ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 3 (2)> Ертөнцийн гурав – Ш᠂ Буянтогтох эмхиохэн найруулав < Оршлын оронд – 3 (2)>
ᠣᠷᠣᠰᠢᠯ ᠤᠨ ᠣᠷᠣᠨ ᠳᠤ – 3 (2)
1. ᠭᠤᠷᠪᠠᠨ ᠮᠥᠷ ᠪᠠᠶ᠋ᠢᠬᠰᠠᠨ ᠠ᠋ᠴᠠ ᠪᠠᠨ ᠣᠯᠠᠨ ᠮᠥᠷ ᠪᠣᠯᠵᠤ ᠬᠤᠪᠢᠷᠠᠪᠠ᠃
《 ᠥᠰᠬᠦ ᠳᠤ ᠰᠢᠳᠦ ᠴᠠᠭᠠᠨ
ᠥᠲᠡᠯᠬᠦ ᠳᠤ ᠦᠰᠦ ᠴᠠᠭᠠᠨ
ᠦᠬᠦᠬᠦ ᠳᠤ ᠶᠠᠰᠤ ᠴᠠᠭᠠᠨ 》 ᠭᠡᠵᠦ ᠬᠥᠮᠦᠨ ᠤ ᠨᠢᠭᠡ ᠨᠠᠰᠤᠨ ᠳᠤ ᠲᠣᠬᠢᠶᠠᠯᠳᠤᠬᠤ ᠦᠨᠡᠨ ᠪᠣᠳᠠᠲᠤ ᠶᠠᠪᠤᠳᠠᠯ ᠤᠴᠢᠷ ᠢ ᠥᠭᠦᠯᠡᠭᠰᠡᠨ ᠪᠠᠶ᠋ᠢᠨ᠎ᠠ ᠃ ᠭᠡᠪᠡᠴᠦ ᠡᠭᠦᠨ ᠢ ᠬᠣᠵᠢᠮ ᠤᠨ ᠬᠥᠮᠦᠰ ᠳᠥᠷᠪᠡᠨ ᠴᠠᠭᠠᠨ ᠪᠣᠯᠭᠠᠪᠠ ᠃ ᠵᠢᠱ᠌ᠢᠶᠡᠯᠡᠪᠡᠯ ᠄
《 ᠥᠰᠬᠦ ᠳᠤ ᠰᠢᠲᠦ ᠴᠠᠭᠠᠨ
ᠥᠲᠡᠯᠡᠬᠦ ᠳᠤ ᠦᠰᠦ ᠴᠠᠭᠠᠨ
ᠦᠬᠦᠬᠦ ᠳᠤ ᠶᠠᠰᠤ ᠴᠠᠭᠠᠨ
ᠦᠷ ᠴᠠᠭ ᠲᠤ ᠴᠣᠯᠮᠣᠨ ᠴᠠᠭᠠᠨ 》(7) ᠭᠡᠵᠦ ᠤᠭ ᠦ᠋ᠨ ᠪᠠᠶ᠋ᠢᠬᠰᠠᠨ ᠭᠤᠷᠪᠠᠨ ᠮᠦᠷ ᠦ᠋ᠨ ᠳᠡᠭᠡᠷ᠎ᠡ ᠨᠢ ᠨᠢᠭᠡ ᠮᠦᠷ ᠨᠡᠮᠡᠵᠦ ᠣᠷᠣᠭᠤᠯᠤᠭᠰᠠᠨ ᠨᠢ ᠢᠯᠡᠬᠡᠨ ᠬᠠᠷᠠᠭᠲᠠᠨ᠎ᠠ ᠃ ᠤᠴᠢᠷ ᠨᠢ ᠡᠮᠦᠨᠡᠬᠢ ᠭᠤᠷᠪᠠᠨ ᠮᠦᠷ ᠪᠣᠯ ᠬᠥᠮᠦᠨ ᠪ ᠨᠠᠰᠤᠨ ᠪ ᠤᠴᠢᠷ ᠶᠠᠪᠤᠲᠠᠯ ᠊ᠢ ᠦᠭᠦᠯᠡᠭᠰᠡᠨ ᠠᠲᠠᠯ᠎ᠠ ᠂ ᠰᠡᠭᠦᠯ ᠦ᠋ᠨ ᠨᠢᠭᠡ ᠮᠦᠷ ᠨᠢ ᠣᠷᠴᠢᠯᠠᠩ ᠪᠠᠶ᠋ᠢᠭᠠᠯᠢ ᠶ᠋ᠢᠨ ᠤᠴᠢᠷ ᠊ᠢ ᠦᠭᠦᠯᠡᠭᠰᠡᠨ ᠠ᠋ᠴᠠ ᠤᠤᠯ ᠦ᠋ᠨ ᠦᠭᠦᠯᠡᠭᠰᠡᠨ ᠡᠴᠡ ᠠᠭᠤᠯᠬ᠋᠎ᠠ ᠶ᠋ᠢᠨ ᠲᠠᠯ᠎ᠠ ᠪᠠᠷ ᠶ᠋ᠢᠠᠨ ᠠᠲᠠᠯᠢ ᠦᠭᠡᠢ ᠪᠣᠯᠤᠭᠰᠠᠨ ᠶ᠋ᠢᠠᠷ ᠥᠯᠦ ᠪᠠᠷᠠᠮ ᠦᠭᠡ ᠶ᠋ᠢᠨ ᠲᠣᠬ᠋᠎ᠠ ᠪᠠ ᠠᠶ᠋ᠢᠵᠠᠮ ᠴᠣᠬᠢᠯᠬ᠋ᠠ ᠨᠢ ᠴᠤ᠌ ᠠᠲᠠᠯᠢ ᠦᠭᠡᠢ ᠪᠣᠯᠵᠤ ᠬᠣᠪᠢᠷᠠᠵᠠᠢ ᠃ ᠡᠭᠦᠨ ᠲᠡᠢ ᠠᠲᠠᠯᠢ ᠪᠠᠷ ᠄
《 ᠵᠢᠪᠡᠷᠲᠦ ᠲᠩᠷᠢ ᠶ᠋ᠢᠨ ᠬᠠᠶᠠᠬ᠋ᠠ ᠤᠯᠠᠭᠠᠨ
ᠵᠢᠷᠭᠠᠯᠠᠩᠲᠤ ᠬᠠᠲᠤᠨ ᠪ ᠬᠠᠴᠠᠷ ᠤᠯᠠᠭᠠᠨ
ᠵᠢᠷᠲᠠᠭᠠᠢ ᠬᠥᠮᠦᠨ ᠪ ᠨᠢᠲᠦ ᠤᠯᠠᠭᠠᠨ 》(8) ᠭᠡᠵᠦ ᠪᠠᠶ᠋ᠢᠬᠰᠠᠨ ᠨᠢ ᠰᠡᠭᠦᠯᠡᠷ ᠬᠣᠪᠢᠷᠠᠨ ᠤᠯᠠᠷᠢᠭᠠᠳ ᠄
《 ᠵᠢᠪᠡᠷᠲᠦ ᠲᠩᠷᠢ ᠶ᠋ᠢᠨ ᠬᠠᠶᠠᠬ᠋ᠠ ᠤᠯᠠᠭᠠᠨ
ᠵᠢᠷᠭᠠᠯᠠᠩᠲᠤ ᠬᠠᠲᠤᠨ ᠪ ᠬᠠᠴᠠᠷ ᠤᠯᠠᠭᠠᠨ
ᠵᠢᠷᠲᠠᠭᠠᠢ ᠬᠥᠮᠦᠨ ᠪ ᠨᠢᠲᠦ ᠤᠯᠠᠭᠠᠨ
ᠠᠭᠰᠤᠮ ᠮᠣᠷᠢᠨ ᠪ ᠵᠤᠤᠵᠢ ᠤᠯᠠᠭᠠᠨ
ᠠᠯᠠᠭᠠᠴᠢ ᠬᠥᠮᠦᠨ ᠪ ᠭᠠᠨᠵᠤᠬ᠋ᠠ ᠤᠯᠠᠭᠠᠨ
ᠵᠠᠭᠤᠲᠠᠭ ᠨᠣᠬᠠᠢ ᠶ᠋ᠢᠨ ᠨᠢᠲᠦ ᠤᠯᠠᠭᠠᠨ
ᠵᠠᠭᠤᠲᠠᠭ ᠪᠤᠤᠷ᠎ᠠ ᠶ᠋ᠢᠨ ᠰᠢᠲᠦ ᠤᠯᠠᠭᠠᠨ
ᠬᠠᠲᠠ ᠰᠠᠶ᠋ᠢᠲᠤ ᠶ᠋ᠢᠨ ᠦᠨᠡᠭᠡ ᠤᠯᠠᠭᠠᠨ
ᠮᠤᠲᠤ ᠰᠠᠶ᠋ᠢᠲᠤ ᠶ᠋ᠢᠨ ᠵᠣᠲᠣᠭ ᠤᠯᠠᠭᠠᠨ
ᠰᠤᠲᠠᠭ ᠲᠤ ᠤᠷᠭᠤᠭᠰᠠᠨ ᠰᠤᠬᠠᠢ ᠤᠯᠠᠭᠠᠨ 》(9) ᠭᠡᠵᠦ ᠬᠡᠯᠡᠯᠴᠡᠳᠡᠭ ᠪᠣᠯᠵᠠᠢ ᠃ ᠡᠨᠡ ᠠᠷᠪᠠᠨ ᠮᠦᠷ ᠦ᠋ᠨ ᠵᠢᠱ᠌ᠢᠶ᠎ᠡ ᠨᠢ ᠡᠮᠦᠨᠡᠬᠢ ᠭᠤᠷᠪᠠᠨ ᠮᠦᠷ ᠶ᠋ᠢᠡᠷ ᠪᠦᠷᠢᠯᠳᠦᠭᠰᠡᠨ ᠵᠢᠱ᠌ᠢᠶ᠎ᠡ ᠶ᠋ᠢ ᠪᠣᠲᠣᠪᠠᠯ ᠬᠣᠯᠠ ᠰᠤᠯᠠ ᠪᠣᠯᠤᠭᠰᠠᠨ ᠪᠠᠶ᠋ᠢᠨ᠎ᠠ ᠃ ᠡᠨᠡᠬᠦ ᠠᠷᠪᠠᠨ ᠮᠦᠷ ᠦ᠋ᠨ ᠵᠢᠱ᠌ᠢᠶ᠎ᠡ ᠶ᠋ᠢ ᠬᠥᠮᠦᠰ ᠠᠪᠤᠨ ᠦᠵᠡᠬᠦ ᠳᠤ ᠣᠯᠲᠠᠭᠰᠠᠨ ᠬᠡᠲᠦᠨ 《 ᠤᠯᠠᠭᠠᠨ 》 ᠊ᠢ ᠠᠯᠪᠠ ᠪᠠᠷ ᠤᠭᠰᠠᠷᠠᠭᠤᠯᠤᠨ ᠵᠢᠬᠰᠠᠭᠠᠭᠰᠠᠨ ᠨᠢ ᠢᠯᠡᠤᠠᠲᠡ ᠮᠡᠳᠡᠭᠳᠡᠨ᠎ᠡ ᠃ ᠡᠶ᠋ᠢᠮᠦ ᠪᠣᠯᠬᠣᠷ ᠠᠷᠪᠠᠨ ᠮᠦᠷ ᠨᠢ ᠲᠡᠭᠦᠨ ᠪ ᠲᠥᠷᠦᠯᠬᠢ ᠰᠢᠨᠵᠢ ᠪᠢᠰᠢ ᠂ ᠬᠠᠷᠢᠨ 《 ᠶᠢᠷᠲᠢᠨᠴᠤ ᠶ᠋ᠢᠨ ᠭᠤᠷᠪᠠ 》 ᠶ᠋ᠢᠨ ᠬᠣᠪᠢᠯᠪᠤᠷᠢ ᠮᠥᠨ ᠃
2 . ᠳᠠᠷᠬᠠᠵᠤ ᠳᠡᠯᠭᠡᠷᠡᠬᠦ ᠳ᠋ᠡᠭᠡᠨ ᠣᠷᠣᠨ ᠨᠤᠲᠤᠭ ᠦ᠋ᠨ ᠦᠨᠦᠷ ᠠᠮᠲᠠ ᠲᠠᠢ ᠪᠣᠯᠪᠠ ᠃ 《 ᠶᠢᠷᠲᠢᠨᠴᠤ ᠶ᠋ᠢᠨ ᠭᠤᠷᠪᠠ 》 ᠶ᠋ᠢᠨ ᠵᠣᠬᠢᠶᠠᠭᠲᠠᠨ ᠳᠡᠯᠭᠡᠷᠡᠭᠰᠡᠨ ᠣᠷᠣᠨ ᠨᠤᠲᠤᠭ ᠨᠢ ᠠᠲᠠᠯᠢ ᠦᠭᠡᠢ ᠪᠣᠯᠬᠣᠷ ᠣᠷᠣᠨ ᠨᠤᠲᠤᠭ ᠦ᠋ᠨ ᠣᠨᠴᠠᠯᠢᠬ ᠭᠠᠷᠴᠠᠢ ᠃ ᠲᠡᠷᠡ ᠨᠢ ᠶᠠᠮᠠᠷ ᠭᠠᠵᠠᠷ ᠵᠣᠬᠢᠶᠠᠭᠲᠠᠨ ᠳᠡᠯᠭᠡᠷᠡᠭᠰᠡᠨ ᠪᠣᠯ ᠲᠡᠷᠡ ᠣᠷᠣᠨ ᠨᠤᠲᠤᠭ ᠦ᠋ᠨ ᠣᠨᠴᠠᠯᠢᠬ ᠂ ᠡᠳ᠋ ᠶᠠᠭᠤᠮᠠᠰ ᠦ᠋ᠨ ᠰᠢᠨᠵᠢ ᠶ᠋ᠢᠨ ᠳᠡᠭᠡᠷ᠎ᠡ ᠰᠠᠭᠤᠷᠢᠯᠠᠭᠲᠠᠨ ᠵᠣᠬᠢᠶᠠᠭᠲᠠᠭᠰᠠᠨ ᠠ᠋ᠴᠠ ᠪᠣᠯᠵᠤ ᠪᠤᠰᠤᠳ ᠨᠤᠲᠤᠭ ᠲᠤ ᠳᠡᠯᠭᠡᠷᠡᠨ ᠣᠴᠢᠬᠤ ᠪᠠ ᠲᠥᠭᠡᠨ ᠲᠠᠷᠬᠠᠬᠤ ᠶ᠋ᠢᠨ ᠬᠠᠮᠲᠤ ᠳ᠋ᠤᠨᠢ ᠤᠭ ᠦ᠋ᠨ ᠶᠠᠭᠤᠮᠠᠰ ᠠ᠋ᠴᠠ ᠢᠯᠡᠭᠦᠦ ᠪᠠᠷ ᠦᠨᠡᠯᠡᠭᠳᠡᠵᠦ ᠪᠠᠶ᠋ᠢᠬ᠋᠎ᠠ ᠲᠡᠷᠡ ᠣᠷᠣᠨ ᠪ ᠲᠡᠲᠡᠭᠡᠷ ᠣᠨᠴᠤᠭᠣᠢ ᠬᠡᠷᠡᠭ ᠶᠠᠭᠤᠮ᠎ᠠ ᠪᠠ ᠥᠩᠭᠡ ᠵᠢᠰᠦᠮ ᠢᠶ᠋ᠡᠷ ᠰᠣᠯᠢᠬᠳᠠᠨ ᠣᠷᠣᠭᠰᠠᠨ ᠵᠤᠶ᠋ᠢᠯ ᠪᠠᠶ᠋ᠢᠨ᠎ᠠ ᠃
ᠵᠢᠱ᠌ᠢᠶᠡᠯᠡᠪᠡᠯ ᠄
《 ᠵᠢᠯᠠᠭᠠᠨ ᠳ᠋ᠦ᠍ ᠣᠷᠭᠤᠭᠰᠨ ᠰᠤᠬᠠᠢ ᠤᠯᠠᠭᠠᠨ ᠂
ᠵᠢᠪᠠᠷ ᠲᠦ ᠭᠦᠶᠦᠭᠰᠡᠨ ᠦᠨᠡᠭᠡ ᠤᠯᠠᠭᠠᠨ ᠂
ᠵᠢᠳᠠᠨ ᠳ᠋ᠦ᠍ ᠮᠢᠷᠠᠯᠵᠠᠭᠰᠠᠨ ᠵᠠᠯᠠᠭ᠎ᠠ ᠤᠯᠠᠭᠠᠨ 》 (10 ) ᠭᠡᠲᠡᠯ᠎ᠡ ᠵᠠᠷᠢᠮ ᠨᠤᠲᠤᠭ ᠲᠤᠨᠢ ᠰᠤᠬᠠᠢ ᠤᠷᠭᠤᠳᠠᠭ ᠦᠭᠡᠢ ᠪᠣᠯᠬᠣᠷ ᠄
《 ᠵᠢᠪᠡᠷᠲᠦ ᠲᠡᠭᠷᠢ ᠶ᠋ᠢᠨ ᠬᠠᠶᠠᠭ᠎ᠠ ᠤᠯᠠᠭᠠᠨ ᠂
ᠵᠢᠷᠭᠠᠯᠠᠩᠲᠤ ᠬᠠᠲᠤᠨ ᠤ ᠬᠠᠴᠠᠷ ᠤᠯᠠᠭᠠᠨ᠂
ᠵᠢᠷᠳᠠᠭᠠᠢ ᠬᠦᠮᠦᠨ ᠦ ᠨᠢᠳᠦ ᠤᠯᠠᠭᠠᠨ 》 (11 ) ᠡᠰᠡᠪᠡᠯ ᠬᠠᠶᠠ ᠵᠠᠷᠢᠮ ᠭᠠᠵᠠᠷ ᠨᠢ ᠄
《 ᠬᠤᠷᠳᠤᠨ ᠮᠣᠷᠢᠨ ᠤ ᠲᠣᠭᠣᠰᠣ ᠤᠯᠠᠭᠠᠨ
ᠬᠤᠯᠠᠭᠠᠶ᠋ᠢᠴᠢ ᠬᠦᠮᠦᠨ ᠦ ᠨᠢᠳᠦ ᠤᠯᠠᠭᠠᠨ
ᠬᠣᠤᠷᠲᠤ ᠮᠣᠭᠠᠢ ᠶ᠋ᠢᠨ ᠬᠡᠯᠡ ᠤᠯᠠᠭᠠᠨ 》(12) ᠭᠡᠮᠡᠨ ᠠᠳᠠᠯᠢ ᠪᠤᠰᠤ ᠪᠠᠷ ᠲᠠᠷᠬᠠᠨ ᠳᠡᠯᠭᠡᠷᠡᠵᠡᠢ ᠃
3 . 《 ᠶᠢᠷᠲᠢᠨᠴᠦ ᠶ᠋ᠢᠨ ᠭᠤᠷᠪᠠ 》 ᠶ᠋ᠢᠨ ᠳᠣᠲᠣᠷ᠎ᠠ ᠵᠠᠷᠢᠮ ᠨᠢ ᠮᠠᠰᠢ ᠣᠯᠠᠨ ᠬᠤᠪᠢᠯᠪᠤᠷᠢ ᠲᠠᠢ ᠂ ᠵᠠᠷᠢᠮ ᠨᠢ ᠴᠦᠭᠡᠨ ᠬᠤᠪᠢᠯᠪᠤᠷᠢ ᠲᠠᠢ ᠪᠠᠶ᠋ᠢᠨ᠎ᠠ ᠃ ᠡᠨᠡᠬᠦ ᠬᠤᠪᠢᠯᠪᠤᠷᠢ ᠨᠤᠭᠤᠳ ᠢ ᠨᠢᠬᠲᠠᠯᠠᠨ ᠦᠵᠡᠪᠡᠰᠦ ᠂ ᠵᠠᠷᠢᠮ ᠨᠢ ᠮᠥᠷ ᠦᠨ ᠲᠣᠭ᠎ᠠ ᠨᠡᠮᠡᠭᠳᠡᠭᠰᠡᠨ ᠪᠠᠶ᠋ᠢᠨ᠎ᠠ ᠃ ᠵᠠᠷᠢᠮ ᠨᠢ ᠤᠳᠬ᠎ᠠ ᠨᠢ ᠠᠳᠠᠯᠢ ᠪᠣᠯᠪᠠᠴᠤ ᠢᠯᠡᠳᠬᠡᠬᠦ ᠦᠭᠡ ᠦᠭᠦᠯᠡᠪᠦᠷᠢ ᠵᠢᠴᠢ ᠬᠡᠯᠪᠡᠷᠢ ᠨᠢ ᠠᠳᠠᠯᠢ ᠦᠭᠡᠢ ᠃ ᠬᠠᠶᠠ ᠵᠠᠷᠢᠮ ᠪᠠᠳᠠᠭ ᠤᠨ ᠵᠠᠷᠢᠮ ᠮᠦᠷ ᠨᠢ ᠠᠳᠠᠯᠢ ᠪᠣᠯᠪᠠᠴᠤ ᠵᠠᠷᠢᠮ ᠮᠥᠷ ᠨᠢ ᠠᠳᠠᠯᠢ ᠦᠭᠡᠢ ᠪᠣᠯᠵᠤ ᠬᠤᠪᠢᠷᠠᠭᠰᠠᠨ ᠪᠠ ᠵᠠᠷᠢᠮ ᠪᠠᠳᠠᠭ ᠤᠨ ᠤᠳᠬ᠎ᠠ ᠨᠢ ᠴᠤ᠌ ᠥᠭᠡᠷ᠎ᠡ ᠶᠠᠭᠤᠮ᠎ᠠ ᠶ᠋ᠢ ᠦᠭᠦᠯᠡᠬᠦ ᠪᠣᠯᠵᠤ ᠥᠭᠡᠷᠡᠳᠡᠭᠰᠡᠨ ᠪᠠᠶ᠋ᠢᠨ᠎ᠠ ᠃ ᠶᠡᠷᠦᠩᠬᠡᠢ ᠳ᠋ᠦ᠍ᠨᠢ ᠠᠪᠴᠤ ᠦᠵᠡᠪᠡᠯ ᠨᠡᠯᠢᠶᠡᠳ ᠣᠯᠠᠨ ᠲᠣᠭᠠᠨ ᠪ 《 ᠶᠢᠷᠲᠢᠨᠴᠦ ᠶ᠋ᠢᠨ ᠭᠤᠷᠪᠠ 》 ᠨᠢ ᠪᠦᠷ ᠬᠤᠪᠢᠯᠪᠤᠷᠢ ᠲᠠᠢ ᠶᠤᠮ ᠃ ᠵᠠᠷᠢᠮ ᠴᠥᠭᠡᠨ ᠲᠣᠭᠠᠨ ᠪ 《 ᠶᠢᠷᠲᠢᠨᠴᠦ ᠶ᠋ᠢᠨ ᠭᠤᠷᠪᠠ 》 ᠨᠢ ᠬᠤᠪᠢᠯᠪᠤᠷᠢ ᠦᠭᠡᠢ ᠪᠠᠶ᠋ᠢᠨ᠎ᠠ ᠃ ᠡᠲᠡᠭᠡᠷ ᠬᠤᠪᠢᠯᠪᠤᠷᠢ ᠪᠦᠬᠦᠨ ᠊ᠢ ᠲᠤᠰ ᠥᠭᠦᠯᠡᠯ ᠳᠤ ᠪᠦᠬᠦᠨ ᠊ᠢ ᠪᠢᠴᠢᠯ ᠦᠭᠡᠢ ᠵᠥᠪᠬᠡᠨ ᠨᠢᠭᠡᠯᠡᠬᠡᠨ ᠡᠴᠡ ᠵᠢᠱ᠌ᠢᠶ᠎ᠡ ᠪᠣᠯᠭᠠᠨ ᠳᠤᠷᠠᠳᠪᠠᠯ ᠄
《 ᠣᠭᠲᠠᠷᠭᠤᠢ ᠶ᠋ᠢᠨ ᠳᠤᠮᠳᠠ ᠨᠠᠷᠠ ᠰᠢᠷ᠎ᠠ
ᠤᠰᠤᠨ ᠪ ᠳᠤᠮᠳᠠ ᠠᠩᠭᠢᠷ ᠰᠢᠷ᠎ᠠ
ᠣᠯᠠᠨ ᠪ ᠳᠤᠮᠳᠠ ᠯᠠᠮᠠ ᠰᠢᠷ᠎ᠠ 》(13)
《 ᠡᠷᠲᠡᠨᠢ ᠳᠤ ᠠᠯᠲᠠ ᠨᠢᠭᠡ ᠰᠢᠷ᠎ᠠ
ᠡᠲᠯᠡᠯ ᠳᠤ ᠵᠠᠩᠴᠢ ᠨᠢᠭᠡ ᠰᠢᠷ᠎ᠠ
ᠢᠲᠡᠭᠡᠨ ᠳᠤ ᠤᠭᠤᠷᠠᠭ ᠨᠢᠭᠡ ᠰᠢᠷ᠎ᠠ 》(14)
《 ᠤᠤᠭᠤᠬᠤᠢ ᠳ᠋ᠤᠷ ᠤᠭᠤᠷᠠᠭ ᠰᠢᠷ᠎ᠠ
ᠡᠮᠦᠰᠬᠦᠢ ᠳ᠋ᠤᠷ ᠵᠠᠩᠴᠢ ᠰᠢᠷ᠎ᠠ
ᠣᠭᠲᠠᠷᠭᠤᠢ ᠳ᠋ᠤᠷ ᠨᠠᠷᠠ ᠰᠢᠷ᠎ᠠ 》(15)
《 ᠱᠠᠬᠢᠵᠦ ᠬᠤᠷᠠᠲᠠᠭ ᠱᠠᠰᠢᠨ ᠨᠢᠭᠡ ᠰᠢᠷ᠎ᠠ
ᠰᠢᠷᠠᠯᠠᠵᠤ ᠬᠠᠷᠠᠭᠲᠠᠲᠠᠭ ᠠᠯᠲᠠ ᠨᠢᠭᠡ ᠰᠢᠷ᠎ᠠ
ᠣᠭᠲᠠᠷᠭᠤᠢ ᠳᠤ ᠪᠠᠶ᠋ᠢᠲᠠᠭ ᠨᠠᠷᠠ ᠨᠢᠭᠡ ᠰᠢᠷ᠎ᠠ
ᠣᠷᠴᠢᠯᠠᠩ ᠳᠤ ᠪᠠᠶ᠋ᠢᠲᠠᠭ ᠳᠡᠯᠡᠬᠡᠢ ᠨᠢᠭᠡ ᠰᠢᠷ᠎ᠠ 》(16)
ᠭᠡᠬᠦ ᠮᠡᠲᠦ ᠪᠡᠷ ᠤᠯᠠᠷᠢᠨ ᠬᠤᠪᠢᠷᠠᠭᠰᠠᠨ ᠪᠠᠶ᠋ᠢᠨ᠎ᠠ ᠃ ᠨᠠᠨ ᠲᠤᠬᠠᠢ ᠮᠠᠰᠢ ᠣᠯᠠᠨ ᠪᠠᠷᠢᠮᠲᠠ ᠵᠢᠱ᠌ᠢᠶ᠎ᠡ ᠪᠠᠶ᠋ᠢᠨ᠎ᠠ ᠃ ᠲᠡᠲᠡᠭᠡᠷ ᠊ᠢ ᠮᠠᠲᠠᠶᠠ ᠭᠡᠪᠡᠯ ᠡᠮᠬᠢᠤᠠᠬᠡᠯ ᠡᠴᠡ ᠯᠠᠪᠯᠠᠲᠤᠭᠠᠢ !
4. 《 ᠶᠢᠷᠲᠢᠨᠴᠦ ᠶ᠋ᠢᠨ ᠭᠤᠷᠪᠠ 》 ᠶ᠋ᠢᠨ ᠬᠥᠭᠵᠢᠯᠲᠡ ᠡᠴᠡ ᠪᠢᠲᠡ ᠮᠣᠩᠭᠣᠯᠴᠤᠳ ᠦ᠋ᠨ ᠰᠡᠤᠠᠬᠢᠴᠡ ᠶ᠋ᠢᠨ ᠬᠥᠭᠵᠢᠯᠲᠡ ᠶ᠋ᠢ ᠮᠡᠲᠡᠵᠦ ᠪᠣᠯᠤᠨ᠎ᠠ ᠃ 《 ᠶᠢᠷᠲᠢᠨᠴᠦ ᠶ᠋ᠢᠨ ᠭᠤᠷᠪᠠ 》 ᠨᠢ ᠡᠬᠢᠨ ᠳ᠋ᠡᠭᠡᠨ ᠬᠥᠮᠦᠰ ᠦ᠋ᠨ ᠨᠢᠲᠦᠨ ᠳᠤ ᠦᠵᠡᠭᠳᠡᠭᠰᠡᠨ ᠪᠣᠲᠠᠲᠤ ᠶᠠᠭᠤᠮ᠎ᠠ ᠪᠤᠶᠤ ᠦᠵᠡᠭᠳᠡᠯ ᠦ᠋ᠨ ᠲᠤᠬᠠᠢ ᠰᠢᠭᠤᠳ ᠳᠤᠰᠬᠠᠨ ᠥᠭᠦᠯᠡᠨ᠎ᠡ ᠃ ᠥᠭᠡᠷ᠎ᠡ ᠪᠡᠷ ᠬᠡᠯᠡᠪᠡᠯ ᠲᠡᠷᠡ ᠦᠶ᠎ᠡ ᠶ᠋ᠢᠨ ᠬᠥᠮᠦᠰ ᠥᠪᠡᠷ ᠦ᠋ᠨ ᠦᠵᠡᠵᠦ ᠰᠣᠨᠣᠰᠤᠭᠰᠠᠨ ᠰᠠᠭᠤᠭᠲᠠᠯ ᠭᠦᠨ ᠣᠨᠴᠣᠭᠣᠢ ᠶᠠᠭᠤᠮ᠎ᠠ ᠶ᠋ᠢ ᠰᠢᠭᠤᠳ ᠭᠤᠷᠪᠠᠨ ᠮᠥᠷ ᠶ᠋ᠢᠡᠷ ᠨᠢᠭᠡ ᠪᠠᠲᠠᠭ ᠪᠣᠯᠭᠠᠵᠤ ᠠᠶ᠋ᠢᠵᠠᠮ ᠴᠣᠬᠢᠯᠬ᠋ᠠ ᠵᠣᠬᠢᠴᠠᠭᠤᠯᠤᠨ ᠦᠭᠦᠯᠡᠳᠡᠭ ᠪᠠᠶ᠋ᠢᠵᠠᠢ ᠃ ᠭᠡᠪᠡᠴᠦ ᠰᠡᠭᠦᠯᠲᠡᠵᠦ ᠢᠷᠡᠭᠡᠳ ᠡᠨᠡᠬᠦ ᠪᠣᠲᠠᠲᠤ ᠣᠶ᠋ᠢᠯᠠ ᠬᠡᠷᠡᠭ ᠊ᠢ ᠰᠢᠭᠤᠳ ᠳᠦᠷᠰᠦᠯᠡᠨ ᠢᠯᠡᠤᠠᠬᠡᠵᠦ ᠪᠠᠶ᠋ᠢᠬᠰᠠᠨ ᠠ᠋ᠴᠠ ᠪᠠᠨ ᠬᠥᠮᠦᠰ ᠦ᠋ᠨ ᠰᠡᠤᠠᠬᠢᠬᠦᠢ ᠨᠢ ᠬᠥᠭᠵᠢᠵᠦ ᠂ ᠬᠡᠷᠡᠭ ᠶᠠᠪᠤᠲᠠᠯ ᠦ᠋ᠨ ᠮᠥᠨ ᠴᠢᠨᠠᠷ ᠳᠣᠲᠣᠭᠠᠳᠤ ᠵᠢᠮ᠎ᠡ ᠬᠠᠤᠯᠢ ᠳ᠋ᠤᠨᠢ ᠵᠠᠲᠠᠯᠤᠯᠲᠠ ᠬᠢᠵᠦ ᠬᠡᠶ᠋ᠢᠰᠪᠦᠷᠢ ᠰᠡᠤᠠᠬᠢᠬᠦᠢ ᠳᠤ ᠰᠢᠯᠵᠢᠨ ᠣᠷᠣᠭᠰᠠᠨ ᠪᠢᠯᠡ ᠃ ᠵᠢᠱ᠌ᠢᠶᠡᠯᠡᠪᠡᠯ ᠄
《 ᠲᠣᠰᠣ ᠶ᠋ᠢ ᠪᠠᠷᠠᠲᠠᠭ ᠠ᠋ᠴᠠ ᠲᠣᠭᠣᠬ᠋᠎ᠠ ᠬᠠᠷ᠎ᠠ
ᠲᠦᠯᠡᠭᠡ ᠶ᠋ᠢ ᠪᠠᠷᠠᠲᠠᠭ ᠠ᠋ᠴᠠ ᠵᠤᠤᠬ᠎ᠠ ᠬᠠᠷ᠎ᠠ
ᠲᠣᠯᠣᠭᠠᠢ ᠶ᠋ᠢ ᠲᠣᠭᠣᠷᠢᠲᠠᠭ ᠠ᠋ᠴᠠ ᠦᠰᠦ ᠬᠠᠷ᠎ᠠ 》(17)
ᠭᠡᠵᠦ ᠰᠢᠭᠤᠳ ᠶ᠋ᠢᠠᠷ ᠦᠵᠡᠭᠰᠡᠨ ᠵᠦᠢᠯ ᠶ᠋ᠢᠡᠨ ᠥᠭᠦᠯᠡᠵᠦ ᠪᠠᠶ᠋ᠢᠬᠰᠠᠨ ᠠ᠋ᠴᠠ ᠪᠠᠨ ᠳᠠᠬᠢᠨ ᠬᠥᠭᠵᠢᠯᠲᠡ ᠲᠡᠢ ᠪᠣᠯᠵᠤ ᠂ ᠰᠡᠤᠠᠬᠢᠬᠦᠢ ᠨᠢ ᠭᠦᠨᠵᠡᠭᠡᠶ᠋ᠢᠷᠡᠵᠦ ᠬᠥᠭᠵᠢᠭᠰᠡᠨ ᠡᠴᠡ ᠄
《 ᠠᠶ᠋ᠢᠷᠠᠭ ᠨᠢ ᠴᠠᠭᠠᠨ ᠪᠣᠯᠪᠠᠴᠤ ᠠᠷᠢᠬᠢ ᠨᠢ ᠬᠠᠷ᠎ᠠ
ᠴᠠᠰᠤ ᠨᠢ ᠴᠠᠭᠠᠨ ᠪᠣᠯᠪᠠᠴᠤ ᠤᠰᠤ ᠨᠢ ᠬᠠᠷ᠎ᠠ
ᠴᠠᠭᠠᠰᠤ ᠨᠢ ᠴᠠᠭᠠᠨ ᠪᠣᠯᠪᠠᠴᠤ ᠦᠰᠦᠭ ᠨᠢ ᠬᠠᠷ᠎ᠠ 》(18)
ᠭᠡᠵᠦ ᠥᠭᠦᠯᠡᠬᠦ ᠪᠣᠯᠤᠭᠰᠠᠨ ᠪᠤᠶᠤ ᠡᠰᠡᠬᠦᠯ᠎ᠡ ᠄
《 ᠬᠠᠶ᠋ᠢᠷᠠᠭᠤᠯ ᠲᠣᠭᠣᠭᠠᠨ ᠪ ᠬᠦ᠋ ᠬᠠᠷ᠎ᠠ
ᠬᠠᠷᠠᠮᠴᠢ ᠬᠥᠮᠦᠨ ᠪ ᠭᠠᠷ ᠬᠠᠷ᠎ᠠ
ᠬᠠᠷᠢᠶᠠᠯᠴᠢ ᠬᠥᠮᠦᠨ ᠪ ᠰᠠᠨᠠᠬ᠋᠎ᠠ ᠬᠠᠷ᠎ᠠ 》(19)
ᠭᠡᠬᠦ ᠪᠤᠶᠤ ᠡᠰᠡᠪᠡᠯ ᠄
《 ᠲᠣᠭᠣᠷᠴᠠᠭ ᠵᠡᠭᠦᠪᠡᠴᠦ ᠲᠣᠯᠣᠭᠠᠢ ᠨᠢ ᠬᠠᠷ᠎ᠠ
ᠲᠣᠷᠬ᠋᠎ᠠ ᠡᠮᠦᠰᠪᠡᠴᠦ ᠰᠡᠭᠦᠲᠡᠷ ᠨᠢ ᠬᠠᠷ᠎ᠠ
ᠲᠣᠰᠣ ᠤᠤᠭᠤᠪᠠᠴᠤ ᠪᠠᠭᠠᠰᠤ ᠨᠢ ᠬᠠᠷ᠎ᠠ 》(20) ᠭᠡᠵᠦ ᠬᠡᠷᠡᠭ ᠶᠠᠪᠤᠲᠠᠯ ᠳᠤ ᠭᠦᠨᠵᠡᠭᠡᠢ ᠵᠠᠲᠠᠯᠤᠯᠲᠠ ᠬᠢᠵᠦ ᠬᠤᠪᠢᠰᠤᠩᠭᠤᠢ ᠠᠷᠬ᠋᠎ᠠ ᠶ᠋ᠢ ᠪᠠᠷᠢᠮᠲᠠᠯᠠᠨ ᠢᠯᠡᠤᠠᠬᠡᠵᠦ ᠭᠠᠷᠭᠠᠭᠰᠠᠨ ᠪᠠᠶ᠋ᠢᠨ᠎ᠠ ᠃
5. 《 ᠶᠢᠷᠲᠢᠨᠴᠦ ᠶ᠋ᠢᠨ ᠭᠤᠷᠪᠠ 》 ᠪᠣᠯᠪᠠᠰᠤ ᠣᠯᠠᠩᠬᠢ ᠨᠢ ᠪᠦᠷ ᠡᠴᠦᠰ ᠦ᠋ᠨ ᠦᠭᠡ ᠨᠢ ᠠᠲᠠᠯᠢ ᠪᠠᠶ᠋ᠢᠲᠠᠭ ᠶᠤᠮ ᠃
ᠭᠡᠪᠡᠴᠦ ᠬᠠᠶᠠ ᠵᠠᠷᠢᠮ ᠨᠢ ᠨᠢᠭᠡ ᠰᠠᠨᠠᠬ᠋᠎ᠠ ᠶ᠋ᠢ ᠢᠯᠡᠳᠬᠡᠭᠰᠡᠨ ᠭᠤᠷᠪᠠᠨ ᠥᠭᠡᠷ᠎ᠡ ᠪᠡᠷ ᠢᠯᠡᠷᠬᠡᠢᠯᠡᠭᠰᠡᠨ ᠪᠠᠶ᠋ᠢᠲᠠᠭ ᠃ ᠵᠢᠱ᠌ᠢᠶᠡᠯᠡᠪᠡᠯ ᠄
《 ᠠᠵᠢᠯ ᠦᠭᠡᠢ ᠪᠣᠯ ᠶᠠᠭ
ᠠᠪᠬᠠᠯᠵᠢ ᠦᠭᠡᠢ ᠪᠣᠯ ᠲᠠᠭ
ᠠᠵᠠ ᠦᠭᠡᠢ ᠪᠣᠯ ᠫᠠᠭ 》(22)
( 《 ᠭᠤᠷᠪᠠᠨ ᠠᠷᠭᠠᠴᠠᠬ᠋ᠠ ᠦᠭᠡᠢ 》)
《 ᠪᠣᠷᠣᠭᠠᠨ ᠪ ᠡᠮᠦᠨ᠎ᠡ ᠰᠢᠷᠣᠢ
ᠪᠣᠣᠬᠠᠢ ᠶ᠋ᠢᠨ ᠡᠮᠦᠨ᠎ᠡ ᠬᠡᠷᠢᠶ᠎ᠡ
ᠪᠣᠭᠲᠠ ᠶ᠋ᠢᠨ ᠡᠮᠦᠨ᠎ᠡ ᠡᠯᠴᠢ 》(23)
( 《 ᠭᠤᠷᠪᠠᠨ ᠵᠠᠭᠤᠴᠢ 》)
《 ᠬᠣᠭᠣᠯᠠ ᠶᠡᠬᠡᠤᠠᠪᠡᠯ ᠪᠥᠭᠡᠯᠵᠢᠰᠦ
ᠬᠣᠭ ᠶᠡᠬᠡᠤᠠᠪᠡᠯ ᠨᠣᠪᠰᠢ
ᠬᠣᠪ ᠶᠡᠬᠡᠤᠠᠪᠡᠯ ᠬᠡᠷᠡᠭᠦᠯ 》(24)
( 《 ᠭᠤᠷᠪᠠᠨ ᠪᠠᠯᠠᠢ 》)
ᠭᠡᠬᠦ ᠮᠡᠲᠦ ᠪᠡᠷ ᠥᠭᠦᠯᠡᠪᠦᠷᠢ ᠶ᠋ᠢᠨ ᠡᠴᠦᠰ ᠦ᠋ᠨ ᠦᠭᠡ ᠶ᠋ᠢ ᠨᠢ ᠠᠲᠠᠯᠢ ᠪᠤᠰᠤ ᠶ᠋ᠢᠨ ᠦᠭᠡ ᠪᠡᠷ ᠪᠢᠴᠢᠬᠦ ᠪᠤᠶᠤ ᠪᠢᠴᠢᠬᠦ ᠦᠭᠡᠢ ᠪᠡᠷ ᠤᠤᠠᠬ᠎ᠠ ᠰᠠᠨᠠᠬ᠋᠎ᠠ ᠪᠠᠨ ᠢᠯᠡᠤᠠᠬᠡᠨ ᠭᠠᠷᠭᠠᠬᠤ ᠨᠢ ᠲᠡᠭᠦᠨ ᠪ ᠪᠠᠰᠠ ᠨᠢᠭᠡᠨ ᠬᠥᠭᠵᠢᠯᠲᠡ ᠶ᠋ᠢᠨ ᠰᠢᠨᠵᠢ ᠪᠣᠯᠤᠨ᠎ᠠ ᠃ ᠭᠡᠪᠡᠴᠦ ᠡᠨᠡ ᠬᠡᠯᠪᠡᠷᠢ ᠶ᠋ᠢᠨ ᠵᠢᠱ᠌ᠢᠶ᠎ᠡ ᠪᠠᠷᠢᠮᠲᠠ ᠨᠢ ᠲᠡᠶ᠋ᠢᠮᠦ ᠣᠯᠠᠨ ᠪᠢᠰᠢ ᠃
6. 《 ᠶᠢᠷᠲᠢᠨᠴᠦ ᠶ᠋ᠢᠨ ᠭᠤᠷᠪᠠ 》 ᠨᠢ ᠡᠭᠦᠰᠦᠨ ᠬᠥᠭᠵᠢᠬᠦ ᠶᠠᠪᠤᠴᠠ ᠳᠤ ᠦᠩᠭᠡ ᠵᠢᠰᠦᠮ ᠤᠨ ᠲᠤᠬᠠᠢ ᠵᠢᠱ᠌ᠢᠶ᠎ᠡ ᠪᠠᠷᠢᠮᠲᠠ ᠣᠯᠠᠰᠢᠷᠠᠨ ᠲᠦᠭᠡᠵᠡᠢ ᠃ ᠳᠠᠷᠤᠢ ᠬᠥᠬᠡ ( ᠴᠡᠩᠬᠡᠷ ) ᠤᠯᠠᠭᠠᠨ ᠂ ᠴᠠᠭᠠᠨ ᠂ ᠰᠢᠷ᠎ᠠ ᠂ ᠬᠠᠷ᠎ᠠ ( ᠬᠠᠷᠠᠩᠭᠤᠢ ᠂ ᠪᠠᠷᠠᠭᠠᠨ ) ᠵᠡᠷᠭᠡ ᠲᠠᠪᠤᠨ ᠦᠨᠳᠦᠰᠦᠨ ᠥᠩᠭᠡ ᠵᠢᠴᠢ ᠡᠪᠡᠰᠦ ᠤᠷᠭᠤᠮᠠᠯ ᠤᠨ ᠨᠣᠭᠣᠭᠠᠨ ᠥᠩᠭᠡ ᠪᠠᠭᠲᠠᠨ᠎ᠠ ᠃ ᠡᠨᠡ ᠨᠢ ᠪᠠᠰᠠ ᠴᠦ᠍ ᠮᠣᠩᠭᠣᠯᠴᠤᠳ ᠤᠨ ᠡᠷᠲᠡᠨ ᠠ᠋ᠴᠠ ᠠᠪᠤᠭᠠᠳ ᠮᠥᠩᠬᠡ ᠬᠥᠬᠡ ᠲᠡᠭᠷᠢ ᠭᠡᠳᠡᠭ ᠲᠠᠢ ᠬᠣᠯᠪᠣᠭᠳᠠᠭᠰᠠᠨ 《 ᠬᠥᠬᠡ 》 ( ᠴᠡᠩᠬᠡᠷ ) ᠂ ᠰᠦᠨ ᠴᠠᠭᠠᠨ ᠰᠡᠳᠬᠢᠯ ᠭᠡᠳᠡᠭ ᠲᠠᠢ ᠬᠣᠯᠪᠣᠭᠳᠠᠭᠰᠠᠨ 《 ᠴᠠᠭᠠᠨ 》 ᠥᠩᠭᠡ ᠶ᠋ᠢ ᠬᠦᠨᠳᠦᠳᠬᠡᠨ ᠰᠢᠲᠦᠵᠦ ᠢᠷᠡᠭᠰᠡᠨ ᠠ᠋ᠴᠠ ᠶᠤᠮ ᠃ 《 ᠮᠥᠨ ᠴᠦ᠍ ᠵᠢᠯ ᠤᠨ ᠥᠩᠭᠡ ᠶ᠋ᠢ < ᠬᠥᠬᠡ > ᠪᠣᠯᠪᠠᠰᠤ ᠮᠠᠨᠳᠤᠬᠤ ᠂ < ᠴᠠᠭᠠᠨ > ᠪᠣᠯᠪᠠᠰᠤ ᠡᠬᠢᠯᠡᠬᠦ ᠂ < ᠰᠢᠷ᠎ᠠ > ᠪᠣᠯᠪᠠᠰᠤ ᠮᠥᠬᠥᠬᠦ ᠂ < ᠬᠠᠷ᠎ᠠ > ᠪᠣᠯᠪᠠᠰᠤ ᠬᠤᠷᠢᠶᠠᠬᠤ ᠭᠡᠮᠡᠨ ᠬᠡᠯᠡᠯᠴᠡᠳᠡᠭ ᠃ ᠲᠡᠶ᠋ᠢᠮᠦ ᠶ᠋ᠢᠨ ᠲᠤᠯᠠ ᠮᠣᠩᠭᠣᠯ ᠬᠥᠮᠦᠨ ᠬᠥᠬᠡ ᠴᠠᠭᠠᠨ ᠥᠩᠭᠡ ᠶ᠋ᠢ ᠳᠡᠭᠡᠳᠦᠯᠡᠭᠡᠳ ᠡᠷᠬᠢᠮᠯᠡᠬᠦ ᠪᠠ ᠬᠥᠬᠡ ᠥᠩᠭᠡ ᠶ᠋ᠢᠨ ᠡᠳᠦᠷ ᠢ ᠶᠡᠬᠡ ᠴᠡᠭᠡᠷᠯᠡᠳᠡᠭ ᠃ ᠬᠡᠷᠪᠡ ᠬᠥᠬᠡ ᠬᠤᠯᠤᠭᠠᠨ᠎ᠠ ᠂ ᠬᠥᠬᠡ ᠮᠣᠷᠢ ᠂ ᠬᠥᠬᠡ ᠪᠡᠴᠢ ᠡᠳᠦᠷ ᠪᠣᠯᠪᠠᠰᠤ ᠮᠣᠩᠭᠣᠯ ᠬᠥᠮᠦᠨ ᠪᠡᠯᠡᠭ ᠶᠠᠭᠤᠮ᠎ᠠ ᠶ᠋ᠢ ᠭᠠᠳᠠᠭᠰᠢ ᠭᠠᠷᠭᠠᠬᠤ ᠦᠭᠡᠢ ᠴᠡᠭᠡᠷᠯᠡᠬᠦ ᠵᠠᠩᠰᠢᠯ ᠪᠤᠢ 》(25) ᠃ ᠬᠥᠬᠡ ᠬᠤᠯᠤᠭᠠᠨ᠎ᠠ ᠵᠢᠯ ᠳ᠋ᠤᠷ ᠬᠡᠦᠬᠡᠨ ᠢᠶ᠋ᠠᠨ ᠬᠠᠷᠢ ᠳᠤ ᠥᠭᠬᠦ ᠶ᠋ᠢ ᠴᠦ᠍ ᠴᠡᠭᠡᠷᠯᠡᠬᠦ ᠶᠣᠰᠣᠨ ᠪᠤᠢ ᠃ ᠨᠥᠭᠦᠭᠡ ᠲᠠᠯ᠎ᠠ ᠪᠠᠷ ᠢᠶ᠋ᠠᠨ ᠠᠪᠴᠤ ᠬᠡᠯᠡᠭᠰᠡᠨ ᠴᠦ᠍ ᠮᠣᠩᠭᠣᠯ ᠤᠨ ᠲᠡᠦᠬᠡᠨ ᠨᠣᠮ ᠪᠢᠴᠢᠭ ᠲᠤ᠌ 《 ᠲᠠᠪᠤᠨ ᠥᠩᠭᠡ ᠶ᠋ᠢᠨ ᠤᠯᠤᠰ 》(26) ᠬᠡᠮᠡᠨ ᠲᠡᠮᠳᠡᠭᠯᠡᠵᠦ ᠪᠠᠶ᠋ᠢᠳᠠᠭ ᠃ ᠡᠨᠡ ᠲᠠᠪᠤᠨ ᠥᠩᠭᠡ ᠶ᠋ᠢᠨ ᠤᠯᠤᠰ ᠠᠨᠤ ᠂ ᠬᠥᠬᠡ ᠮᠣᠩᠭᠣᠯ ᠂ ᠴᠠᠭᠠᠨ ᠰᠣᠯᠣᠩᠭᠣᠰ ᠂ ᠰᠢᠷ᠎ᠠ ᠰᠠᠷᠲᠠᠭᠤᠯ ᠂ ᠤᠯᠠᠭᠠᠨ ᠬᠢᠲᠠᠳ ᠂ ᠬᠠᠷ᠎ᠠ ᠲᠥᠪᠡᠳ ᠪᠣᠯᠤᠨ᠎ᠠ ᠃ ᠡᠨᠡ ᠲᠠᠪᠤᠨ ᠥᠩᠭᠡ ᠨᠢ ᠮᠥᠨ ᠴᠦ᠍ ᠳᠡᠭᠡᠷᠡᠬᠢ ᠶᠠᠷᠢᠬᠰᠠᠨ ᠲᠠᠪᠤᠨ ᠥᠩᠭᠡ ᠪᠣᠯᠤᠨ᠎ᠠ ᠃ 《 ᠨᠣᠭᠣᠭᠠᠨ 》 ᠥᠩᠭᠡ ᠨᠢ ᠪᠣᠯᠪᠠᠰᠤ ᠣᠷᠴᠢᠯᠠᠩ ᠳᠡᠯᠡᠬᠡᠢ ᠶ᠋ᠢᠨ ᠡᠪᠡᠰᠦ ᠤᠷᠭᠤᠮᠠᠯ ᠤᠨ ᠥᠩᠭᠡ ᠪᠣᠯᠬᠣᠷ 《 ᠶᠢᠷᠲᠢᠨᠴᠦ ᠶ᠋ᠢᠨ ᠭᠤᠷᠪᠠ 》 ᠶ᠋ᠢᠨ ᠳᠣᠲᠣᠷ᠎ᠠ ᠲᠤᠰᠬᠠᠯ ᠢᠶ᠋ᠠᠨ ᠣᠯᠤᠭᠰᠠᠨ ᠪᠠᠶ᠋ᠢᠨ᠎ᠠ ᠃ ᠭᠡᠪᠡᠴᠦ 《 ᠨᠣᠭᠣᠭᠠᠨ 》 ᠥᠩᠭᠡ ᠨᠢ ᠪᠠᠶ᠋ᠢᠭᠠᠯᠢ ᠶᠢᠷᠲᠢᠨᠴᠦ ᠳᠤ ᠡᠯᠪᠡᠭ ᠪᠠᠶ᠋ᠢᠳᠠᠭ ᠪᠣᠯᠪᠠᠴᠤ ᠮᠣᠩᠭᠣᠯ ᠣᠷᠣᠨ ᠳᠤ ᠵᠥᠪᠬᠡᠨ ᠵᠤᠨ ᠤ ᠬᠡᠳᠦᠨ ᠰᠠᠷ᠎ᠠ ᠳᠤ ᠯᠠ ᠦᠵᠡᠭᠳᠡᠵᠦ ᠥᠨᠢ ᠮᠥᠩᠬᠡ ᠣᠷᠣᠰᠢᠵᠤ ᠴᠢᠳᠠᠬᠤ ᠦᠭᠡᠢ ᠠ᠋ᠴᠠ ᠪᠣᠯᠵᠤ ᠦᠨᠳᠦᠰᠦᠨ ᠥᠩᠭᠡᠨ ᠳᠤ ᠣᠷᠣᠵᠤ ᠴᠢᠳᠠᠭᠰᠠᠨ ᠦᠭᠡᠢ ᠃ ᠡᠶ᠋ᠢᠮᠦ ᠶ᠋ᠢᠨ ᠲᠤᠯᠠ ᠮᠣᠩᠭᠣᠯ ᠠᠷᠠᠳ ᠤᠨ ᠠᠮᠠᠨ ᠵᠣᠬᠢᠶᠠᠯ 《 ᠶᠢᠷᠲᠢᠨᠴᠦ ᠶ᠋ᠢᠨ ᠭᠤᠷᠪᠠ 》 ᠶ᠋ᠢᠨ ᠳᠣᠲᠣᠷ᠎ᠠ ᠥᠩᠭᠡ ᠶ᠋ᠢᠨ ᠲᠤᠬᠠᠢ ᠵᠢᠱ᠌ᠢᠶ᠎ᠡ ᠪᠠᠷᠢᠮᠲᠠ ᠣᠯᠠᠰᠢᠷᠠᠨ ᠬᠥᠭᠵᠢᠭᠰᠡᠨ ᠶᠤᠮ ᠃ ᠡᠨᠳᠡ ᠪᠢᠳᠡ ᠭᠠᠭᠴᠠᠬᠠᠨ ᠬᠠᠷ᠎ᠠ ᠥᠩᠭᠡ ᠶ᠋ᠢᠨ ᠲᠤᠬᠠᠢ ᠣᠯᠳᠠᠭᠰᠠᠨ 《 ᠶᠢᠷᠲᠢᠨᠴᠦ ᠶ᠋ᠢᠨ ᠭᠤᠷᠪᠠ 》 ᠶ᠋ᠢ ᠵᠢᠬᠰᠠᠭᠠᠨ ᠦᠵᠡᠶ᠎ᠡ ᠄
ᠶᠢᠷᠲᠢᠨᠴᠦ ᠶ᠋ᠢᠨ ᠭᠤᠷᠪᠠᠨ ᠬᠠᠷ᠎ᠠ
《 ᠰᠦ᠋ ᠦᠭᠡᠢ ᠴᠠᠢ ᠬᠠᠷ᠎ᠠ
ᠰᠦᠰᠦᠭ ᠦᠭᠡᠢ ᠬᠥᠮᠦᠨ ᠬᠠᠷ᠎ᠠ
ᠰᠦᠮ᠎ᠡ ᠦᠭᠡᠢ ᠯᠠᠮᠠ ᠬᠠᠷ᠎ᠠ》(27 )
《 ᠲᠣᠰᠣ ᠲᠠᠢ ᠠ᠋ᠴᠠ ᠲᠣᠭᠣᠭ᠎ᠠ ᠬᠠᠷ᠎ᠠ
ᠪᠢᠯᠬᠡ ᠲᠠᠢ ᠠ᠋ᠴᠠ ᠪᠡᠬᠡ ᠬᠠᠷ᠎ᠠ
ᠠᠮᠲᠠᠲᠠᠢ ᠠ᠋ᠴᠠ ᠠᠷᠢᠬᠢ ᠬᠠᠷ᠎ᠠ》(28)
《 ᠨᠠᠷᠠ ᠦᠭᠡᠢ ᠠ᠋ᠴᠠ ᠡᠳᠦᠷ ᠬᠠᠷ᠎ᠠ
ᠨᠢᠳᠦ ᠦᠭᠡᠢ ᠠ᠋ᠴᠠ ᠵᠠᠮ ᠬᠠᠷ᠎ᠠ
ᠨᠠᠶ᠋ᠢᠷ ᠦᠭᠡᠢ ᠡᠴᠡ ᠬᠣᠷᠢᠮ ᠬᠠᠷ᠎ᠠ 》(29)
《 ᠴᠠᠰᠤᠨ ᠳᠤ ᠮᠥᠷ ᠬᠠᠷ᠎ᠠ
ᠴᠠᠭᠠᠰᠤᠨ ᠳᠤ ᠦᠰᠦᠭ᠋ ᠬᠠᠷ᠎ᠠ
ᠴᠠᠭᠠᠵᠠᠨ ᠳᠤ ᠲᠠᠮᠤ ᠬᠠᠷ᠎ᠠ 》(30)
《 ᠬᠠᠶ᠋ᠢᠷᠠᠭᠤᠯ ᠲᠣᠭᠤᠭᠠᠨ ᠪ ᠬᠥ ᠬᠠᠷ᠎ᠠ
ᠬᠠᠷᠠᠮᠴᠢ ᠬᠥᠮᠦᠨ ᠪ ᠭᠠᠷ ᠬᠠᠷ᠎ᠠ
ᠬᠠᠷᠢᠶᠠᠯᠴᠢ ᠬᠥᠮᠦᠨ ᠪ ᠰᠠᠨᠠᠬ᠋᠎ᠠ ᠬᠠᠷ᠎ᠠ 》(31)
《 ᠥᠭᠡᠬᠦ ᠲᠣᠰᠣ ᠪᠠᠷ ᠴᠢᠮᠡᠪᠡᠴᠦ ᠲᠣᠭᠤᠬ᠋ᠠ ᠬᠠᠷ᠎ᠠ
ᠣᠲᠣᠨ ᠮᠡᠴᠢᠳ ᠶ᠋ᠢᠠᠷ ᠴᠢᠮᠡᠪᠡᠴᠦ ᠰᠥᠨᠢ ᠬᠠᠷ᠎ᠠ
ᠠᠯᠲᠠ ᠮᠥᠩᠭᠥ ᠪᠡᠷ ᠴᠢᠮᠡᠪᠡᠴᠦ ᠦᠰᠦ ᠬᠠᠷ᠎ᠠ 》(32)
ᠭᠡᠬᠦ ᠮᠡᠲᠦ ᠪᠡᠷ ᠣᠯᠠᠰᠢᠷᠠᠨ ᠬᠥᠭᠵᠢᠵᠦ ᠣᠨᠴᠤᠭᠤᠶ᠋ᠢᠷᠠᠨ ᠳᠡᠯᠭᠡᠷᠡᠵᠡᠢ ᠃
ᠦᠰᠦᠭ ᠠᠮᠢᠯᠠᠭᠤᠯᠤᠭᠴᠢ ᠄ ᠣᠶᠤᠨᠲᠤᠨᠠᠯ ᠂ ᠳ᠋ᠦ᠋ᠩ ᠹᠧᠩ ᠂ ᠬᠠᠷᠠᠨᠤᠳ ᠲᠤᠶᠠᠭ᠎ᠠ ᠂ ᠮᠢᠩᠭᠠᠳ ᠴᠢᠮᠡᠭ ᠂ ᠬᠠᠳᠠᠴᠢ ᠤᠷᠠᠨ᠎ᠠ
ᠬᠢᠨᠠᠭᠴᠢ ᠄ ᠮᠢᠩᠭᠠᠳ ᠴᠢᠮᠡᠭ ᠂ ᠬᠠᠷᠠᠨᠤᠳ ᠲᠤᠶᠠᠭ᠎ᠠ
