ᠪᠥᠬᠡ ᠶ᠋ᠢᠨ ᠮᠠᠭᠲᠠᠭᠠᠯ- ᠨᠠ᠊ · ᠰᠠᠶ᠋ᠢᠰᠢᠶᠠᠯᠲᠤБөхийн магтаал-на · саяшээлт ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠥᠬᠡ ᠶ᠋ᠢᠨ ᠮᠠᠭᠲᠠᠭᠠᠯ- ᠨᠠ᠊ · ᠰᠠᠶ᠋ᠢᠰᠢᠶᠠᠯᠲᠤБөхийн магтаал-на · саяшээлт

ᠪᠥᠬᠡ ᠶ᠋ᠢᠨ ᠮᠠᠭᠲᠠᠭᠠᠯ- ᠨᠠ᠊ · ᠰᠠᠶ᠋ᠢᠰᠢᠶᠠᠯᠲᠤБөхийн магтаал-на · саяшээлт

2023-05-03

366

ᠪᠥᠬᠡ ᠶ᠋ᠢᠨ ᠮᠠᠭᠲᠠᠭᠠᠯ 

   ᠨᠠ᠊ · ᠰᠠᠶ᠋ᠢᠰᠢᠶᠠᠯᠲᠤ
ᠪᠥᠬᠡ ᠪᠠᠷᠢᠯᠳᠤᠬᠤ
ᠥᠪᠥᠷ ᠮᠣᠩᠭᠣᠯ ᠣᠷᠣᠨ ᠤ᠋
ᠥᠨᠴᠥᠭ ᠪᠦᠷᠢ ᠶ᠋ᠢᠨ ᠭᠠᠵᠠᠷ ᠠ᠋ᠴᠠ
ᠪᠠᠶᠠᠷ ᠤ᠋ᠨ ᠶᠡᠬᠡ ᠨᠠᠭᠠᠳᠤᠮ ᠳᠡᠭᠡᠷ᠎ᠡ
ᠪᠠᠭᠠᠲᠤᠷ ᠪᠥᠬᠡᠴᠦᠳ ᠴᠤᠭᠯᠠᠷᠠᠵᠠᠢ ᠃

ᠠᠷᠰᠯᠠᠨ ᠵᠠᠭᠠᠨ ᠮᠡᠲᠦ
ᠠᠪᠤᠷᠭᠤ ᠰᠦᠷ ᠲᠡᠢ ᠪᠥᠬᠡᠴᠦᠳ ᠴᠦ᠍ ᠪᠠᠶ᠋ᠢᠨ᠎ᠠ
ᠠᠭᠤᠯᠠ ᠰᠡᠨᠵᠢᠲᠡᠢ ᠪᠠᠶ᠋ᠢᠬᠰᠠᠨ ᠪᠣᠯ 

ᠳᠡᠭᠦᠵᠢᠯᠡᠴᠢᠬᠡᠮᠡᠷ ᠪᠥᠬᠡᠴᠦᠳ ᠴᠦ᠍ ᠪᠠᠶ᠋ᠢᠨ᠎ᠠ

ᠠᠷᠠᠳ ᠲᠦᠮᠡᠨ ᠣᠯᠠᠨ ᠤ᠋ ᠪᠠᠨ
ᠬᠠᠶ᠋ᠢᠷ᠎ᠠ ᠶ᠋ᠢ ᠣᠯᠤᠭᠰᠠᠭᠠᠷ ᠪᠥᠬᠡᠴᠦᠳ ᠴᠦ᠍ ᠪᠠᠶ᠋ᠢᠨ᠎ᠠ
ᠠᠷᠠᠳ ᠤ᠋ᠨ ᠵᠠᠰᠠᠭ ᠤ᠋ᠨ ᠭᠠᠵᠠᠷ ᠠ᠋ᠴᠠ ᠪᠠᠨ
ᠱᠠᠩᠨᠠᠯ ᠬᠦᠷᠲᠡᠭᠰᠡᠬᠡᠷ ᠪᠥᠬᠡᠴᠦᠳ ᠴᠦ᠍ ᠪᠠᠶ᠋ᠢᠨ᠎ᠠ ᠃

ᠲᠦᠭᠡᠮᠡᠯ ᠶᠡᠬᠡ ᠨᠠᠶ᠋ᠢᠷ ᠳᠡᠭᠡᠷ᠎ᠡ
ᠲᠡᠷᠢᠭᠦᠯᠡᠵᠦ ᠭᠠᠷᠤᠭᠰᠠᠭᠠᠷ ᠪᠥᠬᠡᠴᠦᠳ ᠴᠦ᠍ ᠪᠠᠶ᠋ᠢᠨ᠎ᠠ ᠂
ᠲᠥᠪ ᠵᠠᠰᠠᠭ ᠤ᠋ᠨ ᠭᠠᠵᠠᠷ ᠠ᠋ᠴᠠ ᠪᠠᠨ
ᠲᠡᠮᠳᠡᠭ ᠣᠯᠤᠭᠰᠠᠭᠠᠷ ᠪᠥᠬᠡᠴᠦᠳ ᠴᠦ᠍ ᠪᠠᠶ᠋ᠢᠨ᠎ᠠ ᠃

ᠡᠩᠭᠡᠷ ᠳᠦᠭᠦᠷᠡᠩ ᠣᠳᠣᠨ ᠲᠠᠢ
ᠥᠩᠭᠡ ᠭᠡᠷᠡᠯᠲᠡᠢ ᠪᠥᠬᠡᠴᠦᠳ ᠴᠦ᠍ ᠪᠠᠶ᠋ᠢᠨ᠎ᠠ
ᠡᠵᠡᠷᠬᠡᠭ ᠲᠠᠶ᠋ᠢᠰᠤᠨ ᠊ᠢ ᠳᠠᠷᠤᠬᠤ ᠳ᠋ᠤ᠌
ᠭᠠᠪᠢᠷ᠎ᠠ ᠪᠠᠶ᠋ᠢᠭᠤᠯᠤᠭᠰᠠᠨ ᠪᠥᠬᠡᠴᠦᠳ ᠴᠦ᠍ ᠪᠠᠶ᠋ᠢᠨ᠎ᠠ ᠃

ᠲᠡᠷᠢᠭᠦᠯᠡᠭᠴᠢᠳ ᠦ᠋ᠨ ᠲᠡᠶ᠋ᠢᠵᠡᠨ ᠦ᠌ ᠡᠮᠦᠨ᠎ᠡ
ᠳᠠᠭᠰᠢᠷᠠᠵᠤ ᠵᠢᠭᠰᠠᠭᠰᠠᠨ ᠪᠥᠬᠡᠴᠦᠳ ᠡᠴᠡ
ᠪᠠᠷᠰ ᠤ᠋ᠨ ᠠᠳᠠᠯᠢ ᠳᠥᠷᠪᠡᠨ ᠪᠥᠬᠡ
ᠪᠠᠷᠢᠯᠳᠤᠬᠤ ᠪᠠᠷ ᠲᠠᠪᠢᠨ ᠭᠠᠷᠴᠤ ᠢᠷᠡᠯ᠎ᠡ ᠃

ᠡᠭᠡᠳᠡᠨ ᠬᠠᠮᠠᠷ ᠲᠠᠢ ᠭᠤᠲᠤᠯ ᡂᠨ
ᠥᠯᠮᠡᠢ ᠶ᠋ᠢ ᠨᠢ ᠳ᠋ᠡᠭᠡᠨ ᠡᠷᠲᠡᠯᠵᠡᠯ᠎ᠡ
ᠡᠷᠢᠶᠡᠨ ᠰᠠᠢᠬᠠᠨ ᠲᠤᠤᠬᠤᠤ ᠨᠤᠭᠤᠳ
ᠡᠪᠦᠳᠦᠭ ᠊ᠢ ᠨᠢ ᠳ᠋ᠡᠭᠡᠨ ᠮᠢᠷᠠᠯᠵᠠᠯ᠎ᠠ ᠃

ᠠᠭᠤᠵᠢᠮ ᠴᠠᠭᠠᠨ ᠥᠮᠥᠳᠥ ᠨᠥᠬᠥᠳ
ᠭᠠᠵᠠᠷ ᠲᠠᠢ ᠦᠷᠭᠦᠯᠵᠢ ᠬᠥᠪᠦᠯᠵᠡᠨ᠎ᠡ
ᠥᠩᠭᠡ ᠪᠦᠷᠢ ᠶ᠋ᠢᠨ ᠭᠣᠷᠮᠣᠰᠣᠬ ᡂᠨ ᠨᠢ
ᠥᠮᠥᠲᠤᠨ ᠤ᠋ ᠳᠡᠭᠡᠭᠦᠷ ᠨᠠᠮᠢᠯᠵᠠᠯ᠎ᠠ ᠃

ᠠᠷᠲᠠᠢ ᠪᠤᠯᠢᠭᠠᠷᠢ ᠵᠣᠳᠣᠭ ᡂᠨ ᠨᠢ
ᠬᠤᠶᠠᠭ ᠤ᠋ᠨ ᠠᠳᠠᠯᠢ ᠠᠳᠬᠤᠷᠠᠯ᠎ᠠ
ᠠᠯᠲᠠᠨ ᠮᠥᠩᠭᠥᠨ ᠲᠣᠪᠣᠷᠤᠤ ᠨᠢ
ᠠᠭᠠᠷ ᠤ᠋ᠨ ᠨᠠᠷᠠᠨ ᠳ᠋ᠤ᠌ ᠭᠢᠯᠠᠰᠤᠯ᠎ᠠ ᠃

ᠠᠷᠪᠠᠨ ᠥᠩᠭᠡ ᠶ᠋ᠢᠨ ᠵᠠᠯᠠᠭ᠎ᠠ
ᠬᠦᠵᠦᠭᠦᠦ ᠶ᠋ᠢ ᠨᠢ ᠳ᠋ᠡᠭᠡᠨ ᠪᠤᠲᠠᠷᠠᠯ᠎ᠠ
ᠠᠷᠤ ᠳᠠᠰᠢ ᠰᠠᠵᠢᠭᠠᠳ ᠬᠠᠶᠠᠬᠤ ᠳ᠋ᠤᠨᠢ
ᠠᠷᠰᠯᠠᠨ ᠤ᠋ ᠳᠡᠯ ᠰᠢᠭ᠋ ᠪᠣᠰᠤᠯ᠎ᠠ ᠃

ᠬᠥᠭᠯᠡᠵᠦ ᠢᠷᠡᠭᠰᠡᠨ ᠪᠥᠬᠡᠴᠦᠳ
ᠬᠥᠨᠳᠡᠯᠢᠰᠴᠦ ᠬᠦᠯᠢᠶᠡᠨ ᠵᠣᠭᠰᠣᠯᠴᠠᠭᠠᠳ
ᠬᠠᠵᠠᠭᠤ ᠪᠠᠷ ᠢ᠋ᠶ᠋ᠠᠨ ᠬᠠᠷᠠᠯᠴᠠᠵᠤ
ᠭᠢᠯᠦᠶ᠋ᠢᠵᠦ ᠨᠢᠭᠡᠨ ᠢ᠋ᠶ᠋ᠡᠨ ᠰᠢᠷᠲᠡᠯᠴᠡᠪᠡ ᠃

ᠬᠡᠬᠦᠳᠡᠭ ᠴᠡᠬᠡᠴᠢ ᠳᠦᠭᠦᠷᠴᠦ
ᠭᠢᠯᠢᠨᠭ᠌ᠯᠩᠰᠠᠨ ᠰᠢᠨᠵᠢ ᠭᠠᠷᠭᠠᠯᠴᠠᠭᠠᠳ
ᠬᠣᠶᠠᠷ ᠭᠠᠷ ᠢ᠋ᠶ᠋ᠠᠨ ᠰᠡᠵᠢᠯᠴᠡᠨ
ᠬᠤᠮᠢᠵᠤ ᠠᠪᠬᠤ ᠪᠠᠷ ᠪᠡᠯᠡᠳᠬᠡᠪᠡ ᠃

ᠬᠥᠯ ᠢ᠋ᠶ᠋ᠡᠨ ᠳᠡᠪᠰᠡᠨ ᠰᠦᠷ ᠭᠠᠷᠭᠠᠵᠤ
ᠬᠦᠯᠢᠶᠡᠨ ᠶᠠᠳᠠᠨ ᠠᠲᠠᠯ᠎ᠠ
ᠬᠣᠣᠰ ᠤᠯᠠᠭᠠᠨ ᠳᠠᠯᠪᠠᠭ᠎ᠠ ᠶ᠋ᠢ
ᠬᠣᠶᠠᠷ ᠭᠠᠷ ᠲᠠᠭᠠᠨ ᠪᠠᠷᠢᠭᠰᠠᠨ ᠂

ᠬᠥᠯ ᠭᠠᠷ ᠬᠤᠷᠳᠤᠨ
ᠬᠥᠳᠡᠯᠵᠦ ᠪᠠᠷᠢᠬᠤ ᠲᠦᠷᠭᠡᠨ
ᠬᠣᠶᠠᠷ ᠨᠢᠳᠦ ᠬᠤᠷᠴᠠ
ᠬᠣᠭᠣᠷᠣᠨᠳᠣ ᠶ᠋ᠢᠨ ᠬᠢᠨᠠᠭᠴᠢ ᠬᠥᠮᠦᠨ ᠂

ᠠᠳᠬᠤᠨ ᠳᠠᠯᠪᠠᠭ᠎ᠠ ᠶ᠋ᠢ ᠳᠣᠬᠢᠵᠤ
ᠠᠪᠤᠯᠴᠠᠬᠤ ᠳᠣᠬᠢᠶ᠎ᠠ ᠶ᠋ᠢ ᠥᠭᠲᠡᠯ᠎ᠡ
ᠬᠦᠯᠢᠶᠡᠵᠦ ᠠᠭᠰᠠᠨ ᠪᠥᠬᠡᠴᠦᠳ
ᠬᠥᠪ ᠭᠡᠲᠡᠯ᠎ᠡ ᠵᠣᠯᠭᠠᠯ᠎ᠠ ᠃

ᠬᠥᠯ ᠬᠥᠯ ᠢ᠋ᠶ᠋ᠡᠨ ᠳᠡᠭᠡᠭᠡᠯᠡᠵᠦ
ᠬᠦᠴᠦ ᠭᠠᠷᠭᠠᠨ ᠪᠠᠷᠢᠯᠳᠤᠯ᠎ᠠ
ᠬᠣᠶ᠋ᠢᠨ᠎ᠠ ᠬᠣᠶ᠋ᠢᠨ᠎ᠠ ᠨᠢ ᠡᠯᠭᠦᠵᠦ
ᠬᠤᠮᠢᠵᠤ ᠳᠣᠷᠣᠭᠰᠢ ᠳᠠᠷᠤᠯ᠎ᠠ ᠃

ᠠᠷᠭ᠎ᠠ ᠮᠡᠷᠭᠡᠵᠢᠯ ᠊ᠢ ᠭᠠᠷᠭᠠᠵᠤ
ᠠᠷᠤ ᠳᠡᠭᠡᠭᠡ ᠬᠢᠯ᠎ᠡ
ᠠᠪᠢᠶᠠᠰ ᠮᠡᠬᠡ ᠶ᠋ᠢ ᠵᠠᠷᠤᠵᠤ
ᠠᠷᠭᠠᠯᠠᠵᠤ ᠲᠡᠭᠦᠨ ᠡᠴᠡ ᠮᠤᠯᠲᠤᠷᠠᠯ᠎ᠠ ᠃

ᠲᠤᠷᠪᠢ ᠬᠦᠴᠦ ᠶ᠋ᠢ ᠭᠠᠶ᠋ᠢᠬᠠᠭᠤᠯᠵᠤ
ᠳᠣᠲᠣᠷ᠎ᠠ ᠳᠡᠭᠡᠭᠡ ᠬᠢᠯ᠎ᠡ
ᠳᠣᠬᠢ ᠬᠠᠰᠢᠷ ᠢ᠋ᠶ᠋ᠠᠨ ᠦᠵᠡᠭᠦᠯᠵᠦ
ᠳᠣᠣᠷ᠎ᠠ ᠨᠢ ᠲᠡᠭᠦᠨ ᠊ᠢ ᠶᠡᠭᠦᠯᠡᠯ᠎ᠡ ᠃

ᠲᠡᠩᠬᠡᠭᠡ ᠴᠢᠳᠠᠯ ᠢ᠋ᠶ᠋ᠠᠨ ᠦᠵᠡᠭᠦᠯᠵᠦ
ᠲᠡᠪᠡᠷᠢᠵᠦ ᠠᠪᠤᠭᠠᠳ ᠰᠤᠭᠰᠤᠷᠤᠯ᠎ᠠ
ᠲᠡᠰᠪᠦᠷᠢ ᠬᠦᠴᠦ ᠪᠡᠨ ᠬᠠᠷᠠᠭᠤᠯᠵᠤ
ᠳᠠᠪ ᠭᠡᠲᠡᠯ᠎ᠡ ᠲᠣᠰᠤᠯ᠎ᠠ ᠃

ᠦ ᠲᠠᠭᠠᠷᠠᠭᠤᠯᠤᠨ ᠡᠯᠭᠦᠵᠦ
ᠥᠰᠥᠭᠡᠢ ᠲᠡᠳᠡᠨ ᠴᠣᠬᠢᠲᠠᠯ᠎ᠠ
ᠥᠷᠥᠭᠡᠰᠦᠨ ᠨᠢᠭᠡ ᠨᠢ ᠭᠡᠨᠡᠳᠡᠵᠦ
ᠡᠪᠡᠰᠦᠲᠦ ᠬᠦᠷᠦᠰᠦᠨ᠎ᠡ ᠣᠶ᠋ᠢᠴᠢᠯ᠎ᠠ ᠃

ᠬᠠᠶᠠᠭᠰᠠᠨ ᠲᠡᠷᠡ ᠪᠥᠬᠡ ᠨᠢ
ᠬᠠᠵᠠᠭᠤ ᠠ᠋ᠴᠠ ᠶᠠᠭᠠᠷᠠᠨ ᠢᠷᠡᠵᠦ
ᠥᠷᠥᠭᠡᠰᠦᠨ ᠭᠠᠷ ᠠ᠋ᠴᠠ ᠨᠢ ᠳᠡᠮᠵᠢᠵᠦ
ᠡᠷᠭᠦᠵᠦ ᠳᠡᠭᠡᠭᠰᠢ ᠪᠤᠰᠬᠠᠯ᠎ᠠ ᠃

ᠡᠪᠴᠢᠭᠦᠦ ᠴᠡᠭᠡᠵᠢ ᠪᠡᠨ ᠨᠡᠶ᠋ᠢᠯᠡᠬᠦᠯᠵᠤ
ᠡᠯᠢᠭᠡᠰᠡᠭ ᠢ᠋ᠶ᠋ᠡᠷ ᠬᠣᠶᠠᠭᠤᠯᠠ ᠲᠡᠪᠡᠷᠢᠯᠳᠦᠭᠡᠳ
ᠡᠨᠡ ᠴᠠᠭ ᠤ᠋ᠨ ᠪᠥᠬᠡᠴᠦᠳ ᠦ᠋ᠨ
ᠡᠷᠬᠢᠮ ᠰᠤᠷᠲᠠᠯ ᠊ᠢ ᠢᠯᠡᠷᠡᠭᠦᠯᠦᠯ᠎ᠡ ᠃

    ( ᠨᠠ᠊ · ᠰᠠᠶ᠋ᠢᠰᠢᠶᠠᠯᠲᠤ ᠡᠮᠬᠢᠳᠬᠡᠪᠡ )
   ᠦᠰᠦᠭ ᠠᠮᠢᠯᠠᠭᠤᠯᠤᠭᠴᠢ ᠂ ᠣᠶᠤᠨᠴᠢᠮᠡᠭ
   ᠬᠢᠨᠠᠭᠴᠢ ᠪᠠᠭᠰᠢ ᠂ ᠣᠤᠠᠬᠠᠭᠰᠤ᠎ᠡ