᠄
        《 ᠬᠥᠳᠡᠯᠬᠦ ᠬᠠᠷᠠᠭᠳᠠᠬᠤ ᠪᠣᠯᠪᠠᠴᠤ ᠵᠡᠷᠭᠡᠯᠭᠡᠨ ᠬᠣᠭᠣᠰᠣᠨ
            ᠬᠥᠭᠡᠷᠬᠦ ᠶᠠᠷᠢᠬᠤ ᠪᠣᠯᠪᠠᠴᠤ ᠴᠤᠤᠷᠢᠶ᠎ᠠ ᠬᠣᠭᠣᠰᠣᠨ
            ᠬᠥᠨᠥᠭᠡᠬᠦ ᠲᠡᠮᠡᠴᠡᠬᠦ ᠪᠣᠯᠪᠠᠴᠤ ᠵᠡᠭᠦᠳᠦ ᠬᠣᠭᠣᠰᠣᠨ 》(36) 
ᠭᠡᠵᠦ  ᠬᠡᠯᠡᠳᠡᠭ ᠃ ᠪᠠᠰᠠ ᠵᠢᠱ᠌ᠢᠶᠡᠯᠡᠪᠡᠯ ᠄
       《 ᠬᠦᠯᠢᠶᠡᠬᠦ ‍ᠳᠦ ᠴᠠᠭ ᠨᠢᠭᠡ  ᠤᠳᠠᠭᠠᠨ
           ᠬᠥᠯᠴᠥᠬᠦ ‍ᠳᠦ ᠭᠠᠯ ᠨᠢᠭᠡ ᠤᠳᠠᠭᠠᠨ 
           ᠬᠦᠷᠬᠦ ‍ᠳᠦ ᠮᠥᠷ ᠨᠢᠭᠡ ᠤᠳᠠᠭᠠᠨ 》(37) ᠭᠡᠳᠡᠭ ‍ᠢ ᠵᠠᠷᠢᠮ ᠭᠠᠵᠠᠷ ᠬᠡᠯᠡᠬᠦ ᠳ᠋ᠡᠭᠡᠨ ᠄
       《 ᠬᠠᠷᠠᠬᠤ ‍ᠳᠤ ᠴᠠᠭ ᠤᠳᠠᠭᠠᠨ
           ᠬᠠᠶ᠋ᠢᠬᠤ ‍ᠳᠤ ᠮᠥᠷ ᠤᠳᠠᠭᠠᠨ
           ᠬᠠᠯᠠᠭᠠᠬᠤ ‍ᠳᠤ ᠭᠠᠯ ᠤᠳᠠᠭᠠᠨ 》(38)ᠭᠡᠳᠡᠭ ᠃
 ᠡᠨᠡ ᠬᠣᠶᠠᠷ ᠪᠠᠲᠠᠭ 《 ᠶᠢᠷᠲᠢᠨᠴᠦ ᠶ᠋ᠢᠨ ᠭᠤᠷᠪᠠ 》 ᠶ᠋ᠢᠨ  ᠳᠡᠯᠭᠡᠷᠡᠭᠰᠡᠨ ᠭᠠᠵᠠᠷ ᠨᠢ ᠠᠲᠠᠯᠢ ᠦᠭᠡᠢ ᠡᠴᠡ ᠪᠣᠯᠵᠤ  ᠢᠯᠡᠳᠬᠡᠭᠰᠡᠨ ᠦᠭᠡ ᠨᠢ ᠠᠲᠠᠯᠢ ᠦᠭᠡᠢ ᠪᠣᠯᠤᠭᠰᠠᠨ ᠪᠣᠯᠪᠠᠴᠤ ᠦᠭᠦᠯᠡᠭᠰᠡᠨ ᠰᠠᠨᠠᠬ᠋᠎ᠠ ᠨᠢ ᠪᠦᠷ ᠠᠲᠠᠯᠢᠬᠠᠨ ᠪᠠᠶ᠋ᠢᠨ᠎ᠠ ᠃ ᠡᠨᠡ ᠨᠢ ᠪᠣᠯᠪᠠᠰᠤ《 ᠶᠢᠷᠲᠢᠨᠴᠦ ᠶ᠋ᠢᠨ ᠭᠤᠷᠪᠠ 》 ᠶ᠋ᠢᠨ ᠬᠤᠪᠢᠷᠠᠨ ᠬᠥᠭᠵᠢᠬᠦ ᠶᠠᠪᠤᠴᠠ ‍ᠳᠦ ᠪᠣᠢ ᠪᠣᠯᠤᠭᠰᠠᠨ ᠪᠠᠰᠠ ᠨᠢᠭᠡ ᠰᠢᠨᠵᠢ ᠪᠣᠯᠤᠨ᠎ᠠ ᠃ 

       9.《 ᠶᠢᠷᠲᠢᠨᠴᠦ ᠶ᠋ᠢᠨ ᠭᠤᠷᠪᠠ 》 ᠪᠣᠯᠪᠠᠰᠤ ᠮᠣᠩᠭᠣᠯ ᠦᠨᠲᠦᠰᠦᠲᠡᠨ ᠪ ᠪᠤᠰᠤᠳ ᠲᠥᠷᠥᠯ ᠦ᠋ᠨ ᠠᠮᠠᠨ ᠵᠣᠬᠢᠶᠠᠯ ᠲᠠᠢ ᠪᠠᠨ ᠠᠲᠠᠯᠢ ᠪᠠᠷ ᠠᠯᠢ ᠡᠷᠲᠡ ᠦᠶ᠎ᠡ ᠡᠴᠡ ᠪᠤᠢ ᠪᠣᠯᠤᠨ ᠬᠥᠭᠵᠢᠵᠦ ᠢᠷᠡᠭᠰᠡᠨ ᠪᠠᠶ᠋ᠢᠨ᠎ᠠ ᠃
      ᠲᠡᠦᠬᠡᠨ ᠨᠣᠮ ᠵᠣᠬᠢᠶᠠᠯ ᠠ᠋ᠴᠠ ᠠᠪᠴᠤ ᠦᠵᠡᠪᠡᠯ ᠂ 《  ᠴᠢᠩᠬᠢᠰ ᠬᠠᠭᠠᠨ ᠪ ᠵᠠᠷᠯᠢᠬ 》 ᠂ 《 ᠪᠣᠭᠲᠠ ᠴᠢᠩᠭᠢᠰ ᠬᠠᠭᠠᠨ ᠦ᠋ᠨ ᠮᠠᠭᠲᠠᠨ ᠰᠤᠷᠭᠠᠭᠰᠠᠨ ᠱᠠᠰᠲᠢᠷ 》 ᠂ 《 ᠣᠶᠤᠨ ᠲᠦᠯᠬᠢᠭᠦᠷ 》 ᠂ 《 ᠮᠣᠩᠭᠣᠯ ᠦ᠋ᠨ ᠨᠢᠭᠤᠴᠠ ᠲᠣᠪᠴᠢᠶᠠᠨ 》 ᠂ 《 ᠰᠢᠷ᠎ᠠ ᠲᠣᠭᠣᠵᠢ 》 ᠂ 《 ᠬᠤᠷᠢᠶᠠᠩᠭᠤᠢ ᠠᠯᠲᠠᠨ ᠲᠣᠪᠴᠢ 》 ᠵᠡᠷᠭᠡ ᠶ᠋ᠢᠨ ᠨᠣᠮ ᠵᠣᠬᠢᠶᠠᠯ ᠦ᠋ᠨ ᠳᠣᠲᠣᠷ᠎ᠠ  《ᠶᠢᠷᠲᠢᠨᠴᠦ ᠶ᠋ᠢᠨ ᠭᠤᠷᠪᠠ 》 ᠶ᠋ᠢᠨ ᠬᠡᠯᠪᠡᠷᠢ ᠪᠡᠷ ᠪᠦᠷᠢᠯᠳᠦᠭᠰᠡᠨ ᠪᠠᠷᠢᠮᠲᠠ ᠨᠡᠯᠢᠶᠡᠳ ᠣᠯᠠᠨ ᠪᠤᠢ ᠃ ᠲᠡᠭᠦᠨ ᠪ ᠳᠣᠲᠣᠷ᠎ᠠ ᠠ᠋ᠴᠠ ᠨᠢᠭᠡ ᠪᠠᠲᠠᠭ ᠊ᠢ ᠵᠢᠱ᠌ᠢᠶᠡᠯᠡᠪᠡᠯ ᠄  
         《 ᠬᠠᠰ ᠴᠢᠯᠠᠭᠤᠨ ᠳ᠋ᠤᠷ ᠠᠷᠠᠰᠤᠨ ᠦᠭᠡᠢ
             ᠬᠠᠲᠠ ᠲᠡᠮᠦᠷ ᠲᠣᠷ ᠳᠣᠷᠣᠰᠤᠨ ᠦᠭᠡᠢ
             ᠬᠠᠶ᠋ᠢᠷᠠᠬᠠᠨ ᠲᠥᠷᠥᠭᠰᠡᠨ ᠪᠡᠶᠡᠨ ᠳ᠋ᠤᠷ ᠮᠥᠩᠬᠡ ᠦᠭᠡᠢ 》(39) ᠭᠡᠵᠦ ᠪᠣᠢ ᠃ ᠲᠤᠰ ᠪᠠᠲᠠᠭ ᠦᠭᠡ ᠨᠢ ᠪᠤᠲᠠ ᠪᠡᠶ᠎ᠡ ᠪᠡᠷ ᠶ᠋ᠢᠠᠨ《 ᠶᠢᠷᠲᠢᠨᠴᠦ ᠶ᠋ᠢᠨ ᠭᠤᠷᠪᠠ 》 ᠶ᠋ᠢᠨ ᠪᠦᠷᠢᠯᠲᠦᠬᠦᠨ ᠪᠣᠯᠤᠨ᠎ᠠ ᠃ ᠡᠭᠦᠨ ‍ᠳᠦ ᠭᠦᠨ ᠤᠬᠠᠭᠠᠨ ᠪ ᠦᠵᠡᠯ ᠰᠠᠨᠠᠬ᠋᠎ᠠ ᠳᠦᠭᠦᠷᠡᠩ ᠪᠠᠶ᠋ᠢᠨ᠎ᠠ ᠃ ᠤᠴᠢᠷ ᠨᠢ ᠬᠠᠰ ᠴᠢᠯᠠᠭᠤᠨ ᠂ ᠬᠠᠲᠠ ᠲᠡᠮᠦᠷ ᠂ ᠬᠠᠶ᠋ᠢᠷᠠᠬᠠᠨ ᠲᠥᠷᠥᠭᠰᠡᠨ ᠪᠡᠶ᠎ᠡ ᠵᠡᠷᠭᠡ ᠶ᠋ᠢᠨ ᠪᠣᠲᠠᠲᠤ ᠶᠠᠭᠤᠮ᠎ᠠ  ‍ᠳᠦ ᠭᠦᠨ ᠵᠠᠲᠠᠯᠤᠯᠲᠠ ᠬᠢᠵᠦ ᠮᠥᠨ ᠴᠢᠨᠠᠷ ᠪᠠ ᠵᠢᠮ᠎ᠡ ᠶᠣᠰᠣ ᠶ᠋ᠢ ᠨᠢ ᠰᠢᠨᠵᠢᠯᠡᠬᠦ ᠤᠬᠠᠭᠠᠨᠴᠢ ᠪᠠᠷ ᠨᠤᠲᠠᠯᠠᠨ ᠰᠤᠲᠤᠯᠤᠭᠰᠠᠨ ᠪ ᠰᠠᠭᠤᠷᠢᠨ ᠳᠡᠭᠡᠷ᠎ᠡ ᠵᠥᠪ ᠣᠨᠣᠪᠴᠢᠲᠠᠢ ᠳ᠋ᠦ᠋ᠩ ᠊ᠢ ᠭᠠᠷᠭᠠᠭᠰᠠᠨ ᠪᠠᠶ᠋ᠢᠨ᠎ᠠ ᠃ ᠬᠠᠰ ᠴᠢᠯᠠᠭᠤ ᠬᠡᠲᠦᠶ᠋ᠢᠪᠡᠷ ᠬᠣᠪᠣᠷ ᠡᠷᠲᠡᠨᠢ ᠪᠣᠯᠪᠠᠴᠤ ᠲᠡᠭᠦᠨ  ‍ᠳᠦ ᠠᠷᠠᠰᠤ ᠦᠭᠡᠢ ᠂ ᠬᠠᠲᠠ ᠲᠡᠮᠦᠷ ᠬᠡᠲᠦᠶ᠋ᠢᠪᠡᠷ ᠬᠠᠲᠠᠭᠤ ᠪᠣᠯᠪᠠᠴᠤ ᠮᠥᠨ ᠴᠢᠨᠠᠷ ᠪᠦᠲᠦᠴᠡ ᠨᠢ ᠠᠮᠢᠲᠤ ᠤᠷᠭᠤᠮᠠᠯ ᠪᠤᠰᠤ ᠪᠣᠯᠬᠣᠷ ᠲᠡᠭᠦᠨ  ‍ᠳᠦ ᠬᠡᠷᠬᠡᠨ ᠬᠠᠯᠢᠰᠤ ᠳᠤᠷᠤᠰᠤ ᠪᠠᠶ᠋ᠢᠵᠤ ᠪᠣᠯᠬᠤ ᠠᠵᠢ ᠃ ᠬᠦᠮᠦᠨ ᠪ  ᠲᠥᠷᠥᠭᠰᠡᠨ ᠪᠡᠶ᠎ᠡ ᠬᠢᠷᠢ ᠵᠡᠷᠭᠡ ᠬᠠᠶ᠋ᠢᠷᠠᠬᠠᠨ ᠭᠡᠳᠡᠭ ᠊ᠢ ᠬᠡᠨ ᠴᠤ᠌ ᠪᠦᠷ ᠮᠡᠲᠡᠬᠦ ᠪᠢᠰᠢᠦ ! ᠬᠡᠲᠦᠢ ᠲᠡᠶ᠋ᠢᠮᠦ ᠬᠠᠶ᠋ᠢᠷᠠᠯᠠᠯᠲᠠᠢ ᠪᠣᠯᠪᠠᠴᠤ ᠮᠥᠩᠬᠡᠷᠡᠬᠦ ᠦᠭᠡᠢ  ᠭᠡᠳᠡᠭ ᠬᠤᠪᠢᠰᠤᠩᠭᠤᠢ ᠪᠣᠲᠠᠰᠴᠢ ᠦᠵᠡᠯ ᠦ᠋ᠨ ᠣᠷᠴᠢᠯᠠᠩ  ᠶᠢᠷᠲᠢᠨᠴᠦ ᠶ᠋ᠢᠨ ᠠᠯᠢᠪᠠ ᠬᠡᠷᠡᠭ᠋ ᠪᠣᠲᠠᠰ ᠦ᠋ᠨ ᠰᠣᠯᠢᠬᠲᠠᠨ  ᠬᠥᠭᠵᠢᠬᠦ ᠵᠢᠮ᠎ᠡ ᠶᠣᠰᠣ ᠪᠠ ᠳᠡᠯᠡᠬᠡᠢ ᠣᠷᠴᠢᠯᠠᠩ ᠳᠡᠭᠡᠷᠡᠬᠢ ᠲᠦᠮᠡᠨ ᠪᠣᠲᠠᠰ ᠶ᠋ᠢᠠᠷ ᠲᠣᠭᠲᠠᠨᠢᠬᠰᠠᠨ ᠬᠡᠮᠵᠢᠶᠡᠨ ᠪ ᠬᠥᠲᠡᠯᠭᠡᠭᠡᠨ ᠬᠢᠵᠦ ᠣᠷᠣᠰᠢᠨ  ᠲᠣᠭᠲᠠᠨᠢᠵᠤ ᠪᠠᠶ᠋ᠢᠬᠤ ᠵᠢᠮ᠎ᠡ ᠶᠣᠰᠣᠨ ᠪ ᠡᠭᠦᠲᠡᠨ ᠡᠴᠡ ᠲᠠᠶ᠋ᠢᠯᠪᠤᠷᠢ ᠬᠢᠭᠰᠡᠨ ᠪᠠᠶ᠋ᠢᠨ᠎ᠠ ᠃


      10 ᠂ ᠡᠷᠲᠡ ᠦᠶ᠎ᠡ ᠡᠴᠡ ᠡᠬᠢᠯᠡᠨ ᠮᠣᠩᠭᠣᠯ ᠡᠷᠲᠡᠮᠲᠡᠳ 《 ᠶᠢᠷᠲᠢᠨᠴᠦ ᠶ᠋ᠢᠨ ᠭᠤᠷᠪᠠ 》 ᠠ᠋ᠴᠠ ᠰᠤᠷᠤᠯᠴᠠᠵᠤ ᠂ ᠤᠯᠠᠮ ᠪᠠᠶᠠᠯᠢᠬᠵᠢᠭᠤᠯᠤᠨ  ᠬᠥᠭᠵᠢᠭᠦᠯᠦᠭᠰᠡᠨ ᠪᠠᠶ᠋ᠢᠨ᠎ᠠ ᠃ ᠵᠢᠱ᠌ᠢᠶᠡᠯᠡᠪᠡᠯ ᠄ ᠣᠷᠴᠢᠨ ᠦᠶ᠎ᠡ ᠶ᠋ᠢᠨ ᠠᠯᠲᠠᠷᠲᠤ ᠰᠢᠯᠦᠭᠴᠢᠨ ᠢᠰᠢᠲᠠᠨᠽᠠᠨᠸᠠᠩᠵᠢᠯ (1854-1907) ᠦ᠋ᠨ 《 ᠰᠤᠷᠭᠠᠯ  ᠰᠢᠯᠦᠭ  》  ᠲᠤ ᠄
       《 ᠤᠰᠤᠨ ᠪ ᠥᠩᠭᠡ ᠰᠢᠭᠡᠭᠡᠳ ᠰᠢᠷᠠᠯᠠᠪᠠᠯ ᠬᠠᠯᠠᠭᠤᠨ ᠰᠢᠨᠵᠢ ᠪᠣᠢ
         ᠤᠰᠤ ᠮᠡᠲᠦ ᠬᠥᠬᠡ ᠪᠣᠯᠪᠠᠯ ᠬᠦᠢᠲᠡᠨ ᠪᠦᠬᠦᠢ ᠶ᠋ᠢᠨ ᠰᠢᠨᠵᠢ ᠪᠣᠢ
         ᠤᠰᠤᠨ ᠠᠨᠤ ᠬᠦᠭᠡᠰᠦᠲᠡᠪᠡᠯ ᠬᠡᠢ ᠪᠠᠶ᠋ᠢᠬᠤ ᠶ᠋ᠢᠨ ᠰᠢᠨᠵᠢ ᠪᠣᠢ
         ᠤᠰᠤᠨ ᠬᠤᠪᠢᠯᠪᠠᠯ ᠥᠩᠭᠡᠷᠡᠬᠦ ᠶ᠋ᠢᠨ ᠰᠢᠨᠵᠢ ᠪᠣᠢ 》(40)
      《 ᠣᠰᠣᠯ ᠦᠭᠡᠢ ᠪᠯᠠᠮ᠎ᠡ ᠶ᠋ᠢᠨ ᠠᠲᠢᠰ ᠪᠠᠬ᠋᠎ᠠ ᠪᠣᠯᠬᠤ ᠪᠡᠷᠬᠡ ᠪᠤᠢ
        ᠣᠯᠢᠬ ᠦᠭᠡᠢ ᠮᠢᠨᠦ ᠣᠶᠤᠨ ᠮᠡᠷᠭᠡᠨ ᠪᠣᠯᠬᠤ ᠪᠡᠷᠬᠡ ᠪᠤᠢ
        ᠣᠨᠣᠯ ᠦᠭᠡᠢ ᠡᠨᠡ ᠴᠠᠭ ᠲᠤᠷ ᠬᠡᠷᠡᠭ ᠪᠣᠯᠬᠤ ᠪᠡᠷᠬᠡ ᠪᠤᠢ
        ᠣᠪ ᠦᠭᠡᠢ ᠠᠮᠢᠲᠠᠨ ᠳ᠋ᠤᠷ ᠰᠤᠷᠭᠠᠯ ᠪᠣᠯᠬᠤ ᠪᠡᠷᠬᠡ ᠪᠤᠢ 》(41)
 ᠭᠡᠬᠦ ᠮᠡᠲᠦ ᠪᠡᠷ ᠤᠴᠢᠷ ᠶᠠᠪᠤᠲᠠᠯ ᠊ᠢ ᠰᠢᠯᠦᠭᠯᠡᠨ ᠶᠠᠷᠢᠬᠤ ᠳ᠋ᠠᠭᠠᠨ ᠮᠥᠷ ᠪᠣᠯᠭᠠᠨ  ‍ᠳᠦ ᠨᠢᠭᠡ ᠤᠴᠢᠷ ᠊ᠢ ᠥᠭᠦᠯᠡᠬᠦ ᠪᠠ ᠰᠢᠯᠦᠭ ᠦ᠋ᠨ ᠮᠥᠷ ᠪᠦᠭᠦᠲᠡ ᠶ᠋ᠢᠨ ᠡᠴᠦᠰ ᠦ᠋ᠨ ᠦᠭᠡ ᠨᠢ ᠪᠦᠷ ᠨᠢᠭᠡᠯᠡ ᠦᠭᠡ ᠪᠡᠷ ᠲᠡᠭᠦᠰᠴᠦ ᠪᠠᠶ᠋ᠢᠬᠤ ᠨᠢ ᠪᠦᠷ 《 ᠶᠢᠷᠲᠢᠨᠴᠦ ᠶ᠋ᠢᠨ ᠭᠤᠷᠪᠠ 》 ᠲᠠᠢ ᠨᠡᠯᠢᠶᠡᠳ ᠲᠥᠰᠦᠭᠡᠲᠡᠢ ᠶᠤᠮ ᠃
       《 ᠦᠨᠡᠭᠡ ( ᠡᠨᠲᠡ ᠢᠰᠢᠭᠡ ᠭᠡᠰᠡᠨ ᠤᠤᠠᠬ᠎ᠠ ᠲᠠᠢ — ᠬᠢᠨᠠᠭᠴᠢ ) ᠪᠠ  ᠬᠣᠷᠭᠠᠨ ᠶ᠋ᠢᠠᠷ ᠢᠯᠴᠢᠯᠭᠡᠵᠦ ᠠᠭᠰᠠᠭᠠᠷ
         ᠦᠭᠡᠢ ᠪᠣᠭᠣᠯ ᠴᠡᠴᠡᠷᠡᠬᠦᠢ ᠶ᠋ᠢ ᠮᠡᠲᠡᠬᠦ ᠦᠭᠡᠢ ᠭᠤᠲᠤᠮᠰᠢᠬ
         ᠦᠵᠦᠮ ᠰᠢᠬᠢᠷ ᠮᠢᠬ᠎ᠠ ᠲᠣᠰᠣ ᠪᠢᠯᠭᠡᠭᠦᠯᠦᠨ ᠠᠭᠰᠠᠭᠠᠷ
         ᠥᠯᠥᠨ ᠪᠣᠭᠣᠯ ᠥᠯᠪᠡᠷᠬᠦ ᠶ᠋ᠢ ᠪᠣᠲᠣᠬᠤ ᠦᠭᠡᠢ ᠭᠤᠲᠤᠮᠰᠢᠬ 》(42)
      《 ᠶᠠᠯᠠᠯᠠᠬᠤ ᠵᠠᠨᠴᠢᠬᠤᠢ ᠳ᠋ᠤᠷ ᠵᠣᠷᠢᠬ ᠴᠢᠩᠬ᠋᠎ᠠ ᠠᠭᠰᠠᠭᠠᠷ
         ᠶᠠᠰᠤ ᠮᠢᠬ᠎ᠠ ᠲᠠᠰᠤᠷᠠᠬᠤ ᠶ᠋ᠢ ᠮᠡᠲᠡᠬᠦ ᠦᠭᠡᠢ ᠭᠤᠲᠤᠮᠰᠢᠬ
         ᠶᠠᠩᠵᠤ ᠰᠠᠶ᠋ᠢᠬᠠᠨ ᠮᠣᠷᠢ ᠲᠡᠷᠭᠡ ᠳᠠᠷᠬᠢᠷᠠᠵᠤ ᠠᠭᠰᠠᠭᠠᠷ
         ᠶᠠᠲᠠᠭ ᠪᠣᠭᠣᠯ ᠶᠠᠲᠠᠷᠠᠬᠤ ᠶ᠋ᠢ ᠪᠣᠲᠣᠬᠤ ᠦᠭᠡᠢ ᠭᠤᠲᠤᠮᠰᠢᠬ 》(43)
 ᠭᠡᠬᠦ ᠮᠡᠲᠦ ᠶ᠋ᠢᠨ ᠬᠡᠯᠪᠡᠷᠢ ᠪᠡᠷ ᠰᠢᠯᠦᠭᠯᠡᠨ ᠪᠢᠴᠢᠭᠰᠡᠨ ᠵᠦᠢᠯ ᠪᠠᠰᠠ ᠪᠠᠶ᠋ᠢᠲᠠᠭ ᠃ ᠡᠭᠦᠨ ᠡᠴᠡ ᠭᠠᠲᠠᠨ᠎ᠠ ᠲᠡᠭᠦᠨ ᠪ ᠰᠢᠯᠦᠭ ᠦ᠋ᠨ ᠳᠣᠲᠣᠷ᠎ᠠ ᠢᠯᠡᠷᠡᠵᠦ ᠪᠠᠶ᠋ᠢᠬ᠋᠎ᠠ ᠪᠠᠰᠠ ᠨᠢᠭᠡᠨ ᠰᠢᠨᠵᠢ ᠣᠨᠴᠠᠯᠢᠬ ᠊ᠢ ᠯᠠᠪᠯᠠᠨ ᠰᠢᠨᠵᠢᠪᠡᠯ ᠄
      《 ᠡᠷᠡᠮᠰᠢᠯ ᠲᠠᠴᠢᠶᠠᠩᠭᠤᠢ ᠪᠠᠰᠤᠮᠵᠢᠯᠠᠯ ᠭᠤᠷᠪᠠ ᠪᠠᠷ
        ᠡᠷᠲᠡᠨᠢ ᠪᠡᠨ ᠡᠯᠵᠢᠭᠡ ᠪᠡᠷ ᠠᠷᠠᠯᠵᠢᠵᠤ ᠣᠨᠣᠮᠤᠢ
        ᠡᠨᠡᠷᠢᠬᠦ ᠨᠠᠶ᠋ᠢᠷᠠᠮᠲᠠᠭᠤ ᠢᠴᠢᠩᠭᠦᠷᠢ ᠭᠤᠷᠪᠠ ᠪᠠᠷ
        ᠡᠷᠬᠢᠮ ᠶᠡᠬᠡᠰ ᠬᠦᠨᠲᠦᠷᠡᠬᠦ ᠶ᠋ᠢᠨ ᠵᠠᠶᠠᠭᠠᠨ ᠪ ᠣᠨᠣᠯ ᠮᠥᠨ ᠃
        ᠰᠤᠷᠲᠠᠯ ᠦᠭᠡᠢ ᠰᠦᠰᠦᠭ ᠦᠭᠡᠢ ᠨᠥᠬᠥᠷ ᠦᠭᠡᠢ ᠭᠤᠷᠪᠠ ᠪᠠᠷ
        ᠰᠣᠬᠣᠷ ᠨᠢᠲᠦ ᠲᠡᠮᠲᠡᠴᠢᠵᠦ ᠪᠠᠭᠠᠰᠤᠨ ᠳ᠋ᠤᠷ ᠪᠠᠯᠪᠠᠶ᠋ᠢᠮᠤᠢ
        ᠰᠤᠷᠭᠠᠮᠵᠢᠲᠠᠢ  ᠵᠥᠪᠰᠢᠶᠡᠮᠦᠷ ᠪᠢᠰᠢᠷᠡᠯᠲᠡᠢ ᠭᠤᠷᠪᠠ ᠪᠠᠷ
        ᠰᠣᠲᠣ ᠶᠡᠬᠡᠰ ᠳᠡᠯᠭᠡᠷᠡᠩᠭᠦᠢ ᠶ᠋ᠢᠨ ᠠᠪᠢᠶᠠᠰ ᠦ᠋ᠨ ᠣᠬᠢ ᠮᠥᠨ 》(44)
 ᠭᠡᠬᠦ ᠮᠡᠲᠦ ᠪᠡᠷ ᠭᠤᠷᠪᠠᠨ ᠵᠦᠢᠯ ᠦ᠋ᠨ ᠶᠣᠰᠣ ᠤᠴᠢᠷ ᠊ᠢ ᠨᠢᠭᠡ ᠴᠣᠭᠴᠠ ᠪᠣᠯᠭᠠᠨ ᠨᠡᠶ᠋ᠢᠯᠡᠭᠦᠯᠦᠨ ᠰᠢᠯᠦᠭᠯᠡᠭᠰᠡᠨ ᠶᠠᠪᠤᠲᠠᠯ ᠪᠣᠯ ᠰᠢᠯᠦᠭᠴᠢ ᠡᠴᠡ ᠮᠣᠩᠭᠣᠯ ᠠᠷᠠᠳ ᠦ᠋ᠨ ᠠᠮᠠᠨ ᠵᠣᠬᠢᠶᠠᠯ — 《 ᠶᠢᠷᠲᠢᠨᠴᠦ ᠶ᠋ᠢᠨ ᠭᠤᠷᠪᠠ 》 ᠶ᠋ᠢᠨ ᠬᠡᠯᠪᠡᠷᠢ ᠂ ᠤᠷᠠᠯᠢᠬ ᠂ ᠣᠨᠴᠠᠯᠢᠬ ᠵᠡᠷᠭᠡ ᠣᠯᠠᠨ ᠲᠠᠯ᠎ᠠ ᠪᠠᠷ ᠰᠠᠶ᠋ᠢᠲᠤᠷ ᠳᠠᠭᠠᠨ ᠰᠤᠷᠤᠯᠴᠠᠭᠰᠠᠨ ᠪᠠ 《 ᠶᠢᠷᠲᠢᠨᠴᠦ ᠶ᠋ᠢᠨ ᠭᠤᠷᠪᠠ 》 ᠶ᠋ᠢᠨ ᠤᠭ ᠬᠡᠯᠪᠡᠷᠢ ᠵᠢᠴᠢ ᠣᠨᠴᠠᠯᠢᠬ ᠊ᠢ ᠴᠢᠲᠠᠮᠠᠭᠠᠢ ᠪᠠᠷ ᠤᠯᠠᠷᠢᠭᠤᠯᠤᠨ ᠬᠡᠷᠡᠭᠯᠡᠵᠦ ᠂ ᠮᠣᠩᠭᠣᠯ  ᠰᠢᠯᠦᠭ ᠦ᠋ᠨ ᠬᠡᠯᠪᠡᠷᠢ ᠣᠨᠴᠠᠯᠢᠬ ᠊ᠢ ᠰᠢᠨ᠎ᠡ ᠪᠡᠷ ᠪᠠᠶᠠᠯᠢᠬᠵᠢᠭᠤᠯᠤᠨ ᠬᠥᠭᠵᠢᠭᠦᠯᠦᠭᠰᠡᠨ ᠶᠠᠪᠤᠲᠠᠯ ᠪᠣᠯᠤᠨ᠎ᠠ ᠃ ᠡᠶ᠋ᠢᠮᠦᠷᠬᠦ ᠬᠡᠯᠪᠡᠷᠢ ᠣᠨᠴᠠᠯᠢᠬ ᠰᠢᠨᠵᠢ ᠨᠢ ᠣᠷᠴᠢᠨ ᠦᠶ᠎ᠡ ᠶ᠋ᠢᠨ ᠰᠢᠯᠦᠭ ᠳᠠᠭᠤᠯᠠᠯ ‍ᠳᠦ ᠨᠡᠯᠢᠶᠡᠳ ᠬᠠᠷᠠᠭᠳᠠᠳᠠᠭ ᠪᠢᠯᠡ ᠃ ᠮᠣᠩᠭᠣᠯᠴᠤᠳ ‍ᠤᠨ ᠳᠤᠮᠳᠠ ᠭᠠᠷ ᠪᠢᠴᠢᠮᠡᠯ ‍ᠢᠶ᠋ᠠᠷ ᠲᠠᠷᠬᠠᠵᠤ ᠪᠠᠶ᠋ᠢᠬᠰᠠᠨ 《 ᠣᠷᠴᠢᠯᠠᠩ ‍ᠤᠨ ᠰᠠᠪᠠ ᠰᠢᠮ᠎ᠡ ‍ᠶ᠋ᠢᠨ ᠳᠠᠭᠤᠯᠠᠯ 》(45) ᠪᠠ ᠮᠣᠩᠭᠣᠯ ᠠᠷᠠᠳ ᠤᠯᠤᠰ ‍ᠤᠨ ᠡᠷᠳᠡᠮᠲᠡᠨ ᠴ · ᠳᠠᠮᠳᠢᠨᠰᠦ᠋ᠷᠦᠩ ‍ᠤᠨ ᠡᠮᠬᠢᠳᠬᠡᠨ ᠨᠠᠶ᠋ᠢᠷᠠᠭᠤᠯᠤᠭᠰᠠᠨ 《 ᠮᠣᠩᠭᠣᠯ ᠤᠷᠠᠨ ᠵᠣᠬᠢᠶᠠᠯ ‍ᠤᠨ ᠳᠡᠭᠡᠵᠢ ᠵᠠᠭᠤᠨ ᠪᠢᠯᠢᠭ  ᠣᠷᠣᠰᠢᠪᠠ 》  ᠬᠡᠮᠡᠬᠦ ᠲᠡᠭᠦᠪᠦᠷᠢ ‍ᠶ᠋ᠢᠨ ᠳᠥᠷᠪᠡᠳᠦᠭᠡᠷ ᠪᠣᠳᠢ ᠳ᠋ᠠᠬᠢ 《 ᠠᠪᠬᠤ ᠭᠡᠭᠡᠬᠦ ‍ᠶ᠋ᠢᠨ ᠳᠥᠷᠪᠡᠨ ᠮᠥᠷᠢᠲᠦ ᠰᠢᠯᠦᠭ 》 ᠨᠢ ᠪᠣᠯᠪᠠᠰᠤ ᠬᠡᠳᠦᠶ᠋ᠢᠪᠡᠷ ᠪᠢᠴᠢᠭ ‍ᠦᠨ ᠬᠥᠮᠦᠨ ‍ᠤ ᠪᠦᠲᠦᠭᠡᠯ ᠪᠣᠯᠪᠠᠴᠤ ᠂ ᠡᠨᠡ ᠰᠢᠯᠦᠭᠯᠡᠯ ᠨᠢ ᠲᠡᠷᠡ ᠬᠡᠪ ‍ᠢᠶ᠋ᠠᠷ ‍ᠢᠶ᠋ᠠᠨ ᠠᠷᠠᠳ ‍ᠤᠨ ᠠᠮᠠᠨ ᠵᠣᠬᠢᠶᠠᠯ  —《 ᠶᠢᠷᠲᠢᠨᠴᠦ ‍ᠶ᠋ᠢᠨ ᠭᠤᠷᠪᠠ 》 ‍ᠶ᠋ᠢ ᠮᠥᠷᠳᠡᠨ ᠳᠠᠭᠤᠷᠢᠶᠠᠵᠤ ᠵᠣᠬᠢᠶᠠᠭᠰᠠᠨ ᠰᠢᠯᠦᠭ ᠪᠣᠯᠤᠨ᠎ᠠ ᠃  ᠵᠣᠬᠢᠶᠠᠭᠴᠢ ᠠ᠋ᠴᠠ ᠵᠣᠬᠢᠶᠠᠯ  ‍ᠤᠨ ᠡᠮᠦᠨ᠎ᠡ ᠨᠢ ᠪᠠᠰᠠ 《 ᠡᠷᠲᠡᠨ ᠠ᠋ᠴᠠ ᠡᠰᠡ ᠦᠵᠡᠵᠦ ᠰᠣᠨᠣᠰᠤᠭᠰᠠᠨ ‍ᠤ ᠡᠷᠬᠡ ᠎ᠪᠠᠷ ᠂  ᠡᠯᠳᠡᠪ ᠬᠤᠪᠢᠯᠤᠭᠰᠠᠨ ᠰᠢᠯᠦᠭ ‍ᠢ ᠪᠠᠶ᠋ᠢᠲᠤᠭᠠᠢ ᠂ ᠡᠩ ‍ᠤᠨ ᠦᠭᠡᠰ ‍ᠤᠨ ᠲᠡᠳᠦᠢ ‍ᠶ᠋ᠢ ᠡᠪᠯᠡᠭᠦᠯᠵᠦ ᠂  ᠡᠰᠡ ᠴᠢᠳᠠᠭᠴᠢᠨ ᠳ᠋ᠤᠷ ᠲᠤᠰᠠᠯᠠᠬᠤ ‍ᠶ᠋ᠢᠨ ᠲᠤᠯᠠ ᠡᠭᠡᠨᠡᠭᠲᠡ ᠠᠪᠬᠤ ᠭᠡᠭᠡᠬᠦ ‍ᠶ᠋ᠢ ᠡᠷᠬᠢᠯᠡᠭᠰᠡᠨ ᠤᠳᠬ᠎ᠠ ᠂ ᠡᠨᠡ ᠨᠢᠭᠡᠨ ᠬᠡᠳᠦᠨ ᠦᠭᠡᠰ ‍ᠢ ᠪᠢᠴᠢᠰᠦᠭᠡᠢ ᠂ ᠲᠡᠳᠡᠭᠡᠷ ‍ᠤᠨ ᠤᠬᠠᠭᠠᠨ ᠳ᠋ᠤᠷ ᠣᠷᠣᠬᠤ ‍ᠶ᠋ᠢᠨ ᠠᠮᠤᠷ ‍ᠢ ᠪᠣᠳᠣᠵᠤ ᠂ ᠲᠡᠮᠳᠡᠭᠲᠡᠶ᠎ᠡ ᠳᠥᠷᠪᠡᠨ ᠳᠥᠷᠪᠡᠨ ᠦᠭᠡᠰ ‍ᠢᠶ᠋ᠠᠷ ᠢᠯᠭᠠᠵᠤ ᠲᠠᠨᠢᠭᠤᠯᠬᠤ ᠠᠨᠤ 》(46) ᠬᠡᠮᠡᠨ ᠣᠷᠣᠰᠢᠯ ᠪᠣᠯᠭᠠᠨ ᠲᠣᠳᠣᠷᠬᠠᠶ᠋ᠢᠯᠠᠨ ᠪᠢᠴᠢᠭᠰᠡᠨ ᠪᠠᠶ᠋ᠢᠨ᠎ᠠ ᠃
     ᠡᠭᠦᠨ ᠠ᠋ᠴᠠ ᠭᠠᠳᠠᠨ᠎ᠠ ᠴᠢᠬᠤᠯᠠᠴᠢᠯᠠᠨ ᠳᠤᠷᠠᠳᠬᠤ ᠨᠢᠭᠡᠨ ᠵᠦᠢᠯ ᠭᠡᠪᠡᠯ ᠂ ᠲᠥᠪᠡᠳ ‍ᠤᠨ ᠡᠷᠳᠡᠮᠲᠡᠨ ᠽᠠᠶ᠎ᠠ ᠪᠠᠨᠳᠢᠳᠠ ᠭᠦᠩᠭᠠᠵᠠᠯᠽᠠᠨ(1182-1251) ‍ᠤ 《 ᠡᠷᠳᠡᠨᠢ ‍ᠶ᠋ᠢᠨ ᠰᠠᠩ ᠰᠤᠪᠠᠰᠢᠳᠢ 》 ᠪᠣᠯᠤᠨ᠎ᠠ ᠃ ᠭᠦᠩᠭᠠᠵᠠᠯᠽᠠᠨ ᠪᠣᠯᠪᠠᠰᠤ ᠡᠨᠡᠬᠦ ᠬᠡᠯᠪᠡᠷᠢ ‍ᠶ᠋ᠢᠨ ᠵᠣᠬᠢᠶᠠᠯ ‍ᠢ ᠳᠡᠯᠭᠡᠷᠡᠭᠦᠯᠦᠨ ᠬᠥᠭᠵᠢᠭᠦᠯᠦᠭᠰᠡᠨ ᠨᠢᠭᠡᠨ ᠭᠠᠪᠢᠶᠠᠲᠠᠨ ᠮᠥᠨ ᠃ ᠲᠡᠭᠦᠨ ‍ᠦ ᠪᠦᠲᠦᠭᠡᠯ 《 ᠡᠷᠳᠡᠨᠢ ‍ᠶ᠋ᠢᠨ ᠰᠠᠩ ᠰᠤᠪᠠᠰᠢᠳᠢ 》 ‍ᠳᠤ 《 ᠶᠢᠷᠲᠢᠨᠴᠦ ‍ᠶ᠋ᠢᠨ ᠭᠤᠷᠪᠠ 》 ᠨᠡᠯᠢᠶᠡᠳ ᠬᠡᠳᠦᠨ ᠪᠠᠳᠠᠭ ᠣᠷᠣᠭᠰᠠᠨ ‍ᠢᠶ᠋ᠠᠷ ᠦᠯᠦ ᠪᠠᠷᠠᠮ《 ᠶᠢᠷᠲᠢᠨᠴᠦ ‍ᠶ᠋ᠢᠨ ᠭᠤᠷᠪᠠ 》 ᠠ᠋ᠴᠠ ᠳᠠᠭᠠᠨ ᠰᠤᠷᠤᠯᠴᠠᠵᠤ ᠂ ᠵᠣᠬᠢᠶᠠᠨ ᠪᠦᠲᠦᠭᠡᠭᠰᠡᠨ ᠵᠦᠢᠯᠡᠰ ᠴᠦ᠍ ᠮᠠᠰᠢ ᠣᠯᠠᠨ ᠪᠠᠶ᠋ᠢᠳᠠᠭ ᠪᠢᠯᠡ ᠃ ᠡᠭᠦᠨ ᠠ᠋ᠴᠠ ᠪᠢᠳᠡ 《 ᠶᠢᠷᠲᠢᠨᠴᠦ ‍ᠶ᠋ᠢᠨ ᠭᠤᠷᠪᠠ 》 ᠨᠢ ᠲᠥᠪᠡᠳ ᠵᠡᠷᠭᠡ ‍ᠶ᠋ᠢᠨ ᠦᠨᠳᠦᠰᠦᠲᠡᠨ ‍ᠤ ᠳᠤᠮᠳᠠ ᠪᠠᠰᠠ ᠳᠡᠯᠭᠡᠷᠡᠭᠰᠡᠨ ᠪᠠᠶ᠋ᠢᠨ᠎ᠠ ᠭᠡᠵᠦ ᠡᠬᠢᠨ ‍ᠤ ᠪᠦᠯᠦᠭ ᠎ᠲᠤ᠌ ᠬᠡᠯᠡᠭᠰᠡᠨ ᠨᠢ ᠪᠤᠷᠤᠭᠤ ᠦᠭᠡᠢ ᠪᠠᠶ᠋ᠢᠨ᠎ᠠ ᠃ ᠪᠢᠳᠡ 《 ᠡᠷᠳᠡᠨᠢ ‍ᠶ᠋ᠢᠨ ᠰᠠᠩ ᠰᠤᠪᠠᠰᠢᠳᠢ 》 ‍ᠶ᠋ᠢᠨ ᠳᠣᠲᠣᠷ᠎ᠠ ᠠ᠋ᠴᠠ ᠵᠢᠱ᠌ᠢᠶ᠎ᠡ ᠲᠠᠲᠠᠪᠠᠯ ᠄
       《 ᠡᠭᠡᠯ ᠤᠰᠤ ᠡᠪᠡᠰᠦ ᠦᠭᠡᠢ ᠬᠠᠯᠴᠠᠭᠠᠢ ᠲᠣᠭᠣᠷᠢᠮ ᠨᠢᠴᠦᠭᠦᠨ
        ᠡᠬᠢᠯᠡᠭᠴᠢ ᠡᠵᠡᠨ ᠨᠣᠶᠠᠨ ᠦᠭᠡᠢ ᠠᠯᠪᠠᠲᠤ  ᠤᠯᠤᠰ ᠨᠢᠴᠦᠭᠦᠨ
        ᠡᠵᠡᠯᠡᠭᠴᠢ ᠡᠷ᠎ᠡ ᠨᠥᠬᠥᠷ ᠦᠭᠡᠢ ᠵᠠᠯᠠᠭᠤ ᠡᠬᠡᠨᠡᠷ ᠨᠢᠴᠦᠭᠦᠨ
        ᠡᠨᠡ ᠭᠤᠷᠪᠠᠭᠤᠯᠠ ‍ᠶ᠋ᠢ ᠶᠢᠷᠲᠢᠨᠴᠦ ‍ᠶ᠋ᠢᠨ ᠭᠤᠷᠪᠠᠨ ᠨᠢᠴᠦᠭᠦᠨ ᠬᠡᠮᠡᠮᠦᠢ 》(47)
      ᠡᠨᠡ ᠮᠡᠲᠦ ᠎ᠪᠡᠷ 《 ᠶᠢᠷᠲᠢᠨᠴᠦ ‍ᠶ᠋ᠢᠨ ᠭᠤᠷᠪᠠ 》 ‍ᠶ᠋ᠢ ᠲᠡᠷᠡ ᠬᠡᠪ ‍ᠢᠶ᠋ᠠᠷ ᠨᠢ ᠳᠠᠭᠤᠷᠢᠶᠠᠨ ᠵᠣᠬᠢᠶᠠᠭᠰᠠᠨ ‍ᠢᠶ᠋ᠠᠷ ᠦᠯᠦ ᠪᠠᠷᠠᠮ ᠪᠠᠰᠠ ᠳᠥᠷᠪᠡᠨ ᠮᠥᠷ ᠪᠣᠯᠭᠠᠨ ᠰᠢᠯᠦᠭᠯᠡᠭᠰᠡᠨ ᠵᠢᠱ᠌ᠢᠶ᠎ᠡ ᠪᠠᠷᠢᠮᠲᠠ ᠪᠠᠰᠠ ᠪᠤᠢ ᠃ ᠵᠢᠱ᠌ᠢᠶ᠎ᠡ ᠄
       《 ᠦᠨᠡᠨ ‍ᠬᠦ ᠲᠤᠰᠠᠲᠠᠢ ᠪᠦᠬᠦᠨ ‍ᠢ ᠵᠢᠭᠠᠵᠤ ᠥᠭᠭᠦᠭᠴᠢᠳ ᠴᠤᠬᠠᠭ
        ᠦᠨᠡᠨ ‍ᠢᠶ᠋ᠠᠷ ᠲᠡᠭᠦᠨ ‍ᠢ ᠳᠠᠭᠠᠵᠤ ᠶᠠᠪᠤᠭᠴᠢᠳ ᠴᠤᠬᠠᠭ
        ᠦᠨᠡᠨ ᠡᠪᠡᠳᠴᠢᠨ ᠪᠦᠬᠦᠨ ‍ᠢ ᠲᠠᠨᠢᠬᠤ ᠡᠮᠴᠢ ᠴᠤᠬᠠᠭ
        ᠦᠷᠭᠦᠯᠵᠢ ᠲᠡᠭᠦᠨ ‍ᠤ ᠦᠭᠡ ᠎ᠪᠠᠷ ᠶᠠᠪᠤᠭᠴᠢᠳ ᠴᠤᠬᠠᠭ 》(48) ᠭᠡᠬᠦ ᠮᠡᠲᠦ ᠎ᠪᠡᠷ ᠲᠡᠮᠳᠡᠭᠯᠡᠵᠦ ᠪᠤᠢ ᠃

ᠦᠰᠦᠭ ᠠᠮᠢᠯᠠᠭᠤᠯᠤᠭᠴᠢ ᠄   ᠣᠶᠤᠨᠲᠤᠨᠠᠯ ᠂  ᠳ᠋ᠦ᠋ᠩ ᠹᠧᠩ ᠂  ᠬᠠᠷᠠᠨᠤᠳ ᠲᠤᠶᠠᠭ᠎ᠠ ᠂  ᠮᠢᠩᠭᠠᠳ ᠴᠢᠮᠡᠭ ᠂  ᠬᠠᠳᠠᠴᠢ ᠤᠷᠠᠨ᠎ᠠ 
    ᠬᠢᠨᠠᠭᠴᠢ ᠄   ᠮᠢᠩᠭᠠᠳ ᠴᠢᠮᠡᠭ ᠂   ᠬᠠᠷᠠᠨᠤᠳ ᠲᠤᠶᠠᠭ᠎ᠠ