ᠴᠠᠬᠢᠯᠳᠠᠭ- ᠯ ᠣᠳᠽᠡᠷЦахилдаг-Л одзар
ᠴᠠᠬᠢᠯᠳᠠᠭ
ᠯ · ᠣᠤᠠᠽᠠᠷ
ᠮᠢᠨᠦ ᠨᠤᠲᠤᠭ ᠲᠤ᠌ ᠬᠠᠮᠤᠭ ᠠ᠋ᠴᠠ ᠣᠯᠠᠨ ᠤᠷᠭᠤᠳᠠᠭ ᠪᠥᠭᠡᠳ ᠬᠠᠮᠤᠭ ᠠ᠋ᠴᠠ ᠡᠷᠲᠡ ᠳᠡᠯᠭᠡᠷᠡᠳᠡᠭ ᠨᠢ ᠴᠠᠬᠢᠯᠳᠠᠭ ᠤ᠋ᠨ ᠴᠡᠴᠡᠭ ᠶᠤᠮ᠃
ᠡᠨᠡ ᠬᠠᠪᠤᠷ ᠨᠠᠮ᠎ᠠ ᠶ᠋ᠢ ᠨᠤᠲᠤᠭ ᠲᠤ᠌ ᠪᠠᠨ ᠬᠠᠷᠢᠬᠤ ᠳ᠋ᠤ᠌ ᠴᠠᠬᠢᠯᠳᠠᠭ ᠤ᠋ᠨ ᠴᠡᠴᠡᠭ ᠶᠠᠭ ᠰᠠᠢᠬᠠᠨ ᠬᠡᠭᠡᠷ᠎ᠡ ᠲᠠᠯ᠎ᠠ ᠶ᠋ᠢ ᠪᠦᠷᠬᠦᠲᠡᠯ᠎ᠡ ᠬᠥᠬᠡᠷᠡᠨ ᠳᠡᠯᠭᠡᠷᠡᠵᠦ ᠪᠠᠶ᠋ᠢᠯ᠎ᠠ᠃
ᠨᠠᠪᠴᠢ ᠨᠢ ᠶᠠᠭᠠᠬᠢᠭᠰᠠᠨ ᠨᠣᠭᠣᠭᠠᠨ ᠪᠣᠢ! ᠴᠡᠴᠡᠭ ᠨᠢ ᠶᠠᠭᠠᠬᠢᠭᠰᠠᠨ ᠬᠥᠬᠡ ᠪᠣᠢ!
ᠳᠡᠯᠭᠡᠷᠡᠬᠦ ᠳᠥᠷᠪᠡᠨ ᠰᠠᠷ᠎ᠠ ᠪᠣᠯ ᠴᠠᠬᠢᠯᠳᠠᠭ ᠤ᠋ᠨ ᠴᠠᠭ ᠪᠣᠯᠤᠨ᠎ᠠ᠃ ᠲᠡᠷᠡ ᠦᠶ᠎ᠡ ᠳ᠋ᠦ᠍ ᠬᠡᠭᠡᠷ᠎ᠡ ᠲᠠᠯ᠎ᠠ ᠪᠠᠷ ᠶᠠᠪᠤᠪᠠᠯ ᠪᠤᠲᠠ ᠪᠤᠲᠠ ᠪᠠᠷ ᠤᠷᠭᠤᠭᠰᠠᠨ ᠴᠠᠬᠢᠯᠳᠠᠭ ᠨᠠᠭᠤᠷ ᠤ᠋ᠨ ᠬᠥᠪᠡᠭᠡ ᠪᠡᠷ ᠬᠠᠷᠠᠭᠳᠠᠨ᠎ᠠ᠂ ᠵᠠᠮ ᠤ᠋ᠨ ᠳᠠᠯᠠᠩ ᠢ᠋ᠶ᠋ᠠᠷ ᠴᠤ᠌ ᠦᠵᠡᠭᠲᠡᠨ᠎ᠡ᠃ ᠵᠠᠷᠢᠮ ᠭᠠᠵᠠᠷ ᠲᠤ᠌ ᠨᠢ ᠬᠡᠰᠡᠭ ᠬᠡᠰᠡᠭ ᠢ᠋ᠶ᠋ᠡᠷ ᠬᠥᠬᠡᠷᠡᠭᠡᠳ ᠬᠣᠯᠠ ᠠ᠋ᠴᠠ ᠬᠠᠷᠠᠪᠠᠯ ᠤᠰᠤ ᠭᠡᠵᠦ ᠡᠨᠳᠡᠭᠦᠷᠡᠮᠡᠷ᠂ ᠤᠲᠤᠭ᠎ᠠ ᠭᠡᠵᠦ ᠲᠠᠰᠢᠶᠠᠷᠠᠮᠠᠷ᠃
ᠴᠠᠬᠢᠯᠳᠠᠭ ᠮᠢᠨᠦ ᠨᠤᠲᠤᠭ ᠲᠤ᠌ ᠣᠯᠠᠨ ᠤᠷᠭᠤᠳᠠᠭ᠃ ᠴᠠᠬᠢᠯᠳᠠᠭ ᠬᠣᠲᠠ ᠶ᠋ᠢᠨ ᠴᠡᠴᠡᠷᠯᠢᠭ ᠲᠦ᠍ ᠬᠠᠶᠠ ᠬᠠᠷᠠᠭᠳᠠᠳᠠᠭ ᠪᠣᠯᠪᠠᠴᠤ ᠰᠢᠨᠡᠬᠡᠨ ᠪᠠᠭᠤᠯᠭᠠᠭᠰᠠᠨ《 ᠪᠡᠷᠢ》 ᠲᠡᠳᠦᠢ ᠯᠡ ᠶᠦ᠍ᠮ᠃ ᠴᠠᠬᠢᠯᠳᠠᠭ ᠮᠠᠩᠬᠠᠨ ᠭᠠᠵᠠᠷ ᠲᠤ᠌ ᠭᠡᠨᠡᠳᠲᠡ ᠲᠣᠬᠢᠶᠠᠯᠳᠤᠳᠠᠭ ᠪᠣᠯᠪᠠᠴᠤ ᠨᠤᠲᠤᠭ ᠠ᠋ᠴᠠ ᠪᠠᠨ ᠮᠣᠷᠳᠠᠭᠰᠠᠨ 《 ᠬᠡᠦᠬᠡᠨ》 ᠲᠡᠳᠦᠢ ᠯᠡ ᠪᠠᠶ᠋ᠢᠲᠠᠭ᠃ ᠲᠡᠭᠦᠨ ᠦ᠌ ᠲᠥᠷᠥᠯᠬᠢ ᠨᠤᠲᠤᠭ ᠭᠡᠪᠡᠯ ᠬᠡᠭᠡᠷ᠎ᠡ ᠲᠠᠯ᠎ᠠ ᠪᠣᠯᠤᠨ᠎ᠠ᠃ ᠬᠡᠭᠡᠷ᠎ᠡ ᠲᠠᠯ᠎ᠠ ᠶ᠋ᠢᠨ ᠴᠠᠬᠢᠯᠳᠠᠭ ᠮᠢᠨᠢ ᠤᠷᠭᠤᠭᠰᠠᠨ ᠪᠠᠶ᠋ᠢᠲᠠᠯ᠎ᠠ ᠪᠠᠨ ᠲᠠᠷᠢᠭᠰᠠᠨ ᠰᠢᠭ᠋ ᠶᠦ᠍ᠮ!
ᠴᠠᠬᠢᠯᠳᠠᠭ ᠬᠡᠲᠦᠶ᠋ᠢᠪᠡᠷ ᠴᠡᠴᠡᠭ ᠲᠦ᠍ ᠪᠠᠭᠲᠠᠪᠠᠴᠤ ᠡᠭᠡᠴᠢ ᠳᠡᠭᠦᠦ ᠨᠠᠷ ᠢ᠋ᠶ᠋ᠠᠨ ᠪᠣᠳᠣᠪᠠᠯ ᠲᠤᠩ ᠪᠣᠷᠣᠭᠵᠢᠭᠤᠨ ᠵᠠᠩ ᠲᠠᠢ《 ᠬᠥᠳᠡᠭᠡ ᠶ᠋ᠢᠨ ᠬᠡᠦᠬᠡᠨ》 ᠮᠥᠨ᠃ ᠲᠡᠭᠦᠨ ᠳ᠋ᠦ᠍ ᠣᠨᠴᠠ ᠲᠠᠰᠤᠷᠬᠠᠢ ᠥᠩᠭᠡ ᠭᠡᠵᠦ ᠪᠠᠶ᠋ᠢᠲᠠᠭ ᠦᠭᠡᠢ᠂ ᠣᠭᠣᠭᠠ ᠰᠠᠢᠬᠠᠨ ᠦᠨᠦᠷ ᠴᠦ᠍ ᠪᠠᠶ᠋ᠢᠲᠠᠭ ᠦᠭᠡᠢ᠂ ᠢᠯᠡᠭᠦᠦ ᠳᠤᠲᠠᠭᠤ ᠰᠠᠯᠠᠭ᠎ᠠ ᠨᠠᠮᠠᠭ᠎ᠠ ᠪᠠᠶ᠋ᠢᠲᠠᠭ ᠦᠭᠡᠢ᠂ ᠮᠤᠷᠤᠢ ᠰᠠᠷᠤᠢ ᠦᠶ᠎ᠡ ᠭᠡᠰᠢᠭᠦᠦ ᠴᠦ᠍ ᠪᠠᠶ᠋ᠢᠲᠠᠭ ᠦᠭᠡᠢ᠃ ᠲᠡᠭᠦᠨ ᠳ᠋ᠦ᠍ ᠪᠠᠶ᠋ᠢᠲᠠᠭ ᠨᠢ ᠤᠷᠲᠤ ᠠ᠋ᠴᠠ ᠤᠷᠲᠤ ᠨᠠᠪᠴᠢ᠂ ᠶᠡᠷᠦᠮᠳᠡᠭ ᠡᠴᠡ ᠶᠡᠷᠦᠮᠳᠡᠭ ᠴᠡᠴᠡᠭ᠂ ᠭᠦᠨ ᠡᠴᠡ ᠭᠦᠨ ᠦᠨᠳᠦᠰᠦ᠂ ᠪᠡᠬᠢ ᠡᠴᠡ ᠪᠡᠬᠢ ᠬᠣᠩᠭᠣᠷᠴᠠᠭ ᠪᠣᠯᠤᠨ᠎ᠠ᠃
ᠴᠠᠬᠢᠯᠳᠠᠭ ᠤ᠋ᠨ ᠨᠠᠪᠴᠢ ᠦᠨᠳᠦᠰᠦ ᠭᠡᠭᠴᠢ ᠨᠡᠭᠡᠷᠡᠨ ᠭᠠᠶ᠋ᠢᠬᠠᠯᠲᠠᠢ᠃ ᠮᠢᠨᠦ ᠨᠤᠲᠤᠭ ᠲᠤ᠌ ᠤᠷᠭᠤᠳᠠᠭ ᠴᠠᠬᠢᠯᠳᠠᠭ ᠤ᠋ᠨ ᠵᠠᠷᠢᠮ ᠤ᠋ᠨ ᠬᠢᠨᠢ ᠨᠠᠪᠴᠢ ᠨᠢ ᠳᠡᠯᠢᠮ ᠤᠷᠲᠤ ᠪᠠᠶ᠋ᠢᠲᠠᠭ᠃ ᠪᠢᠳᠡ ᠪᠠᠭ᠎ᠠ ᠳ᠋ᠤ᠌ ᠪᠠᠨ ᠲᠡᠭᠦᠨ ᠢ᠋ᠶ᠋ᠡᠷ ᠲᠠᠰᠢᠭᠤᠷ ᠮᠤᠰᠬᠢᠵᠦ ᠨᠠᠭᠠᠳᠳᠠᠭ᠂ ᠲᠠᠲᠠᠭᠤᠷ ᠬᠦᠷᠦᠵᠦ ᠵᠡᠭᠦᠳᠡᠭ ᠪᠠᠶ᠋ᠢᠬᠰᠠᠨ᠃ ᠴᠠᠬᠢᠯᠳᠠᠭ ᠤ᠋ᠨ ᠨᠠᠪᠴᠢ ᠨᠢ ᠬᠡᠳᠦᠢ ᠤᠷᠲᠤ ᠪᠣᠯᠪᠠᠴᠤ ᠶᠡᠷᠦ ᠡᠴᠡ ᠳᠣᠣᠷ᠎ᠠ ᠵᠠᠩ ᠲᠠᠢ ᠪᠠᠶ᠋ᠢᠲᠠᠭ ᠲᠤᠯᠠ ᠭᠠᠵᠠᠷ ᠤᠷᠤᠭᠤ ᠬᠠᠷᠠᠬᠤ ᠠ᠋ᠴᠠ ᠪᠢᠰᠢ ᠲᠩᠷᠢ ᠥᠭᠡᠳᠡ ᠬᠠᠨᠳᠤᠬᠤ ᠦᠭᠡᠢ ᠶᠦ᠍ᠮ! ᠠᠩᠬ᠎ᠠ ᠤᠷᠭᠤᠬᠤ ᠳ᠋ᠤ᠌ ᠪᠠᠨ ᠰᠡᠯᠡᠮ᠎ᠡ ᠰᠢᠭ ᠰᠡᠷᠡᠶ᠋ᠢᠵᠦ ᠪᠠᠶ᠋ᠢᠲᠠᠭ ᠨᠢ ᠬᠥᠷᠥᠰᠥ ᠶ᠋ᠢ ᠰᠢᠪᠲᠤᠯᠵᠤ ᠰᠢᠷᠣᠢ ᠶ᠋ᠢ ᠨᠡᠪᠲᠡᠯᠬᠦ ᠶ᠋ᠢᠨ ᠲᠥᠯᠥᠭᠡ ᠶᠦ᠍ᠮ᠃ ᠮᠢᠨᠦ ᠨᠤᠲᠤᠭ ᠤ᠋ᠨ ᠴᠠᠬᠢᠯᠳᠠᠭ ᠤ᠋ᠨ ᠵᠠᠷᠢᠮ ᠨᠢ ᠠᠯᠲᠠ ᠭᠦᠨ ᠦᠨᠳᠦᠰᠦ ᠲᠡᠢ ᠪᠠᠶ᠋ᠢᠲᠠᠭ᠃ ᠬᠡᠳᠦᠢ ᠭᠦᠨ ᠪᠠᠶ᠋ᠢᠬᠰᠠᠨ ᠴᠤ᠌ ᠤᠷᠭᠤᠭᠰᠠᠨ ᠭᠠᠵᠠᠷ ᠤᠷᠤᠭᠤ ᠪᠠᠨ ᠰᠢᠪ ᠰᠢᠯᠤᠭᠤᠨ ᠬᠠᠳᠬᠤᠬᠤ ᠠ᠋ᠴᠠ ᠪᠢᠰᠢ ᠶᠠᠭᠠᠬᠢᠭᠰᠠᠨ ᠴᠤ᠌ ᠥᠭᠡᠷ᠎ᠡ ᠲᠡᠶ᠋ᠢᠰᠢ ᠪᠡᠨ ᠮᠤᠷᠤᠶ᠋ᠢᠵᠤ ᠬᠠᠨᠳᠤᠬᠤ ᠦᠭᠡᠢ ᠶᠦ᠍ᠮ!
ᠴᠠᠬᠢᠯᠳᠠᠭ ᠲᠩᠷᠢ ᠭᠠᠵᠠᠷ ᠬᠣᠶᠠᠷ ᠲᠤ᠌ ᠪᠦᠷ ᠬᠠᠮᠤᠭ ᠤ᠋ᠨ ᠦᠨᠡᠨᠴᠢ ᠪᠠᠶ᠋ᠢᠲᠠᠭ᠃ ᠨᠠᠷᠠᠨ ᠤ᠋ ᠭᠡᠷᠡᠯ ᠳᠡᠭᠡᠷ᠎ᠡ ᠡᠴᠡ ᠨᠢ ᠲᠣᠰᠳᠠᠭ ᠯᠠ ᠶᠤᠮ ᠪᠣᠯ ᠨᠠᠪᠴᠢ ᠨᠢ ᠳᠡᠭᠡᠭᠰᠢ ᠪᠡᠨ ᠤᠷᠭᠤᠵᠤ ᠯᠠ ᠪᠠᠶ᠋ᠢᠲᠠᠭ᠂ ᠬᠥᠷᠥᠰᠥᠨ ᠦ᠌ ᠰᠢᠮ᠎ᠡ ᠪᠠᠶ᠋ᠢᠲᠠᠭ ᠯᠠ ᠶᠤᠮ ᠪᠣᠯ ᠦᠨᠳᠦᠰᠦ ᠨᠢ ᠳᠣᠷᠣᠭᠰᠢ ᠪᠠᠨ ᠬᠠᠳᠬᠤᠵᠤ ᠯᠠ ᠪᠠᠶ᠋ᠢᠲᠠᠭ᠃ ᠴᠠᠬᠢᠯᠳᠠᠭ ᠤ᠋ᠨ ᠨᠠᠪᠴᠢ ᠨᠢ ᠤᠷᠲᠤ᠂ ᠦᠨᠳᠦᠰᠦ ᠨᠢ ᠭᠦᠨ᠃ ᠡᠶ᠋ᠢᠮᠦ ᠴᠦ᠍ ᠤᠴᠢᠷ ᠠ᠋ᠴᠠ ᠴᠠᠬᠢᠯᠳᠠᠭ ᠤ᠋ᠨ ᠠᠮᠢᠵᠢᠷᠠᠯ ᠤ᠋ᠨ ᠬᠦᠴᠦᠨ ᠴᠣᠬᠣᠮ ᠭᠠᠶ᠋ᠢᠬᠠᠯᠲᠠᠢ᠃ ᠴᠠᠬᠢᠯᠳᠠᠭ ᠲᠠᠰᠤᠷᠠᠬᠤ ᠠ᠋ᠴᠠ ᠪᠢᠰᠢ ᠨᠤᠭᠤᠷᠠᠬᠤ ᠦᠭᠡᠢ᠂ ᠲᠠᠰᠤᠷᠠᠭᠰᠠᠨ ᠴᠤ᠌ ᠦᠬᠦᠬᠦ ᠦᠭᠡᠢ! ᠬᠠᠶᠠ ᠳ᠋ᠤ᠌ ᠪᠠᠨ ᠵᠠᠮ ᠤ᠋ᠨ ᠳᠠᠯᠠᠩ ᠳᠡᠭᠡᠷ᠎ᠡ ᠤᠷᠭᠤᠴᠢᠬᠠᠪᠠᠴᠤ ᠮᠥᠨ ᠯᠡ ᠴᠡᠴᠡᠭᠯᠡᠬᠦ ᠴᠠᠭ ᠲᠤ᠌ ᠪᠠᠨ ᠴᠡᠴᠡᠭᠯᠡᠵᠦ᠂ ᠦᠷᠡᠯᠡᠬᠦ ᠦᠶ᠎ᠡ ᠳ᠋ᠦ᠍ ᠪᠡᠨ ᠦᠷᠡᠯᠡᠨ᠎ᠡ!
ᠴᠠᠬᠢᠯᠳᠠᠭ ᠬᠠᠪᠤᠷ ᠤ᠋ᠨ ᠤᠭᠲᠤᠮᠠᠯ ᠴᠡᠴᠡᠭ ᠰᠢᠭ᠋ ᠶᠡᠬᠡᠮᠰᠦᠭ ᠪᠢᠰᠢ᠂ ᠨᠠᠮᠤᠷ ᠤ᠋ᠨ ᠤᠳᠪᠠᠯᠠ ᠴᠡᠴᠡᠭ ᠰᠢᠭ ᠡᠷᠬᠢᠮᠰᠦᠭ ᠴᠦ᠍ ᠪᠢᠰᠢ᠃ ᠭᠡᠲᠡᠯ᠎ᠡ ᠦᠷ᠎ᠡ ᠪᠡᠷ ᠨᠢ ᠡᠮ ᠨᠠᠶ᠋ᠢᠷᠠᠵᠤ ᠪᠣᠯᠤᠨ᠎ᠠ᠂ ᠦᠨᠳᠦᠰᠦ ᠪᠡᠷ ᠨᠢ ᠳᠡᠭᠡᠰᠦ ᠲᠠᠮᠤᠵᠤ ᠪᠣᠯᠤᠨ᠎ᠠ᠂ ᠨᠠᠪᠴᠢ ᠪᠠᠷ ᠨᠢ ᠴᠠᠭᠠᠰᠤ ᠬᠢᠵᠦ ᠪᠣᠯᠤᠨ᠎ᠠ᠃
ᠴᠠᠬᠢᠯᠳᠠᠭ ᠮᠢᠨᠦ ᠨᠤᠲᠤᠭ ᠲᠤ᠌ ᠣᠯᠠᠨ ᠪᠠᠶ᠋ᠢᠲᠠᠭ ᠠ᠋ᠴᠠ ᠪᠣᠯᠤᠭᠰᠠᠨ ᠪᠠᠶ᠋ᠢᠬ᠎ᠠ᠂ ᠪᠢ ᠴᠠᠬᠢᠯᠳᠠᠭ ᠲᠤ᠌ ᠬᠠᠷᠠᠬᠠᠨ ᠪᠠᠭ᠎ᠠ ᠠ᠋ᠴᠠ ᠪᠠᠨ ᠬᠠᠶ᠋ᠢᠷᠠᠲᠠᠢ ᠳᠤᠷᠠᠲᠠᠢ ᠪᠢᠯᠡ᠃ ᠪᠢ ᠪᠠᠭ᠎ᠠ ᠳ᠋ᠤ᠌ ᠪᠠᠨ ᠴᠠᠬᠢᠯᠳᠠᠭ ᠤ᠋ᠨ ᠲᠥᠯᠥᠭᠡ ᠤᠬᠢᠯᠠᠵᠤ ᠶᠠᠪᠤᠭᠰᠠᠨ ᠤᠳᠠᠭ᠎ᠠ ᠪᠣᠢ᠄ ᠬᠠᠪᠤᠷ ᠤ᠋ᠨ ᠨᠢᠭᠡᠨ ᠰᠥᠨᠢ ᠶ᠋ᠢᠨ ᠰᠠᠯᠬᠢ ᠰᠢᠭᠤᠷᠭᠠᠨ ᠳ᠋ᠤ᠌ ᠡᠨᠳᠡ ᠲᠡᠨᠳᠡ ᠦᠭᠡᠢ ᠲᠠᠰᠤᠷᠠᠵᠤ ᠤᠨᠠᠭᠰᠠᠨ ᠴᠠᠬᠢᠯᠳᠠᠭ ᠤ᠋ᠨ ᠴᠡᠴᠡᠭ ᠊ᠢ ᠬᠡᠳᠦᠨ ᠬᠦᠢᠰ ᠲᠡᠭᠦᠭᠡᠳ ᠡᠵᠢ ᠳ᠋ᠦ᠍ ᠪᠡᠨ ᠣᠴᠢᠵᠤ᠄《 ᠴᠠᠬᠢᠯᠳᠠᠭ ᠤ᠋ᠨ ᠴᠡᠴᠡᠭ᠁ 》 ᠭᠡᠵᠦ ᠤᠬᠢᠯᠠᠩᠨᠠᠬᠤ ᠳ᠋ᠤ᠌ ᠡᠵᠢ ᠮᠢᠨᠢ ᠢᠨᠢᠶᠡᠴᠢᠬᠡᠭᠡᠳ ᠳᠤᠬᠤ ᠶ᠋ᠢ ᠮᠢᠨᠢ ᠢᠯᠪᠢᠵᠦ᠄ 《 ᠴᠠᠬᠢᠯᠳᠠᠭ ᠤ᠋ᠨ ᠴᠡᠴᠡᠭ ᠬᠠᠪᠤᠷ ᠬᠠᠪᠤᠷ ᠳᠡᠯᠭᠡᠷᠡᠬᠦ ᠶᠦ᠍ᠮ᠂ ᠬᠥᠷᠥᠰᠥ ᠰᠢᠷᠣᠢ ᠪᠠᠶ᠋ᠢᠵᠤ ᠯᠠ ᠪᠠᠶ᠋ᠢᠪᠠᠯ ᠴᠡᠴᠡᠭ ᠨᠠᠪᠴᠢ ᠤᠷᠭᠤᠬᠤ ᠯᠠ ᠶᠤᠮ! 》 ᠭᠡᠵᠦ ᠬᠡᠯᠡᠭᠰᠡᠨ ᠶᠦ᠍ᠮ ᠰᠠᠨ᠁ ᠡᠨᠡ ᠬᠠᠪᠤᠷ ᠨᠠᠮ᠎ᠠ ᠶ᠋ᠢ ᠨᠤᠲᠤᠭ ᠲᠤ᠌ ᠪᠠᠨ ᠬᠠᠷᠢᠬᠤ ᠳ᠋ᠤ᠌ ᠴᠠᠬᠢᠯᠳᠠᠭ ᠤ᠋ᠨ ᠴᠡᠴᠡᠭ ᠶᠠᠭ ᠰᠠᠢᠬᠠᠨ ᠬᠡᠭᠡᠷ᠎ᠡ ᠲᠠᠯ᠎ᠠ ᠶ᠋ᠢ ᠪᠦᠷᠬᠦᠲᠡᠯ᠎ᠡ ᠬᠥᠬᠡᠷᠡᠨ ᠳᠡᠯᠭᠡᠷᠡᠵᠦ ᠪᠠᠶ᠋ᠢᠯ᠎ᠠ! ᠨᠠᠪᠴᠢ ᠨᠢ ᠶᠠᠭᠠᠬᠢᠭᠰᠠᠨ ᠨᠣᠭᠣᠭᠠᠨ ᠪᠣᠢ! ᠴᠡᠴᠡᠭ ᠨᠢ ᠶᠠᠭᠠᠬᠢᠭᠰᠠᠨ ᠬᠥᠬᠡ ᠪᠣᠢ!
ᠦᠰᠦᠭ ᠠᠮᠢᠯᠠᠭᠤᠯᠤᠭᠴᠢ ᠄ ᠱᠠᠭᠰᠠᠯ
ᠬᠢᠨᠠᠭᠴᠢ ᠄ ᠰᠡᠬᠡᠭᠡᠷᠡᠯ
