ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ - ᠨᠥ 3 Гангын урсгал – Чингис эзний алтан ургийн түүх Канкны урсгал нэрт бичиг оршив - Нө 3 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ - ᠨᠥ 3 Гангын урсгал – Чингис эзний алтан ургийн түүх Канкны урсгал нэрт бичиг оршив - Нө 3

ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ - ᠨᠥ 3 Гангын урсгал – Чингис эзний алтан ургийн түүх Канкны урсгал нэрт бичиг оршив - Нө 3

ᠠᠩᠭᠢᠯᠠᠯ:ᠲᠡᠦᠬᠡ ᠰᠣᠶᠣᠯ
2023-04-30

387

                  
                     ᠣᠩᠨᠢᠭᠤᠳ ① ᠤ᠋ᠨ ᠨᠣᠶᠠᠳ ᠤ᠋ᠨ ᠤᠭ  

       ᠪᠣᠭᠳᠠ ᠴᠢᠩᠭᠢᠰ ᠬᠠᠭᠠᠨ ᠤ᠋ ᠬᠤᠲᠠᠭᠠᠷ ᠳ᠋ᠡᠭᠦᠦ ᠂ ᠶ᠋ᠢ ᠸᠠᠩ ᠬᠠᠴᠢᠬᠤ ② ᠶ᠋ᠢᠨ ᠬᠥᠪᠡᠭᠦᠨ ᠢ᠋ ᠶ᠋ᠢᠨ ᠸᠠᠩ ᠠᠨᠴᠢᠬᠡᠲᠡᠢ ③ ᠂ ᠲᠡᠭᠦᠨᠦ ᠬᠥᠪᠡᠭᠦᠨ ᠬᠠᠳᠠᠨ ᠲᠠᠢᠶ᠋ᠢ ᠂ ᠲᠡᠭᠦᠨᠦ ᠬᠦᠦ ᠯᠤᠩ ᠸᠠᠩ ᠬᠣᠯᠣᠴᠤ ᠂ ᠬᠣᠶᠠᠳᠤᠭᠠᠷ ᠠᠨᠤ ᠴᠠᠬᠤᠯᠠᠢ  ᠲᠠᠢᠶ᠋ᠢ ᠂ ᠴᠠᠬᠤᠯᠠᠢ ᠶ᠋ᠢᠨ ᠶᠡᠬᠡ ᠬᠦᠦ ᠶ᠋ᠢ ᠠᠨ ᠸᠠᠩ ᠶᠠᠷᠭᠢ ᠭᠤᠲᠠᠭᠠᠷ ᠬᠦᠦ ᠬᠤᠯᠤᠭᠤᠷ ᠂ ᠲᠡᠭᠦᠨᠦ ᠬᠦᠦ ᠦ ᠸᠠᠩ ᠮᠤᠨᠠᠴᠢ ᠲᠡᠭᠦᠨᠦ ᠬᠦᠦ ᠦ ᠸᠠᠩ ᠲᠥᠷᠥ④ ᠲᠡᠭᠦᠨᠦ ᠬᠦᠦ ᠶ᠋ᠢ ᠸᠠᠩ ᠪᠠᠪᠠᠠᠢ ⑤ ᠶᠡᠷᠦ ᠬᠠᠴᠢᠬᠤ ᠶ᠋ᠢᠨ ᠦᠷ᠎ᠡ ᠠᠨᠤ ᠂ ᠣᠩᠨᠢᠭᠤᠳ ᠤ᠋ᠨ ᠨᠣᠶᠠᠳ ᠡᠳᠡ ᠪᠣᠢ ᠃ 

— — — — 
① 《ᠮᠣᠩᠭᠣᠯ ᠤ᠋ᠨ ᠨᠡᠭᠦᠬᠦ ᠮᠠᠯᠵᠢᠯ ᠤ᠋ᠨ ᠲᠡᠮᠳᠡᠭᠯᠡᠯ 》 ᠳ᠋ᠦ᠍ᠷ ᠲᠡᠮᠳᠡᠭᠯᠡᠭᠰᠡᠨ ᠨᠢ ᠄ 《ᠣᠩᠨᠢᠭᠤᠳ ᠠᠢᠮᠠᠭ ᠠᠨᠤ  ᠮᠤᠯᠳᠤᠱᠢ ᠬᠠᠭᠠᠯᠠᠭ᠎ᠠ ᠠ᠋ᠴᠠ ᠵᠡᠭᠦᠨ  ᠬᠣᠢᠰᠢ ᠲᠠᠪᠤᠨ ᠵᠠᠭᠤᠨ ᠬᠣᠷᠢᠨ ᠭᠠᠵᠠᠷ ᠪᠤᠶᠤ ᠃  ᠨᠡᠢᠰᠯᠡᠯ ᠬᠣᠲᠠᠨ ᠳ᠋ᠤᠷ ᠬᠦᠷᠴᠦ ᠢᠷᠡᠬᠦᠢ ᠢᠨᠤ ᠳᠣᠯᠣᠭᠠᠨ ᠵᠠᠭᠤᠨ ᠬᠣᠷᠢᠨ ᠭᠠᠵᠠᠷ ᠠᠵᠤᠭᠤ ᠃ ᠵᠡᠭᠦᠨ ᠪᠠᠷᠠᠭᠤᠨ ᠬᠠᠷᠢᠯᠴᠠᠨ ᠠᠯᠤᠰᠯᠠᠭᠰᠠᠨ ᠠᠨᠤ  ᠭᠤᠷᠪᠠᠨ ᠵᠠᠭᠤᠨ ᠭᠠᠵᠠᠷ ᠂ ᠡᠮᠦᠨ᠎ᠡ ᠤᠮᠠᠷ᠎ᠠ ᠬᠠᠷᠢᠯᠴᠠᠨ ᠠᠯᠤᠰᠯᠠᠭᠰᠠᠨ ᠠᠨᠤ ᠨᠢᠭᠡᠨ ᠵᠠᠭᠤᠨ ᠵᠢᠷᠠᠨ ᠭᠠᠵᠠᠷ ᠃ ᠵᠡᠭᠦᠨ ᠡᠲᠡᠭᠡᠳ ᠢᠨᠤ ᠠᠷᠤ ᠬᠣᠷᠴᠢᠨ ᠳ᠋ᠤ᠌ ᠵᠠᠬ᠎ᠠ  ᠨᠡᠢᠯᠡᠵᠦ ᠂ ᠪᠠᠷᠠᠭᠤᠨ ᠡᠲᠡᠭᠡᠳ ᠢᠨᠤ ᠡᠷᠳᠡᠮ ᠊ᠢ ᠳᠠᠭᠠᠭᠰᠠᠨ ᠹᠦ (承德 ) ᠿᠸ ᠾᠧ ᠶ᠋ᠢᠨ ᠬᠣᠷᠢᠭ᠎ᠠ ᠭᠠᠵᠠᠷ ᠲᠤ᠌ ᠵᠠᠬ᠎ᠠ  ᠨᠡᠢᠯᠡᠵᠦᠬᠦᠢ ᠂ ᠡᠮᠦᠨ᠎ᠡ ᠡᠲᠡᠭᠡᠳ ᠢᠨᠤ ᠬᠠᠷᠴᠢᠨ ᠵᠢᠴᠢ ᠣᠣᠬᠠᠨ ᠳ᠋ᠤᠷ ᠵᠠᠬ᠎ᠠ  ᠨᠡᠢᠯᠡᠵᠦ ᠂ ᠤᠮᠠᠷ᠎ᠠ ᠡᠲᠡᠭᠡᠳ ᠢᠨᠤ ᠪᠠᠭᠠᠷᠢᠨ ᠵᠢᠴᠢ  ᠬᠡᠰᠢᠭᠲᠡᠨ ᠳ᠋ᠦ᠍ᠷ ᠵᠠᠬ᠎ᠠ  ᠨᠡᠢᠯᠡᠵᠦᠬᠦᠢ ᠃ ᠳᠠᠩ ᠤᠯᠤᠰ ᠤ᠋ᠨ ᠦᠶ᠎ᠡ ᠳ᠋ᠦ᠍ᠷ ᠰᠢᠷ᠎ᠠ  ᠳ᠋ᠦᠳᠥ ᠶ᠋ᠢᠨ ᠶᠠᠮᠤᠨ ᠦ ᠭᠠᠵᠠᠷ  ᠠᠭᠰᠠᠨ ᠢᠶᠠᠨ ᠯᠢᠶᠣᠤ ᠤᠯᠤᠰ ᠤ᠋ᠨ ᠦᠶ᠎ᠡ ᠳ᠋ᠦ᠍ᠷ ᠷᠤᠤ ᠵᠧᠦ ᠺᠤᠸᠠᠩ ᠢ ᠵᠢᠶᠦ᠋ᠨ ᠦ᠌ ᠭᠠᠵᠠᠷ  ᠪᠠᠢᠭᠤᠯᠵᠤ ᠳᠡᠭᠡᠳᠦ  ᠨᠡᠢᠰᠯᠡᠯ ᠦ᠋ᠨ ᠵᠠᠮ ᠳ᠋ᠤᠷ ᠬᠠᠮᠢᠶᠠᠷᠤᠭᠳᠠᠵᠤᠬᠤᠢ ᠃ ᠠᠯᠲᠠᠨ ᠤᠯᠤᠰ ᠤ᠋ᠨ ᠦᠶ᠎ᠡ ᠳ᠋ᠦ᠍ᠷ ᠪᠡᠭᠡᠵᠢᠩ ᠦ᠋ᠨ ᠵᠠᠮ ᠳ᠋ᠤᠷ ᠪᠠᠭᠲᠠᠵᠤ ᠶᠤᠸᠠᠨ ᠤᠯᠤᠰ ᠤ᠋ᠨ ᠦᠶ᠎ᠡ ᠳ᠋ᠦ᠍ᠷ ᠯᠦ᠍ ᠸᠠᠩ ᠤ᠋ᠨ  ᠡᠷᠭᠦᠮᠵᠢᠯᠡᠭᠳᠡᠭᠰᠡᠨ ᠭᠠᠵᠠᠷ ᠪᠣᠯᠠᠢ ᠃ ᠮᠢᠩ ᠤᠯᠤᠰ ᠤ᠋ᠨ ᠠᠩᠬᠠᠨ ᠳ᠋ᠤᠷ ᠤᠷᠢᠶᠠᠩᠬᠠᠨ ᠤ᠋ ᠨᠣᠶᠠᠳ ᠸᠧᠢ  ᠪᠠᠢᠭᠤᠯᠵᠤ ᠭᠠᠳᠠᠭᠠᠳᠤ ᠬᠠᠷᠢᠶ᠎ᠠ  ᠭᠡᠵᠦ ᠠᠭᠰᠠᠨ ᠢ᠋ᠶ᠋ᠠᠨ  ᠬᠣᠢᠨ᠎ᠠ ᠠᠨᠤ ᠮᠣᠩᠭᠣᠯ ᠳ᠋ᠤᠷ ᠣᠷᠣᠵᠤᠬᠤᠢ 》 ᠭᠡᠵᠡᠢ ᠃  
      ᠣᠩᠨᠢᠭᠤᠳ ᠤ᠋ᠨ ᠨᠣᠶᠠᠳ ᠤ᠋ᠨ ᠦᠶ᠎ᠡ ᠤᠯᠠᠮᠵᠢᠯᠠᠯ ᠤ᠋ᠨ ᠲᠤᠬᠠᠢ ᠮᠣᠩᠭᠣᠯ ᠰᠤᠷᠪᠤᠯᠵᠢ ᠪᠢᠴᠢᠭ ᠲᠦ᠍ ᠲᠡᠮᠳᠡᠭᠯᠡᠭᠰᠡᠨ ᠡᠴᠡ ᠦᠵᠡᠪᠡᠯ ᠣᠩᠨᠢᠭᠤᠳ ᠤ᠋ᠨ ᠨᠣᠶᠠᠳ ᠪᠣᠯ ᠴᠢᠩᠭᠢᠰ ᠬᠠᠭᠠᠨ ᠤ᠋ ᠭᠤᠲᠠᠭᠠᠷ ᠳᠡᠭᠦᠦ ᠬᠠᠴᠢᠬᠤ ᠶ᠋ᠢᠨ  ᠬᠣᠢᠴᠢ ᠦᠶ᠎ᠡ ᠪᠣᠯᠤᠮᠤᠢ ᠃  《ᠠᠯᠲᠠᠨ ᠲᠣᠪᠴᠢ 》 ᠳ᠋ᠤ᠌ 《ᠬᠠᠴᠢᠬᠤ ᠶ᠋ᠢᠨ ᠦᠷ᠎ᠡ ᠠᠯᠴᠢᠲᠠᠢ ᠂ ᠲᠥᠯᠥᠭᠡᠨ ᠨᠣᠶᠠᠨ ᠨᠥᠬᠥᠭᠡ ᠬᠦᠷᠢᠶᠡᠨ ᠡᠬᠢᠯᠡᠨ ᠬᠠᠷ᠎ᠠ ᠴᠡᠷᠢᠭ ᠬᠣᠶᠠᠷ ᠣᠩᠨᠢᠭᠤᠳ ᠤ᠋ᠨ ᠸᠠᠩ ᠤ᠋ᠨ ᠨᠣᠶᠠᠳ ᠡᠳᠡ ᠪᠤᠶᠤ 》 ᠭᠡᠵᠡᠢ ᠃ ᠬᠢᠲᠠᠳ ᠰᠤᠷᠪᠤᠯᠵᠢ ᠪᠢᠴᠢᠭ ᠲᠦ᠍ ᠣᠩᠨᠢᠭᠤᠳ ᠤ᠋ᠨ ᠨᠣᠶᠠᠳ ᠤ᠋ᠨ ᠤᠭ  ᠢ᠋ ᠤᠯᠠᠩᠬᠢᠨ ᠴᠢᠩᠭᠢᠰ ᠬᠠᠭᠠᠨ ᠤ᠋ ᠳᠥᠲᠥᠭᠡᠷ ᠳᠡᠭᠦᠦ ᠣᠤᠠᠴᠢᠭᠢᠨ ᠨᠣᠶᠠᠨ ᠤ᠋  ᠬᠣᠢᠴᠢ ᠠᠴᠢ ᠨᠠᠷ ᠭᠡᠵᠦ ᠲᠡᠮᠳᠡᠭᠯᠡᠭᠰᠡᠨ ᠪᠤᠶᠤ ᠃ ᠡᠨᠡ ᠠᠰᠠᠭᠤᠳᠠᠯ ᠤ᠋ᠨ ᠲᠤᠬᠠᠢ ᠲᠡᠦᠬᠡᠴᠢ ᠷᠠᠰᠢᠫᠤᠩᠰᠤᠭ ᠲᠡᠭᠦᠨ ᠦ᠌ 《 ᠪᠣᠯᠣᠷ ᠡᠷᠢᠭᠡ 》 ᠳ᠋ᠡᠭᠡᠨ ᠰᠢᠨᠵᠢᠯᠭᠡᠨ ᠬᠢᠵᠦ ᠰᠤᠳᠤᠯᠤᠭᠰᠠᠨ  ᠪᠠᠢᠵᠠᠢ ᠃ ᠲᠡᠭᠦᠨ ᠦ᠌ ᠰᠢᠨᠵᠢᠯᠭᠡᠨ ᠊ᠢ  ᠦᠨᠳᠦᠰᠦᠯᠡᠪᠡᠯ ᠂ ᠣᠩᠨᠢᠭᠤᠳ ᠤ᠋ᠨ ᠨᠣᠶᠠᠳ ᠤ᠋ᠨ ᠤᠭ ᠨᠢ ᠳᠠᠷᠤᠢ ᠬᠠᠴᠢᠬᠤ ᠶ᠋ᠢᠨ ᠬᠣᠢᠴᠢ ᠠᠴᠢ ᠨᠠᠷ ᠪᠣᠯᠤᠨ᠎ᠠ ᠃ 《 ᠪᠣᠯᠣᠷ ᠡᠷᠢᠭᠡ 》 ᠳ᠋ᠦ᠍ ᠣᠩᠨᠢᠭᠤᠳ ᠨᠣᠶᠠᠳ ᠤ᠋ᠨ ᠤᠭ ᠊ᠢ ᠮᠥᠨ ᠬᠠᠴᠢᠬᠤ ᠠ᠋ᠴᠠ ᠡᠬᠢᠯᠡᠨ ᠵᠢ ᠨᠠᠨ ᠸᠠᠩ ᠪᠠᠪᠠᠢ ᠬᠦᠷᠲᠡᠯ᠎ᠡ ᠲᠣᠭᠠᠴᠠᠭᠠᠳ 《 ᠠᠯᠲᠠᠨ  ᠬᠦᠷᠳᠦᠨ ᠮᠢᠩᠭᠠᠨ ᠬᠡᠭᠡᠰᠦᠲᠦ ᠨᠡᠷᠡᠲᠦ ᠰᠤᠳᠤᠷ ᠲᠤᠷ ᠡᠭᠦᠨᠴᠡ  ᠬᠣᠢᠰᠢᠬᠢ ᠶ᠋ᠢ ᠮᠡᠳᠡᠬᠦ ᠦᠭᠡᠢ ᠬᠡᠮᠡᠵᠦᠬᠦᠢ 》 ᠭᠡᠵᠡᠢ ᠃ ᠭᠡᠰᠡᠨ ᠴᠦ᠍ ᠷᠠᠰᠢᠫᠤᠩᠰᠤᠭ ᠂ ᠲᠤᠬᠠᠢ ᠶ᠋ᠢᠨ ᠦᠶ᠎ᠡ ᠶ᠋ᠢᠨ ᠣᠩᠨᠢᠭᠤᠳ ᠵᠡᠭᠦᠨ ᠬᠤᠰᠢᠭᠤᠨ ᠤ᠋ ᠲᠤᠰᠠᠯᠠᠭᠴᠢ ᠵᠠᠰᠠᠭ  ᠲᠠᠢᠵᠢ ᠭᠣᠮᠪᠤᠴᠠᠪᠲᠠᠨ ᠤ᠋ ᠬᠠᠳᠠᠭᠠᠯᠠᠭᠰᠠᠨ ᠲᠡᠳᠡᠨ ᠦ᠌ 《 ᠬᠠᠷᠢᠶᠠᠲᠤ ᠲᠡᠦᠬᠡ 》 ᠶ᠋ᠢ  ᠪᠠᠢᠴᠠᠭᠠᠨ ᠦᠵᠡᠵᠦ ᠪᠠᠶᠠᠨᠲᠠᠢ ᠬᠣᠩ  ᠲᠠᠢᠵᠢ ᠠ᠋ᠴᠠ ᠡᠬᠢᠯᠡᠨ ᠮᠥᠨ ᠦᠶ᠎ᠡ ᠳᠠᠷᠠᠭᠠᠯᠠᠨ ᠲᠣᠭᠠᠴᠢᠵᠠᠢ ᠃ ᠡᠭᠦᠨ ᠦ᠌ ᠵᠡᠷᠭᠡᠳᠡ ᠲᠡᠷᠡ 《 ᠡᠳᠡᠭᠡᠷ ᠢ᠋ᠶ᠋ᠡᠷ ᠬᠠᠮᠲᠤ ᠬᠠᠴᠢᠬᠤ ᠶ᠋ᠢᠨ ᠦᠷ᠎ᠡ ᠣᠩᠨᠢᠭᠤᠳ ᠤ᠋ᠨ ᠬᠣᠶᠠᠷ ᠬᠤᠰᠢᠭᠤᠨ ᠤ᠋ ᠨᠣᠶᠠᠳ ᠪᠣᠯᠠᠢ 》 ᠭᠡᠵᠦ ᠳᠤᠷᠠᠳᠤᠭᠰᠠᠨ ᠪᠣᠯᠪᠠᠴᠤ ᠪᠠᠶᠠᠨᠲᠠᠢ ᠬᠣᠩ  ᠲᠠᠢᠵᠢ ᠴᠣᠬᠣᠮ ᠬᠡᠨ  ᠦ᠌ ᠬᠥᠪᠡᠭᠦᠨ ᠪᠣᠯᠬᠤ ᠲᠤᠬᠠᠢ ᠲᠣᠳᠣᠷᠬᠠᠢ ᠵᠢᠭᠠᠵᠤ ᠴᠢᠳᠠᠭᠰᠠᠨ ᠦᠭᠡᠢ  ᠶᠦ᠍ᠮ ᠃ 
② ᠵᠢ ᠸᠠᠩ ᠬᠠᠴᠢᠬᠤ ᠄ ᠮᠣᠩᠭᠣᠯ ᠰᠤᠷᠪᠤᠯᠵᠢ ᠪᠢᠴᠢᠭ ᠲᠣᠷ ᠬᠠᠴᠢᠭᠢᠨ ᠂ ᠬᠠᠴᠢᠬᠤ ᠭᠡᠵᠦ ᠪᠢᠴᠢᠳᠡᠭ ᠃ 《 ᠶᠤᠸᠠᠨ ᠱᠢ 》 ᠳ᠋ᠦ᠍ ᠬᠠᠴᠢᠬᠤ  ᠳᠠ ᠸᠠᠩ (大王 ) ᠭᠡᠵᠦ ᠲᠡᠮᠳᠡᠭᠡᠯᠡᠵᠦ  ᠪᠠᠢᠳᠠᠭ ᠪᠠ ᠲᠡᠭᠦᠨ ᠦ᠌  ᠬᠣᠢᠴᠢ ᠦᠶ᠎ᠡ ᠶ᠋ᠢᠨ ᠬᠢᠨ  ᠵᠢ ᠸᠠᠩ ( 济王)  ᠡᠷᠭᠦᠮᠵᠢᠯᠡᠭᠳᠡᠭᠰᠡᠨ ᠲᠤᠬᠠᠢ ᠲᠡᠮᠳᠡᠭᠯᠡᠯ  ᠪᠠᠢᠳᠠᠭ᠃ 
③ ᠠᠨᠴᠢᠬᠡᠲᠠᠢ ᠄ ᠮᠣᠩᠭᠣᠯ ᠰᠤᠷᠪᠤᠯᠵᠢ ᠪᠢᠴᠢᠭ ᠦ᠋ᠨ ᠵᠠᠷᠢᠮ ᠳ᠋ᠤᠨᠢ ᠪᠠᠰᠠ ᠠᠯᠴᠢᠲᠠᠢ ᠭᠡᠵᠦ ᠪᠢᠴᠢᠳᠡᠭ ᠂ ᠡᠨᠳᠡ ᠠᠨᠴᠢᠭᠡᠲᠠᠢ ᠶ᠋ᠢ ᠶ᠋ᠢ ᠶ᠋ᠢᠨ [  ᠨᠠᠨ ] ᠸᠠᠩ ᠭᠡᠵᠦ ᠲᠡᠮᠳᠡᠭᠯᠡᠵᠡᠢ ᠃  《 ᠶᠤᠸᠠᠨ ᠱᠢ 》 ᠡᠴᠡ ᠦᠵᠡᠪᠡᠯ ᠠᠨᠴᠢᠭᠡᠲᠡᠢ ᠴᠣᠬᠣᠮ ᠠᠯᠢ ᠦᠶ᠎ᠡ  ᠳ᠋ᠦ᠍  ᠶ᠋ᠢ ᠨᠠᠨ ᠸᠠᠩ (济南王 )  ᠡᠷᠭᠦᠮᠵᠢᠯᠡᠭᠳᠡᠭᠰᠡᠨ ᠲᠤᠬᠠᠢ ᠲᠡᠮᠳᠡᠭᠯᠡᠯ ᠦᠭᠡᠢ ᠂ ᠬᠠᠷᠢᠨ ᠭᠠᠭᠴᠠᠬᠦ ᠲᠡᠭᠦᠨ ᠦ᠌  ᠬᠣᠢᠴᠢ ᠦᠶ᠎ᠡ ᠶ᠋ᠢᠨ ᠠᠴᠢ ᠪᠣᠯᠬᠤ ᠶᠠᠷᠭᠢ  ᠶ᠋ᠢ ᠨᠠᠨ ᠸᠠᠩ ᠪᠣᠯᠤᠭᠰᠠᠨ ᠲᠤᠬᠠᠢ ᠮᠡᠳᠡᠭᠡ ᠪᠣᠢ ᠃ 
④ ᠡᠦ ᠸᠠᠩ ᠲᠥᠷᠥ ᠄ ᠠᠨᠴᠢᠭᠡᠲᠠᠢ ᠶ᠋ᠢᠨ ᠳᠥᠲᠥᠭᠡᠷ ᠬᠥᠪᠡᠭᠦᠨ ᠂  ᠬᠤᠸ᠋ᠩ ᠴᠢᠩ ᠦ᠋ᠨ ᠠᠩᠬᠠᠨ ᠤ᠋ ᠣᠨ (1312 ) ᠲᠤᠷ  ᠶ᠋ᠢ ᠨᠠᠨ ᠸᠠᠩ ᠠ᠋ᠴᠠ ᠰᠢᠯᠵᠢᠭᠦᠯᠦᠨ ᠡᠦ ᠸᠠᠩ (吴王 ) ᠡᠷᠭᠦᠮᠵᠢᠯᠡᠵᠡᠢ ᠃ 
⑤ ᠵᠢ ᠸᠠᠩ ᠪᠠᠪᠠᠢ ᠄ 《 ᠶᠤᠸᠠᠨ ᠱᠢ 》 ᠳ᠋ᠦ᠍ ᠶ᠋ᠢ ᠶᠠᠩ ᠸᠠᠩ (济阳王 ) ᠪᠠᠪᠠᠢ ᠭᠡᠳᠡᠭ ᠃



                 
                      ᠠᠪᠠᠭ᠎ᠠ ① ᠶ᠋ᠢᠨ ᠨᠣᠶᠠᠳ ᠤ᠋ᠨ ᠤᠭ  

     ᠪᠣᠭᠳᠠ ᠴᠢᠩᠭᠢᠰ ᠬᠠᠭᠠᠨ ᠤ᠋ ᠳᠥᠲᠥᠭᠡᠷ ᠳᠡᠭᠦᠦ ᠦᠴᠡᠭᠡᠨ② ᠦ᠌ ᠬᠥᠪᠡᠭᠦᠨ ᠠᠯᠲᠠᠨ ᠤ᠋ ᠲᠠᠶ᠋ᠢᠶᠢ ᠲᠡᠭᠦᠨᠦ ᠭᠤᠷᠪᠠᠨ ᠬᠥᠪᠡᠭᠦᠨ ᠢᠨᠤ ᠂ ᠠᠮᠤᠷ ᠲᠠᠶ᠋ᠢᠶᠢ ᠂ ᠠᠶᠠᠬᠠᠴᠢ ᠲᠠᠶ᠋ᠢᠶᠢ ᠂ ᠵᠢᠪᠡᠭᠡᠨ ᠨᠣᠶᠠᠨ③᠂ ᠢᠪᠡᠭᠡᠨ [ ᠵᠢᠪᠡᠭᠡᠨ ] ᠦ ᠬᠥᠪᠡᠭᠦᠨ ᠲᠠᠰᠠᠬᠠᠷ ᠲᠠᠶ᠋ᠢᠶᠢ ᠂ ᠲᠡᠭᠦᠨᠦ ᠵᠢᠷᠭᠤᠭᠠᠨ ᠬᠥᠪᠡᠭᠦᠨ ᠡᠴᠡ ᠶᠡᠬᠡ ᠢᠨᠤ ᠰᠢᠦ ᠸᠠᠩ ᠨᠠᠶ᠋ᠢᠮᠠᠲᠠᠢ④ ᠂ ᠣᠳᠬᠣᠨ ᠢᠨᠤ ᠪᠣᠯᠤᠲᠠᠢ ᠶ᠋ᠢᠨ ᠬᠥᠪᠡᠭᠦᠨ ᠰᠢ ᠨᠢᠩ ᠸᠠᠩ ᠰᠠᠷᠢᠮᠬᠤᠨ⑤ ᠂ ᠶᠡᠷᠦ ᠦᠴᠡᠭᠡᠨ ᠦ᠌ ᠦᠷ᠎ᠡ ᠬᠠᠯᠬ᠎ᠠ ᠳ᠋ᠤᠷ ᠪᠣᠢ ᠭᠡᠨᠡᠮ ⑥᠂  

— — — — 
①《ᠮᠣᠩᠭᠣᠯ ᠤ᠋ᠨ ᠨᠡᠭᠦᠬᠦ ᠮᠠᠯᠵᠢᠯ ᠤ᠋ᠨ ᠲᠡᠮᠳᠡᠭᠯᠡᠯ 》 ᠳ᠋ᠦ᠍ᠷ ᠲᠡᠮᠳᠡᠭᠯᠡᠭᠰᠡᠨ ᠢᠨᠤ ᠄ ᠠᠪᠠᠭ᠎ᠠ ᠠᠶ᠋ᠢᠮᠠᠭ ᠠᠨᠤ ᠴᠢᠭᠤᠯᠤᠯᠲᠤ ᠬᠠᠭᠠᠯᠭ᠎ᠠ ᠠ᠋ᠴᠠ ᠵᠡᠭᠦᠨ ᠬᠣᠶ᠋ᠢᠰᠢ ᠲᠠᠪᠤᠨ ᠵᠠᠭᠤ ᠶᠡᠷᠡᠨ ᠭᠠᠵᠠᠷ ᠪᠣᠢ ᠃ ᠨᠡᠶ᠋ᠢᠰᠯᠡᠯ ᠳ᠋ᠦ᠍ᠷ ᠬᠦᠷᠴᠦ ᠢᠷᠡᠬᠦᠢ ᠢᠨᠤ ᠨᠢᠭᠡᠨ ᠮᠢᠩᠭᠠᠨ ᠭᠠᠵᠠᠷ ᠠᠵᠤᠭᠤ ᠃ ᠵᠡᠭᠦᠨ ᠪᠠᠷᠠᠭᠤᠨ ᠬᠠᠷᠢᠯᠴᠠᠨ ᠠᠯᠤᠰᠯᠠᠭᠰᠠᠨ ᠠᠨᠤ ᠬᠣᠶᠠᠷ ᠵᠠᠭᠤᠨ ᠭᠠᠵᠠᠷ ᠂ ᠡᠮᠦᠨ᠎ᠡ ᠤᠮᠠᠷ᠎ᠠ ᠬᠠᠷᠢᠯᠴᠠᠨ ᠠᠯᠤᠰᠯᠠᠭᠰᠠᠨ ᠠᠨᠤ ᠭᠤᠷᠪᠠᠨ ᠵᠠᠭᠤ ᠠᠷᠪᠠᠨ ᠭᠠᠵᠠᠷ ᠪᠤᠶᠤ ᠃ ᠵᠡᠭᠦᠨ ᠡᠲᠡᠭᠡᠳ ᠢᠨᠤ ᠠᠪᠠᠭᠠᠨᠠᠷ ᠲᠤᠷ ᠵᠠᠬ᠎ᠠ ᠨᠡᠶ᠋ᠢᠯᠡᠵᠦ ᠂ ᠪᠠᠷᠠᠭᠤᠨ ᠡᠲᠡᠭᠡᠳ ᠢᠨᠤ ᠰᠥᠨᠢᠳ ᠲᠣᠷ ᠵᠠᠬ᠎ᠠ ᠨᠡᠶ᠋ᠢᠯᠡᠵᠦᠬᠦᠢ ᠂ ᠡᠮᠦᠨ᠎ᠡ ᠡᠲᠡᠭᠡᠳ ᠢᠨᠤ ᠴᠠᠬᠠᠷ ᠤ᠋ᠨ ᠰᠢᠯᠤᠭᠤᠨ ᠬᠥᠬᠡ ᠬᠤᠰᠢᠭᠤᠨ ᠤ᠋ ᠠᠳᠤᠭᠤᠯᠠᠬᠤ ᠭᠠᠵᠠᠷ ᠲᠤᠷ ᠵᠠᠬ᠎ᠠ ᠨᠡᠶ᠋ᠢᠯᠡᠵᠦ ᠤᠮᠠᠷ᠎ᠠ ᠡᠲᠡᠭᠡᠳ ᠢᠨᠤ ᠭᠣᠪᠢ ᠳ᠋ᠤᠷ ᠵᠠᠬ᠎ᠠ ᠨᠡᠶ᠋ᠢᠯᠡᠵᠦᠬᠦᠢ ᠃ ᠵᠢᠨ ᠤᠯᠤᠰ ᠤ᠋ᠨ ᠦᠶ᠎ᠡ ᠳ᠋ᠦ᠍ᠷ ᠲᠣᠪᠠ ᠣᠪᠣᠭᠲᠠᠨ ᠤ᠋ ᠭᠠᠵᠠᠷ ᠪᠠᠶ᠋ᠢᠵᠤ ᠰᠦᠢ ᠤᠯᠤᠰ ᠵᠢᠴᠢ ᠳᠠᠩ ᠤᠯᠤᠰ ᠤ᠋ᠨ ᠡᠬᠢᠨ ᠳ᠋ᠦ᠍ᠷ ᠲᠢᠥ᠋ᠷᠺ ᠨᠠᠷ ᠨᠤᠲᠤᠭᠯᠠᠵᠤ ᠪᠠᠶ᠋ᠢᠯ᠎ᠠ ᠃ ᠯᠢᠶᠣᠤ ᠤᠯᠤᠰ ᠤ᠋ᠨ ᠦᠶ᠎ᠡ ᠳ᠋ᠦ᠍ᠷ ᠳᠡᠭᠡᠳᠦ ᠨᠡᠶ᠋ᠢᠰᠯᠡᠯ ᠦ᠋ᠨ ᠵᠠᠮ ᠤ᠋ᠨ ᠪᠠᠷᠠᠭᠤᠨ ᠬᠢᠵᠠᠭᠠᠷ ᠪᠣᠯᠵᠤ ᠠᠯᠲᠠᠨ ᠤᠯᠤᠰ ᠤ᠋ᠨ ᠦᠶ᠎ᠡ ᠳ᠋ᠦ᠍ᠷ ᠪᠡᠭᠡᠵᠢᠩ ᠦ᠋ᠨ ᠵᠠᠮ ᠳ᠋ᠤᠷ ᠬᠠᠮᠢᠶᠠᠷᠤᠭᠳᠠᠵᠤᠬᠤᠢ ᠃ ᠶᠤᠸᠠᠨ ᠤᠯᠤᠰ ᠤ᠋ᠨ ᠦᠶ᠎ᠡ ᠳ᠋ᠦ᠍ᠷ ᠱᠠᠩᠳᠤ ᠶ᠋ᠢᠨ ᠵᠠᠮ ᠪᠣᠯᠵᠤ ᠮᠢᠩ ᠤᠯᠤᠰ ᠤ᠋ᠨ ᠦᠶ᠎ᠡ ᠳ᠋ᠦ᠍ᠷ ᠮᠣᠩᠭᠣᠯ ᠳ᠋ᠤᠷ ᠣᠷᠣᠵᠤᠬᠤᠢ ᠃ ᠶᠤᠸᠠᠨ ᠤᠯᠤᠰ ᠤ᠋ᠨ ᠲᠠᠶ᠋ᠢᠽᠦ ᠶ᠋ᠢᠨ ᠳᠡᠭᠦᠦ ᠪᠥᠬᠡ ᠪᠡᠯᠭᠦᠳᠡᠢ ᠶ᠋ᠢᠨ ᠠᠷᠪᠠᠨ ᠳᠣᠯᠣᠳᠤᠭᠠᠷ ᠦᠶ᠎ᠡ ᠶ᠋ᠢᠨ ᠠᠴᠢ ᠪᠠᠶᠠᠰᠬᠤ ᠪᠦᠷᠭᠦᠳ ᠦ᠋ᠨ ᠶᠡᠬᠡ ᠬᠥᠪᠡᠭᠦᠨ  ᠲᠠᠷᠠᠨᠢ ᠬᠦᠳᠡᠩ ᠦ᠋ᠨ ᠦᠶ᠎ᠡ ᠳ᠋ᠦ᠍ ᠬᠠᠷᠢᠶᠠᠲᠤ ᠠᠶ᠋ᠢᠮᠠᠭ ᠢ᠋ᠶ᠋ᠠᠨ ᠠᠪᠠᠭ᠎ᠠ ᠭᠡᠵᠦ  ᠨᠡᠷᠡᠢᠳᠵᠦᠬᠦᠢ 》 ᠭᠡᠵᠡᠢ ᠃ ᠲᠠᠷᠠᠨᠢ ᠬᠦᠳᠡᠩ ᠦ᠋ᠨ ᠳᠡᠭᠦᠦ ᠤᠮᠢ  ᠲᠡᠮᠡᠭᠲᠦ ᠥᠪᠡᠷ ᠦ᠋ᠨ ᠬᠠᠷᠢᠶᠠᠲᠤ ᠠᠶ᠋ᠢᠮᠠᠭ ᠢ᠋ᠶ᠋ᠠᠨ ᠠᠪᠠᠬᠠᠨᠠᠷ ᠭᠡᠵᠦ ᠨᠡᠷᠡᠶ᠋ᠢᠤᠠᠴᠡᠢ ᠃ ᠠᠪᠠᠭ᠎ᠠ ᠂ ᠠᠪᠠᠬᠠᠨᠠᠷ ᠤᠤᠯ ᠨᠢ ᠴᠥᠮ ᠠᠷᠤ ᠮᠣᠩᠭᠣᠯ ᠭᠡᠵᠦ  ᠨᠡᠷᠡᠯᠡᠭᠳᠡᠨ ᠴᠠᠬᠠᠷ ᠲᠤ᠌ ᠬᠠᠷᠢᠶᠠᠯᠠᠭᠳᠠᠵᠤ ᠪᠠᠶ᠋ᠢᠵᠠᠢ ᠃ ᠳᠣᠷᠵᠢ ᠡᠴᠢᠭᠡ ᠨᠣᠶᠠᠨ ᠤ᠋ ᠦᠶ᠎ᠡ ᠳ᠋ᠦ᠍  ᠯᠢᠭᠳᠡᠨ ᠬᠠᠭᠠᠨ ᠠ᠋ᠴᠠ ᠰᠠᠯᠵᠤ ᠬᠠᠯᠬ᠎ᠠ ᠶ᠋ᠢᠨ ᠬᠡᠷᠦᠯᠦᠨ ᠮᠥᠷᠡᠨ ᠦ᠌ ᠬᠠᠪᠢ ᠪᠠᠷ ᠣᠴᠢᠵᠤ ᠨᠤᠲᠤᠭᠯᠠᠨ ᠰᠡᠴᠡᠨ ᠬᠠᠨ ᠱᠣᠯᠣᠢ ᠶ᠋ᠢ ᠲᠦᠰᠢᠭᠯᠡᠨ ᠰᠠᠭᠤᠵᠠᠢ ᠃ ᠰᠡᠴᠡᠨ ᠬᠠᠭᠠᠨ ᠤ᠋ ᠬᠣᠶᠠᠳᠤᠭᠠᠷ ᠣᠨ (1628 ) ᠳ᠋ᠤ᠌ ᠠᠪᠠᠭ᠎ᠠ ᠠᠪᠠᠬᠠᠨᠠᠷ ᠠᠶ᠋ᠢᠮᠠᠭ ᠤ᠋ᠨ ᠲᠦᠷᠦᠭᠦᠴᠦᠳ ᠬᠠᠷᠴᠢᠨ ᠂ ᠲᠦᠮᠡᠳ ᠂ ᠣᠷᠳᠣᠰ ᠵᠡᠷᠭᠡ ᠠᠶ᠋ᠢᠮᠠᠭ ᠤ᠋ᠨ ᠲᠦᠷᠦᠭᠦᠴᠦᠳ ᠊ᠢ ᠳᠠᠭᠠᠯᠳᠤᠨ ᠲᠦᠮᠡᠳ ᠦ᠋ᠨ ᠵᠣᠣ ᠴᠧᠩ ᠦ᠋ᠨ ᠭᠠᠵᠠᠷ ᠲᠤ᠌ ᠯᠢᠭᠳᠡᠨ ᠬᠠᠭᠠᠨ ᠤ᠋ ᠳᠥᠷᠪᠡᠨ ᠲᠦᠮᠡᠨ ᠴᠡᠷᠢᠭ ᠊ᠢ ᠪᠦᠰᠡᠯᠡᠨ ᠴᠣᠬᠢᠵᠤ 《 ᠭᠠᠪᠢᠶ᠎ᠠ ᠪᠠᠶ᠋ᠢᠭᠤᠯᠵᠠᠢ 》 ᠃1635 ᠣᠨ  ᠳ᠋ᠤ᠌ ᠯᠢᠭᠳᠡᠨ ᠬᠠᠭᠠᠨ ᠤ᠋ ᠴᠡᠷᠢᠭ ᠪᠦᠷᠢᠮᠦᠰᠦᠨ ᠢᠯᠠᠭᠳᠠᠭᠰᠠᠨ ᠤ᠋ ᠳᠠᠷᠠᠭ᠎ᠠ ᠠᠪᠠᠭ᠎ᠠ ᠂ ᠠᠪᠠᠬᠠᠨᠠᠷ ᠤ᠋ᠨ ᠲᠦᠷᠦᠭᠦᠴᠦᠳ ᠰᠡᠴᠡᠨ ᠬᠠᠨ ᠱᠤᠤᠯᠢ ᠶ᠋ᠢ ᠳᠠᠭᠠᠵᠤ ᠮᠠᠨᠵᠤ ᠳ᠋ᠤ᠌ ᠠᠯᠪᠠ ᠡᠷᠭᠦᠵᠡᠢ ᠃ ᠳᠡᠭᠡᠳᠦ ᠡᠷᠳᠡᠮᠲᠦ ᠶ᠋ᠢᠨ ᠵᠢᠷᠭᠤᠳᠤᠭᠠᠷ ᠣᠨ ᠳ᠋ᠤ᠌ ᠠᠪᠠᠭ᠎ᠠ ᠶ᠋ᠢᠨ ᠨᠣᠶᠠᠳ ᠵᠠᠰᠠᠭ  ᠡᠷᠭᠦᠮᠵᠢᠯᠡᠭᠳᠡᠨ ᠵᠡᠭᠦᠨ ᠪᠠᠷᠠᠭᠤᠨ ᠭᠠᠷᠤᠨ ᠬᠣᠰᠢᠭᠤ ᠪᠣᠯᠵᠤ ᠣᠳᠣ ᠶ᠋ᠢᠨ ᠰᠢᠯᠢ ᠶ᠋ᠢᠨ ᠭᠣᠣᠯ ᠳ᠋ᠤ᠌ ᠢᠷᠡᠵᠦ ᠨᠤᠲᠤᠭᠯᠠᠵᠠᠢ ᠃ ᠡᠩᠬᠡ ᠠᠮᠤᠭᠤᠯᠠᠩ ᠤ᠋ᠨ ᠵᠢᠷᠭᠤᠳᠤᠭᠠᠷ ᠣᠨ (1667 ) ᠪᠣᠯᠬᠤ ᠳ᠋ᠤ᠌ ᠠᠪᠠᠬᠠᠨᠠᠷ ᠠᠶ᠋ᠢᠮᠠᠭ ᠮᠠᠨᠵᠤ ᠳ᠋ᠤ᠌ ᠣᠷᠣᠵᠤ  ᠥᠭᠭᠦᠭᠰᠡᠨ ᠡᠴᠡ ᠮᠠᠨᠵᠤ ᠶ᠋ᠢᠨ ᠵᠠᠰᠠᠭ ᠤ᠋ᠨ ᠭᠠᠵᠠᠷ ᠲᠡᠳᠡᠨ ᠦ᠌ ᠠᠶ᠋ᠢᠮᠠᠭ ᠊ᠢ ᠠᠪᠠᠭ᠎ᠠ ᠶ᠋ᠢᠨ ᠬᠠᠭᠤᠴᠢᠨ ᠨᠤᠲᠤᠭ ᠳᠡᠭᠡᠷ᠎ᠡ ᠨᠤᠲᠤᠭᠯᠠᠭᠤᠯᠵᠠᠢ ᠃ ᠴᠢᠩ ᠤᠯᠤᠰ ᠤ᠋ᠨ ᠦᠶ᠎ᠡ ᠳ᠋ᠦ᠍ ᠠᠪᠠᠭ᠎ᠠ ᠬᠣᠶᠠᠷ ᠬᠣᠰᠢᠭᠤ ᠂ ᠠᠪᠠᠬᠠᠨᠠᠷ ᠬᠣᠶᠠᠷ ᠬᠣᠰᠢᠭᠤ ᠪᠣᠯᠤᠨ ᠬᠤᠪᠢᠶᠠᠭᠳᠠᠵᠤ ᠰᠢᠯᠢ ᠶ᠋ᠢᠨ ᠭᠣᠣᠯ ᠤ᠋ᠨ ᠴᠢᠭᠤᠯᠭᠠᠨ ᠳ᠋ᠤ᠌  ᠵᠠᠬᠢᠷᠤᠭᠳᠠᠪᠠ ᠃ 
② ᠦᠴᠡᠭᠡᠨ ᠄ ᠮᠣᠩᠭᠣᠯ ᠰᠤᠷᠪᠤᠯᠵᠢ ᠳ᠋ᠤ᠌ ᠣᠤᠠᠴᠢᠭᠢᠨ ᠂  ᠣᠴᠢᠬᠡᠨ ᠂ ᠣᠴᠢᠬᠤ ᠭᠡᠬᠦ ᠮᠡᠲᠦᠴᠢᠯᠡᠨ ᠲᠡᠮᠳᠡᠭᠯᠡᠭᠰᠡᠨ ᠪᠠᠶ᠋ᠢᠲᠠᠭ ᠃ ᠵᠠᠩᠰᠢᠯ ᠢ᠋ᠶ᠋ᠠᠷ ᠣᠯᠠᠩᠬᠢ ᠳ᠋ᠤᠷ 《 ᠣᠤᠠᠴᠢᠭᠢᠨ 》 ᠭᠡᠵᠦ ᠪᠢᠴᠢᠳᠡᠭ ᠃ 
③ ᠵᠢᠪᠡᠬᠡᠨ ᠨᠣᠶᠠᠨ ᠄ 《 ᠶᠤᠸᠠᠨ ᠱᠢ 》 ᠳ᠋ᠦ᠍ ᠵᠢᠪᠡᠬᠡᠨ ᠨᠣᠶᠠᠨ ᠊ᠢ ᠣᠤᠠᠴᠢᠭᠢᠨ ᠤ᠋ ᠬᠥᠪᠡᠭᠦᠨ ᠭᠡᠵᠦ ᠲᠡᠮᠳᠡᠭᠯᠡᠵᠦ ᠪᠣᠢ ᠃ 
④ ᠰᠢᠦ ᠸᠠᠩ ᠨᠠᠢ᠍ᠮᠠᠲᠠᠢ ᠄ ᠶᠤᠸᠠᠨ ᠤᠯᠤᠰ ᠤ᠋ᠨ ᡁᠢ ᠲᠠ ᠶ᠋ᠢᠨ ᠠᠩᠬᠠᠨ ᠣᠨ (1308 ) ᠳ᠋ᠤ᠌ ᠱᠸᠤ ᠸᠠᠩ(寿王 )   ᠡᠷᠭᠦᠮᠵᠢᠯᠡᠭᠳᠡᠵᠡᠢ ᠃ 
⑤ ᠰᠢ ᠨᠢᠩ ᠸᠠᠩ  ᠰᠠᠷᠢᠮᠬᠤᠨ ᠄ 《 ᠪᠣᠯᠣᠷ ᠡᠷᠢᠭᠡ 》 ᠳ᠋ᠦ᠍ ᠰᠢ ᠨᠢᠩ ᠸᠠᠩ ᠰᠠᠷᠨᠤᠭ ᠭᠡᠪᠡ ᠃ᠰᠠᠷᠢᠮᠬᠤᠨ᠂ᠰᠠᠷᠢᠮᠤᠨ᠂ᠰᠠᠷᠨᠤᠭ ᠴᠥᠮ ᠨᠢᠭᠡᠨ ᠬᠥᠮᠦᠨ ᠪᠤᠶᠤ ᠂ ᠲᠢᠶᠠᠨ ᠯᠢ ᠶ᠋ᠢᠨ ᠭᠤᠲᠠᠭᠠᠷ ᠣᠨ (1328 ) ᠳ᠋ᠤ᠌ ᠰᠢ ᠨᠢᠩ ᠸᠠᠩ ( 西宁王)  ᠡᠷᠭᠦᠮᠵᠢᠯᠡᠭᠳᠡᠭᠰᠡᠨ  ᠠᠵᠠᠢ ᠃ 
⑥ 《ᠰᠢᠷ᠎ᠠ ᠲᠣᠭᠣᠵᠢ 》 《 ᠴᠢᠩᠭᠢᠰ ᠬᠠᠭᠠᠨ ᠳᠡᠭᠦᠦᠨᠠᠷ ᠲᠤᠷ ᠥᠮᠴᠢ  ᠥᠭᠭᠦᠭᠰᠡᠨ ᠠᠨᠤ ᠁ ᠣᠴᠢᠭᠢᠨ ( ᠣᠤᠠᠴᠢᠭᠢᠨ ) ᠳ᠋ᠤ᠌ ᠦᠵᠡᠶ᠋ᠢᠳ ᠂ ᠮᠣᠶ᠋ᠢᠯ ᠮᠣᠯᠰᠣᠨ 》 ᠭᠡᠵᠡᠢ ᠃ ᠮᠥᠨ ᠵᠠᠷᠢᠮ ᠮᠣᠩᠭᠣᠯ ᠰᠤᠷᠪᠤᠯᠵᠢ ᠪᠢᠴᠢᠭ ᠲᠣᠷ ᠣᠤᠠᠴᠢᠭᠢᠨ ᠤ᠋ ᠬᠣᠶ᠋ᠢᠴᠢ ᠨᠠᠷ ᠭᠣᠷᠯᠣᠰ ᠲᠤᠷ ᠪᠣᠢ ᠭᠡᠵᠦ ᠲᠡᠮᠳᠡᠭᠯᠡᠭᠰᠡᠨ ᠴᠦ᠍ ᠪᠣᠢ ᠃ ᠲᠡᠦᠬᠡᠴᠢ ᠷᠠᠰᠢᠫᠤᠩᠰᠤᠭ ᠤ᠋ᠨ ᠬᠡᠯᠡᠬᠦ ᠪᠣᠯ ᠣᠤᠠᠴᠢᠭᠢᠨ ᠤ᠋ ᠦᠷ᠎ᠡ 《 ᠳᠣᠯᠣᠭᠠᠨ ᠣᠲᠣᠭ ᠬᠠᠯᠬ᠎ᠠ ᠳ᠋ᠤᠷ ᠪᠠᠭᠲᠠᠯᠤᠭ᠎ᠠ ᠬᠡᠮᠡᠮᠦ 》 ᠲᠡᠮᠳᠡᠭᠯᠡᠵᠡᠢ ᠃ 


        ᠪᠣᠭᠳᠠ ᠴᠢᠩᠭᠢᠰ ᠬᠠᠭᠠᠨ ᠤ᠋ ᠥᠪᠡᠷ᠎ᠡ ᠡᠬᠡ ᠳ᠋ᠦ᠍ ᠳᠡᠭᠦᠦ  ᠭᠤᠸᠠᠩ ᠨᠢᠶᠠᠩ ᠸᠠᠩ  ᠪᠡᠯᠡᠭᠲᠦ ① ᠶ᠋ᠢᠨ ᠭᠤᠷᠪᠠᠨ ᠬᠥᠪᠡᠭᠦᠨ ᠡᠴᠡ ᠶᠡᠬᠡ ᠢᠨᠤ ᠶᠢᠰᠦᠨ ᠪᠤᠬ᠎ᠠ ᠂ ᠲᠡᠭᠦᠨᠦ ᠬᠥᠪᠡᠭᠦᠨ ᠭᠦᠸᠠᠩ ᠨᠢᠶᠠᠩ ᠸᠠᠩ ᠭᠦᠸᠠᠩᠲᠤ② ᠂ ᠲᠡᠭᠦᠨᠦ ᠬᠥᠪᠡᠭᠦᠨ ᠲᠡᠮᠦᠷ ᠨᠠᠶᠠᠨ ᠵᠠᠷᠢᠮ ᠪᠢᠴᠢᠭ᠌ᠲᠤᠷ ᠡᠭᠥᠨᠢ ᠪᠥᠬᠡ ᠂ ᠡᠵᠡᠨ ᠦ᠌ ᠲᠠᠪᠤᠳᠤᠭᠠᠷ ᠬᠥᠪᠡᠭᠦᠨ ᠬᠡᠮᠡᠢᠢ ᠂ ᠬᠣᠶᠠᠷ ᠬᠥᠪᠡᠭᠦᠨ ③ ᠃ ᠨᠠᠶᠠᠨ ᠤ᠋ ᠶᠡᠬᠡ ᠬᠥᠪᠡᠭᠦᠨ ᠂ ᠲᠤᠸ᠋᠎ᠠ ᠲᠡᠮᠦᠷ ᠂ ᠬᠣᠶᠠᠳᠤᠭᠠᠷ ᠂ ᠬᠥᠪᠡᠭᠦᠨ ᠪᠥᠨ ᠪᠤᠬ᠎ᠠ ④ ᠶ᠋ᠢᠨ ᠬᠥᠪᠡᠭᠦᠨ ᠮᠡᠷᠭᠡᠲᠡᠢ ᠲᠡᠭᠦᠨᠦ ᠳᠥᠷᠪᠡᠨ ᠬᠥᠪᠡᠭᠦᠨ ᠡᠴᠡ ᠂ ᠣᠲᠠᠬᠠᠨ ᠢᠨᠤ ᠬᠥᠬᠥᠴᠦ ᠲᠠᠶ᠋ᠢᠶᠢ ᠲᠡᠭᠦᠨᠦ ᠬᠥᠪᠡᠭᠦᠨ ᠲᠢᠩ ᠸᠠᠩ ᠱᠡᠴᠢᠭᠡᠨ ⑤ ᠂ ᠲᠡᠭᠦᠨᠦ ᠭᠤᠲᠠᠭᠠᠷ ᠬᠥᠪᠡᠭᠦᠨ ᠬᠣᠩᠬᠣᠷ ᠳ᠋ᠠᠢ ᠨᠣᠶᠠᠨ ᠂  ᠪᠥᠬᠡ ᠡᠵᠡᠨ ⑥  ᠦ ᠨᠢᠭᠡᠨ ᠬᠥᠪᠡᠭᠦᠨ ᠢᠨᠤ ᠮᠡᠨᠳᠦ ᠤᠲᠠᠬᠠᠨ ᠬᠥᠪᠡᠭᠦᠨ ᠢᠨᠤ ᠬᠠᠷᠬᠤᠢ ᠲᠠᠶ᠋ᠢᠵᠢ ᠂ ᠲᠡᠭᠦᠨᠦ ᠬᠥᠪᠡᠭᠦᠨ ᠭᠣᠷᠭᠢ ᠨᠣᠶᠠᠨ ᠲᠡᠭᠦᠨᠦ ᠬᠥᠪᠡᠭᠦᠨ ᠳᠠᠴᠤ ᠃ ᠮᠡᠨᠳᠦ ᠲᠠᠶ᠋ᠢᠶᠢ ᠶ᠋ᠢᠨ ᠬᠦᠦ ᠰᠠᠬᠢ ᠨᠣᠶᠠᠨ ᠂ ᠲᠡᠭᠦᠨᠦ ᠬᠦᠦ ᠨᠣᠮᠣᠬᠠᠨ ᠂ ᠲᠡᠭᠦᠨᠦ ᠬᠦᠦ ᠮᠥᠩᠬᠡ ᠂ ᠲᠡᠭᠦᠨᠦ ᠬᠦᠦ  

— — — — 
① ᠭᠦᠸᠠᠩ ᠨᠢᠶᠠᠩ ᠸᠠᠩ  ᠪᠡᠯᠡᠭᠲᠦ ᠄ ᠪᠥᠬᠡ ᠪᠡᠯᠭᠦᠳᠡᠢ ᠶ᠋ᠢ ᠬᠡᠯᠡᠵᠦ ᠪᠣᠢ ᠃ ᠪᠡᠯᠭᠦᠳᠡᠢ ᠪᠣᠯ  ᠶᠢᠰᠦᠭᠡᠢ ᠪᠠᠭᠠᠲᠤᠷ ᠤ᠋ᠨ ᠪᠠᠭ᠎ᠠ ᠬᠠᠲᠤᠨ ᠲᠠᠭᠱᠢ ᠠ᠋ᠴᠠ  ᠲᠥᠷᠥᠭᠰᠡᠨ ᠲᠤᠯᠠ 《 ᠥᠪᠡᠷ᠎ᠡ ᠡᠬᠡ ᠳ᠋ᠦ᠍ ᠳᠡᠭᠦᠦ 》 ᠭᠡᠳᠡᠭ ᠃ ᠭᠦᠸᠠᠩ ᠨᠢᠶᠠᠩ ᠸᠠᠩ ᠭᠡᠵᠦ ᠬᠢᠲᠠᠳ ᠤ᠋ᠨ 《广宁王 》  ᠭᠡᠰᠡᠨ ᠊ᠢ ᠲᠡᠮᠳᠡᠭᠯᠡᠵᠡᠢ ᠃ 《 ᠶᠤᠸᠠᠨ ᠱᠢ 》 ᠳ᠋ᠦ᠍ ᠲᠡᠮᠳᠡᠭᠯᠡᠭᠰᠡᠨ ᠡᠴᠡ ᠦᠵᠡᠪᠡᠯ ᠴᠢᠩᠭᠢᠰ ᠬᠠᠭᠠᠨ ᠤ᠋ ᠦᠶ᠎ᠡ ᠳ᠋ᠦ᠍ ᠭᠤᠸᠠᠩ ᠨᠢᠩ ᠯᠦ᠍ ᠂ ᠡᠸᠨ ᠵᠧᠦ ᠬᠣᠶᠠᠷ ᠬᠣᠲᠠ ᠶ᠋ᠢᠨ ᠲᠦᠮᠡ ᠨᠢᠭᠡ ᠮᠢᠩᠭ᠎ᠠ ᠵᠢᠷᠭᠤᠭᠠᠨ ᠵᠠᠭᠤ ᠢᠯᠡᠭᠦᠦ ᠡᠷᠦᠬᠡ ᠠᠷᠠᠳ ᠊ᠢ ᠪᠡᠯᠭᠦᠳᠡᠢ ᠳ᠋ᠦ᠍ ᠬᠤᠪᠢᠶᠠᠵᠤ  ᠥᠭᠭᠦᠭᠰᠡᠨ ᠡᠴᠡ ᠪᠡᠯᠭᠦᠳᠡᠢ ᠶ᠋ᠢ ᠬᠢᠲᠠᠳ ᠰᠤᠷᠪᠤᠯᠵᠢ ᠪᠢᠴᠢᠭ ᠲᠦ᠍ ᠭᠤᠸᠠᠩ  ᠨᠢᠩ ᠸᠠᠩ ᠪᠡᠯᠭᠦᠳᠡᠢ ᠭᠡᠵᠡᠢ ᠃ 
② ᠭᠦᠸᠠᠩᠲᠤ᠄ 《 ᠪᠣᠯᠣᠷ ᠡᠷᠢᠭᠡ 》 ᠵᠡᠷᠭᠡ ᠮᠣᠩᠭᠣᠯ ᠰᠤᠷᠪᠤᠯᠵᠢ ᠳ᠋ᠤ᠌ ᠭᠤᠸᠠᠩ ᠨᠢᠩ ᠸᠠᠩ ᠬᠦᠨᠳᠦ ᠭᠡᠵᠦ ᠲᠡᠮᠳᠡᠭᠯᠡᠵᠡᠢ ᠃ 《 ᠶᠤᠸᠠᠨ ᠱᠢ 》 ᠳ᠋ᠦ᠍ ᠲᠡᠮᠳᠡᠭᠯᠡᠬᠦ ᠳ᠋ᠡᠭᠡᠨ 《 瓜都》 ᠭᠡᠵᠡᠢ ᠃ 
③ ᠬᠣᠶᠠᠷ ᠬᠥᠪᠡᠭᠦᠨ ᠄ ᠡᠨᠳᠡ ᠭᠤᠸᠠᠩ ᠨᠢᠩ ᠸᠠᠩ ᠬᠦᠨᠳᠦ ᠶ᠋ᠢᠨ ᠬᠣᠶᠠᠷ ᠬᠥᠪᠡᠭᠦᠨ ᠲᠡᠮᠦᠷ ᠨᠣᠶᠠᠨ ᠪᠠ ᠨᠠᠶᠠᠨ ᠊ᠢ ᠵᠢᠭᠠᠵᠠᠢ ᠃ 
④ ᠪᠥᠨ ᠪᠤᠬ᠎ᠠ ᠄ ᠭᠦᠨ ᠪᠤᠬ᠎ᠠ ᠪᠣᠯᠠᠢ ᠂ ᠪᠥᠬᠡ ᠪᠡᠯᠭᠦᠳᠡᠢ ᠶ᠋ᠢᠨ ᠬᠣᠶᠠᠳᠤᠭᠠᠷ ᠬᠥᠪᠡᠭᠦᠨ ᠪᠤᠶᠤ ᠃ 
⑤ ᠲᠢᠩ ᠸᠠᠩ  ᠱᠡᠴᠢᠭᠡᠨ ᠄ ᡁᠢ ᡁᠢ ᠶ᠋ᠢᠨ ᠭᠤᠲᠠᠭᠠᠷ ᠣᠨ (1323 ) ᠳ᠋ᠤ᠌ ᠳ᠋ᠢᠩ ᠸᠠᠩ (定王 )  ᠡᠷᠭᠦᠮᠵᠢᠯᠡᠭᠳᠡᠵᠡᠢ᠃ 
⑥ ᠪᠥᠬᠡ ᠡᠵᠡᠨ ᠭᠡᠵᠦ ᠪᠥᠬᠡ ᠪᠡᠯᠭᠦᠳᠡᠢ ᠶ᠋ᠢ ᠬᠡᠯᠡᠳᠡᠭ ᠃  

 ᠡᠩᠬᠡ ᠲᠡᠭᠦᠰ ᠂ ᠲᠡᠭᠦᠨᠦ ᠬᠦᠦ ᠠᠬᠤᠤ  ᠬᠡᠯᠡᠴᠢᠬᠤ ᠂ ᠲᠡᠭᠦᠨᠦ ᠬᠦᠦ  ᠨᠠᠪᠠᠴᠢᠨ ᠪᠣᠷᠣ ᠂ ᠲᠡᠭᠦᠨᠦ ᠬᠦᠦ ᠬᠤᠯᠤ ᠂ ᠲᠡᠭᠦᠨᠦ ᠬᠦᠦ  ᠨᠠᠮᠠᠴᠢᠨ ᠂ ᠲᠡᠭᠦᠨᠦ ᠬᠦᠦ ᠶᠣᠰᠢᠮᠣ ᠂ ᠲᠡᠭᠦᠨᠦ ᠬᠦᠦ ᠬᠠᠪᠠᠷ ᠂ ᠲᠡᠭᠦᠨᠦ ᠬᠦᠦ ᠮᠥᠩᠬᠡ ᠂ ᠲᠡᠭᠦᠨᠦ ᠬᠦᠦ ᠮᠤᠤᠯᠢᠬᠠᠢ ᠪᠠᠭᠠᠲᠤᠷ ᠶᠦᠩ ᠸᠠᠩ ᠂ ᠲᠡᠭᠦᠨᠦ  ᠬᠥᠪᠡᠭᠦᠨ ᠤᠴᠠᠷᠢ  ᠵᠠᠰᠠᠭᠠᠲᠤ ᠂ ᠲᠡᠭᠦᠨᠦ ᠬᠦᠦ ᠪᠠᠶᠠᠨ ᠨᠣᠶᠠᠨ ᠂ ᠲᠡᠭᠦᠨᠦ ᠬᠦᠦ ᠪᠠᠶᠠᠰᠬᠤ ᠪᠥᠷᠡᠭᠦᠳ ᠂ ᠲᠡᠭᠦᠨᠦ ᠬᠥᠪᠡᠭᠦᠨ ᠲᠠᠷᠠᠨᠢ ᠬᠦᠳᠡᠩ ᠂ ᠲᠡᠭᠦᠨᠦ ᠬᠣᠶᠠᠷ ᠬᠥᠪᠡᠭᠦᠨ ᠰᠥᠰᠤᠩᠬᠢ ᠤᠶ᠋ᠢᠵᠤᠩ ᠨᠤᠮᠢ  ᠲᠡᠮᠡᠭᠲᠦ ᠨᠣᠶᠠᠨ① ᠪᠤᠶᠤ ᠂ ᠰᠥᠰᠤᠩᠬᠢ ᠤᠶ᠋ᠢᠵᠤᠩ ᠤ᠋ᠨ ᠨᠢᠭᠡᠨ ᠬᠥᠪᠡᠭᠦᠨ ᠡᠷᠳᠡᠨᠢ ᠲᠦᠮᠡᠨ ᠵᠠᠰᠠᠭᠠᠲᠦ② ᠲᠡᠭᠦᠨᠦ ᠬᠥᠪᠡᠭᠦᠨ ᠪᠤᠲᠠᠰᠠᠷᠢ ᠵᠠᠰᠠᠭᠠᠲᠦ ᠵᠢᠨᠦᠩ ᠂  ᠲᠡᠭᠦᠨᠦ ᠬᠥᠪᠡᠭᠦᠨ ᠲᠥᠰᠬᠡᠷ ᠪᠠᠭᠠᠲᠤᠷ ᠵᠢᠶᠦ᠋ᠨ ᠸᠠᠩ③ ᠃ ᠲᠡᠭᠦᠨᠦ ᠬᠦᠦ ᠰᠠᠭᠴᠠᠰᠠᠩᠬᠡ ᠵᠢᠶᠦ᠋ᠨ ᠸᠠᠩ ᠃ ᠲᠡᠭᠦᠨᠦ ᠬᠦᠦ ᠤᠷᠴᠠᠩᠬᠡᠷᠡᠣ᠋᠎ᠡ ᠸᠠᠩ ᠃ ᠰᠥᠰᠤᠩᠬᠢ ᠶ᠋ᠢᠨ ᠪᠠᠰᠠ ᠨᠢᠭᠡᠨ ᠬᠥᠪᠡᠭᠦᠨ ᠡᠰᠢᠬᠡ  ᠵᠣᠷᠢᠭᠲᠤ ᠨᠣᠶᠠᠨ④ ᠂ ᠲᠡᠭᠦᠨᠦ  

— — — —  
① ᠨᠤᠮᠢ  ᠲᠡᠮᠡᠭᠲᠦ ᠨᠣᠶᠠᠨ ᠄ ᠪᠥᠬᠡ  ᠪᠡᠯᠭᠦᠳᠡᠢ ᠶ᠋ᠢᠨ ᠠᠷᠪᠠᠨ ᠨᠠᠢ᠍ᠮᠠᠳᠤᠭᠠᠷ ᠦᠷ᠎ᠡ ᠶ᠋ᠢᠨ ᠠᠴᠢ ᠪᠤᠶᠤ ᠃ ᠡᠭᠦᠨ ᠦ᠌ ᠦᠶ᠎ᠡ ᠳ᠋ᠦ᠍ ᠬᠦᠷᠴᠦ ᠢᠷᠡᠭᠡᠳ ᠲᠡᠭᠦᠨ ᠦ᠌ ᠬᠠᠷᠢᠶᠠᠲᠤ ᠠᠶ᠋ᠢᠮᠠᠭ ᠢ᠋ᠶ᠋ᠠᠨ  ᠠᠪᠠᠬᠠᠨᠠᠷ ᠭᠡᠮᠡᠨ ᠨᠡᠷᠡᠶ᠋ᠢᠤᠠᠴᠡᠢ ᠃ 《 ᠢᠯᠡᠳᠬᠡᠯ ᠱᠠᠰᠲᠢᠷ 》 ᠵᠡᠷᠭᠡ ᠪᠢᠴᠢᠭ ᠲᠦ᠍ ᠪᠠᠶᠠᠰᠬᠤ ᠪᠦᠷᠭᠦᠳ ᠦ᠋ᠨ ᠶᠡᠬᠡ ᠬᠥᠪᠡᠭᠦᠨ ᠲᠠᠷᠨᠢ ᠬᠦᠳᠡᠩ ᠂ ᠬᠣᠶᠠᠳᠤᠭᠠᠷ ᠬᠥᠪᠡᠭᠦᠨ ᠨᠤᠮᠢ ᠲᠡᠮᠡᠭᠲᠦ ᠭᠡᠵᠡᠢ ᠃ ᠡᠨᠳᠡ ᠨᠤᠮᠢ ᠲᠡᠮᠡᠭᠲᠦ ᠶ᠋ᠢ ᠲᠠᠷᠨᠢ ᠬᠦᠳᠡᠩ ᠦ᠋ᠨ ᠬᠥᠪᠡᠭᠦᠨ ᠪᠣᠯᠭᠠᠨ ᠲᠡᠮᠳᠡᠭᠯᠡᠭᠰᠡᠨ ᠨᠢ ᠪᠤᠷᠤᠭᠤ ᠶᠤᠮ ᠃ 
② ᠡᠷᠳᠡᠨᠢ ᠲᠦᠮᠡᠨ ᠵᠠᠰᠠᠭᠠᠲᠦ ᠄ ᠨᠡᠷ᠎ᠡ ᠡᠷᠳᠡᠨᠢ ᠲᠦᠮᠡᠨ ᠂ ᠴᠣᠯᠠ ᠵᠠᠰᠠᠭᠲᠤ ᠃ 
③ ᠲᠥᠰᠬᠡᠷ ᠪᠠᠭᠠᠲᠤᠷ ᠵᠢᠶᠦ᠋ᠨ ᠸᠠᠩ ᠄ ᠠᠪᠠᠭ᠎ᠠ ᠪᠠᠷᠠᠭᠤᠨ ᠭᠠᠷᠤᠨ ᠬᠤᠰᠢᠭᠤᠨ ᠤ᠋ ᠵᠠᠰᠠᠭ ᠸᠠᠩ ᠃ ᠤᠭ ᠲᠠᠭᠠᠨ ᠪᠠᠭᠠᠲᠤᠷ ᠵᠢᠨᠦᠩ ᠭᠡᠳᠡᠭ ᠴᠣᠯᠠ ᠲᠠᠢ ᠪᠠᠶ᠋ᠢᠵᠠᠢ ᠃ ᠲᠩᠷᠢ ᠶ᠋ᠢᠨ ᠰᠡᠴᠡᠨ ᠦ᠌ ᠶᠢᠰᠦᠳᠦᠭᠡᠷ ᠣᠨ (1635 ) ᠳ᠋ᠤ᠌ ᠮᠠᠨᠵᠤ ᠶ᠋ᠢᠨ ᠬᠣᠩ ᠲᠠᠶ᠋ᠢᠵᠢ ᠳ᠋ᠤ᠌ ᠠᠯᠪᠠ ᠪᠠᠷᠢᠨ ᠮᠠᠨᠵᠤ ᠳ᠋ᠤ᠌ ᠪᠠᠭᠤᠵᠤ  ᠥᠭᠪᠡ ᠃1651 ᠣᠨ ᠳ᠋ᠤ᠌ ᠵᠠᠰᠠᠭ ᠲᠥᠷᠥ ᠶ᠋ᠢᠨ ᠵᠢᠶᠦ᠋ᠨ ᠸᠠᠩ  ᠡᠷᠭᠦᠮᠵᠢᠯᠡᠭᠳᠡᠵᠡᠢ ᠃1653 ᠣᠨ ᠳ᠋ᠤ᠌ ᠨᠠᠰᠤ ᠪᠠᠷᠠᠪᠠ ᠃ 
④ ᠡᠰᠢᠬᠡ ᠵᠣᠷᠢᠭᠲᠤ ᠨᠣᠶᠠᠨ ᠄ ᠨᠡᠷ᠎ᠡ ᠳᠣᠷᠵᠢ ᠂ ᠴᠣᠯᠠ ᠡᠰᠢᠬᠡ ᠨᠣᠶᠠᠨ ( 《 ᠢᠯᠡᠳᠬᠡᠯ ᠱᠠᠰᠲᠢᠷ 》 ᠲᠤ᠌ ᠡᠴᠢᠭᠡ ᠨᠣᠶᠠᠨ ᠭᠡᠵᠡᠢ ) ᠃ ᠠᠪᠠᠭ᠎ᠠ ᠵᠡᠭᠦᠨ ᠭᠠᠷᠤᠨ ᠬᠤᠰᠢᠭᠤᠨ ᠤ᠋ ᠵᠠᠰᠠᠭ ᠸᠠᠩ ᠃ ᠳᠡᠭᠡᠳᠦ ᠡᠷᠳᠡᠮᠲᠦ ᠶ᠋ᠢᠨ ᠭᠤᠲᠠᠭᠠᠷ ᠣᠨ (1638 ) ᠳ᠋ᠤ᠌ ᠲᠠᠶ᠋ᠢᠵᠢ ᠴᠤᠷᠴᠢ ᠶ᠋ᠢ ᠡᠯᠴᠢ ᠪᠡᠷ ᠲᠣᠮᠢᠯᠠᠨ ᠮᠠᠨᠵᠤ ᠳ᠋ᠤ᠌ ᠠᠯᠪᠠ ᠪᠠᠷᠢᠨ ᠳᠠᠷᠠᠭ᠎ᠠ ᠵᠢᠯ ᠨᠢ ᠮᠠᠨᠵᠤ ᠳ᠋ᠤ᠌  ᠪᠠᠭᠤᠨ ᠥᠭᠪᠡ ᠃ ᠳᠡᠭᠡᠳᠦ ᠡᠷᠳᠡᠮᠲᠦ ᠶ᠋ᠢᠨ ᠵᠢᠷᠭᠤᠳᠤᠭᠠᠷ ᠣᠨ (1641 ) ᠳ᠋ᠦ᠍ ᠵᠠᠰᠠᠭ ᠲᠥᠷᠥ ᠶ᠋ᠢᠨ ᠵᠣᠷᠢᠭᠲᠤ ᠵᠢᠶᠦ᠋ᠨ ᠸᠠᠩ ᠡᠷᠭᠦᠮᠵᠢᠯᠡᠭᠳᠡᠨ᠂ 1645 ᠣᠨ ᠳ᠋ᠤ᠌ ᠨᠠᠰᠤ ᠪᠠᠷᠠᠪᠠ ᠃

 ᠬᠥᠪᠡᠭᠦᠨ ᠰᠡᠷᠴᠢᠯ ᠵᠣᠷᠢᠭᠲᠤ  ᠵᠢᠶᠦ᠋ᠨ ᠸᠠᠩ ᠃ ᠲᠡᠭᠦᠨᠣ ᠬᠥᠪᠡᠭᠦᠨ ᠲᠠᠮᠪᠢᠯ ᠸᠠᠩ ᠂ ᠲᠡᠭᠦᠨᠣ ᠬᠥᠪᠡᠭᠦᠨ ᠪᠠᠩ ᠸᠠᠩ ᠂ ᠦᠮᠢ  ᠲᠡᠮᠡᠭᠲᠦ ᠨᠣᠶᠠᠨ ᠤ᠋ ᠬᠥᠪᠡᠭᠦᠨ  ᠪᠢᠩᠲᠦ ᠨᠣᠶᠠᠨ ᠂ ᠲᠡᠭᠦᠨᠣ ᠬᠦᠦ ᠡᠷᠳᠡᠨᠢ  ᠭᠦᠦᠰᠢ ᠨᠣᠶᠠᠨ ᠂ ᠲᠡᠭᠦᠨᠣ ᠬᠦᠦ ᠳᠣᠷᠵᠢ  ᠢᠯᠡᠳᠡᠩ ᠨᠣᠶᠠᠨ ᠂ ᠲᠡᠭᠦᠨᠣ ᠨᠢᠭᠡᠨ ᠬᠥᠪᠡᠭᠦᠨ  ᠲᠦᠰᠭᠢᠴᠡᠦ᠋ ᠲᠦᠰᠢᠶᠡᠲᠦ ᠪᠠᠶ᠋ᠢᠰᠠ ① ᠪᠠᠰᠠ ᠨᠢᠭᠡᠨ ᠬᠦᠦ ᠰᠡᠷᠡᠩ ᠮᠡᠷᠭᠡᠨ ᠪᠠᠶ᠋ᠢᠯᠠ② ᠲᠦᠰᠢᠶᠡᠲᠦ ᠪᠠᠶ᠋ᠢᠰᠠ ᠶ᠋ᠢᠨ ᠬᠦᠦ ᠶᠦᠩᠰᠢᠪᠤ ᠪᠠᠶ᠋ᠢᠰᠠ③ ᠲᠡᠭᠦᠨᠣ ᠬᠥᠪᠡᠭᠦᠨ ᠷᠢᠨᠴᠢᠩᠲᠠᠰᠢ ᠪᠠᠶ᠋ᠢᠰᠠ ᠃ ᠮᠡᠷᠭᠡᠨ ᠪᠠᠶ᠋ᠢᠯᠠ ᠶ᠋ᠢᠨ ᠬᠦᠦ ᠰᠠᠮᠠᠬᠠᠷ ᠠᠯᠳᠠᠷ ᠪᠠᠶ᠋ᠢᠯᠠ④ ᠲᠡᠭᠦᠨᠣ ᠬᠥᠪᠡᠭᠦᠨ ᠪᠣᠴᠣᠣ ᠪᠠᠶ᠋ᠢᠯᠠ⑤᠃ ᠲᠡᠭᠦᠨᠣ  ᠬᠦᠦ ᠴᠢᠳᠠᠨ ᠸᠠᠩᠴᠣᠭ ᠪᠡᠶ᠋ᠢᠯᠡ ᠂ ᠲᠡᠭᠦᠨᠣ ᠬᠦᠦ  ᠰᠤᠤᠨᠠᠮᠷᠠᠪᠳᠠᠨ ᠪᠠᠶ᠋ᠢᠯᠠ ᠂ ᠠᠪᠠᠭ᠎ᠠ ᠶ᠋ᠢᠨ ᠨᠣᠶᠠᠳ ᠡᠳᠡ ᠪᠣᠢ ᠃  

— — — —  
①  ᠲᠦᠰᠭᠢᠴᠡᠦ᠋ ᠲᠦᠰᠢᠶᠡᠲᠦ ᠪᠠᠶ᠋ᠢᠰᠠ ᠄ ᠲᠦᠰᠢᠶᠡᠲᠦ ᠪᠠᠶ᠋ᠢᠰᠠ᠃ 《ᠢᠯᠡᠳᠬᠡᠯ ᠱᠠᠰᠲᠢᠷ》 ᠲᠤ᠌ ᠳ᠋ᠦ᠋ᠩ ᠢᠰᠷᠡᠪ ᠭᠡᠵᠡᠢ ᠃ ᠡᠩᠬᠡ ᠠᠮᠤᠭᠤᠯᠠᠩ ᠤ᠋ᠨ  ᠲᠦᠳᠡᠬᠡᠷ ᠣᠨ (1665 ) ᠳ᠋ᠤ᠌ ᠵᠠᠰᠠᠭ ᠬᠤᠰᠢᠭᠤᠨ ᠪᠠᠶ᠋ᠢᠰᠠ  ᠡᠷᠭᠦᠮᠵᠢᠯᠡᠭᠳᠡᠨ ᠠᠪᠠᠬᠠᠨᠠᠷ ᠵᠡᠭᠦᠨ ᠬᠣᠰᠢᠭᠤ ᠶ᠋ᠢ ᠵᠠᠬᠢᠷᠪᠠ ᠂1684 ᠣᠨ ᠳ᠋ᠤ᠌ ᠨᠠᠰᠤ ᠪᠠᠷᠠᠪᠠ ᠃ 
② ᠰᠡᠷᠡᠩ ᠮᠡᠷᠭᠡᠨ ᠪᠠᠶ᠋ᠢᠯᠠ ᠄ ᠠᠪᠠᠬᠠᠨᠠᠷ ᠪᠠᠷᠠᠭᠤᠨ ᠭᠠᠷᠤᠨ ᠬᠤᠰᠢᠭᠤᠨ ᠤ᠋ ᠵᠠᠰᠠᠭ ᠸᠠᠩ ᠃ ᠡᠩᠬᠡ ᠠᠮᠤᠭᠤᠯᠠᠩ ᠤ᠋ᠨ ᠲᠠᠪᠤᠳᠤᠭᠠᠷ ᠣᠨ (1666 ) ᠳ᠋ᠤ᠌ ᠵᠠᠰᠠᠭ ᠲᠥᠷᠥ ᠶ᠋ᠢᠨ ᠪᠠᠶ᠋ᠢᠯᠠ  ᠡᠷᠭᠦᠮᠵᠢᠯᠡᠭᠳᠡᠵᠡᠢ ᠃1680 ᠣᠨ ᠳ᠋ᠤ᠌ ᠨᠠᠰᠤ ᠪᠠᠷᠠᠪᠠ ᠃ 
③ ᠶᠦᠩᠰᠢᠪᠤ ᠪᠠᠶ᠋ᠢᠰᠠ ᠄ 《 ᠢᠯᠡᠳᠬᠡᠯ ᠱᠠᠰᠲᠢᠷ 》 ᠲᠤ᠌ ᠳ᠋ᠦ᠋ᠩ ᠢᠭᠡᠷᠡᠪ (  ᠲᠦᠰᠭᠢᠴᠡᠪ ) ᠦ᠋ᠨ ᠬᠥᠪᠡᠭᠦᠨ ᠭᠦᠨᠴᠣᠭᠵᠠᠪ᠂  ᠲᠡᠭᠦᠨ ᠦ᠌ ᠬᠥᠪᠡᠭᠦᠨ ᠷᠢᠨᠴᠢᠨᠲᠠᠰᠢ  ᠭᠡᠵᠡᠢ ᠃ ᠡᠳᠡᠭᠡᠷ ᠴᠥᠮ ᠦᠶ᠎ᠡ ᠤᠯᠠᠮᠵᠢᠯᠠᠨ ᠵᠠᠰᠠᠭ ᠵᠠᠯᠭᠠᠮᠵᠢᠯᠠᠪᠠ ᠃ 《 ᠪᠣᠯᠣᠷ ᠡᠷᠢᠭᠡ ᠳ᠋ᠦ᠍ ᠶᠦᠰᠢᠪᠣ ᠭᠡᠵᠦ ᠲᠡᠮᠳᠡᠭᠯᠡᠭᠰᠡᠨ ᠪᠠᠶ᠋ᠢᠨ᠎ᠠ ᠃  ᠢᠯᠡᠳᠬᠡᠯ ᠱᠠᠰᠲᠢᠷ  ᠲᠤ᠌ ᠭᠠᠷᠳᠠᠭ  ᠭᠦᠨᠵᠦᠭ᠌ᠵᠠᠪ ᠭᠡᠳᠡᠭ ᠪᠣᠯ ᠶᠦᠩᠰᠢᠪᠤ ᠮᠥᠨ ᠃ 
④ ᠰᠠᠮᠠᠬᠠᠷ  ᠠᠯᠳᠠᠷ ᠪᠠᠶ᠋ᠢᠯᠠ ᠄ 《 ᠢᠯᠡᠳᠬᠡᠯ ᠱᠠᠰᠲᠢᠷ 》 ᠨᠡᠮᠡᠬᠡᠷ ᠪᠠᠶ᠋ᠢᠯᠠ  ᠭᠡᠵᠡᠢ ᠃ 
⑤ ᠪᠤᠴᠤᠤ ᠪᠠᠶ᠋ᠢᠯᠠ ᠄ ᠰᠠᠮᠠᠬᠠᠷ ᠠᠯᠳᠠᠷ ᠪᠠᠶ᠋ᠢᠯᠠ ᠶ᠋ᠢᠨ ᠶᠡᠬᠡ ᠬᠥᠪᠡᠭᠦᠨ ᠵᠣᠤᠠᠪᠠ ᠡᠷᠲᠡ ᠦᠭᠡᠢ ᠪᠣᠯᠤᠭᠰᠠᠨ ᠲᠤᠯᠠ ᠲᠡᠭᠦᠨ ᠦ᠌ ᠬᠣᠶᠠᠳᠤᠭᠠᠷ ᠬᠥᠪᠡᠭᠦᠨ ᠪᠣᠴᠣᠣ ᠂ ᠡᠩᠬᠡ ᠠᠮᠤᠭᠤᠯᠠᠩ ᠤ᠋ᠨ ᠬᠣᠷᠢᠨ ᠳᠥᠷᠪᠡᠳᠦᠭᠡᠷ ᠣᠨ (1685 ) ᠣᠨ ᠳ᠋ᠤ᠌ ᠵᠠᠰᠠᠭ ᠲᠥᠷᠥ ᠶ᠋ᠢᠨ ᠪᠠᠶ᠋ᠢᠯᠠ ᠵᠠᠯᠭᠠᠮᠵᠢᠯᠠᠵᠠᠢ ᠃ 

ᠭᠠᠩᠬ᠋᠎ᠠ ᠶ᠋ᠢᠨ ᠤᠷᠤᠰᠬᠠᠯ ( ᠪᠦᠬᠦ ᠨᠣᠮ ) Гангын урсгал ( бүх ном )