ᠡᠷ᠎ᠡ᠎ ᠶ᠋ᠢᠨ ᠭᠤᠷᠪᠠᠨ ᠨᠠᠭᠠᠳᠤᠮ ᠤᠨ ᠢᠷᠦᠭᠡᠯ Эрийн гурван наадмын ерөөл ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷ᠎ᠡ᠎ ᠶ᠋ᠢᠨ ᠭᠤᠷᠪᠠᠨ ᠨᠠᠭᠠᠳᠤᠮ ᠤᠨ ᠢᠷᠦᠭᠡᠯ Эрийн гурван наадмын ерөөл

ᠡᠷ᠎ᠡ᠎ ᠶ᠋ᠢᠨ ᠭᠤᠷᠪᠠᠨ ᠨᠠᠭᠠᠳᠤᠮ ᠤᠨ ᠢᠷᠦᠭᠡᠯ Эрийн гурван наадмын ерөөл

2023-05-01

276

ᠡᠷ᠎ᠡ᠎ ᠶ᠋ᠢᠨ ᠭᠤᠷᠪᠠᠨ ᠨᠠᠭᠠᠳᠤᠮ ᠤᠨ ᠢᠷᠦᠭᠡᠯ


ᠵᠠ ᠬᠥ
ᠡᠷ᠎ᠡ ᠶ᠋ᠢᠨ ᠭᠤᠷᠪᠠᠨ ᠨᠠᠭᠠᠳᠤᠮ ᠨᠢ
ᠡᠷᠲᠡᠨ ᠦ᠌ ᠴᠤᠤᠲᠠᠢ ᠨᠠᠭᠠᠳᠤᠮ ᠶᠤᠮ᠃
ᠡᠷ᠎ᠡ ᠲᠡᠢ ᠬᠦᠴᠦᠲᠡᠢ ᠨᠢ ᠪᠠᠷᠢᠯᠳᠤᠵᠤ
ᠡᠷᠳᠡᠨᠢᠲᠦ ᠬᠦᠯᠦᠭ ᠨᠢ ᠤᠷᠤᠯᠳᠤᠵᠤ
ᠡᠷᠡᠬᠡᠢ ᠮᠡᠷᠭᠡᠨ ᠨᠢ ᠬᠠᠷᠪᠤᠵᠤ
ᠡᠩ ᠦᠭᠡᠢ ᠶᠡᠬᠡ ᠨᠠᠭᠠᠳᠤᠮ ᠢ᠋ᠶ᠋ᠠᠨ ᠬᠢᠳᠡᠭ ᠪᠢᠯᠡ᠃
ᠵᠠ
ᠡᠷᠢᠶᠡᠨ ᠠᠰᠠᠷ ᠤ᠋ᠨ ᠡᠭᠦᠳᠡᠨ ᠦ᠌ ᠵᠦᠭ
ᠲᠦᠮᠡᠨ ᠦ᠌ ᠨᠢᠳᠦ ᠰᠢᠷᠳᠡᠬᠦᠶ᠎ᠡ
ᠡᠷᠡᠯᠬᠡᠭ ᠴᠤᠤᠲᠠᠢ ᠪᠥᠬᠡᠴᠦᠳ ᠮᠠᠨᠢ
ᠲᠡᠳᠦᠬᠡᠨ ᠵᠠᠭᠤᠷ᠎ᠠ ᠪᠡᠯᠡᠳᠦᠨ ᠵᠣᠳᠣᠭᠯᠠᠵᠤ
ᠠᠭᠤᠯᠠ ᠶ᠋ᠢᠨ ᠪᠦᠷᠭᠦᠳ ᠰᠢᠭ ᠲᠠᠪᠢᠨ ᠭᠠᠷᠴᠤ
ᠠᠭᠤᠷ ᠲᠠᠢ ᠶᠤᠮ ᠰᠢᠭ᠋ ᠰᠢᠪᠠᠩ ᠵᠣᠭᠰᠣᠵᠤ
ᠳᠠᠪᠰᠢᠵᠤ ᠳᠠᠭᠠᠷᠢᠭᠠᠳ ᠭᠡᠨᠡᠳᠡᠭᠦᠯᠵᠦ ᠪᠠᠢᠳᠠᠭ
ᠲᠠᠲᠠᠵᠤ ᠠᠪᠤᠭᠠᠳ ᠲᠠᠰᠢᠶᠠᠯᠳᠤᠵᠤ ᠪᠠᠢᠳᠠᠭ
ᠵᠥᠷᠢᠭᠡᠳ ᠢᠷᠡᠭᠰᠡᠨ ᠢ ᠨᠢ  ᠬᠠᠪᠰᠤᠷᠴᠤ ᠪᠠᠢᠳᠠᠭ
ᠵᠢᠳᠬᠦᠭᠡᠳ ᠢᠷᠡᠭᠰᠡᠨ ᠢ ᠨᠢ ᠳᠠᠭᠠᠭᠤᠯᠵᠤ ᠪᠠᠢᠳᠠᠭ
ᠲᠣᠰᠴᠤ ᠠᠪᠤᠭᠠᠳ ᠲᠣᠩᠭᠣᠷᠴᠢ ᠪᠠᠢᠳᠠᠭ
ᠳᠣᠪᠲᠣᠯᠵᠤ ᠢᠷᠡᠭᠡᠳ ᠵᠣᠯᠭᠠᠩᠭᠤᠲᠠ ᠪᠠᠨ
ᠳᠣᠲᠣᠭᠤᠷ ᠳᠡᠭᠡᠭᠡ ᠬᠢᠵᠦ ᠪᠠᠢᠳᠠᠭ
ᠰᠡᠯᠡᠵᠦ ᠬᠠᠯᠠᠭᠠᠳ ᠰᠦᠢᠯᠡᠵᠦ ᠪᠠᠢᠳᠠᠭ
ᠰᠡᠷᠮᠡᠭᠦᠨ ᠵᠣᠯᠭᠠᠵᠤ ᠰᠡᠵᠢᠯᠡᠭᠡᠳ
ᠰᠡᠬᠡᠷᠡᠨ ᠲᠣᠩᠭᠣᠢ ᠡᠷᠭᠢᠭᠦᠯᠵᠦ ᠴᠦ᠍ ᠪᠠᠢᠬᠤ ᠰᠢᠭ᠋
ᠰᠤᠭᠤᠳᠠᠵᠤ ᠠᠪᠤᠭᠠᠳ ᠲᠣᠩᠭᠣᠷᠴᠤ ᠪᠠᠢᠬᠤ ᠰᠢᠭ᠋
ᠰᠦᠢᠯᠡᠵᠦ ᠬᠥᠭᠡᠭᠡᠭᠡᠳ ᠬᠠᠶᠠᠵᠤ ᠴᠤ᠌ ᠪᠠᠢᠬᠤ ᠰᠢᠭ᠋
ᠥᠷᠢᠵᠦ ᠪᠠᠢᠭᠠᠳ ᠭᠦᠶᠦᠵᠦ ᠣᠷᠣᠭᠠᠳ
ᠡᠷᠭᠦᠵᠦ ᠳᠣᠣᠷ᠎ᠠ ᠨᠢ ᠳᠠᠷᠤᠵᠤ ᠴᠤ᠌ ᠪᠠᠢᠬᠤ ᠰᠢᠭ᠋
ᠠᠷᠭ᠎ᠠ ᠮᠡᠬᠡ ᠪᠡᠨ ᠭᠠᠷᠭᠠᠵᠤ
ᠠᠭᠢᠨ ᠳᠠᠬᠢᠨ ᠬᠠᠶᠠᠵᠤ ᠳᠠᠪᠰᠢᠭᠰᠠᠭᠠᠷ
ᠠᠷᠠᠳ ᠤ᠋ᠨ ᠨᠠᠭᠠᠳᠤᠮ ᠤ᠋ᠨ ᠲᠦᠷᠦᠭᠦᠦ ᠶ᠋ᠢ ᠠᠪᠴᠤ
ᠠᠯᠳᠠᠷ ᠴᠣᠯᠠ ᠲᠠᠢ ᠠᠪᠤᠷᠭᠤ ᠪᠣᠯᠳᠠᠭ᠃
ᠵᠠ ᠬᠥ
ᠡᠷᠡᠬᠡᠢ ᠳ᠋ᠦ᠍ ᠪᠡᠨ ᠡᠷᠴᠢᠲᠡᠢ
ᠡᠭᠡᠮᠦᠨ ᠳ᠋ᠦ᠍ ᠪᠡᠨ ᠬᠦᠴᠦᠲᠡᠢ
ᠡᠭᠡᠳᠡᠨ ᠡᠷᠢᠶᠡᠨ ᠨᠤᠮᠤ ᠲᠠᠢ
ᠡᠷᠴᠢᠲᠦ ᠴᠠᠭᠠᠨ ᠰᠤᠮᠤ ᠲᠠᠢ
ᠡᠷᠡᠮᠡᠬᠡᠢ ᠴᠢᠨ ᠵᠣᠷᠢᠭᠲᠠᠢ
ᠡᠷᠡᠯᠬᠡᠭ ᠮᠣᠩᠭᠣᠯ ᠤ᠋ᠨ ᠬᠠᠷᠪᠤᠭᠠᠴᠢᠳ
ᠡᠬᠡ ᠣᠷᠣᠨ ᠤ᠋ ᠪᠠᠨ ᠰᠦᠷ ᠢ᠋ ᠪᠠᠳᠠᠷᠠᠭᠤᠯᠤᠨ
ᠶᠡᠬᠡ ᠨᠠᠭᠠᠳᠤᠮ ᠤ᠋ᠨ ᠢ᠋ᠶ᠋ᠠᠨ ᠪᠠᠬᠠᠳᠤᠯ ᠪᠣᠯᠵᠤ
ᠠᠲᠠᠭᠠᠲᠠᠨ ᠳᠠᠢᠰᠤᠨ ᠢ᠋ ᠳᠠᠷᠤᠭᠴᠢ
ᠠᠮᠤᠭᠤᠯᠠᠩ ᠲᠠᠢᠪᠤᠩ ᠤ᠋ᠨ ᠢ᠋ ᠬᠠᠮᠠᠭᠠᠯᠠᠭᠴᠢ
ᠠᠯᠳᠠᠷ ᠴᠤᠤᠲᠠᠢ ᠪᠠᠭᠠᠲᠤᠷ ᠤ᠋ᠳ ᠰᠢᠭ᠋
ᠠᠪᠬᠠᠯᠵᠢᠲᠤ ᠮᠡᠷᠭᠡᠨ ᠰᠤᠷᠴᠢᠨ ᠤᠳ
ᠡᠷ᠎ᠡ ᠶ᠋ᠢᠨ ᠪᠤᠯᠴᠢᠩ ᠰᠢᠯᠭᠠᠵᠤ
ᠡᠩ ᠦᠭᠡᠢ ᠣᠯᠠᠨ ᠢ᠋ ᠪᠠᠬᠠᠷᠬᠠᠭᠤᠯᠵᠤ
ᠪᠠᠷᠰ ᠴᠣᠬᠣᠷ ᠨᠤᠮᠤ ᠪᠠᠨ ᠲᠡᠯᠡᠵᠦ
ᠪᠠᠶᠠᠷ ᠤ᠋ᠨ ᠤᠤᠬᠠᠢ ᠰᠤᠷ ᠢ᠋ᠶ᠋ᠠᠨ ᠬᠠᠷᠪᠤᠬᠤ ᠳ᠋ᠤ᠌
ᠬᠤᠨ ᠴᠠᠭᠠᠨ ᠭᠣᠳᠣᠯᠢ ᠨᠢ
ᠬᠤᠢ ᠰᠠᠯᠬᠢᠨ ᠠ᠋ᠴᠠ ᠬᠦᠴᠦᠲᠡᠢ
ᠭᠱᠠᠨ ᠮᠥᠴᠡ ᠶ᠋ᠢᠨ ᠳᠣᠲᠣᠷ᠎ᠠ
ᠠᠭᠠᠷ ᠵᠦᠰᠦᠨ ᠢᠰᠭᠡᠷᠴᠦ
ᠬᠣᠰᠢᠭᠤ ᠴᠠᠭᠠᠨ ᠰᠤᠮᠤ ᠨᠢ
ᠬᠣᠯᠠ ᠶ᠋ᠢᠨ ᠲᠡᠷᠲᠡᠭᠡ ᠰᠤᠷᠠᠨ ᠳ᠋ᠤ᠌
ᠳᠤᠰᠬᠤ ᠬᠦᠴᠦ ᠪᠡᠨ ᠠᠪᠤᠭᠠᠳ
ᠲᠤᠩ ᠲᠦᠷᠭᠡᠨ ᠳᠡᠭᠦᠯᠢᠬᠦ ᠳ᠋ᠦ᠍
ᠠᠯᠲᠠᠨ ᠨᠠᠷᠠᠨ ᠳ᠋ᠤ᠌ ᠭᠢᠯᠪᠠᠯᠵᠠᠭᠠᠳ
ᠠᠯᠤᠰ ᠲᠤ᠌ ᠲᠣᠳᠣ ᠬᠠᠷᠠᠭᠳᠠᠨ᠎ᠠ᠃
ᠳᠡᠭᠵᠢᠨ ᠪᠣᠯᠭᠠᠨ ᠭᠤᠶᠤᠭᠰᠠᠨ
ᠳᠡᠯᠯᠡᠵᠦ ᠨᠠᠭᠠᠭᠰᠠᠨ ᠥᠳᠥ ᠨᠢ
ᠬᠠᠷᠴᠠᠭ᠎ᠠ ᠱᠣᠩᠬᠣᠷ ᠲᠠᠢ ᠵᠦᠢᠷᠯᠡᠮᠡᠷ
ᠳᠡᠭᠦᠯᠢᠨ ᠢᠰᠬᠡᠷᠦᠨ ᠨᠢᠰᠴᠦ
ᠬᠤᠷᠳᠤ ᠬᠦᠴᠦ ᠨᠡᠮᠡᠳᠡᠭ ᠶᠦ᠍ᠮ
ᠣᠴᠢᠭᠰᠠᠨ ᠰᠤᠮᠤ ᠨᠢ ᠬᠣᠭᠣᠰᠣᠨ ᠦᠭᠡᠢ
ᠣᠷᠣᠭᠰᠠᠨ ᠰᠤᠷ ᠢ᠋ᠶ᠋ᠠᠨ ᠨᠤᠷᠠᠭᠠᠨ᠎ᠠ᠃
ᠤᠨᠤᠭ᠎ᠠ ᠪᠦᠷᠦᠢ ᠳ᠋ᠦ᠍ ᠬᠥᠭᠵᠢᠯᠳᠦᠨ
ᠤᠤᠬᠠᠢ ᠳᠠᠭᠤᠤ ᠬᠠᠩᠭᠢᠨᠠᠨ᠎ᠠ᠃


ᠵᠠ ᠬᠥ
ᠰᠡᠷᠢᠭᠦᠨ ᠣᠷᠣᠨ ᠤ᠋ ᠪᠠᠨ ᠤᠯᠠᠷᠢᠯ ᠳ᠋ᠤ᠌
ᠴᠢᠭᠢᠷᠠᠭ ᠳᠠᠰᠤᠨ ᠥᠰᠦᠭᠰᠡᠨ
ᠰᠦᠷᠦᠭ ᠢᠵᠢᠯ ᠳᠤᠮᠳᠠ ᠠ᠋ᠴᠠ ᠪᠠᠨ
ᠰᠢᠭᠰᠢᠮᠡᠯ ᠬᠤᠷᠳᠤᠨ ᠬᠥᠯᠦᠭ ᠦᠳ
ᠭᠠᠯ ᠬᠠᠯᠠᠭᠤᠨ ᠳ᠋ᠤ᠌ ᠴᠤ᠌ ᠶᠠᠳᠠᠷᠠᠬᠤ ᠦᠭᠡᠢ
ᠭᠠᠵᠠᠷ ᠤ᠋ᠨ ᠪᠡᠷᠬᠡ ᠶ᠋ᠢ ᠳᠤᠭᠤᠯᠤᠭᠠᠳ
ᠰᠠᠯᠠᠭ᠎ᠠ ᠳᠦᠭᠦᠷᠡᠩ ᠨᠢᠳᠦ ᠪᠡᠷ ᠢ᠋ᠶ᠋ᠡᠨ
ᠪᠠᠷᠲᠠᠭ᠎ᠠ ᠪᠦᠬᠦᠨ ᠢ᠋ ᠠᠵᠢᠭᠯᠠᠨ
ᠬᠠᠰᠬᠢᠷᠤᠨ ᠳᠠᠭᠤᠯᠠᠬᠤ ᠶ᠋ᠢᠨ ᠴᠤᠤᠷᠢᠶ᠎ᠠ ᠪᠠᠷ
ᠬᠠᠮᠤᠭ ᠬᠦᠴᠦ  ᠪᠡᠨ ᠨᠡᠮᠡᠭᠡᠳ
ᠰᠠᠯᠪᠠᠩ ᠬᠠᠮᠠᠷ ᠤ᠋ᠨ ᠨᠦᠬᠡ ᠪᠡᠷ
ᠠᠮᠢᠰᠬᠤᠯ ᠢ᠋ᠶ᠋ᠠᠨ ᠭᠠᠷᠭᠠᠨ ᠳᠠᠪᠬᠢᠭᠰᠠᠭᠠᠷ
ᠰᠠᠯᠬᠢᠨ ᠬᠦᠷᠳᠦᠨ ᠡᠴᠡ ᠬᠤᠷᠳᠤᠨ

ᠠᠬᠢᠨ ᠠᠬᠢᠨ ᠬᠤᠷᠳᠤᠯᠠᠭᠰᠠᠭᠠᠷ
ᠤᠷᠤᠭᠤ ᠭᠠᠵᠠᠷ ᠭᠡᠵᠦ ᠪᠡᠷᠲᠡᠯ ᠦᠭᠡᠢ
ᠥᠭᠡᠳᠡ ᠭᠠᠵᠠᠷ ᠭᠡᠵᠦ ᠴᠥᠬᠥᠷᠡᠯ ᠦᠭᠡᠢ
ᠮᠣᠬᠣᠰᠢ ᠦᠭᠡᠢ ᠴᠢᠳᠠᠫ ᠤ᠋ᠨ ᠢ᠋ᠶ᠋ᠠᠨ ᠡᠷ᠎ᠡ ᠪᠡᠷ
ᠮᠣᠷᠢᠳ ᠢ᠋ ᠴᠤᠪᠤᠭᠤᠯᠤᠨ ᠭᠦᠢᠴᠡᠭᠰᠡᠭᠡᠷ
ᠵᠠᠳᠠᠭᠠᠢ ᠴᠢᠯᠠᠭᠤ ᠶ᠋ᠢ ᠥᠰᠥᠷᠬᠡᠨ
ᠵᠠᠮ ᠤ᠋ᠨ ᠲᠣᠭᠣᠰᠣ ᠶ᠋ᠢ ᠪᠤᠲᠠᠷᠭᠠᠵᠤ
ᠵᠢᠯᠣᠭᠣ ᠰᠤᠩᠭᠠᠨ ᠣᠷᠣᠯᠳᠣᠭᠴᠢ
ᠵᠢᠪᠬᠤᠯᠠᠩᠲᠤ ᠬᠦᠯᠦᠭ ᠰᠠᠢᠬᠠᠨ  ᠡ
ᠵᠠ ᠬᠥ
ᠡᠷᠡᠯᠬᠡᠭ ᠬᠦᠴᠦᠲᠡᠢ ᠨᠢᠭᠡ ᠨᠢ
ᠡᠨᠡ ᠪᠠᠷᠢᠯᠳᠤᠭᠠᠨ ᠳ᠋ᠤ᠌ ᠰᠢᠯᠭᠠᠷᠠᠵᠤ
ᠡᠷᠡᠬᠡᠢ ᠮᠡᠷᠭᠡᠨ ᠬᠠᠷᠪᠤᠭᠠᠴᠢ ᠨᠢ
ᠰᠤᠷ ᠤ᠋ᠨ ᠴᠤᠪᠤᠭᠠᠨ ᠳ᠋ᠤ᠌ ᠲᠦᠷᠦᠭᠦᠯᠡᠵᠦ
ᠡᠷᠳᠡᠨᠢᠲᠦ ᠬᠥᠯᠥᠭ ᠦᠨ ᠳᠣᠲᠣᠷ᠎ᠠ ᠠ᠋ᠴᠠ
ᠡᠷᠡᠮᠡᠬᠡᠢ ᠬᠤᠷᠳᠤᠨ ᠨᠢ ᠲᠣᠳᠣᠷᠠᠵᠤ
ᠡᠷ᠎ᠡ ᠶ᠋ᠢᠨ ᠭᠤᠷᠪᠠᠨ ᠨᠠᠭᠠᠳᠤᠮ ᠳ᠋ᠤ᠌ ᠪᠠᠨ
ᠭᠠᠷᠭᠠᠭᠤᠨ ᠲᠦᠷᠦᠭᠦᠯᠡᠭᠰᠡᠨ ᠪᠦᠭᠦᠳᠡᠭᠡᠷ ᠢ᠋ᠶ᠋ᠡᠨ
ᠭᠠᠪᠢᠶ᠎ᠠ ᠴᠣᠯᠠ ᠪᠠᠨ ᠳᠠᠭᠤᠳᠠᠭᠤᠯᠵᠤ
ᠭᠠᠵᠠᠷ ᠨᠤᠲᠤᠭ ᠢ᠋ᠶ᠋ᠠᠨ ᠨᠡᠷᠡᠯᠡᠭᠦᠯᠵᠦ
ᠪᠡᠯᠡᠭ ᠱᠠᠩ ᠬᠦᠷᠲᠡᠵᠦ
ᠪᠦᠬᠦ ᠣᠯᠠᠨ ᠳ᠋ᠤ᠌ ᠪᠠᠨ ᠬᠠᠢᠷᠠᠯᠠᠭᠳᠠᠳᠠᠭ ᠪᠢᠯᠡ᠃