ᠷᠠᠢᠨᠠᠳᠤᠤ ( ᠬᠡᠯᠡ ᠪᠢᠴᠢᠭ – ᠶᠢᠰᠦᠳᠦᠭᠡᠷ ᠳᠡᠪᠲᠡᠷ) Райнадоо( Хэл бичиг – Есдүгээр дэвтэр) ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠷᠠᠢᠨᠠᠳᠤᠤ ( ᠬᠡᠯᠡ ᠪᠢᠴᠢᠭ – ᠶᠢᠰᠦᠳᠦᠭᠡᠷ ᠳᠡᠪᠲᠡᠷ) Райнадоо( Хэл бичиг – Есдүгээр дэвтэр)

ᠷᠠᠢᠨᠠᠳᠤᠤ ( ᠬᠡᠯᠡ ᠪᠢᠴᠢᠭ – ᠶᠢᠰᠦᠳᠦᠭᠡᠷ ᠳᠡᠪᠲᠡᠷ) Райнадоо( Хэл бичиг – Есдүгээр дэвтэр)

2023-05-02

298

ᠷᠠᠢᠨᠠᠳᠤᠤ


      ᠪᠣᠭᠣ ᠠᠩᠨᠠᠬᠤ ᠤᠯᠠᠷᠢᠯ ᠦ᠋ᠨ ᠡᠬᠢᠨ ᠪ ᠨᠢᠭᠡᠨ ᠡᠲᠦᠷ ᠪᠢᠯᠡ᠃ ᠪᠢ ᠳᠡᠭᠦᠦ ᠲᠡᠢ ᠪᠡᠨ ᠬᠣᠶᠠᠭᠤᠯᠠ ᠮᠣᠲᠣᠨ ᠭᠡᠷ ᠦ᠋ᠨ ᠶ᠋ᠢᠡᠨ ᠭᠠᠲᠠᠨ᠎ᠠ ᠭᠠᠷ ᠶ᠋ᠢᠠᠨ ᠬᠣᠯᠪᠣᠨ ᠵᠣᠭᠰᠣᠵᠤ ᠪᠠᠶ᠋ᠢᠲᠠᠯ᠎ᠠ ᠭᠡᠨᠡᠤᠠᠲᠡ ᠳᠣᠪᠣ ᠶ᠋ᠢᠨ ᠴᠠᠭᠠᠨ᠎ᠠ ᠠ᠋ᠴᠠ ᠠᠪᠠ ᠶ᠋ᠢᠨ ᠨᠣᠬᠠᠢ ᠶ᠋ᠢᠨ ᠬᠤᠴᠠᠬᠤ ᠳᠠᠭᠤᠨ ᠳᠤᠭᠤᠯᠳᠠᠪᠠ᠃                                
     ᠨᠣᠬᠠᠢ ᠬᠤᠴᠠᠬᠤ ᠳᠠᠭᠤᠨ ᠪ ᠳᠠᠭᠠᠤ ᠥᠯᠥᠩ ᠡᠪᠡᠰᠦ ᠶ᠋ᠢ ᠱᠣᠷᠴᠢᠭᠢᠨᠠᠭᠤᠯᠤᠨ ᠭᠦᠶᠦᠵᠦ ᠪᠠᠶ᠋ᠢᠬᠤ ᠴᠢᠮᠡᠭᠡ ᠭᠠᠷᠪᠠ᠃ ᠠᠪᠠ ᠶ᠋ᠢᠨ ᠨᠣᠬᠠᠳ  ᠳᠣᠪᠣ ᠶ᠋ᠢᠨ ᠣᠷᠣᠢ ᠶ᠋ᠢ ᠣᠷᠢᠶᠠᠨ ᠨᠠᠰᠢ ᠭᠦᠶᠦᠨ ᠢᠷᠡᠬᠦ ᠰᠢᠭ᠌  ᠪᠣᠯᠤᠯ᠎ᠠ᠃ ᠨᠣᠬᠠᠳ ᠦ᠋ᠨ ᠠᠷᠤ  ᠳ᠋ᠤ᠌ ᠬᠡᠲᠦ ᠬᠡᠲᠦᠨ ᠬᠥᠮᠦᠨ ᠭᠦᠶᠦᠵᠦ ᠪᠠᠶ᠋ᠢᠬᠤ ᠰᠢᠭ᠋ ᠰᠠᠨᠠᠭᠲᠠᠪᠠ᠃ ᠭᠡᠨᠡᠤᠠᠲᠡ ᠨᠣᠬᠠᠢ ᠶ᠋ᠢᠨ ᠳᠠᠭᠤᠨ ᠥᠭᠡᠷᠡᠲᠡᠵᠦ《 ᠭᠠᠩ ᠭᠠᠩ  》ᠭᠠᠰᠠᠯᠬᠤ ᠪᠣᠯᠤᠯ᠎ᠠ᠃ ᠡᠨᠡ ᠪᠠᠷᠤᠭ ᠭᠥᠷᠥᠭᠡᠰᠦᠨ ᠪ ᠦᠨᠦᠷ ᠊ᠢ ᠠᠯᠲᠠᠭᠰᠠᠨ ᠠ᠋ᠴᠠ ᠪᠣᠯᠤᠭᠰᠠᠨ ᠪᠣᠯᠤᠯᠲᠠᠢ᠃       
     ᠤᠲᠠᠯ ᠦᠭᠡᠢ ᠨᠢᠭᠡᠨ ᠨᠥᠷᠥᠭᠡ ᠨᠢᠰᠬᠦ ᠮᠡᠲᠦ ᠲᠦᠷᠭᠡᠨ ᠶ᠋ᠢᠡᠷ ᠳᠣᠪᠣ ᠶ᠋ᠢ ᠳᠠᠪᠠᠨ ᠮᠠᠨ ᠪ ᠭᠡᠷ ᠵᠦᠭ ᠳᠠᠪᠬᠢᠨ ᠢᠷᠡᠯ᠎ᠡ᠃ 
     《 ᠬᠥᠮᠦᠨ ᠰᠠᠭᠤᠵᠤ ᠪᠠᠶ᠋ᠢᠬ᠋᠎ᠠ ᠭᠡᠷ ᠲᠦ ᠣᠷᠣᠬᠤ ᠠ᠋ᠴᠠ ᠠᠶᠤᠬᠤ ᠳ᠋ᠠᠭᠠᠨ ᠠᠮᠢᠰᠬᠤᠯ ᠨᠢ ᠪᠥᠭᠯᠡᠷᠡᠵᠦ ᠪᠠᠶ᠋ᠢᠬᠤ ᠶᠤᠮ  ‍ᠤᠤ · ᠡᠰᠡᠬᠦᠯ᠎ᠡ ᠪᠢᠲᠡᠨ ᠊ᠢ ᠨᠠᠶ᠋ᠢᠵᠠ ᠨᠥᠬᠥᠷ ᠨᠢ ᠪᠣᠯᠬᠤ ᠶ᠋ᠢ  ᠮᠡᠳᠡᠭᠰᠡᠨ ᠶᠤᠮ ‍ᠦᠦ 》 ᠭᠡᠵᠦ ᠨᠠᠮᠠᠶ᠋ᠢ ᠪᠣᠲᠣᠵᠤ ᠪᠠᠶ᠋ᠢᠬᠤ ᠵᠠᠭᠤᠷ᠎ᠠ ᠡᠨᠡ ᠪᠢᠴᠢᠬᠠᠨ ᠨᠥᠷᠥᠭᠡ ᠬᠠᠷᠢᠨ ᠨᠢᠭᠡ ᠮᠧᠲ᠋ᠷ ᠭᠠᠷᠤᠢ ᠥᠨᠲᠥᠷ ᠰᠢᠪᠡᠭᠡ ᠶ᠋ᠢ ᠦᠰᠦᠷᠦᠨ ᠳᠠᠪᠠᠵᠤ ᠮᠠᠨ ᠪ ᠳᠡᠷᠭᠡᠳᠡ ᠣᠶ᠋ᠢᠷᠠᠲᠤᠨ ᠢᠷᠡᠭᠡᠳ ᠳᠠᠭᠵᠢᠵᠤ ᠵᠣᠭᠰᠣᠯ᠎ᠠ᠃ ᠭᠣᠶᠣ ᠰᠠᠶ᠋ᠢᠬᠠᠨ ᠨᠢᠲᠦ ᠨᠢ ᠠᠶᠤᠭᠰᠠᠨ ᠠ᠋ᠴᠠ ᠪᠣᠯᠵᠤ ᠭᠢᠯᠤᠩ ᠭᠢᠯᠤᠩ ᠭᠡᠷᠡᠯᠲᠦᠵᠦ ᠵᠠᠪᠠᠵᠢ ᠠ᠋ᠴᠠ ᠨᠢ ᠬᠥᠭᠡᠰᠦ ᠭᠠᠷᠴᠤ ᠪᠠᠶ᠋ᠢᠯ᠎ᠠ᠃ 
      ᠬᠥᠭᠡᠷᠦᠬᠦᠢ ᠨᠥᠷᠥᠭᠡ ᠠᠩᠭᠠᠨ ᠬᠠᠲᠠᠭᠰᠠᠨ ᠬᠠᠮᠠᠷ ᠶ᠋ᠢᠠᠷ ᠶ᠋ᠢᠠᠨ ᠮᠢᠨᠦ ᠭᠠᠷ ᠊ᠢ ᠦᠨᠦᠷᠯᠡᠪᠡ᠃ ᠠᠶᠤᠵᠤ ᠰᠠᠨᠲᠤᠷᠤᠨ ᠮᠡᠯᠡᠷᠡᠨ ᠵᠣᠭᠰᠣᠵᠤ ᠪᠠᠶ᠋ᠢᠬᠰᠠᠨ ᠳᠡᠭᠦᠦ ᠪᠢᠲᠡ ᠬᠣᠶᠠᠭᠤᠯᠠ ᠡᠨᠡ ᠦᠶ᠎ᠡ  ᠳ᠋ᠤ᠌ ᠰᠠᠶᠢ ᠰᠡᠬᠡᠰᠬᠢᠵᠦ ᠨᠥᠷᠥᠭᠡ ᠶ᠋ᠢᠨ ᠮᠢᠨᠲᠠᠰᠤᠨ ᠵᠥᠭᠡᠯᠡᠨ ᠬᠦᠵᠦᠭᠦᠦ ᠶ᠋ᠢ ᠴᠢᠩᠬ᠋᠎ᠠ ᠭᠡᠭᠴᠢ ᠲᠡᠪᠡᠷᠢᠪᠡ᠃ ᠨᠥᠷᠥᠭᠡ ᠳᠤᠲᠠᠭᠠᠬᠤ ᠭᠡᠰᠡᠨ ᠪᠣᠯᠪᠠᠴᠤ ᠤᠲᠠᠯ ᠦᠭᠡᠢ ᠪᠤᠴᠠᠵᠤ ᠢᠷᠡᠭᠡᠳ ᠪᠡᠶ᠎ᠡ  ᠳ᠋ᠤ᠌ ᠮᠢᠨᠢ ᠴᠢᠩᠬ᠋᠎ᠠ ᠨᠠᠭᠠᠯᠲᠤᠪᠠ᠃ ᠡᠨᠡ ᠨᠢ《 ᠶᠠᠭᠠᠬᠢᠭᠠᠳ ᠴᠤ᠌ ᠪᠠᠶ᠋ᠢᠭᠠᠳ ᠭᠡᠰᠡᠨ ᠠᠮᠢ ᠶ᠋ᠢ ᠮᠢᠨᠢ ᠠᠪᠤᠷᠠᠬᠤ ᠪᠣᠯᠪᠠ ‍ᠤᠤ  》ᠭᠡᠵᠦ ᠪᠢᠲᠡᠨ ᠊ᠢ ᠭᠤᠶᠤᠵᠤ ᠪᠠᠶ᠋ᠢᠬᠤ ᠰᠢᠭ᠋ ᠰᠠᠨᠠᠭᠲᠠᠯ᠎ᠠ᠃
      ᠪᠢ ᠨᠥᠷᠥᠭᠡ ᠶ᠋ᠢ ᠲᠤᠶ᠋ᠢᠯ ᠶ᠋ᠢᠠᠷ ᠬᠠᠶ᠋ᠢᠷᠠᠯᠠᠵᠤ ·《 ᠡᠨᠡ ᠨᠥᠷᠥᠭᠡ  ᠳ᠋ᠤ᠌ ᠷᠠᠶ᠋ᠢᠨᠠᠲᠤᠤ ᠭᠡᠰᠡᠨ ᠨᠡᠷ᠎ᠡ  ᠥᠭᠭᠦᠶ᠎ᠡ ! 》 ᠭᠡᠵᠦ ᠬᠡᠯᠡᠭᠡᠳ ᠳᠡᠭᠦᠦ ᠪᠡᠨ ᠬᠠᠷᠠᠯ᠎ᠠ᠃
      ᠭᠡᠲᠡᠯ᠎ᠡ ᠳᠡᠭᠦᠦ ᠮᠢᠨᠢ ᠬᠠᠷᠢᠨ ᠡᠭᠦᠨ ᠡᠴᠡ ᠬᠣᠯᠠ ᠢᠯᠡᠭᠦᠦ ᠶᠠᠪᠤᠲᠠᠯ ᠊ᠢ ᠪᠣᠲᠣᠵᠤ ᠪᠠᠶ᠋ᠢᠬᠰᠠᠨ  ᠠᠵᠢ᠃ ᠠᠪᠠ ᠶ᠋ᠢᠨ ᠨᠣᠬᠠᠳ ᠨᠥᠷᠥᠭᠡ ᠶ᠋ᠢᠨ ᠦᠨᠦᠷ ᠊ᠢ ᠳᠠᠭᠠᠵᠤ ᠤᠲᠠᠯ ᠦᠭᠡᠢ ᠳᠣᠪᠣ ᠶ᠋ᠢ ᠳᠠᠪᠠᠵᠤ ᠡᠨᠲᠡ ᠢᠷᠡᠬᠦ ᠪᠣᠯᠤᠨ᠎ᠠ᠃ ᠢᠩᠭᠢᠪᠡᠯ ᠪᠢᠴᠢᠬᠠᠨ ᠨᠥᠷᠥᠭᠡ  ᠠᠶᠤᠭᠠᠳ ᠳᠤᠲᠠᠭᠠᠬᠤ ᠨᠢ ᠮᠡᠲᠡᠭᠡᠵᠢ ᠶ᠋ᠢᠨ ᠬᠡᠷᠡᠭ᠃ ᠬᠦᠴᠦ ᠮᠡᠲᠡᠨ  ᠲᠡᠯᠴᠢᠯᠡᠨ ᠳᠤᠲᠠᠭᠠᠬᠤ ᠨᠥᠷᠥᠭᠡ ᠶ᠋ᠢ ᠪᠢᠲᠡ ᠶᠠᠭᠠᠬᠢᠬᠰᠠᠨ ᠴᠤ᠌ ᠵᠣᠭᠰᠣᠭᠠᠵᠤ ᠴᠢᠲᠠᠬᠤ ᠦᠭᠡᠢ᠃ ᠲᠦᠷᠭᠡᠨ ᠭᠦᠶᠦᠬᠦ ᠠᠪᠠ ᠶ᠋ᠢᠨ ᠨᠣᠬᠠᠳ ᠦ᠋ᠨ ᠡᠮᠦᠨ᠎ᠡ ᠷᠠᠶ᠋ᠢᠨᠠᠲᠣᠣ ᠶ᠋ᠢ ᠲᠠᠯᠪᠢᠵᠤ ᠶᠠᠪᠤᠭᠤᠯᠬᠤ ᠨᠢ ᠶᠠᠭ ᠬᠣᠣᠷᠯᠠᠭᠰᠠᠨ ᠲᠠᠢ ᠠᠲᠠᠯᠢ ᠪᠣᠯᠤᠨ᠎ᠠ᠃ ᠭᠡᠲᠡᠯ᠎ᠡ ᠴᠣᠬᠣᠮ ᠶᠠᠭᠠᠬᠢᠪᠠᠯ ᠵᠣᠬᠢᠬᠤ ᠪᠢᠯᠡ !
     《 ᠮᠢᠬ᠎ᠠ 》
      ᠳᠡᠭᠦᠦ ᠮᠢᠨᠢ ᠨᠠᠮ  ᠰᠢᠭ᠋ ᠪᠣᠯᠪᠠᠴᠤ ᠴᠢᠩᠬ᠋᠎ᠠ ᠳᠠᠭᠤᠨ ᠶ᠋ᠢᠠᠷ ᠢᠩᠭᠢᠵᠦ ᠬᠠᠰᠬᠢᠷᠪᠠ᠃ ᠪᠢ ᠳᠡᠭᠦᠦ ᠶ᠋ᠢᠨ  ᠬᠡᠯᠡᠭᠰᠡᠨ ᠊ᠢ ᠳᠣᠣᠷ᠎ᠠ ᠪᠠᠨ ᠤᠬᠠᠵᠤ ᠣᠯᠤᠯ᠎ᠠ᠃ ᠳᠡᠭᠦᠦ ᠮᠢᠨᠢ ᠷᠠᠶ᠋ᠢᠨᠠᠲᠣᠣ ᠶ᠋ᠢ ᠠᠪᠤᠷᠠᠬᠤ ᠭᠡᠰᠡᠨ ᠰᠠᠨᠠᠬ᠋᠎ᠠ ᠪᠠᠨ ᠬᠡᠯᠡᠵᠦ ᠪᠠᠶ᠋ᠢᠬᠤ ᠠᠵᠢ᠃ ᠡᠨᠡ ᠦᠶ᠎ᠡ  ᠳ᠋ᠤ᠌ ᠨᠥᠷᠥᠭᠡ ᠠᠶᠤᠨ  ᠬᠡᠯᠮᠡᠭᠳᠡᠭᠰᠡᠨ ᠨᠢᠲᠦ ᠪᠡᠷ ᠳᠣᠪᠣ ᠶ᠋ᠢᠨ ᠣᠷᠣᠢ ᠶ᠋ᠢ ᠰᠢᠷᠲᠡᠵᠦ · ᠪᠤᠯᠪᠠᠷᠠᠢ ᠵᠥᠭᠡᠯᠡᠨ ᠬᠠᠮᠠᠷ ᠶ᠋ᠢᠠᠨ ᠰᠠᠷᠲᠠᠭᠠᠨᠠᠭᠤᠯᠤᠨ᠎ᠠ᠃
      ᠪᠢ ᠨᠥᠷᠥᠭᠡ ᠶ᠋ᠢ ᠲᠠᠬᠢᠶᠠᠨ ᠡᠭᠦᠷ ᠲᠤ ᠨᠢᠭᠤᠶ᠎ᠠ ᠭᠡᠵᠦ ᠦᠢᠯᠡ ᠪᠡᠨ ᠪᠠᠷᠠᠵᠤ ᠦᠵᠡᠯ᠎ᠡ᠃ ᠭᠡᠪᠡᠴᠦ ᠨᠥᠷᠥᠭᠡ ᠲᠠᠬᠢᠶᠠᠨ ᠡᠭᠦᠷ ᠦ᠋ᠨ ᠦᠨᠦᠷ ᠡᠴᠡ ᠪᠣᠯᠤᠭᠠᠳ ᠶᠠᠭᠠᠬᠢᠬᠰᠠᠨ ᠴᠤ᠌ ᠣᠷᠣᠬᠤ ᠦᠭᠡᠢ ᠪᠠᠶ᠋ᠢᠯ᠎ᠠ᠃
     《 ᠬᠥᠶᠢ ᠬᠤᠷᠲᠤᠨ · ᠬᠤᠷᠲᠤᠨ ! ᠡᠨᠡ ᠳᠣᠲᠣᠷ᠎ᠠ ᠣᠷᠣ 》 ᠭᠡᠵᠦ  ᠬᠡᠯᠡᠭᠰᠡᠭᠡᠷ ᠠᠷᠠᠢ ᠭᠡᠵᠦ ᠲᠦᠯᠬᠢᠵᠦ ᠣᠷᠣᠭᠤᠯᠪᠠ᠃ ᠪᠢ ᠡᠭᠦᠲᠡ ᠶ᠋ᠢ ᠨᠢ ᠫᠠᠰᠬᠢᠲᠠᠯ᠎ᠠ ᠬᠠᠭᠠᠭᠰᠠᠨ  ᠳ᠋ᠤ᠌ ᠷᠠᠶ᠋ᠢᠨᠠᠲᠣᠣ ᠶᠡᠬᠡᠯ᠎ᠡ ᠰᠣᠴᠢᠵᠤ ᠨᠠᠲᠠ ᠠ᠋ᠴᠠ ᠵᠠᠶ᠋ᠢᠯᠠᠨ ᠳᠤᠲᠠᠭᠠᠬᠤ ᠭᠡᠰᠡᠨ ᠶ᠋ᠢᠡᠨ ᠡᠷᠭᠢᠭᠡᠳ ᠪᠠᠰᠠ ᠰᠠᠨᠲᠤᠷᠴᠤ ᠬᠠᠵᠠᠭᠤ  ᠳ᠋ᠤ᠌ ᠢᠷᠡᠭᠡᠳ ᠪᠡᠶ᠎ᠡ ᠶ᠋ᠢ ᠮᠢᠨᠢ ᠱᠦᠷᠭᠦᠭᠡᠨ᠎ᠡ᠃
      ᠡᠨᠡ ᠦᠶ᠎ᠡ  ᠳ᠋ᠤ᠌ ᠲᠣᠭᠣᠭᠠᠨ ᠭᠡᠷ ᠲᠦ ᠭᠦᠶᠦᠨ ᠣᠷᠣᠭᠰᠠᠨ ᠳᠡᠭᠦᠦ ᠮᠢᠨᠢ ᠲᠣᠮᠣ ᠬᠡᠰᠡᠭ᠋ ᠮᠢᠬ᠎ᠠ ᠠᠪᠴᠢᠷᠠᠪᠠ᠃ ᠡᠨᠡ ᠪᠣᠯ ᠮᠠᠨ ᠪ ᠣᠷᠣᠢ ᠶ᠋ᠢᠨ ᠵᠠᠭᠤᠰᠢᠨ ᠪ ᠮᠢᠬ᠎ᠠ ᠪᠢᠯᠡ᠃ ᠳᠡᠭᠦᠦ ᠮᠢᠨᠢ ᠮᠢᠬ᠎ᠠ ᠶ᠋ᠢ  ᠭᠦᠰᠭᠦᠯᠡᠭᠰᠡᠭᠡᠷ ᠳᠣᠪᠣ ᠳᠡᠭᠡᠷ᠎ᠡ ᠭᠠᠷᠴᠤ ᠣᠤᠠᠪᠠ᠃
      ᠳᠡᠭᠦᠦ ᠮᠢᠨᠢ ᠣᠶ᠋ᠢᠮ᠎ᠠ ᠶ᠋ᠢᠨ ᠪᠤᠲᠠᠨ ᠪ ᠤᠭ ᠲᠦ ᠨᠢᠭᠤᠭᠲᠠᠵᠤ ᠨᠣᠬᠠᠢ ᠶ᠋ᠢᠨ ᠭᠦᠶᠦᠬᠦ ᠵᠠᠮ ᠦ᠋ᠨ ᠡᠮᠦᠨ᠎ᠡ ᠨᠢ ᠮᠢᠬ᠎ᠠ ᠪᠠᠨ ᠬᠠᠶᠠᠵᠤ  ᠥᠭᠭᠦᠯ᠎ᠡ᠃ ᠭᠡᠲᠡᠯ᠎ᠡ ᠨᠣᠬᠠᠢ ᠬᠠᠷᠢᠨ ᠨᠥᠷᠥᠭᠡ ᠶ᠋ᠢᠨ ᠮᠥᠷ ᠊ᠢ  ᠰᠢᠩᠰᠢᠯᠡᠭᠰᠡᠭᠡᠷ ᠮᠢᠬ᠎ᠠ ᠶ᠋ᠢ ᠣᠶ᠋ᠢᠰᠢᠶᠠᠭᠰᠠᠨ ᠦᠭᠡᠢ ᠥᠩᠭᠡᠷᠡᠯ᠎ᠡ᠃ ᠳᠡᠭᠦᠦ ᠪᠠᠰᠠ ᠨᠢᠭᠡ  ᠭᠡᠰᠡᠭ ᠊ᠢ  ᠰᠢᠷᠲᠡᠭᠰᠡᠨ ᠴᠢᠨᠢ ᠶᠠᠭ ᠨᠣᠬᠠᠢ ᠶ᠋ᠢᠨ ᠬᠠᠮᠠᠷ ᠳᠣᠣᠷ᠎ᠠ ᠨᠢ ᠤᠨᠠᠪᠠ᠃ ᠨᠣᠬᠠᠢ ᠲᠡᠭᠦᠨ ᠊ᠢ ᠠᠵᠢᠬ  ᠴᠤ᠌ ᠦᠭᠡᠢ ᠡᠮᠬᠦᠵᠦ ᠠᠪᠤᠯ᠎ᠠ᠃ ᠬᠣᠶ᠋ᠢᠨ᠎ᠠ ᠠ᠋ᠴᠠ ᠨᠢ ᠭᠠᠷᠴᠤ  ᠢᠷᠡᠭᠰᠡᠨ ᠪᠠᠰᠠ ᠨᠢᠭᠡ ᠨᠣᠬᠠᠢ ᠬᠠᠷᠢᠨ ᠲᠦᠷᠦᠭᠦᠨ  ᠳ᠋ᠤ᠌ ᠬᠠᠶᠠᠭᠰᠠᠨ ᠮᠢᠬ᠎ᠠ ᠶ᠋ᠢ ᠣᠯᠵᠤ ᠦᠵᠡᠭᠡᠳ ᠲᠡᠭᠦᠵᠦ ᠢᠲᠡᠪᠡ᠃
      ᠬᠣᠶᠠᠷ ᠨᠣᠬᠠᠢ ᠰᠢᠲᠡᠭᠰᠡᠨ ᠮᠢᠬ᠎ᠠ ᠶ᠋ᠢ ᠭ᠌ᠱᠠᠨ ᠵᠠᠭᠤᠷ᠎ᠠ ᠢᠲᠡᠵᠦ ᠪᠠᠷᠠᠭᠠᠪᠠ᠃ ᠢᠩᠭᠢᠭᠡᠳ ᠷᠠᠶ᠋ᠢᠨᠠᠲᠣᠣ ᠮᠢᠨᠢ ᠠᠶᠤᠯ ᠠ᠋ᠴᠠ ᠬᠡᠯᠲᠦᠷᠢᠯ᠎ᠡ᠃ ᠨᠣᠬᠠᠳ ᠰᠢᠨ᠎ᠡ ᠮᠢᠬ᠎ᠠ ᠣᠯᠵᠤ ᠢᠲᠡᠭᠡᠳ ᠬᠠᠮᠠᠷ ᠨᠢ ᠨᠢᠭᠡᠨᠲᠡ ᠦᠨᠦᠷ ᠢᠯᠭᠠᠵᠤ ᠴᠢᠲᠠᠬᠤ ᠦᠭᠡᠢ ᠪᠣᠯᠵᠠᠢ᠃ ᠤᠲᠠᠯ ᠦᠭᠡᠢ ᠳᠣᠪᠣ ᠪᠠᠷ ᠭᠠᠷᠴᠤ  ᠢᠷᠡᠭᠰᠡᠨ ᠠᠩᠴᠢᠳ · ᠡᠷᠭᠢᠴᠡᠨ ᠬᠣᠷᠭᠣᠲᠠᠵᠤ ᠪᠠᠶ᠋ᠢᠬᠤ ᠨᠣᠬᠠᠳ  ᠶ᠋ᠢᠠᠨ ᠵᠠᠩᠲᠤᠷᠤᠨ ᠠᠭᠤᠷᠯᠠᠭᠰᠠᠭᠠᠷ  ᠪᠤᠲᠠ ᠰᠦᠭᠡᠭ ᠦ᠋ᠨ ᠳᠤᠮᠳᠠᠭᠤᠷ ᠪᠤᠴᠠᠵᠤ ᠶᠠᠪᠤᠯ᠎ᠠ᠃
      ᠢᠩᠭᠢᠭᠡᠳ  ᠳᠦᠭᠰᠢᠭᠦᠷᠢᠲᠦ ᠪᠠᠶ᠋ᠢᠲᠠᠯ ᠠᠷᠢᠯᠤᠭᠰᠠᠨ ᠪᠣᠯᠪᠠᠴᠤ ᠷᠠᠶ᠋ᠢᠨᠠᠲᠣᠣ ᠶ᠋ᠢ ᠲᠠᠯᠪᠢᠵᠤ ᠶᠠᠪᠤᠭᠤᠯᠬᠤ ᠶ᠋ᠢᠨ ᠲᠥᠯᠥᠭᠡ ᠰᠡᠤᠠᠬᠢᠯ ᠵᠣᠪᠠᠵᠤ ᠪᠠᠶ᠋ᠢᠯ᠎ᠠ᠃ ᠠᠲᠠᠭ ᠲᠠᠭᠠᠨ ᠠᠩ ᠦ᠋ᠨ ᠤᠯᠠᠷᠢᠯ ᠊ᠢ ᠥᠩᠭᠡᠷᠡᠭᠦᠯᠬᠦ ᠦᠭᠡᠢ ᠪᠣᠯ ᠲᠠᠯᠪᠢᠵᠤ ᠪᠣᠯᠬᠤ ᠦᠭᠡᠢ᠃  ᠪᠢᠲᠡ ᠠᠬᠠᠰ ᠵᠠᠬᠠᠰ ᠶ᠋ᠢᠠᠨ ᠭᠤᠶᠤᠵᠤ  ᠵᠢᠵᠢᠭ᠌ ᠭᠡᠷ ᠦ᠋ᠨ ᠭᠠᠲᠠᠭᠤᠷ ᠪᠠᠬᠠᠨ ᠶᠡᠬᠡ ᠰᠢᠭ᠌ ᠲᠡᠮᠦᠷ ᠲᠣᠣᠷ ᠦ᠋ᠨ ᠬᠠᠰᠢᠶ᠎ᠠ ᠪᠠᠷᠢᠭᠤᠯᠵᠤ ᠷᠠᠶ᠋ᠢᠨᠠᠲᠣᠣ ᠶ᠋ᠢ ᠠᠩ ᠦ᠋ᠨ ᠤᠯᠠᠷᠢᠯ ᠥᠩᠭᠡᠷᠡᠲᠡᠯ᠎ᠡ ᠡᠨᠲᠡ ᠲᠡᠵᠢᠭᠡᠬᠦ ᠪᠡᠷ ᠪᠣᠯᠪᠠ᠃
      ᠡᠲᠦᠷ ᠰᠠᠷ᠎ᠠ ᠶ᠋ᠢᠨ ᠥᠩᠭᠡᠷᠡᠬᠦ ᠶ᠋ᠢ ᠳᠠᠭᠠᠯᠳᠤᠨ ᠷᠠᠶ᠋ᠢᠨᠠᠲᠣᠣ ᠪᠢᠲᠡᠨ ᠲᠡᠢ ᠤᠯᠠᠮ ᠤᠯᠠᠮ ᠳᠠᠰᠤᠯᠴᠠᠪᠠ᠃ ᠡᠬᠢᠨ ᠳ᠋ᠡᠭᠡᠨ ᠬᠣᠷᠣᠬ᠋᠎ᠠ ᠠ᠋ᠴᠠ ᠭᠠᠷᠭᠠᠬᠤ  ᠳ᠋ᠤ᠌ ᠨᠣᠭᠲᠤᠯᠠᠵᠤ ᠪᠠᠶ᠋ᠢᠬᠰᠠᠨ ᠨᠢ ᠤᠲᠠᠭᠰᠠᠨ  ᠴᠤ᠌ ᠦᠭᠡᠢ ᠨᠣᠭᠲᠣ  ᠬᠡᠷᠡᠭ ᠦᠭᠡᠢ ᠪᠣᠯᠤᠭᠠᠳ ᠪᠢᠴᠢᠬᠠᠨ ᠷᠠᠶ᠋ᠢᠨᠠᠲᠣᠣ ᠶᠠᠭ ᠨᠣᠬᠠᠢ  ᠰᠢᠭ᠋ ᠮᠠᠨ ᠊ᠢ ᠳᠠᠭᠠᠭᠠᠳ ᠶᠠᠪᠤᠲᠠᠭ᠃ ᠭᠣᠶᠣ ᠰᠠᠶ᠋ᠢᠬᠠᠨ ᠠᠯᠬᠤᠴᠠ ᠪᠠᠷ ᠮᠠᠨ ᠪ ᠡᠮᠦᠨ᠎ᠡ ᠲᠣᠭᠯᠠᠨ  ᠲᠣᠭᠯᠠᠨ· ᠮᠠᠨ ᠊ᠢ ᠡᠷᠭᠢᠵᠦ ᠬᠠᠷᠠᠲᠠᠭ ᠪᠠ ᠤᠷᠲᠤ ᠬᠣᠶᠠᠷ ᠴᠢᠬᠢ ᠪᠡᠨ ᠰᠡᠷᠲᠡᠶ᠋ᠢᠯᠭᠡᠨ ᠮᠠᠨ ᠊ᠢ  ᠰᠢᠷᠲᠡᠨ ᠠᠵᠢᠬᠯᠠᠲᠠᠭ᠃
      ᠷᠠᠶ᠋ᠢᠨᠠᠲᠣᠣ ᠤᠲᠠᠯ ᠦᠭᠡᠢ ᠨᠡᠷ᠎ᠡ ᠪᠡᠨ ᠴᠡᠭᠡᠵᠢᠯᠡᠵᠦ ᠨᠡᠷ᠎ᠡ ᠪᠡᠷ ᠨᠢ ᠳᠠᠭᠤᠳᠠᠭᠰᠠᠭᠠᠷ ᠭᠦᠶᠦᠨ ᠢᠷᠡᠳᠡᠭ ᠪᠣᠯᠵᠠᠢ᠃ ᠶᠠᠮᠠᠷ ᠴᠤ᠌ ᠶᠠᠭᠤᠮ᠎ᠠ ᠶ᠋ᠢ ᠭᠣᠯᠣᠬ᠋᠎ᠠ ᠦᠭᠡᠢ  ᠢᠳᠡᠳᠡᠭ · ᠨᠡᠩ ᠴᠤ᠌ ᠣᠷᠣᠰ ᠰᠢᠬᠢᠷ ᠲᠤ ᠬᠠᠮᠤᠭ  ᠠ᠋ᠴᠠ ᠳᠤᠷᠠᠲᠠᠢ ᠶᠤᠮ᠃ ᠡᠬᠢᠨ ᠳ᠋ᠡᠭᠡᠨ ᠳᠡᠭᠦᠦ ᠮᠢᠨᠢ ᠠᠯᠢᠶᠠᠷᠬᠠᠨ ᠪᠠᠬ᠋᠎ᠠ ᠰᠠᠬ᠋᠎ᠠ  ᠥᠭᠴᠦ ᠦᠵᠡᠭᠰᠡᠨ ᠴᠢᠨᠢ ᠶᠡᠬᠡ ᠯᠡ ᠲᠠᠪᠠ ᠳ᠋ᠤᠨᠢ ᠲᠠᠭᠠᠷᠠᠭᠰᠠᠨ ᠰᠢᠭ᠋ ᠬᠡᠵᠢᠶ᠎ᠡ  ᠴᠤ᠌ ᠮᠠᠷᠲᠠᠬᠤ ᠦᠭᠡᠢ ᠪᠣᠯᠪᠠ᠃ ᠬᠣᠵᠢᠮ ᠨᠢ ᠳᠡᠭᠦᠦ ᠶ᠋ᠢᠨ ᠬᠣᠶ᠋ᠢᠨ᠎ᠠ ᠠ᠋ᠴᠠ ᠳᠠᠭᠠᠵᠤ · ᠬᠣᠩᠰᠢᠶᠠᠷ ᠶ᠋ᠢᠠᠨ ᠬᠠᠷᠮᠠᠨ ᠳ᠋ᠤᠨᠢ ᠴᠢᠬᠢᠭᠡᠳ ᠯᠤᠶ᠋ᠢᠪᠠᠷᠲᠠᠬᠤ ᠪᠣᠯᠵᠠᠢ᠃
       ᠨᠢᠭᠡᠨ ᠰᠥᠨᠢ ᠭᠡᠨᠡᠤᠠᠲᠡ ᠳᠡᠭᠦᠦ ᠮᠢᠨᠢ ᠪᠠᠶ᠋ᠢᠨ ᠪᠠᠶ᠋ᠢᠨ ᠮᠢᠨᠦ ᠭᠠᠷ ᠊ᠢ ᠳᠠᠲᠠᠵᠤ ᠪᠠᠶ᠋ᠢᠯ᠎ᠠ᠃
      《 ᠡᠭᠡᠴᠢ ᠠ᠋ · ᠷᠠᠶ᠋ᠢᠨᠠᠲᠣᠣ ᠶ᠋ᠢᠨ ᠬᠣᠷᠣᠭᠠᠨ ᠪ ᠭᠠᠲᠠᠨ᠎ᠠ ᠶᠠᠮᠠᠷ ᠨᠢᠭᠡᠨ ᠶᠠᠭᠤᠮ᠎ᠠ ᠪᠠᠶ᠋ᠢᠬᠤ ᠰᠢᠭ᠋ ᠪᠠᠶ᠋ᠢᠨ᠎ᠠ᠃ ᠪᠠᠭᠠᠪᠠᠭᠠᠢ ᠶᠤᠮ ‍ᠤᠤ · ᠮᠠᠯᠤᠷ ᠶᠤᠮ ‍ᠤᠤ ᠪᠤᠤ ᠮᠡᠲᠡ 》ᠭᠡᠵᠦ ᠳᠡᠭᠦᠦ ᠰᠡᠮᠡᠬᠡᠷ ᠬᠡᠯᠡᠪᠡ᠃ ᠬᠣᠶᠠᠭᠤᠯᠠ ᠲᠡᠷᠡ ᠳᠣᠣᠷ᠎ᠠ ᠪᠠᠨ ᠴᠣᠩᠬᠣ ᠪᠠᠷ ᠭᠠᠷᠴᠤ ᠬᠣᠭᠣᠯᠠᠨ ᠭᠡᠷ ᠦ᠋ᠨ ᠣᠷᠣᠢ ᠳᠡᠭᠡᠷ᠎ᠡ ᠭᠠᠷᠪᠠ᠃ ᠲᠡᠨᠲᠡ ᠡᠴᠡ ᠬᠦᠷᠢᠶᠡᠨ ᠳᠣᠲᠣᠷ᠎ᠠ ᠣᠷᠣᠬᠤ  ᠳ᠋ᠤ᠌ ᠶᠠᠮᠠᠷ  ᠴᠤ᠌ ᠰᠠᠭᠠᠳ ᠦᠭᠡᠢ ᠶᠤᠮ᠃
      ᠪᠢᠲᠡ ᠬᠡᠷᠡᠮ ᠦ᠋ᠨ ᠰᠡᠭᠦᠲᠡᠷ ᠊ᠢ ᠳᠠᠭᠠᠵᠤ ᠨᠥᠷᠥᠭᠡ ᠶ᠋ᠢᠨ ᠬᠣᠷᠣᠬ᠋᠎ᠠ  ᠦᠵᠡᠭᠳᠡᠬᠦ ᠭᠠᠵᠠᠷ ᠬᠦᠷᠪᠡ᠃ ᠡᠨᠡ ᠰᠥᠨᠢ ᠰᠠᠷᠠ ᠲᠠᠢ ᠪᠣᠯᠪᠠᠴᠤ ᠡᠭᠦᠯᠡᠨ  ᠳ᠋ᠤ᠌ ᠬᠠᠯᠠᠭᠯᠠᠭᠲᠠᠵᠤ ᠶᠠᠮᠠᠷ ᠨᠢᠭᠡᠨ ᠬᠠᠷ᠎ᠠ ᠶᠠᠭᠤᠮ᠎ᠠ ᠲᠡᠮᠦᠷ ᠲᠣᠣᠷ ᠦ᠋ᠨ ᠭᠠᠲᠠᠨ᠎ᠠ ᠳᠠᠰᠤᠷᠠᠯ ᠦᠭᠡᠢ ᠬᠥᠲᠡᠯᠵᠦ ᠪᠠᠶ᠋ᠢᠬᠤ  ᠰᠢᠭ᠋ ᠬᠠᠷᠠᠭᠲᠠᠨ᠎ᠠ᠃
       ᠦᠵᠡᠭᠰᠡᠭᠡᠷ ᠪᠠᠶ᠋ᠢᠲᠠᠯ᠎ᠠ ᠨᠢᠲᠦᠨ ᠪ ᠬᠠᠷᠠᠬ᠋᠎ᠠ ᠲᠣᠲᠤᠷᠠᠭᠠᠳ ᠷᠠᠶ᠋ᠢᠨᠠᠲᠣᠣ ᠬᠣᠷᠣᠬ᠋᠎ᠠ ᠠ᠋ᠴᠠ ᠪᠠᠨ ᠭᠠᠷᠴᠢᠬᠠᠭᠰᠠᠨ ᠪᠠᠶ᠋ᠢᠬᠤ ᠶ᠋ᠢ ᠣᠯᠵᠤ ᠦᠵᠡᠯ᠎ᠡ᠃ ᠪᠢᠲᠡ ᠶᠡᠬᠡ ᠭᠠᠶ᠋ᠢᠬᠠᠯ᠎ᠠ ᠄ ᠬᠡᠷᠪᠡ ᠳᠠᠶ᠋ᠢᠰᠤᠨ  ᠢᠷᠡᠭᠰᠡᠨ ᠪᠣᠯ ᠷᠠᠶ᠋ᠢᠨᠠᠲᠣᠣ ᠯᠠᠪ ᠬᠣᠷᠣᠬ᠋᠎ᠠ ᠠ᠋ᠴᠠ ᠪᠠᠨ ᠭᠠᠷᠬᠤ ᠦᠭᠡᠢ ᠶᠤᠮ᠃ 
      ᠡᠨᠡ ᠦᠶᠡᠰ ᠰᠠᠷᠠᠨ ᠠᠪᠠᠬᠠᠢ ᠪᠢᠲᠡᠨ ᠪ ᠰᠡᠵᠢᠭ᠋ ᠊ᠢ ᠲᠠᠶ᠋ᠢᠯᠬᠤ ᠭᠡᠰᠡᠨ  ᠰᠢᠭ᠌ ᠡᠭᠦᠯᠡᠨ ᠪ ᠵᠠᠪᠰᠠᠷ ᠶ᠋ᠢᠠᠷ ᠲᠤᠩᠭᠠᠯᠠᠭ ᠨᠢᠭᠤᠷ ᠶ᠋ᠢᠠᠨ ᠴᠤᠬᠤᠶ᠋ᠢᠯᠭᠠᠪᠠ᠃ ᠡᠭᠦᠨ  ᠳ᠋ᠤ᠌ ᠪᠢᠲᠡ ᠬᠣᠶᠠᠭᠤᠯᠠ ᠵᠤᠯᠠ ᠶ᠋ᠢᠨ ᠭᠡᠷᠡᠯ ᠰᠢᠭ᠌ ᠳᠥᠷᠪᠡᠨ ᠨᠢᠲᠦ ᠨᠠᠰᠢ ᠰᠢᠷᠲᠡᠵᠦ ᠪᠠᠶ᠋ᠢᠬᠤ ᠶ᠋ᠢ ᠣᠯᠵᠤ ᠬᠠᠷᠠᠯ᠎ᠠ᠃
      ᠭ᠌ᠱᠠᠨ ᠵᠠᠭᠤᠷ᠎ᠠ ᠬᠣᠶᠠᠷ ᠵᠤᠯᠠ ᠶ᠋ᠢᠨ ᠭᠡᠷᠡᠯ ᠨᠢ ᠵᠠᠮᠬᠠᠷᠠᠭᠠᠳ ᠬᠠᠰᠢᠶᠠᠨ ᠪ ᠭᠠᠲᠠᠨ᠎ᠠ ᠪᠠᠶ᠋ᠢᠬᠰᠠᠨ ᠴᠣᠪᠣᠭᠣ ᠰᠡᠷᠭᠦᠯᠡᠩ ᠠᠮᠢᠲᠠᠨ ᠬᠠᠷᠠᠩᠭᠤᠢ ᠵᠦᠭ ᠳᠤᠲᠠᠭᠠᠨ ᠣᠤᠠᠪᠠ᠃ ᠡᠨᠡ ᠪᠣᠯ ᠭᠠᠩᠭᠠᠩ ᠪᠡᠶ᠎ᠡ ᠲᠡᠢ ᠰᠤᠭᠤ ᠮᠥᠨ ᠪᠣᠯᠬᠤ ᠨᠢ ᠯᠠᠪ᠃ ᠪᠠᠷᠤᠭ ᠷᠠᠶ᠋ᠢᠨᠠᠲᠣᠣ ᠶ᠋ᠢᠨ ᠡᠬᠡ ᠮᠥᠨ ᠭᠡᠰᠡᠨ ᠊ᠢ ᠪᠢᠲᠡ ᠮᠡᠲᠡᠵᠦ ᠣᠯᠤᠯ᠎ᠠ᠃

      ᠪᠢᠲᠡ ᠬᠣᠶᠠᠭᠤᠯᠠ ᠭᠠᠷᠤᠭᠰᠠᠨ ᠲᠠᠢ ᠪᠠᠨ ᠠᠲᠠᠯᠢ ᠶᠠᠭ ᠳᠠᠭᠤ ᠴᠢᠮᠡᠭᠡ ᠦᠭᠡᠢ ᠪᠡᠷ ᠴᠣᠩᠬᠣ ᠪᠠᠷ ᠥᠷᠥᠭᠡᠨ  ᠳ᠋ᠡᠭᠡᠨ ᠣᠷᠣᠭᠠᠳ ᠣᠷᠣ ᠳᠡᠭᠡᠷ᠎ᠡ ᠪᠡᠨ ᠨᠡᠯᠢᠶᠡᠳ ᠤᠲᠠᠲᠠᠯ᠎ᠠ ᠨᠢᠲᠦ ᠪᠡᠨ ᠪᠦᠯᠲᠡᠶ᠋ᠢᠯᠭᠡᠨ ᠬᠠᠷᠠᠩᠭᠤᠢ ᠰᠥᠨᠢ ᠶ᠋ᠢ ᠰᠢᠷᠲᠡᠭᠰᠡᠭᠡᠷ ᠬᠡᠪᠲᠡᠯ᠎ᠡ᠃
      ᠳᠡᠳ᠋ ᠡᠲᠦᠷ ᠪᠢᠲᠡ ᠥᠴᠥᠭᠡᠲᠦᠷ ᠰᠥᠨᠢ ᠶ᠋ᠢᠨ  ᠢᠷᠡᠭᠰᠡᠨ ᠰᠤᠭᠤ ᠷᠠᠶ᠋ᠢᠨᠠᠲᠣᠣ ᠶ᠋ᠢᠨ ᠬᠠᠨᠢᠲᠠᠨ ᠨᠢ ᠪᠠᠶ᠋ᠢᠭᠠᠰᠠᠢ ᠭᠡᠵᠦ ᠬᠡᠯᠡᠯᠴᠡᠪᠡ᠃ ᠤᠴᠢᠷ ᠨᠢ ᠷᠠᠶ᠋ᠢᠨᠠᠲᠣᠣ ᠠ᠋ᠴᠠ ᠰᠠᠯᠬᠤ ᠶᠠᠪᠤᠲᠠᠯ ᠊ᠢ ᠪᠣᠲᠣᠬᠤ ᠠ᠋ᠴᠠ ᠵᠠᠶ᠋ᠢᠯᠠᠰᠬᠢᠪᠡ᠃
      ᠲᠡᠷᠡ ᠡᠲᠦᠷ ᠷᠠᠶ᠋ᠢᠨᠠᠲᠣᠣ ᠡᠲᠦᠷ ᠲᠤᠵᠢ ᠲᠣᠭᠲᠠᠪᠤᠷᠢ ᠦᠭᠡᠢ ᠪᠠᠶ᠋ᠢᠵᠤ · ᠣᠢ ᠰᠢᠭᠤᠢ ᠳᠣᠲᠣᠷ᠎ᠠ ᠠ᠋ᠴᠠ ᠶᠠᠮᠠᠷ ᠨᠢᠭᠡᠨ ᠴᠢᠮᠡᠭᠡ ᠰᠣᠨᠣᠰᠲᠠᠬᠤ ᠪᠣᠯᠪᠠ ‍ᠤᠤ ᠭᠡᠰᠡᠨ ᠮᠠᠶᠢᠬ ᠲᠠᠢ ᠦᠷᠭᠦᠯᠵᠢ ᠴᠢᠬᠢ ᠪᠡᠨ ᠰᠡᠷᠲᠡᠶ᠋ᠢᠯᠭᠡᠨ ᠴᠢᠮᠡᠭᠡ ᠴᠢᠩᠨᠠᠵᠤ ᠪᠠᠶ᠋ᠢᠯ᠎ᠠ᠃ ᠣᠷᠣᠰ ᠰᠢᠬᠢᠷ ᠲᠤ ᠴᠤ᠌ ᠳᠡᠮᠡᠢ ᠳᠤᠷ᠎ᠠ ᠦᠭᠡᠢ ᠪᠣᠯᠪᠠ᠃
      ᠰᠥᠨᠢ ᠨᠢ ᠳᠡᠭᠦᠦ ᠪᠢᠲᠡ ᠬᠣᠶᠠᠭᠤᠯᠠ ᠬᠠᠮᠢᠬ᠋᠎ᠠ ᠣᠷᠣᠵᠤ  ᠬᠡᠪᠲᠡᠭᠰᠡᠨ ᠴᠤ᠌ ᠤᠨᠲᠠᠵᠤ ᠳᠡᠶ᠋ᠢᠯᠬᠦ ᠦᠭᠡᠢ · ᠶᠠᠮᠠᠷ  ᠴᠤ᠌ ᠳᠠᠭᠤᠨ ᠊ᠢ ᠣᠯᠵᠤ ᠰᠣᠨᠣᠰᠤᠭᠰᠠᠨ ᠦᠭᠡᠢ ᠪᠠᠶ᠋ᠢᠲᠠᠯ᠎ᠠ · ᠷᠠᠶ᠋ᠢᠨᠠᠲᠣᠣ ᠶ᠋ᠢᠨ ᠬᠣᠷᠣᠬ᠋᠎ᠠ ᠶ᠋ᠢᠨ  ᠭᠠᠲᠠᠨ᠎ᠠ  ᠭᠣᠶᠣ ᠰᠠᠶ᠋ᠢᠬᠠᠨ ᠪᠣᠷᠣᠪᠲᠤᠷ ᠶᠠᠭᠤᠮ᠎ᠠ ᠣᠶ᠋ᠢᠷᠠᠲᠤᠨ ᠢᠷᠡᠵᠦ ᠪᠠᠶ᠋ᠢᠬᠤ  ᠰᠢᠭ᠋ ᠪᠣᠲᠣᠭᠲᠠᠭᠠᠳ ᠰᠠᠨᠠᠬ᠋᠎ᠠ ᠲᠥᠪᠲᠡᠬᠦ ᠦᠭᠡᠢ ᠬᠣᠶᠠᠭᠤᠯᠠ ᠪᠠᠨ ᠳᠠᠬᠢᠨ ᠬᠡᠷᠡᠮ ᠦ᠋ᠨ ᠬᠠᠵᠠᠭᠤ ᠪᠠᠷ ᠬᠠᠰᠢᠶ᠎ᠠ ᠵᠦᠭ ᠣᠶ᠋ᠢᠷᠠᠲᠤᠯ᠎ᠠ᠃ 
      ᠵᠠ ᠶᠠᠮᠠᠷ ᠪᠤᠢ ? ᠲᠡᠷᠡ ᠰᠤᠭᠤ ᠦᠨᠡᠬᠡᠷ ᠬᠦᠷᠦᠭᠡᠳ ᠢᠷᠡᠭᠰᠡᠨ ᠪᠠᠶ᠋ᠢᠵᠠᠢ᠃ ᠪᠢᠲᠡᠨ ᠊ᠢ ᠣᠶ᠋ᠢᠷᠠᠲᠤᠬᠤ ᠲᠠᠢ ᠵᠡᠷᠭᠡ ᠳᠣᠣᠷ᠎ᠠ ᠪᠠᠨ ᠭᠣᠳ ᠭᠠᠷᠤᠨ ᠳᠤᠲᠠᠭᠠᠯ᠎ᠠ᠃ ᠣᠢ ᠰᠢᠭᠤᠢ ᠳᠣᠲᠣᠷ᠎ᠠ ᠰᠤᠭᠤ ᠶ᠋ᠢᠨ ᠮᠣᠲᠣ ᠱᠦᠷᠭᠦᠬᠦ ᠳᠠᠭᠤᠨ ᠱᠣᠷ ᠱᠣᠷ ᠰᠣᠨᠣᠰᠲᠠᠨ᠎ᠠ᠃ ᠰᠤᠭᠤ ᠬᠣᠯᠠᠲᠠᠬ᠋᠎ᠠ ᠦᠭᠡᠢ · ᠮᠥᠤᠠᠲᠥ ᠵᠤᠯᠵᠠᠬ᠋᠎ᠠ  ᠳ᠋ᠠᠭᠠᠨ ᠪᠤᠴᠠᠵᠤ ᠢᠷᠡᠬᠦ ᠶ᠋ᠢ ᠪᠢᠲᠡ ᠮᠡᠲᠡᠵᠦ ᠪᠠᠶ᠋ᠢᠯ᠎ᠠ᠃ 
      ᠳᠡᠭᠦᠦ ᠪᠢᠲᠡ ᠬᠣᠶᠠᠭᠤᠯᠠ ᠲᠡᠷᠡ ᠳᠣᠣᠷ᠎ᠠ ᠪᠠᠨ ᠬᠣᠷᠣᠬ᠋᠎ᠠ ᠶ᠋ᠢᠨ ᠳᠡᠷᠭᠡᠳᠡ ᠣᠴᠢᠵᠤ ᠵᠣᠷᠢᠬ ᠭᠠᠷᠭᠠᠨ ᠬᠠᠭᠠᠯᠬ᠋᠎ᠠ ᠶ᠋ᠢ ᠨᠢ ᠨᠡᠭᠡᠭᠡᠪᠡ᠃ ᠷᠠᠶ᠋ᠢᠨᠠᠲᠣᠣ ᠳᠣᠣᠷ᠎ᠠ ᠪᠠᠨ ᠭᠠᠷᠴᠤ ᠢᠷᠡᠨ ᠬᠠᠮᠠᠷ ᠶ᠋ᠢᠠᠷ ᠶ᠋ᠢᠠᠨ ᠮᠢᠨᠦ ᠭᠠᠷ ᠊ᠢ ᠱᠦᠷᠭᠦᠭᠡᠪᠡ᠃ ᠪᠢᠲᠡ ᠭᠠᠵᠠᠷ ᠲᠤ ᠣᠴᠣᠶ᠋ᠢᠨ ᠰᠠᠭᠤᠵᠤ ᠷᠠᠶ᠋ᠢᠨᠠᠲᠣᠣ ᠶ᠋ᠢ ᠲᠡᠪᠡᠷᠢᠵᠦ ᠠᠪᠤᠭᠠᠳ ᠬᠦᠵᠦᠭᠦᠨ ᠳ᠋ᠤᠨᠢ ᠬᠠᠴᠠᠷ ᠶ᠋ᠢᠠᠨ ᠨᠠᠭᠠᠯᠲᠤᠭᠤᠯᠵᠤ ᠄《 ᠣᠲᠣ ᠠᠩ ᠦ᠋ᠨ ᠬᠤᠭᠤᠴᠠᠬ᠋᠎ᠠ  ᠥᠩᠭᠡᠷᠡᠭᠰᠡᠨ ᠲᠤᠯᠠ ᠡᠬᠡ ᠶ᠋ᠢᠨ ᠶ᠋ᠢᠡᠨ ᠲᠡᠨᠲᠡ ᠬᠠᠷᠢᠬᠤ ᠦᠭᠡᠢ ᠪᠣᠯ ᠪᠣᠯᠬᠤ ᠦᠭᠡᠢ ᠰᠢᠦ 》ᠭᠡᠵᠦ ᠬᠡᠯᠡᠭᠡᠳ ᠨᠢᠯᠪᠤᠰᠤ ᠪᠠᠨ ᠬᠣᠷᠢᠬᠯᠠᠵᠤ  ᠳᠡᠢᠯᠦᠭᠰᠡᠨ ᠦᠭᠡᠢ  ᠪᠥᠮᠪᠥᠷᠢᠭᠦᠯᠴᠢᠬᠡᠯ᠎ᠡ᠃
      ᠪᠢᠲᠡ ᠲᠡᠨᠲᠡ ᠡᠴᠡ ᠵᠠᠶ᠋ᠢᠯᠠᠬᠤ ᠶ᠋ᠢ ᠬᠦᠰᠡᠪᠡ᠃ ᠭᠡᠲᠡᠯ᠎ᠡ ᠷᠠᠶ᠋ᠢᠨᠠᠲᠣᠣ ᠮᠥᠨ ᠮᠠᠨ ᠊ᠢ ᠳᠠᠭᠠᠬᠤ ᠭᠡᠯ᠎ᠡ᠃
     《 ᠬᠠᠮᠢᠬ᠋᠎ᠠ ᠣᠴᠢᠬᠤ ᠪᠤᠢ ? ᠶᠠᠭᠤᠨ  ᠳ᠋ᠤ᠌ ᠨᠠᠮᠠᠶ᠋ᠢ ᠳᠠᠭᠠᠭᠤᠯᠬᠤ ᠦᠭᠡᠢ ᠪᠣᠢ ? 》ᠭᠡᠵᠦ ᠬᠡᠯᠡᠵᠦ ᠪᠠᠶ᠋ᠢᠬᠤ ᠰᠢᠭ᠋ ᠪᠠᠶ᠋ᠢᠯ᠎ᠠ᠃ ᠭᠡᠪᠡᠴᠦ ᠪᠢᠲᠡ ᠷᠠᠶ᠋ᠢᠨᠠᠲᠣᠣ ᠶ᠋ᠢ ᠡᠬᠡ ᠶ᠋ᠢᠨ ᠬᠢᠨᠢ ᠵᠦᠭ ᠬᠠᠨᠲᠤᠭᠤᠯᠤᠨ ᠲᠠᠯᠪᠢᠵᠤ ᠶᠠᠪᠤᠭᠤᠯᠤᠯ᠎ᠠ᠃ ᠡᠨᠡ ᠨᠢ ᠪᠢᠲᠡᠨ  ᠳ᠋ᠤ᠌ ᠶᠠᠭᠠᠬᠢᠬᠰᠠᠨ ᠭᠤᠨᠢᠬ ᠲᠠᠢ ᠪᠠᠶ᠋ᠢᠬᠰᠠᠨ ᠠᠵᠢ ! ᠷᠠᠶ᠋ᠢᠨᠠᠲᠣᠣ ᠤᠴᠢᠷ ᠤᠬᠠᠭᠠᠨ ᠊ᠢ ᠣᠯᠬᠤ ᠦᠭᠡᠢ ᠰᠢᠭ᠌ ᠲᠦᠷ ᠴᠠᠭ ᠠᠭᠤᠷᠯᠠᠭᠰᠠᠨ ᠮᠡᠲᠦ ᠲᠡᠨᠲᠡ ᠪᠡᠨ ᠵᠣᠭᠰᠣᠵᠤ ᠪᠠᠶ᠋ᠢᠯ᠎ᠠ᠃ ᠡᠨᠡ ᠦᠶ᠎ᠡ  ᠳ᠋ᠤ᠌ ᠪᠢᠲᠡ ᠲᠦᠷᠭᠡᠨ  ᠭᠡᠭᠴᠢ ᠭᠡᠷ ᠦ᠋ᠨ ᠣᠷᠣᠢ ᠳᠡᠭᠡᠷ᠎ᠡ ᠠᠪᠠᠷᠢᠨ ᠭᠠᠷᠪᠠ᠃
     ᠭᠡᠲᠡᠯ᠎ᠡ ᠳᠠᠬᠢᠨ ᠨᠢᠭᠡ ᠤᠲᠠᠬ᠋᠎ᠠ ᠬᠣᠶ᠋ᠢᠰᠢ ᠡᠷᠭᠢᠨ ᠬᠠᠷᠠᠬᠤ ᠦᠭᠡᠢ ᠪᠡᠷ ᠭᠡᠷ ᠲᠡᠭᠡᠨ ᠣᠷᠣᠵᠤ ᠴᠢᠲᠠᠬᠤ ᠦᠭᠡᠢ ᠪᠠᠶ᠋ᠢᠯ᠎ᠠ᠃
     ᠷᠠᠶ᠋ᠢᠨᠠᠲᠣᠣ ᠲᠦᠷ ᠵᠠᠭᠤᠷ᠎ᠠ ᠶᠠᠭᠠᠬᠢᠬᠤ ᠪᠠᠨ ᠣᠯᠬᠤ ᠦᠭᠡᠢ ᠰᠠᠷᠠᠨ ᠪ ᠭᠡᠷᠡᠯ  ᠳ᠋ᠤ᠌ ᠵᠣᠭᠰᠣᠵᠤ ᠪᠠᠶ᠋ᠢᠪᠠ᠃ ᠤᠲᠠᠯ ᠦᠭᠡᠢ ᠬᠠᠷᠠᠩᠭᠤᠢ ᠳᠣᠲᠣᠷ᠎ᠠ ᠠ᠋ᠴᠠ ᠭᠡᠷᠡᠯ ᠰᠠᠴᠤᠷᠠᠭᠰᠠᠨ ᠬᠣᠶᠠᠷ ᠨᠢᠲᠦ  ᠦᠵᠡᠭᠳᠡᠭᠡᠳ ᠭᠣᠶᠣ ᠰᠠᠶ᠋ᠢᠬᠠᠨ ᠪᠡᠶ᠎ᠡ ᠲᠡᠢ ᠰᠣᠭᠣ ᠬᠥᠪᠬᠦ ᠮᠡᠲᠦ ᠬᠦᠷᠴᠦ ᠢᠷᠡᠯ᠎ᠡ᠃ ᠷᠠᠶ᠋ᠢᠨᠠᠲᠣᠣ ᠠᠭᠠᠵᠢᠮ ᠶ᠋ᠢᠠᠷ ᠠᠯᠬᠤᠭᠰᠠᠭᠠᠷ ᠡᠬᠡ ᠳ᠋ᠡᠭᠡᠨ ᠣᠶ᠋ᠢᠷᠠᠲᠤᠵᠤ ᠣᠴᠢᠯ᠎ᠠ᠃ ᠵᠤᠯᠠ ᠶ᠋ᠢᠨ ᠭᠡᠷᠡᠯ ᠰᠢᠭ᠌ ᠳᠥᠷᠪᠡᠨ ᠨᠢᠲᠦ ᠪᠢᠲᠡᠨ ᠊ᠢ ᠰᠢᠷᠲᠡᠵᠦ ᠪᠠᠶ᠋ᠢᠬᠰᠠᠨ ᠶ᠋ᠢᠠᠨ ᠭ᠌ᠱᠠᠨ ᠵᠠᠭᠤᠷ᠎ᠠ ᠪᠠᠷ᠎ᠠ ᠦᠭᠡᠢ ᠪᠣᠯᠵᠤ · ᠬᠣᠶᠠᠷ ᠬᠠᠷ᠎ᠠ ᠰᠡᠭᠦᠲᠡᠷ ᠶᠠᠭ ᠰᠠᠶ᠋ᠢᠬᠠᠨ ᠵᠡᠷᠭᠡᠴᠡᠨ ᠭᠦᠶᠦᠵᠦ ᠣᠢ ᠰᠢᠭᠤᠢ ᠳᠣᠲᠣᠷ᠎ᠠ ᠣᠷᠣᠭᠠᠳ ᠣᠷᠣ ᠦᠭᠡᠢ ᠵᠠᠮᠬᠠᠷᠠᠪᠠ᠃
      ᠪᠢᠲᠡ ᠬᠣᠶᠠᠭᠤᠯᠠ ᠳᠣᠪ ᠳᠤᠭᠤᠢ ᠥᠪᠡᠷ ᠥᠪᠡᠷ ᠦ᠋ᠨ ᠣᠷᠣᠨ ᠳ᠋ᠠᠭᠠᠨ ᠣᠷᠣᠵᠤ ᠬᠡᠪᠲᠡᠯ᠎ᠡ᠃ ᠪᠠᠬᠠᠨ ᠤᠲᠠᠭᠰᠠᠨ ᠪ ᠬᠣᠶ᠋ᠢᠨ᠎ᠠ ᠳᠡᠭᠦᠦ ᠶ᠋ᠢᠨ  ᠮᠡᠭᠰᠢᠨ ᠣᠬᠢᠯᠠᠬᠤ ᠳᠠᠭᠤᠨ ᠲᠣᠯᠣᠭᠠᠢ ᠪᠠᠨ  ᠪᠦᠲᠡᠭᠡᠵᠦ ᠪᠠᠶ᠋ᠢᠬᠰᠠᠨ ᠮᠢᠨᠦ ᠴᠢᠬᠢᠨ  ᠳ᠋ᠤ᠌ ᠳᠤᠭᠤᠯᠳᠠᠪᠠ᠃


  ᠢᠷᠡᠯᠲᠡ ᠄  
      ᠲᠠᠪᠤᠨ ᠵᠢᠯ ᠦᠨ ᠲᠦᠷᠢᠮᠳᠦ ᠪᠠᠭ᠎ᠠ ᠰᠤᠷᠭᠠᠭᠤᠯᠢ ᠳᠤ ᠦᠵᠡᠬᠦ 
          ᠬᠡᠯᠡ ᠪᠢᠴᠢᠭ    ᠶᠢᠰᠦᠳᠦᠭᠡᠷ ᠲᠡᠪᠳᠡᠷ  ※ 
              ᠦᠪᠦᠷ ᠮᠤᠩᠭᠤᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶ᠎ᠠ ᠨᠠᠢᠢᠷᠠᠭᠤᠯᠤᠨ ᠬᠡᠪᠯᠡᠭᠦᠯᠪᠡ
              ᠦᠪᠦᠷ ᠮᠤᠩᠭᠤᠯ ᠤᠨ ᠰᠢᠨᠬᠤᠸᠠ ᠨᠤᠮ ᠤᠨ ᠲᠡᠯᠭᠡᠭᠦᠷ ᠲᠠᠷᠬᠠᠭᠠᠪᠠ
              ᠦᠪᠦᠷ ᠮᠤᠩᠭᠤᠯ ᠤᠨ ᠮᠤᠩᠭᠤᠯ ᠪᠢᠴᠢᠭ ᠬᠡᠪᠯᠠᠬᠦ ᠦᠢᠯᠡᠳᠪᠦᠷᠢ ᠬᠡᠪᠯᠡᠪᠡ 
             1981 ᠤᠨ ᠤ 5 ᠰᠠᠷ᠎ᠠ ᠳᠤ ᠬᠤᠶᠠᠳᠤᠭᠠᠷ ᠬᠡᠪ ᠢ ᠬᠢᠪᠡ 
             1984 ᠤᠨ ᠤ 4 ᠰᠠᠷ᠎ᠠ ᠳᠤ ᠲᠦᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃

                   ᠦᠰᠦᠭ ᠠᠮᠢᠯᠠᠭᠤᠯᠤᠭᠴᠢ ᠄   ᠣᠲᠣᠨᠬᠤᠸᠠᠷ
                     ᠬᠢᠨᠠᠭᠴᠢ ᠄   ᠲᠣ᠋ · ᠨᠠᠨᠲᠢᠨ
    
                                               2023 .3 .13