ᠬᠠᠳᠠᠭ ᠤᠨ ᠮᠠᠭᠲᠠᠭᠠᠯ Хадгийн магтаал
ᠬᠠᠳᠠᠭ ᠤᠨ ᠮᠠᠭᠲᠠᠭᠠᠯ
ᠮᠠᠠ ᠪ ᠡᠡᠲᠡ ᠪᠠᠨ ᠬᠠᠲᠠᠭ ᠨᠡᠷ᠎ᠡ ᠲᠠᠢ
ᠮᠠᠨᠵᠤ ᠶ᠋ᠢᠨ ᠲᠡᠡᠲᠡ ᠪᠠᠨ ᠭᠠᠷᠪᠤ ᠨᠡᠷ᠎ᠡ ᠲᠠᠢ
ᠲᠦᠪᠡᠳ ᠦ᠋ᠨ ᠭᠠᠵᠠᠷ ᠰᠤᠶ᠋ᠢᠪᠤᠩ ᠨᠡᠷ᠎ᠡ ᠲᠠᠢ
ᠲᠦᠷᠦᠯ ᠰᠠᠲᠤᠨ ᠳ᠋ᠠᠭᠠᠨ ᠰᠠᠮᠪᠠᠢ ᠨᠡᠷ᠎ᠡ ᠲᠠᠢ
ᠦᠩᠭᠡ ᠶ᠋ᠢ ᠨᠢ ᠬᠠᠯᠠᠪᠠᠯ ᠴᠠᠭᠠᠨ ᠯᠠᠪᠠᠢ
ᠥᠨᠴᠥᠭ ᠊ᠢ ᠨᠢ ᠬᠠᠯᠠᠪᠠᠯ ᠲᠦᠷᠪᠡᠨ ᠲᠢᠪ
ᠦᠯᠵᠡᠢ ᠪᠢᠯᠢᠭ᠌ ᠪᠦᠷᠢᠳᠦᠭᠰᠡᠨ
ᠦᠨᠢᠷ ᠰᠠᠶ᠋ᠢᠬᠠᠨ ᠬᠠᠲᠠᠭ ᠡ !
ᠬᠣᠯᠠ ᠣᠶ᠋ᠢᠷ᠎ᠠ ᠶ᠋ᠢ ᠬᠣᠯᠪᠣᠭᠰᠠᠨ ᠬᠠᠲᠠᠭ
ᠬᠤᠲᠠ ᠤᠷᠤᠭ ᠊ᠢ ᠪᠠᠶ᠋ᠢᠭᠤᠯᠤᠭᠰᠠᠨ ᠬᠠᠲᠠᠭ
ᠶᠢᠰᠤᠨ ᠪᠡᠯᠭᠡ ᠲᠡᠭᠦᠰᠦᠭᠰᠡᠨ ᠬᠠᠲᠠᠭ
ᠢᠷᠥᠭᠡᠯ ᠮᠠᠭᠲᠠᠭᠠᠯ ᠪᠣᠯᠤᠭᠰᠠᠨ ᠬᠠᠲᠠᠭ !
ᠦᠰᠦᠭ ᠠᠮᠢᠯᠠᠭᠤᠯᠤᠭᠴᠢ ᠄ ᠲᠤᠶᠠᠬ᠋᠎ᠠ
ᠬᠢᠨᠠᠭᠴᠢ ᠄ ᠴᠢᠮᠡᠭ
