ᠬᠠᠮᠤᠭ ᠤᠨ ᠠᠭᠤᠤ ᠶᠡᠬᠡ ᠨᠥᠬᠦᠷᠯᠡᠯ( ᠬᠡᠯᠡ ᠪᠢᠴᠢᠭ – ᠶᠢᠰᠦᠳᠦᠭᠡᠷ ᠳᠡᠪᠲᠡᠷ) Хамгийн  агуу их нөхөрлөл( Хэл бичиг – Есдүгээр дэвтэр) ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠮᠤᠭ ᠤᠨ ᠠᠭᠤᠤ ᠶᠡᠬᠡ ᠨᠥᠬᠦᠷᠯᠡᠯ( ᠬᠡᠯᠡ ᠪᠢᠴᠢᠭ – ᠶᠢᠰᠦᠳᠦᠭᠡᠷ ᠳᠡᠪᠲᠡᠷ) Хамгийн  агуу их нөхөрлөл( Хэл бичиг – Есдүгээр дэвтэр)

ᠬᠠᠮᠤᠭ ᠤᠨ ᠠᠭᠤᠤ ᠶᠡᠬᠡ ᠨᠥᠬᠦᠷᠯᠡᠯ( ᠬᠡᠯᠡ ᠪᠢᠴᠢᠭ – ᠶᠢᠰᠦᠳᠦᠭᠡᠷ ᠳᠡᠪᠲᠡᠷ) Хамгийн  агуу их нөхөрлөл( Хэл бичиг – Есдүгээр дэвтэр)

2023-05-01

489

ᠬᠠᠮᠤᠭ ᠤᠨ ᠠᠭᠤᠤ ᠶᠡᠬᠡ ᠨᠥᠬᠦᠷᠯᠡᠯ


      ᠮᠠᠷᠺᠰ ᠡᠩᠭᠧᠯᠰ ᠬᠣᠶᠠᠷ ᠪᠣᠯ ᠬᠠᠮᠤᠭ ᠦ᠋ᠨ ᠳᠣᠲᠣᠨᠣ ᠳᠠᠶ᠋ᠢᠴᠢᠨ ᠬᠠᠨᠢ ᠶᠤᠮ᠃ ᠬᠣᠶᠠᠭᠤᠯᠠ ᠣᠯᠠᠨ ᠤᠯᠤᠰ ᠦ᠋ᠨ ᠠᠵᠢᠯᠴᠢᠨ ᠪ ᠬᠥᠲᠡᠯᠭᠡᠭᠡᠨ ᠊ᠢ ᠬᠠᠮᠲᠤ ᠤᠲᠤᠷᠢᠤᠠᠴᠤ᠂ ᠬᠤᠪᠢᠰᠬᠠᠯ ᠦ᠋ᠨ ᠣᠨᠣᠯ ᠊ᠢ ᠬᠠᠮᠲᠤ ᠰᠤᠲᠤᠯᠵᠤ᠂ ᠰᠣᠨᠢᠨ ᠬᠠᠮᠲᠤ ᠡᠷᠬᠢᠯᠡᠵᠦ᠂ ᠰᠡᠤᠠᠬᠦᠯ ᠊ᠢ ᠬᠠᠮᠲᠤ ᠨᠠᠶ᠋ᠢᠷᠠᠭᠤᠯᠤᠨ᠂  ᠪᠢᠴᠢᠭ᠌ ᠮᠠᠲ᠋ᠧᠷᠢᠶᠠᠯ ᠊ᠢ ᠪᠠᠰᠠ ᠬᠠᠮᠲᠤ ᠲᠤᠭᠤᠷᠪᠢᠨ ᠪᠢᠴᠢᠳᠡᠭ ᠪᠠᠶ᠋ᠢᠪᠠ᠃ ᠠᠯᠲᠠᠷᠲᠤ《 ᠡᠪ ᠬᠠᠮᠲᠤ ᠨᠠᠮ ᠦ᠋ᠨ ᠲᠤᠩᠬᠠᠭ  》 ᠊ᠢ ᠬᠣᠶᠠᠭᠤᠯᠠ ᠬᠠᠮᠲᠤ ᠨᠣᠤᠷᠠᠬᠯᠠᠬᠰᠠᠨ ᠶᠤᠮ᠃
      ᠮᠠᠷᠺᠰ ᠪᠤᠯ ᠡᠪ ᠬᠠᠮᠲᠤ ᠶᠣᠰᠣᠨ ᠪ ᠣᠨᠣᠯ ᠦ᠋ᠨ ᠰᠠᠭᠤᠷᠢ ᠶ᠋ᠢ ᠲᠠᠯᠪᠢᠬᠰᠠᠨ ᠬᠥᠮᠦᠨ ᠶᠤᠮ᠃ ᠲᠡᠷᠰᠯᠡᠭᠦᠦ ᠨᠣᠶᠠᠷᠬᠠᠬᠴᠢ ᠠᠩᠬᠢ ᠶ᠋ᠢᠨ ᠬᠠᠪᠴᠢᠯᠬ᠋᠎ᠠ ᠪᠠᠷ ᠤᠲᠠᠭᠠᠨ ᠣᠨ ᠬᠠᠷᠢ ᠭᠦᠷᠦᠨ ᠶ᠋ᠢᠠᠷ  ᠲᠡᠨᠦᠭᠦᠴᠢᠯᠡᠨ ᠶᠠᠪᠤᠵᠤ᠂ ᠲᠣᠩ ᠭᠠᠰᠢᠭᠤᠨ ᠵᠦᠲᠡᠭᠦᠷᠢᠲᠡᠢ ᠠᠮᠢᠲᠤᠷᠠᠵᠤ ᠪᠠᠶ᠋ᠢᠬᠰᠠᠨ ᠪᠢᠯᠡ᠃ ᠲᠡᠷᠡ ᠢᠮᠠᠬᠲᠠ ᠪᠠᠷᠢᠴᠠᠭᠠᠨ ᠫᠦᠰᠡᠨ  ᠳ᠋ᠤ᠌ ᠣᠴᠢᠵᠤ ᠬᠤᠪᠴᠠᠰᠤ ᠪᠠᠨ ᠪᠠᠷᠢᠴᠠᠭᠠᠯᠠᠨ ᠵᠣᠭᠣᠰ ᠵᠢᠭᠡᠯᠡᠵᠦ ᠲᠠᠯᠬ᠎ᠠ ᠠᠪᠲᠠᠭ ᠪᠠᠶ᠋ᠢᠪᠠ᠃  ᠵᠢᠭᠡᠯᠡᠭᠰᠡᠨ ᠵᠣᠭᠣᠰ ᠶ᠋ᠢᠠᠨ ᠪᠣᠯᠵᠤᠬᠰᠠᠨ ᠬᠤᠭᠤᠴᠠᠭᠠᠨ ᠳ᠋ᠤᠨᠢ ᠲᠥᠯᠥᠵᠦ ᠳᠡᠶ᠋ᠢᠯᠬᠦ ᠦᠭᠡᠢ ᠡᠴᠠ ᠪᠣᠯᠵᠤ ᠪᠠᠷᠢᠴᠠᠭᠠᠯᠠᠬᠰᠠᠨ ᠶᠠᠭᠤᠮ᠎ᠠ ᠪᠠᠨ ᠬᠢᠮᠲᠠᠬᠠᠨ ᠦᠨ᠎ᠡ ᠪᠡᠷ ᠪᠠᠷᠢᠴᠠᠭᠠᠯᠠᠭᠤᠯᠴᠢᠬᠠᠲᠠᠭ ᠶᠠᠪᠤᠲᠠᠯ ᠴᠤ᠌ ᠲᠣᠬᠢᠶᠠᠯᠲᠤᠲᠠᠭ᠃  ᠪᠢᠴᠢᠭᠰᠡᠨ ᠵᠣᠬᠢᠶᠠᠯ ᠶ᠋ᠢᠠᠨ ᠵᠠᠷᠢᠮ ᠳ᠋ᠠᠭᠠᠨ ᠰᠣᠨᠢᠨ ᠪ ᠭᠠᠵᠠᠷ ᠢᠯᠡᠭᠡᠬᠦ ᠶ᠋ᠢᠨ ᠲᠥᠯᠥᠭᠡ ᠭᠠᠵᠠᠷ ᠪᠣᠯᠭᠠᠨ ᠠ᠋ᠴᠠ ᠵᠣᠭᠣᠰ ᠵᠢᠭᠡᠯᠡᠵᠦ ᠰᠢᠤᠲᠠᠨ ᠪ ᠲᠡᠮᠲᠡᠭ ᠬᠤᠲᠠᠯᠲᠤᠨ ᠠᠪᠲᠠᠭ ᠪᠠᠶ᠋ᠢᠵᠠᠢ᠃  ᠠᠮᠢᠲᠤᠷᠠᠯ ᠨᠢ ᠡᠶ᠋ᠢᠮᠦ ᠭᠠᠴᠢᠬ ᠵᠦᠲᠡᠭᠦᠦ ᠪᠠᠶ᠋ᠢᠬᠰᠠᠨ ᠴᠤ᠌ ᠮᠠᠷᠺᠰ ᠦ᠋ᠨ ᠣᠨᠣᠯ ᠦ᠋ᠨ ᠰᠤᠲᠤᠯᠬ᠋᠎ᠠ ᠪᠠ ᠬᠤᠪᠢᠰᠬᠠᠯᠲᠤ ᠠᠵᠢᠯᠯᠠᠬ᠋᠎ᠠ ᠎ᠳ᠋ᠦ᠍ᠨᠢ ᠬᠠᠷᠰᠢ ᠳᠣᠳᠬᠠᠷ ᠪᠣᠯᠵᠤ ᠴᠢᠳᠠᠬᠰᠠᠨ ᠦᠭᠡᠢ᠃ ᠡᠨᠡ ᠦᠶ᠎ᠡ ᠎ ᠳ᠋ᠤ᠌ ᠡᠩᠭᠧᠯᠰ ᠡᠴᠠ ᠮᠠᠷᠺᠰ ᠦ᠋ᠨ ᠠᠮᠢᠲᠤᠷᠠᠯ  ᠳ᠋ᠤ᠌ ᠪᠦᠬᠦ ᠬᠦᠴᠦᠨ ᠶ᠋ᠢᠡᠷ ᠶ᠋ᠢᠡᠨ ᠳᠡᠮᠵᠢᠵᠦ ᠪᠠᠶ᠋ᠢᠬᠰᠠᠨ ᠶᠤᠮ᠃
      ᠡᠩᠭᠧᠯᠰ ᠮᠠᠨᠴᠸᠰᠲ᠋ᠧᠷ ᠬᠣᠲᠠ ᠶ᠋ᠢᠨ ᠨᠢᠭᠡᠨ ᠦᠢᠯᠠᠳᠪᠦᠷᠢ  ᠳ᠋ᠤ᠌ ᠠᠵᠢᠯᠯᠠᠵᠤ ᠪᠠᠶ᠋ᠢᠬᠰᠠᠨ ᠶᠤᠮ᠃ ᠲᠡᠷᠡ ᠮᠠᠷᠺᠰ ᠦ᠋ᠨ ᠠᠮᠢᠲᠤᠷᠠᠯ ᠊ᠢ ᠳᠡᠳᠭᠦᠬᠦ ᠶ᠋ᠢᠨ ᠲᠤᠯᠠᠲᠠ ᠲᠤᠶ᠋ᠢᠯ ᠶ᠋ᠢᠠᠷ  ᠵᠢᠭᠰᠢᠳᠡᠭ ᠬᠤᠲᠠᠯᠲᠤᠭᠠᠨ ᠪ ᠠᠵᠢᠯ ᠊ᠢ ᠴᠤ᠌ ᠳᠤᠷᠠᠲᠠᠢ ᠬᠢᠵᠦ ᠪᠠᠶ᠋ᠢᠪᠠ᠃ ᠲᠡᠭᠡᠭᠡᠳ ᠣᠯᠤᠬᠰᠠᠨ ᠵᠣᠭᠣᠰ ᠶ᠋ᠢᠠᠨ ᠮᠠᠷᠺᠰ ᠲᠠᠢ ᠬᠤᠪᠢᠶᠠᠯᠴᠠᠵᠤ ᠮᠠᠷᠺᠰ ᠦ᠋ᠨ ᠠᠵᠢᠯ  ᠳ᠋ᠤ᠌ ᠣᠯᠠᠨ ᠲᠠᠯ᠎ᠠ ᠶ᠋ᠢᠨ ᠠᠰᠢᠬᠲᠤ ※ ᠨᠥᠭᠦᠴᠡᠯ ᠊ᠢ ᠪᠣᠢ ᠪᠣᠯᠭᠠᠵᠤ ᠥᠭᠳᠡᠭ ᠪᠠᠶ᠋ᠢᠪᠠ᠃
      ᠡᠩᠭᠧᠯᠰ᠂ ᠮᠠᠷᠺᠰ ᠦ᠋ᠨ ᠠᠮᠢᠲᠤᠷᠠᠯ ᠊ᠢ ᠬᠠᠯᠠᠭᠤᠮᠰᠤᠭ ᠶ᠋ᠢᠠᠷ ᠬᠠᠪᠰᠤᠷᠴᠤ ᠪᠠᠶ᠋ᠢᠬᠰᠠᠨ ᠶ᠋ᠢᠠᠷ ᠦᠯᠦ ᠪᠠᠷᠠᠨ ᠨᠡᠩ ᠴᠢᠬᠤᠯᠠ ᠨᠢ ᠲᠡᠲᠡ ᠡᠪ ᠬᠠᠮᠲᠤ ᠶ᠋ᠢᠨ ᠦᠢᠯᠡᠰ ᠦ᠋ᠨ ᠲᠦᠯᠥᠭᠡ ᠬᠠᠷᠢᠯᠴᠠᠨ ᠬᠠᠷᠠᠭᠠᠯᠵᠠᠵᠤ᠂ ᠬᠠᠷᠢᠯᠴᠠᠨ ᠬᠠᠪᠰᠤᠷᠴᠤ᠂ ᠲᠤᠶ᠋ᠢᠯ ᠦ᠋ᠨ ᠬᠠᠯᠠᠭᠤᠨ ᠳᠣᠲᠣᠨᠣ ᠪᠠᠷ ᠬᠠᠮᠲᠤᠷᠠᠨ ᠠᠵᠢᠯᠯᠠᠲᠠᠭ ᠪᠠᠶ᠋ᠢᠪᠠ᠃
      ᠬᠣᠶᠠᠭᠤᠯᠠ ᠯᠤᠨᠲᠤᠨ  ᠳ᠋ᠤ᠌ ᠰᠠᠭᠤᠵᠤ ᠪᠠᠶ᠋ᠢᠬᠤ ᠳ᠋ᠠᠭᠠᠨ᠂ ᠡᠩᠭᠧᠯᠰ ᠡᠲᠦᠷ ᠪᠦᠷᠢ ᠮᠠᠷᠺᠰ ᠦ᠋ᠨ ᠳᠡᠷᠭᠡᠳᠡ  ᠬᠦᠷᠳᠡᠭ ᠪᠠᠶ᠋ᠢᠪᠠ᠃ ᠲᠡᠲᠡ ᠤᠯᠤᠰ ᠲᠥᠷᠥ ᠶ᠋ᠢᠨ ᠶᠠᠪᠤᠲᠠᠯ᠂ ᠰᠢᠨᠵᠢᠯᠡᠬᠦ ᠤᠬᠠᠭᠠᠨ ᠪ ᠠᠰᠠᠭᠤᠲᠠᠯ ᠊ᠢ ᠬᠡᠲᠦ ᠬᠡᠲᠦᠨ ᠴᠠᠭ ᠶ᠋ᠢᠠᠷ ᠶᠠᠷᠢᠯᠴᠠᠵᠤ᠂ ᠥᠪᠡᠷ ᠥᠪᠡᠷ ᠦ᠋ᠨ ᠰᠠᠨᠠᠯ ᠶ᠋ᠢᠠᠨ ᠳᠤᠷᠠᠳᠤᠨ ᠪᠠᠬ᠎ᠠ ᠰᠣᠨᠢᠷᠬᠠᠯᠲᠠᠢ ᠪᠠᠷ ᠰᠢᠭᠦᠮᠵᠢᠯᠡᠯᠴᠡᠵᠦ ᠲᠣᠩ ᠰᠢᠷᠦᠭᠦᠨ ᠮᠠᠷᠭᠤᠯᠲᠤᠭᠠᠨ ᠪᠣᠯᠲᠠᠭ ᠤᠲᠠᠬ᠋᠎ᠠ ᠴᠤ᠌ ᠭᠠᠷᠲᠠᠭ᠃ ᠲᠤᠩᠭᠠᠯᠠᠭ ᠰᠠᠶ᠋ᠢᠬᠠᠨ ᠡᠲᠦᠷ ᠪᠤᠯ ᠬᠣᠶᠠᠭᠤᠯᠠ ᠬᠣᠲᠠ ᠶ᠋ᠢᠨ ᠲᠡᠭᠦᠷᠭᠡ ᠪᠡᠷ ᠵᠤᠭᠠᠴᠠᠲᠠᠭ ᠪᠠᠶ᠋ᠢᠵᠠᠢ᠃
      ᠬᠣᠵᠢᠮ ᠨᠢ ᠲᠡᠲᠡ ᠰᠠᠯᠤᠯᠴᠠᠵᠤ᠂ ᠮᠠᠷᠺᠰ ᠯᠤᠨᠳᠤᠨ  ᠳ᠋ᠤ᠌᠂ ᠡᠩᠭᠧᠯᠰ ᠮᠠᠨᠴᠸᠰᠲ᠋ᠧᠷ ᠲᠤ ᠰᠠᠭᠤᠬᠤ ᠪᠣᠯᠪᠠ᠃ ᠡᠨᠡ ᠦᠶ᠎ᠡ ᠎ ᠳ᠋ᠤ᠌ ᠪᠠᠷᠤᠭ ᠡᠲᠦᠷ ᠪᠦᠷᠢ ᠵᠠᠬᠢᠶ᠎ᠠ  ᠪᠢᠴᠢᠭ᠌ ᠨᠡᠪᠲᠡᠷᠡᠯᠴᠡᠵᠦ᠂ ᠤᠯᠤᠰ ᠲᠥᠷᠥ ᠶ᠋ᠢᠨ ᠲᠠᠯ᠎ᠠ ᠶ᠋ᠢᠨ ᠰᠠᠨᠠᠯ ᠬᠢᠭᠡᠳ ᠰᠤᠲᠤᠯᠭᠠᠨ ᠪ ᠦᠷ᠎ᠡ ᠪᠦᠲᠦᠭᠡᠯ ᠶ᠋ᠢᠡᠨ ᠰᠣᠯᠢᠯᠴᠠᠲᠠᠭ ᠪᠠᠶ᠋ᠢᠪᠠ᠂ ᠡᠳᠡᠭᠡᠷ ᠵᠠᠬᠢᠶ᠎ᠠ  ᠪᠢᠴᠢᠭ᠌ ᠦ᠋ᠳ ᠣᠲᠣ ᠪᠣᠯᠲᠠᠯ᠎ᠠ ᠬᠠᠳᠠᠭᠠᠯᠠᠬᠳᠠᠬᠰᠠᠭᠠᠷ ᠪᠠᠶ᠋ᠢᠨ᠎ᠠ᠃
       ᠮᠠᠷᠺᠰ ᠡᠩᠭᠧᠯᠰ ᠦ᠋ᠨ ᠬᠣᠭᠣᠷᠣᠨᠲᠣᠬᠢ ᠬᠠᠯᠠᠮᠵᠢᠯᠠᠯ ᠪᠤᠯ ᠪᠦᠷᠢᠨ ᠭᠦᠢᠴᠡᠳ ᠶᠤᠮ᠂ ᠲᠡᠲᠡ ᠬᠠᠷᠢᠯᠴᠠᠨ ᠬᠠᠯᠠᠮᠵᠢᠯᠠᠬᠤ ᠲᠠᠯ᠎ᠠ  ᠳ᠋ᠤ᠌ ᠴᠠᠭ ᠢᠮᠠᠭᠲᠠ ᠰᠡᠤᠠᠬᠢᠯ ᠲᠠᠯᠪᠢᠵᠤ᠂ ᠠᠵᠢᠯ ᠦᠢᠯᠡᠰ ᠦ᠋ᠨ ᠶ᠋ᠢᠡᠨ ᠲᠠᠯ᠎ᠠ  ᠳ᠋ᠤ᠌ ᠬᠡᠨ ᠠᠯᠢ ᠨᠢ ᠠᠮᠵᠢᠯᠲᠠ ᠣᠯᠪᠠᠯ ᠪᠦᠷ ᠬᠠᠷᠢᠯᠴᠠᠨ ᠤᠮᠤᠬᠰᠢᠨ ᠪᠠᠶᠠᠷᠯᠠᠲᠠᠭ ᠪᠠᠶ᠋ᠢᠵᠠᠢ᠃ ᠮᠠᠷᠺᠰ ᠠᠩᠭ᠌ᠯᠢ ᠬᠡᠯᠡᠨ ᠪ ᠨᠢᠭᠡᠨ ᠰᠣᠨᠢᠨ  ᠳ᠋ᠤ᠌ ᠮᠡᠲᠡᠭᠡ ᠪᠢᠴᠢᠵᠦ ᠪᠠᠶ᠋ᠢᠶ᠎ᠠ ᠭᠡᠵᠦ ᠬᠦᠯᠢᠶᠡᠨ ᠠᠪᠬᠤ ᠦᠶ᠎ᠡ ᠳ᠋ᠡᠭᠡᠨ ᠠᠩᠭ᠌ᠯᠢ ᠬᠡᠯᠡ ᠶ᠋ᠢ ᠨᠡᠪᠲᠡᠷᠬᠡᠢ ᠮᠡᠲᠡᠬᠦ ᠦᠭᠡᠢ ᠪᠠᠶ᠋ᠢᠬᠰᠠᠨ ᠪᠣᠯᠬᠣᠷ ᠡᠩᠭᠧᠯᠰ ᠡᠬᠡ  ᠪᠢᠴᠢᠭ᠌ ᠊ᠢ ᠨᠢ ᠬᠠᠮᠵᠢᠨ ᠣᠷᠴᠢᠭᠤᠯᠵᠤ  ᠥᠭᠬᠦ ᠪᠤᠶᠤ ᠰᠢᠭᠤᠳ ᠠᠩᠭ᠌ᠯᠢ ᠬᠡᠯᠡ ᠪᠡᠷ ᠪᠢᠴᠢᠵᠦ ᠥᠭᠳᠡᠭ ᠪᠠᠶ᠋ᠢᠵᠠᠢ᠃ ᠡᠩᠭᠧᠯᠰ ᠵᠣᠬᠢᠶᠠᠯ ᠪᠢᠴᠢᠬᠦ  ᠳ᠋ᠤ᠌᠂ ᠮᠠᠷᠺᠰ ᠪᠠᠰᠠ ᠬᠡᠵᠢᠶᠡᠲᠡ ᠥᠪᠡᠷ ᠦ᠋ᠨ ᠠᠵᠢᠯ ᠶ᠋ᠢᠠᠨ ᠲᠠᠯᠪᠢᠵᠤ ᠪᠠᠶ᠋ᠢᠭᠠᠳ ᠵᠠᠷᠢᠮ ᠭᠡᠰᠡᠭ ᠊ᠢ ᠨᠢ ᠨᠠᠶ᠋ᠢᠷᠠᠭᠤᠯᠤᠨ ᠪᠢᠴᠢᠵᠦ ᠥᠭᠳᠡᠭ ᠪᠠᠶ᠋ᠢᠨ᠎ᠠ᠃ ᠮᠠᠷᠺᠰ ᠨᠠᠰᠤ ᠪᠠᠷᠠᠬᠤ ᠦᠶ᠎ᠡ ᠳ᠋ᠡᠭᠡᠨ ᠥᠪᠡᠷ ᠦ᠋ᠨ ᠠᠭᠤᠤ ᠶᠡᠬᠡ ᠵᠣᠬᠢᠶᠠᠯ《 ᠬᠥᠷᠥᠩᠭᠡ ᠶ᠋ᠢᠨ ᠳᠤᠬᠠᠢ 》  ᠭᠡᠳᠡᠭ ᠨᠣᠮ ᠶ᠋ᠢᠠᠨ ᠪᠢᠴᠢᠵᠦ ᠪᠦᠷᠢᠨ ᠳᠠᠭᠤᠰᠤᠬ᠋᠎ᠠ ᠦᠭᠡᠢ ᠪᠠᠶ᠋ᠢᠪᠠ᠃ ᠡᠩᠭᠧᠯᠰ ᠥᠪᠡᠷ ᠦ᠋ᠨ ᠰᠤᠲᠤᠯᠭᠠᠨ ᠪ ᠠᠵᠢᠯ ᠶ᠋ᠢᠠᠨ ᠡᠷᠡᠰ ᠰᠢᠭᠤᠷᠬᠠᠢ ᠪᠡᠷ ᠲᠠᠯᠪᠢᠵᠤ ᠪᠦᠬᠦ ᠬᠦᠴᠦ ᠪᠡᠨ ᠰᠢᠪᠬᠠᠨ《 ᠬᠥᠷᠥᠩᠭᠡ ᠶ᠋ᠢᠨ ᠳᠤᠬᠠᠢ  》  ᠭᠡᠳᠡᠭ ᠨᠣᠮ ᠦ᠋ᠨ ᠬᠠᠮᠤᠭ ᠰᠡᠭᠦᠯ ᠦ᠋ᠨ ᠬᠣᠶᠠᠷ ᠪᠣᠲᠢ ᠶ᠋ᠢ  ᠬᠡᠪᠯᠡᠭᠦᠯᠦᠭᠰᠡᠨ ᠶᠤᠮ᠃
      ᠮᠠᠷᠺᠰ ᠡᠩᠭᠧᠯᠰ ᠬᠣᠶᠠᠷ ᠳᠥᠴᠢᠨ ᠵᠢᠯ ᠬᠠᠮᠲᠤᠷᠠᠨ ᠠᠵᠢᠯᠯᠠᠵᠤ ᠠᠭᠤᠤ ᠶᠡᠬᠡ ᠮᠠᠷᠺᠰ ᠦ᠋ᠨ ᠦᠵᠡᠯ ᠊ᠢ ᠬᠠᠮᠲᠤ ᠪᠠᠷ ᠡᠭᠦᠲᠦᠨ ᠪᠦᠲᠦᠭᠡᠪᠡ᠃ ᠲᠡᠲᠡ ᠳᠥᠴᠢᠨ ᠵᠢᠯ ᠦ᠋ᠨ ᠳᠤᠷᠰᠢ ᠬᠠᠮᠲᠤ ᠶ᠋ᠢᠨ  ᠴᠢᠭᠯᠡᠯ ᠥᠭᠡᠲᠡ ᠲᠡᠮᠡᠴᠡᠬᠦ ᠶᠠᠪᠤᠴᠠ ᠳᠤᠮᠳᠠ ᠪᠠᠨ ᠬᠠᠮᠤᠭ ᠦ᠋ᠨ ᠠᠭᠤᠤ ᠶᠡᠬᠡ᠂ ᠬᠠᠮᠤᠭ ᠦ᠋ᠨ ᠡᠷᠬᠢᠮ ᠳᠡᠭᠡᠳᠦ ᠨᠥᠬᠥᠷᠯᠡᠯ ᠊ᠢ ᠪᠠᠶ᠋ᠢᠭᠤᠯᠵᠠᠢ᠃

 ※ ᠠᠰᠢᠬᠲᠤ — ᠤᠤᠯ ᠬᠢᠴᠢᠶᠡᠯ  ᠳ᠋ᠤ᠌ ᠠᠰᠢᠬᠠᠲᠤ ᠭᠡᠵᠦ ᠪᠢᠴᠢᠵᠦ ᠪᠠᠶ᠋ᠢᠪᠠ᠃

ᠢᠷᠡᠯᠲᠡ ᠄  
      ᠲᠠᠪᠤᠨ ᠵᠢᠯ ᠦᠨ ᠲᠦᠷᠢᠮᠳᠦ ᠪᠠᠭ᠎ᠠ ᠰᠤᠷᠭᠠᠭᠤᠯᠢ ᠳᠤ ᠦᠵᠡᠬᠦ 
          ᠬᠡᠯᠡ ᠪᠢᠴᠢᠭ    ᠶᠢᠰᠦᠳᠦᠭᠡᠷ ᠲᠡᠪᠳᠡᠷ  ※ 
              ᠦᠪᠦᠷ ᠮᠤᠩᠭᠤᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶ᠎ᠠ ᠨᠠᠢᠢᠷᠠᠭᠤᠯᠤᠨ ᠬᠡᠪᠯᠡᠭᠦᠯᠪᠡ
              ᠦᠪᠦᠷ ᠮᠤᠩᠭᠤᠯ ᠤᠨ ᠰᠢᠨᠬᠤᠸᠠ ᠨᠤᠮ ᠤᠨ ᠲᠡᠯᠭᠡᠭᠦᠷ ᠲᠠᠷᠬᠠᠭᠠᠪᠠ
              ᠦᠪᠦᠷ ᠮᠤᠩᠭᠤᠯ ᠤᠨ ᠮᠤᠩᠭᠤᠯ ᠪᠢᠴᠢᠭ ᠬᠡᠪᠯᠠᠬᠦ ᠦᠢᠯᠡᠳᠪᠦᠷᠢ ᠬᠡᠪᠯᠡᠪᠡ 
             1981 ᠤᠨ ᠤ 5 ᠰᠠᠷ᠎ᠠ ᠳᠤ ᠬᠤᠶᠠᠳᠤᠭᠠᠷ ᠬᠡᠪ ᠢ ᠬᠢᠪᠡ 
             1984 ᠤᠨ ᠤ 4 ᠰᠠᠷ᠎ᠠ ᠳᠤ ᠲᠦᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃

         ᠦᠰᠦᠭ ᠠᠮᠢᠯᠠᠭᠤᠯᠤᠭᠴᠢ ᠄ ᠨᠠᠷᠠᠨᠰᠣᠶᠣᠯ
             ᠬᠢᠨᠠᠭᠴᠢ ᠄ ᠠ‍ ·  ᠰᠠᠷᠠᠩᠭᠡᠷᠡᠯ ᠂   ᠲᠣ᠋ · ᠨᠠᠨᠲᠢᠨ       
                                          2023.3.10