ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ - ᠨᠥ 2 Гангын урсгал – Чингис эзний алтан ургийн түүх Канкны урсгал нэрт бичиг оршив - Нө 2
ᠨᠥᠭᠦᠭᠡ ᠪᠥᠯᠥᠭ ( ᠳᠥᠷᠪᠡᠨ ᠬᠡᠦᠬᠡᠳ ᠂ ᠤᠷᠠᠳ ᠂ ᠬᠥᠬᠡ ᠤᠤᠷ ᠤᠨ ᠥᠭᠡᠯᠡᠦᠨ )
ᠳᠥᠷᠪᠡᠨ ᠬᠡᠦᠬᠡᠳ ᠦ᠋ᠨ ᠨᠣᠶᠠᠳ ᠤ᠋ᠨ ᠤᠭ
ᠳᠥᠷᠪᠡᠨ ᠬᠡᠦᠬᠡᠳ④ ᠦ᠋ᠨ ᠨᠣᠶᠠᠳ ᠤ᠋ᠨ ᠤᠭ
ᠵᠤᠷᠬᠤᠯ ᠨᠣᠶᠠᠨ ᠤ᠋ ᠳᠣᠯᠣᠳᠤᠭᠠᠷ ᠬᠦᠦ ᠥᠨᠳᠡᠢ ᠣᠳᠬᠣᠨ ᠨᠣᠶᠠᠨ ᠤ᠋ ᠬᠥᠪᠡᠭᠦᠨ ᠂ ᠣᠮᠪᠣ ᠳᠠᠷᠬᠠᠨ ᠵᠣᠷᠢᠭᠲᠤ ᠸᠠᠩ ⑤ ᠲᠡᠭᠦᠨᠦ ᠬᠦᠦ ᠪᠠᠪᠠᠢ ᠸᠠᠩ ᠂ ᠲᠡᠭᠦᠨᠦ ᠬᠦᠦ ᠰᠠᠭᠳᠤᠷ ᠸᠠᠩ ᠂ ᠲᠡᠭᠦᠨᠦ ᠬᠥᠪᠡᠭᠦᠨ ᠲᠠᠮᠪᠠ ᠹᠥᠩᠴᠤᠭ ᠸᠠᠩ⑥ ᠲᠡᠭᠦᠨᠦ ᠬᠥᠪᠡᠭᠦᠨ ᠰᠡᠨᠴᠢᠴᠤᠩ⑦ ᠸᠠᠩ ᠃ ᠳᠥᠷᠪᠡᠨ ᠬᠡᠦᠬᠡᠳ ᠦ᠋ᠨ ᠨᠣᠶᠠᠳ ᠡᠳᠡᠨ ᠪᠣᠢ ᠃
— — — —
④ 《ᠮᠣᠩᠭᠣᠯ ᠤ᠋ᠨ ᠨᠡᠭᠦᠬᠦ ᠮᠠᠯᠵᠢᠯ ᠤ᠋ᠨ ᠲᠡᠮᠳᠡᠭᠯᠡᠯ 》 ᠳ᠋ᠦ᠍ᠷ ᠲᠡᠮᠳᠡᠭᠯᠡᠭᠰᠡᠨ ᠨᠢ ᠄ 《ᠳᠥᠷᠪᠡᠨ ᠬᠡᠦᠬᠡᠳ ᠠᠢᠮᠠᠭ ᠠᠨᠤ ᠴᠢᠭᠤᠯᠤᠯᠲᠤ ᠬᠠᠭᠠᠯᠠᠭ᠎ᠠ ᠠ᠋ᠴᠠ ᠪᠠᠷᠠᠭᠤᠨ ᠬᠣᠢᠰᠢ ᠲᠠᠪᠤᠨ ᠵᠠᠭᠤᠨ ᠲᠠᠪᠢᠨ ᠭᠠᠵᠠᠷ ᠪᠤᠶᠤ ᠃ ᠨᠡᠢᠰᠯᠡᠯ ᠬᠣᠲᠠᠨ ᠳ᠋ᠤᠷ ᠬᠦᠷᠴᠦ ᠢᠷᠡᠬᠦᠢ ᠢᠨᠤ ᠶᠢᠰᠦᠨ ᠵᠠᠭᠤᠨ ᠵᠢᠷᠠᠨ ᠭᠠᠵᠠᠷ ᠠᠵᠤᠭᠤ ᠃ ᠵᠡᠭᠦᠨ ᠪᠠᠷᠠᠭᠤᠨ ᠬᠠᠷᠢᠯᠴᠠᠨ ᠠᠯᠤᠰᠯᠠᠭᠰᠠᠨ ᠠᠨᠤ ᠬᠣᠶᠠᠷ ᠵᠠᠭᠤᠨ ᠭᠤᠴᠢᠨ ᠲᠠᠪᠤᠨ ᠭᠠᠵᠠᠷ ᠂ ᠡᠮᠦᠨ᠎ᠡ ᠤᠮᠠᠷ᠎ᠠ ᠬᠠᠷᠢᠯᠴᠠᠨ ᠠᠯᠤᠰᠯᠠᠭᠰᠠᠨ ᠠᠨᠤ ᠬᠣᠶᠠᠷ ᠵᠠᠭᠤᠨ ᠳᠥᠴᠢᠨ ᠭᠠᠵᠠᠷ ᠃ ᠵᠡᠭᠦᠨ ᠡᠲᠡᠭᠡᠳ ᠢᠨᠤ ᠰᠥᠨᠢᠳ ᠲᠣᠷ ᠵᠠᠬ᠎ᠠ ᠨᠡᠢᠯᠡᠵᠦ ᠪᠠᠷᠠᠭᠤᠨ ᠡᠲᠡᠭᠡᠳ ᠢᠨᠤ ᠬᠥᠬᠡᠬᠣᠲᠠ ᠶ᠋ᠢᠨ ᠲᠦᠮᠡᠳ ᠲᠣᠷ ᠵᠠᠬ᠎ᠠ ᠨᠡᠢᠯᠡᠵᠦᠬᠦᠢ ᠂ ᠡᠮᠦᠨ᠎ᠡ ᠡᠲᠡᠭᠡᠳ 153 ᠢᠨᠤ ᠴᠠᠬᠠᠷ ᠤ᠋ᠨ ᠬᠥᠪᠡᠭᠡᠲᠦ ᠤᠯᠠᠭᠠᠨ ᠬᠤᠰᠢᠭᠤᠨ ᠤ᠋ ᠠᠳᠤᠭᠤᠯᠠᠬᠤ ᠭᠠᠵᠠᠷ ᠲᠤᠷ ᠵᠠᠬ᠎ᠠ ᠨᠡᠢᠯᠡᠵᠦ ᠤᠮᠠᠷ᠎ᠠ ᠡᠲᠡᠭᠡᠳ ᠢᠨᠤ ᠰᠥᠨᠢᠳ ᠲᠣᠷ ᠵᠠᠬ᠎ᠠ ᠨᠡᠢᠯᠡᠵᠦᠬᠦᠢ ᠃ ᠬᠠᠨ ᠤᠯᠤᠰ ᠤ᠋ᠨ ᠦᠶ᠎ᠡ ᠳ᠋ᠦ᠍ ᠶᠠᠨ ᠮᠸᠨ ᠵᠢᠶᠦ᠋ᠨ ᠵᠢᠴᠢ ᠳ᠋ᠢᠩ ᠷᠠᠩ ᠵᠢᠶᠦ᠋ᠨ ᠦ᠌ ᠤᠮᠠᠷ᠎ᠠ ᠬᠢᠵᠠᠭᠠᠷ ᠪᠣᠯᠵᠤ ᠶ᠋ᠢᠨ ᠤᠯᠤᠰ ᠤ᠋ᠨ ᠦᠶ᠎ᠡ ᠳ᠋ᠦ᠍ ᠲᠣᠪᠠ ᠣᠪᠣᠭᠲᠠᠨ ᠤ᠋ ᠨᠤᠲᠤᠭ ᠪᠣᠯᠪᠠᠢ ᠃ ᠳᠠᠩ ᠤᠯᠤᠰ ᠤ᠋ᠨ ᠦᠶ᠎ᠡ ᠳ᠋ᠦ᠍ᠷ ᠵᠸᠨ ᠡᠦ ᠴᠡᠷᠢᠭ ᠦ᠋ᠨ ᠭᠠᠵᠠᠷ ᠃ ᠯᠢᠶᠣᠤ ᠤᠯᠤᠰ ᠤ᠋ᠨ ᠦᠶ᠎ᠡ ᠳ᠋ᠦ᠍ᠷ ᠹᠧᠩ ᠵᠧᠦ ᠶ᠋ᠢᠨ ᠭᠠᠵᠠᠷ ᠪᠣᠯᠵᠤ ᠪᠠᠷᠠᠭᠤᠨ ᠨᠡᠢᠰᠯᠡᠯ ᠦ᠋ᠨ ᠵᠠᠮ ᠳ᠋ᠤᠷ ᠬᠠᠷᠢᠶᠠᠯᠠᠭᠳᠠᠨ ᠠᠭᠰᠠᠨ ᠢ᠋ᠶ᠋ᠠᠨ ᠠᠯᠲᠠᠨ ᠤᠯᠤᠰ ᠤ᠋ᠨ ᠦᠶ᠎ᠡ ᠳ᠋ᠦ᠍ᠷ ᠮᠥᠨ ᠪᠠᠷᠠᠭᠤᠨ ᠨᠡᠢᠰᠯᠡᠯ ᠦ᠋ᠨ ᠵᠠᠮ ᠳ᠋ᠤ᠌ ᠬᠠᠷᠢᠶᠠᠯᠠᠭᠳᠠᠪᠠ ᠃ ᠶᠤᠸᠠᠨ ᠤᠯᠤᠰ ᠤ᠋ᠨ ᠦᠶ᠎ᠡ ᠳ᠋ᠦ᠍ᠷ ᠳᠡ ᠲᠦᠩ ᠦ᠋ᠨ ᠵᠠᠮ ᠳ᠋ᠤᠷ ᠬᠠᠷᠢᠶᠠᠯᠠᠭᠳᠠᠨ ᠮᠢᠩ ᠤᠯᠤᠰ ᠤ᠋ᠨ ᠦᠶ᠎ᠡ ᠳ᠋ᠦ᠍ᠷ ᠮᠣᠩᠭᠣᠯ ᠳ᠋ᠤᠷ ᠣᠷᠣᠵᠤᠬᠤᠢ 》 ᠭᠡᠵᠡᠢ ᠃ ᠲᠡᠦᠬᠡᠨ ᠲᠡᠮᠳᠡᠭᠯᠡᠯ ᠡᠴᠡ ᠦᠵᠡᠪᠡᠯ ᠂ ᠳᠥᠷᠪᠡᠨ ᠬᠡᠦᠬᠡᠳ ᠠᠢᠮᠠᠭ ᠤᠤᠯ ᠨᠢ ᠬᠥᠯᠥᠨ ᠪᠤᠢᠷ ᠠᠢᠮᠠᠭ ᠲᠤ᠌ ᠨᠤᠲᠤᠭᠯᠠᠵᠤ ᠪᠠᠢᠭᠰᠠᠨ ᠶᠤᠮ ᠃ ᠴᠢᠩᠭᠢᠰ ᠬᠠᠭᠠᠨ ᠤ᠋ ᠳᠡᠭᠦᠦ ᠬᠠᠪᠤᠲᠤ ᠬᠠᠰᠠᠷ ᠠ᠋ᠴᠠ ᠳᠣᠷᠣᠭᠰᠢ ᠠᠷᠪᠠᠨ ᠲᠠᠪᠤᠨ ᠦᠶ᠎ᠡ ᠤᠯᠠᠮᠵᠢᠯᠠᠵᠤ ᠨᠣᠶᠠᠨᠲᠠᠢ ᠨᠣᠶᠠᠨ ( ᠡᠨᠳᠡ ᠥᠨᠳᠡᠢ ᠣᠳᠬᠣᠨ ᠨᠣᠶᠠᠨ ᠭᠡᠪᠡ ) ᠶ᠋ᠢᠨ ᠦᠶ᠎ᠡ ᠪᠣᠯᠬᠤ ᠳ᠋ᠤ᠌ ᠨᠣᠶᠠᠨᠲᠠᠢ ᠨᠣᠶᠠᠨ ᠪᠣᠯᠤᠨ ᠲᠡᠭᠦᠨ ᠦ᠌ ᠠᠬ᠎ᠠ ᠳᠦᠭᠦᠷᠡᠩ ᠳᠠᠢᠴᠢᠩ ᠨᠠᠷ ᠥᠪᠡᠷ ᠦ᠋ᠨ ᠬᠠᠷᠢᠶᠠᠲᠤ ᠠᠢᠮᠠᠭ ᠢ᠋ᠶ᠋ᠠᠨ ᠳᠠᠭᠠᠭᠤᠯᠤᠨ ᠬᠥᠯᠥᠨ ᠪᠤᠢᠷ ᠲᠤ᠌ ᠨᠤᠲᠤᠭᠯᠠᠨ ᠮᠠᠯᠵᠢᠵᠤ ᠪᠠᠢᠯᠤᠭ᠎ᠠ ᠃ ᠨᠣᠶᠠᠨᠲᠠᠢ ᠨᠣᠶᠠᠨ ᠳᠥᠷᠪᠡᠨ ᠬᠥᠪᠡᠭᠦᠨ ᠲᠡᠢ ᠃ ᠶᠡᠬᠡ ᠨᠢ ᠰᠡᠩᠭᠡ ᠮᠡᠷᠭᠡᠨ ᠬᠣᠰᠢᠭᠤᠴᠢ ᠂ ᠳᠡᠳ᠋ ᠨᠢ ᠰᠣᠨᠣᠮ ᠳᠠᠷᠬᠠᠨ ᠲᠠᠢᠵᠢ ᠂ ᠭᠤᠲᠠᠭᠠᠷ ᠨᠢ ᠣᠮᠪᠣ ᠪᠥᠬᠡ ᠲᠠᠢᠵᠢ ᠂ ᠳᠥᠲᠥᠭᠡᠷ ᠨᠢ ᠢᠷᠠᠵᠠᠪ ᠮᠡᠷᠭᠡᠨ ᠲᠠᠢᠵᠢ ᠪᠤᠶᠤ ᠃ ᠡᠳᠡᠨ ᠦ᠌ ᠦᠶ᠎ᠡ ᠳ᠋ᠦ᠍ᠷ ᠠᠬ᠎ᠠ ᠳᠡᠭᠦᠦ ᠳᠥᠷᠪᠡᠭᠦᠯᠡ ᠬᠠᠷᠢᠶᠠᠲᠤ ᠠᠢᠮᠠᠭ ᠢ᠋ᠶ᠋ᠠᠨ ᠬᠤᠪᠢᠶᠠᠨ ᠡᠵᠡᠯᠡᠵᠦ ᠪᠠᠢᠭᠰᠠᠨ ᠊ᠢ ᠡᠷᠲᠡᠨ ᠳ᠋ᠡᠭᠡᠨ ᠳᠥᠷᠪᠡᠨ ᠬᠡᠦᠬᠡᠳ ᠦ᠋ᠨ ᠠᠢᠮᠠᠭ ᠭᠡᠵᠦ ᠭᠡᠵᠦ ᠨᠡᠷᠡᠢᠳᠴᠦ ᠪᠠᠢᠵᠠᠢ ᠃ ᠰᠡᠴᠡᠨ ᠬᠠᠭᠠᠨ ᠤ᠋ ᠳᠥᠲᠥᠭᠡᠷ ᠣᠨ (1630 ) ᠳ᠋ᠤ᠌ ᠠᠷᠤ ᠮᠣᠩᠭᠣᠯ ( ᠡᠷᠲᠡᠨ ᠳ᠋ᠡᠭᠡᠨ ᠠᠷᠤ ᠬᠣᠷᠴᠢᠨ ᠂ ᠳᠥᠷᠪᠡᠨ ᠬᠡᠦᠬᠡᠳ ᠂ ᠤᠷᠠᠳ ᠂ ᠮᠤᠤᠮᠢᠩᠭᠠᠨ ᠂ ᠣᠩᠨᠢᠭᠤᠳ ᠠᠪᠠᠭ᠎ᠠ ᠂ ᠠᠪᠠᠭᠠᠨᠠᠷ ᠪᠣᠯᠤᠨ ᠠᠷᠤ ᠥᠪᠥᠷ ᠬᠠᠯᠬ᠎ᠠ ᠶ᠋ᠢ ᠨᠡᠢᠲᠡ ᠳ᠋ᠦ᠍ᠨᠢ ᠠᠷᠤ ᠮᠣᠩᠭᠣᠯ ᠭᠡᠳᠡᠭ ) ᠮᠠᠨᠵᠤ ᠳ᠋ᠤ᠌ ᠣᠷᠣᠵᠤ ᠥᠭᠬᠦ ᠦᠶ᠎ᠡ ᠳᠥᠷᠪᠡᠨ ᠬᠡᠦᠬᠡᠳ ᠦ᠋ᠨ ᠠᠢᠮᠠᠭ ᠪᠠᠰᠠ ᠳᠠᠭᠠᠯᠳᠤᠨ ᠣᠷᠣᠵᠤ ᠥᠭᠴᠡᠢ ᠃ ᠳᠡᠭᠡᠳᠦ ᠡᠷᠳᠡᠮᠲᠦ ᠶ᠋ᠢᠨ ᠠᠩᠬᠠᠨ ᠣᠨ (1636 ) ᠳ᠋ᠤ᠌ ᠣᠮᠪᠣ ᠨᠣᠶᠠᠨ ᠵᠠᠰᠠᠭ ᠡᠷᠭᠦᠮᠵᠢᠯᠡᠨ ᠳᠥᠷᠪᠡᠨ ᠬᠡᠦᠬᠡᠳ ᠦ᠋ᠨ ᠠᠢᠮᠠᠭ ᠊ᠢ ᠨᠢᠭᠡᠳᠬᠡᠨ ᠵᠠᠬᠢᠷᠤᠭᠤᠯᠪᠠ ᠃ ᠡᠩᠬᠡ ᠠᠮᠤᠭᠤᠯᠠᠩ ᠤ᠋ᠨ ᠬᠣᠷᠢᠨ ᠳᠣᠯᠣᠳᠤᠭᠠᠷ ᠣᠨ ᠳ᠋ᠤ᠌ ᠭᠠᠯᠳᠠᠨ ᠪᠣᠱᠣᠭᠲᠤ ᠶ᠋ᠢᠨ ᠴᠡᠷᠢᠭ ᠴᠠᠬᠠᠷ ᠊ᠢ ᠳᠠᠢᠯᠠᠬᠤ ᠦᠶ᠎ᠡ ᠳ᠋ᠦ᠍ ᠴᠢᠩ ᠤᠯᠤᠰ ᠬᠥᠬᠡᠬᠣᠲᠠ ᠶ᠋ᠢᠨ ᠬᠠᠪᠢ ᠪᠠᠷ ᠴᠡᠷᠢᠭ ᠲᠣᠮᠢᠯᠠᠨ ᠰᠡᠷᠭᠡᠢᠯᠡᠯᠲᠡ ᠬᠢᠬᠦ ᠳ᠋ᠦ᠍ ᠳᠥᠷᠪᠡᠨ ᠬᠡᠦᠬᠡᠳ ᠦ᠋ᠨ ᠠᠢᠮᠠᠭ ᠴᠡᠷᠢᠭ ᠠᠪᠤᠨ ᠰᠡᠷᠭᠡᠢᠯᠡᠯᠲᠡ ᠳ᠋ᠦ᠍ ᠢᠷᠡᠵᠡᠢ ᠃ ᠬᠣᠵᠢᠮ ᠨᠢ ᠲᠩᠷᠢ ᠲᠡᠳᠬᠦᠭᠴᠢ ᠶ᠋ᠢᠨ ᠠᠷᠪᠠᠨ ᠨᠠᠢ᠍ᠮᠠᠳᠤᠭᠠᠷ ᠣᠨ (1753 ) ᠳ᠋ᠤ᠌ ᠳᠥᠷᠪᠡᠨ ᠬᠡᠦᠬᠡᠳ ᠦ᠋ᠨ ᠬᠣᠰᠢᠭᠤ ᠪᠣᠯᠭᠠᠨ ᠤᠯᠠᠭᠠᠨᠴᠠᠪ ᠤ᠋ᠨ ᠴᠢᠭᠤᠯᠭᠠᠨ ᠳ᠋ᠤ᠌ ᠪᠠᠭᠲᠠᠭᠠᠨ ᠨᠤᠲᠤᠭᠰᠢᠭᠤᠯᠵᠠᠢ ᠃
⑤ ᠣᠮᠪᠣ ᠳᠠᠷᠬᠠᠨ ᠵᠣᠷᠢᠭᠲᠤ ᠸᠠᠩ ᠄ ᠳᠡᠭᠡᠳᠦ ᠡᠷᠳᠡᠮᠲᠦ ᠶ᠋ᠢᠨ ᠲᠡᠷᠢᠭᠦᠨ ᠣᠨ (1636 ) ᠳ᠋ᠤ᠌ ᠵᠠᠰᠠᠭ ᠪᠣᠯᠭᠠᠨ ᠳᠠᠷᠬᠠᠨ ᠵᠣᠷᠢᠭᠲᠤ ᠴᠣᠯᠠ ᠣᠯᠭᠣᠭᠰᠠᠨ ᠠ᠋ᠴᠠ ᠳᠥᠷᠪᠡᠨ ᠬᠡᠦᠬᠡᠳ ᠦ᠋ᠨ ᠬᠤᠰᠢᠭᠤᠨ ᠤ᠋ ᠵᠠᠰᠠᠭ ᠸᠠᠩ ᠪᠣᠯᠪᠠ ᠃ ᠡᠶᠡᠪᠡᠷ ᠵᠠᠰᠠᠭᠴᠢ ᠶ᠋ᠢᠨ ᠵᠢᠷᠭᠤᠳᠤᠭᠠᠷ ᠣᠨ (1649 ) ᠳ᠋ᠦ᠍ ᠲᠥᠷᠥ ᠶ᠋ᠢᠨ ᠵᠢᠶᠦ᠋ᠨ ᠸᠠᠩ ᠡᠷᠭᠦᠮᠵᠢᠯᠡᠭᠳᠡᠵᠡᠢ ᠃1653 ᠣᠨ ᠳ᠋ᠤ᠌ ᠨᠠᠰᠤ ᠪᠠᠷᠠᠪᠠ ᠃
⑥ 《 ᠢᠯᠡᠳᠬᠡᠯ ᠱᠠᠰᠲᠢᠷ 》 ᠲᠤ᠌ 《 ᠲᠠᠮᠪᠠᠪᠣᠩᠰᠤ 》 ᠭᠡᠵᠦ ᠲᠡᠮᠳᠡᠭᠯᠡᠵᠡᠢ ᠃
⑦ 《 ᠢᠯᠡᠳᠬᠡᠯ ᠱᠠᠰᠲᠢᠷ 》 ᠲᠤ᠌ 《 ᠰᠠᠵᠢᠵᠠᠪ 》 ᠭᠡᠵᠦ ᠲᠡᠮᠳᠡᠭᠯᠡᠪᠡ ᠃
ᠤᠷᠠᠳ ᠤ᠋ᠨ ᠨᠣᠶᠠᠳ ᠤ᠋ᠨ ᠤᠭ
ᠤᠷᠠᠳ① ᠤ᠋ᠨ ᠨᠣᠶᠠᠳ ᠤ᠋ᠨ ᠤᠭ
ᠪᠤᠯᠤᠨᠢ ᠨᠣᠶᠠᠨ ② ᠤ᠋ ᠳᠣᠯᠣᠳᠤᠭᠠᠷ ᠬᠥᠪᠡᠭᠦᠨ ᠯᠠᠢᠬᠠ ③ ᠂ ᠲᠡᠭᠦᠨᠦ ᠬᠦᠦ ᠠᠷᠠᠴᠢᠬᠦ④ ᠬᠤᠰᠢᠬᠤᠴᠢ ᠨᠣᠶᠠᠨ ᠲᠡᠭᠦᠨᠦ ᠬᠥᠪᠡᠭᠦᠨ ᠲᠦᠮᠡᠨ ᠳᠠᠷᠬᠠᠨ ⑤᠂ ᠲᠡᠭᠦᠨᠦ ᠬᠦᠦ ᠦᠪᠠᠨ ᠬᠦᠩ ⑥ ᠲᠡᠭᠦᠨᠦ ᠬᠦᠦ ᠠᠶᠤᠰᠢ ᠬᠦᠩ ᠲᠡᠭᠦᠨᠦ ᠬᠦᠦ ᠨᠣᠮ ᠤ᠋ᠨ ᠬᠦᠩ ᠂ ᠲᠡᠭᠦᠨᠦ ᠬᠦᠦ ᠲᠠᠷᠮᠠᠲᠤ ᠬᠦᠩ
— — — —
①ᠤᠷᠠᠳ ᠤ᠋ᠨ ᠲᠤᠬᠠᠢ ᠳᠠᠶᠢᠯᠯᠭᠠ ᠶ᠋ᠢ ᠠᠩᠬᠠᠨ ᠤ᠋ ᠪᠦᠯᠦᠭ ᠳᠠᠬᠢ 《 ᠤᠷᠠᠳ ᠤ᠋ᠨ ᠨᠣᠶᠠᠳ ᠤ᠋ᠨ ᠤᠭ 》 ᠳᠠᠬᠢ ᠳᠠᠶᠢᠯᠯᠭᠠ ① ᠳ᠋ᠤ᠌ ᠦᠵᠡ ᠃
② ᠪᠣᠯᠤᠨᠢ ᠄ 《ᠢᠯᠡᠳᠬᠡᠯ ᠱᠠᠰᠲᠢᠷ 》 ᠲᠤ᠌ ᠪᠣᠷᠬᠠᠢ ᠭᠡᠵᠦ ᠲᠡᠮᠳᠡᠭᠯᠡᠨ 《ᠶᠤᠸᠠᠨ ᠤᠯᠤᠰ ᠤ᠋ᠨ ᠲᠠᠢᠽᠦ ᠬᠠᠭᠠᠨ ᠤ᠋ ᠠᠷᠪᠠᠨ ᠲᠠᠪᠤᠳᠤᠭᠠᠷ ᠦᠶ᠎ᠡ ᠶ᠋ᠢᠨ ᠠᠴᠢ ᠪᠣᠷᠬᠠᠢ ᠂ ᠬᠥᠯᠥᠨ ᠪᠤᠢᠷ ᠤ᠋ᠨ ᠭᠠᠵᠠᠷ ᠲᠤᠷ ᠨᠤᠲᠤᠭᠯᠠᠨ ᠰᠠᠭᠤᠵᠤ ᠲᠡᠭᠦᠨ ᠦ᠌ ᠠᠢᠮᠠᠭ ᠊ᠢ ᠤᠷᠠᠳ ᠭᠡᠵᠦ ᠨᠡᠷᠡᠢᠳᠴᠦᠬᠦᠢ 》 ᠭᠡᠵᠡᠢ ᠃
③ ᠳᠣᠯᠣᠳᠤᠭᠠᠷ ᠬᠥᠪᠡᠭᠦᠨ ᠯᠠᠢᠬᠠ ᠄ 《 ᠢᠯᠡᠳᠬᠡᠯ ᠱᠠᠰᠲᠢᠷ 》 ᠲᠤ᠌ ᠪᠣᠷᠬᠠᠢ ᠶ᠋ᠢᠨ ᠬᠥᠪᠡᠭᠦᠳ ᠦ᠋ᠨ ᠲᠤᠬᠠᠢ ᠲᠡᠮᠳᠡᠭᠯᠡᠬᠦ ᠳ᠋ᠡᠭᠡᠨ ᠄ 《ᠲᠡᠭᠦᠨᠴᠡ ᠲᠠᠪᠤᠨ ᠬᠥᠪᠡᠭᠦᠨ ᠲᠥᠷᠥᠪᠡᠢ ᠂ ᠠᠬᠠᠮᠠᠳ ᠬᠥᠪᠡᠭᠦᠨ ᠯᠠᠢᠬᠠ ᠂ ᠬᠣᠶᠠᠳᠤᠭᠠᠷ ᠬᠥᠪᠡᠭᠦᠨ ᠪᠣᠶᠠᠩᠬᠤ ᠂ ᠭᠤᠷᠪᠠᠳᠤᠭᠠᠷ ᠬᠥᠪᠡᠭᠦᠨ ᠠᠷᠰᠠᠬᠤ ᠂ ᠳᠥᠷᠪᠡᠳᠦᠭᠡᠷ ᠬᠥᠪᠡᠭᠦᠨ ᠪᠦᠷᠦᠲᠦ ᠂ ᠲᠠᠪᠤᠳᠤᠭᠠᠷ ᠬᠥᠪᠡᠭᠦᠨ ᠪᠡᠷᠰᠢ 》 ᠭᠡᠵᠡᠢ ᠃ ᠡᠨᠳᠡ ᠯᠠᠢᠬᠠ ᠶ᠋ᠢ ᠪᠣᠷᠬᠠᠢ ᠶ᠋ᠢᠨ ᠳᠣᠯᠣᠳᠤᠭᠠᠷ ᠬᠥᠪᠡᠭᠦᠨ ᠭᠡᠵᠦ ᠲᠡᠮᠳᠡᠭᠯᠡᠵᠡᠢ ᠃
④ ᠠᠷᠠᠴᠢᠬᠦ ᠄ 《 ᠢᠯᠡᠳᠬᠡᠯ ᠱᠠᠰᠲᠢᠷ 》 ᠲᠤ᠌ ᠠᠷᠰᠠᠬᠤ ᠭᠡᠵᠦ ᠂ 《 ᠪᠣᠯᠣᠷ ᠡᠷᠢᠭᠡ 》 ᠳ᠋ᠦ᠍ ᠡᠷᠴᠡᠢ ᠭᠡᠵᠦ ᠲᠡᠮᠳᠡᠭᠯᠡᠵᠡᠢ ᠃
⑤ ᠲᠦᠮᠡᠨ ᠳᠠᠷᠬᠠᠨ ᠄ ᠯᠠᠢᠬᠠ ᠶ᠋ᠢᠨ ᠠᠴᠢ ᠬᠦᠦ ᠣᠮᠪᠣ ᠶ᠋ᠢ ᠵᠢᠭᠠᠵᠤ ᠪᠣᠢ ᠃ ᠲᠡᠭᠦᠨ ᠦ᠌ ᠴᠣᠯᠠ ᠶ᠋ᠢ ᠲᠦᠮᠡᠨ ᠳᠠᠷᠬᠠᠨ ᠭᠡᠳᠡᠭ ᠃ ᠤᠷᠠᠳ ᠠᠢᠮᠠᠭ ᠬᠥᠯᠥᠨ ᠪᠤᠢᠷ ᠲᠤ᠌ ᠨᠤᠲᠤᠭᠯᠠᠨ ᠪᠦᠬᠦᠢ ᠳ᠋ᠦ᠍ᠷ ᠭᠤᠷᠪᠠᠨ ᠰᠠᠯᠠᠭ᠎ᠠ ᠬᠤᠪᠢᠶᠠᠭᠳᠠᠨ ᠪᠠᠢᠭᠰᠠᠨ ᠤ᠋ ᠨᠢᠭᠡᠨ ᠰᠠᠯᠠᠭ᠎ᠠ ᠶ᠋ᠢ ᠣᠮᠪᠣ ᠵᠠᠬᠢᠷᠴᠤ ᠪᠠᠢᠪᠠ ᠃ ᠨᠥᠭᠥᠭᠡ ᠬᠣᠶᠠᠷ ᠰᠠᠯᠠᠭ᠎ᠠ ᠶ᠋ᠢ ᠪᠡᠷᠰᠢ ᠶ᠋ᠢᠨ ᠬᠣᠶᠠᠳᠤᠭᠠᠷ ᠬᠥᠪᠡᠭᠦᠨ ᠬᠠᠨᠢᠰ ᠴᠢᠩ ᠲᠠᠢᠵᠢ ᠶ᠋ᠢᠨ ᠠᠴᠢ ᠰᠡᠷᠡᠩ ᠵᠢᠴᠢ ᠲᠠᠪᠤᠳᠤᠭᠠᠷ ᠬᠥᠪᠡᠭᠦᠨ ᠬᠠᠨᠢᠲᠠᠢ ᠪᠢᠩᠲᠦ ᠲᠠᠢᠵᠢ ᠶ᠋ᠢᠨ ᠬᠥᠪᠡᠭᠦᠨ ᠲᠣᠪᠠ ᠨᠠᠷ ᠵᠠᠬᠢᠷᠴᠤ ᠪᠠᠢᠭᠰᠠᠨ ᠪᠠᠢᠨ᠎ᠠ ᠃
⑥ ᠦᠪᠠᠨ ᠬᠦᠩ ᠄ ᠤᠷᠠᠳ ᠤ᠋ᠨ ᠡᠮᠦᠨᠡᠲᠦ ᠬᠤᠰᠢᠭᠤᠨ ᠤ᠋ ᠵᠠᠰᠠᠭ ᠸᠠᠩ ᠃ ᠡᠶᠡᠪᠡᠷ ᠵᠠᠰᠠᠭᠴᠢ ᠶ᠋ᠢᠨ ᠲᠠᠪᠤᠳᠤᠭᠠᠷ ᠣᠨ (1648 ) ᠳ᠋ᠤ᠌ ᠵᠠᠰᠠᠭ ᠤᠯᠤᠰ ᠤ᠋ᠨ ᠲᠦᠰᠢᠶ᠎ᠡ ᠬᠦᠩ ᠡᠷᠭᠦᠮᠵᠢᠯᠡᠭᠳᠡᠪᠡ ᠃1658 ᠣᠨ ᠳ᠋ᠤ᠌ ᠨᠠᠰᠤ ᠪᠠᠷᠠᠪᠠ ᠃
ᠲᠡᠭᠦᠨᠦ ᠬᠥᠪᠡᠭᠦᠨ ᠲᠠᠷᠮᠠᠰᠠᠷᠢ ᠬᠦᠩ ᠃ ᠯᠠᠢᠬᠠ ᠶ᠋ᠢᠨ ᠳ᠋ᠡᠭᠦᠦ ᠪᠡᠷᠰᠢ ᠨᠣᠶᠠᠨ ᠤ᠋ ᠬᠦᠦ ᠬᠠᠢᠰᠢ ᠨᠣᠶᠠᠨ ᠲᠡᠭᠦᠨᠦ ᠬᠦᠦ ᠴᠣᠴᠤᠩᠬᠢ ᠬᠦᠩ① ᠂ ᠲᠡᠭᠦᠨᠦ ᠬᠦᠦ ᠲᠠᠷᠮ᠎ᠠ ᠬᠦᠩ ᠲᠡᠭᠦᠨᠦ ᠬᠥᠪᠡᠭᠦᠨ ᠦᠯᠪᠢᠨ ᠬᠦᠩ ᠲᠡᠭᠦᠨᠦ ᠬᠦᠦ ᠴᠦᠢᠢᠮᠡᠰᠦ ᠬᠦᠩ ᠂ ᠬᠠᠢᠰᠢ ᠶ᠋ᠢᠨ ᠳ᠋ᠡᠭᠦᠦ ᠬᠠᠢᠳᠠᠢ ᠨᠣᠶᠠᠨ ᠤ᠋ ᠬᠥᠪᠡᠭᠦᠨ ᠲᠤᠤᠪᠠ ᠬᠦᠩ ②᠂ ᠳᠡᠭᠦᠨᠦ ᠬᠦᠦ ᠬᠣᠢᠰᠢ ᠬᠦᠩ ᠂ ᠲᠡᠭᠦᠨᠦ ᠬᠦᠦ ᠴᠠᠮᠴᠢᠨ ᠬᠦᠩ ᠂ ᠲᠡᠭᠦᠨᠦ ᠬᠦᠦ ᠲᠦᠷᠡᠩ ᠬᠦᠩ ᠤᠷᠠᠳ ᠤ᠋ᠨ ᠨᠣᠶᠠᠳ ᠡᠳᠡ ᠪᠣᠢ᠃
— — — —
① ᠴᠣᠴᠤᠩᠬᠢ ᠬᠦᠩ ᠄ ᠴᠣᠴᠤᠩᠬᠢ ᠶ᠋ᠢᠨ ᠠᠬ᠎ᠠ ᠪᠠᠭᠪᠠᠬᠠᠢ ᠪᠣᠯ ᠤᠷᠠᠳ ᠤ᠋ᠨ ᠳᠤᠮᠳᠠᠳᠤ ᠬᠤᠰᠢᠭᠤᠨ ᠤ᠋ ᠵᠠᠰᠠᠭ ᠸᠠᠩ ᠂ ᠡᠶᠡᠪᠡᠷ ᠵᠠᠰᠠᠭᠴᠢ ᠶ᠋ᠢᠨ ᠲᠠᠪᠤᠳᠤᠭᠠᠷ ᠣᠨ (1648 ) ᠳ᠋ᠤ᠌ ᠤᠯᠤᠰ ᠲᠤᠷ ᠲᠤᠰᠠᠯᠠᠭᠴᠢ ᠬᠦᠩ ᠡᠷᠭᠦᠮᠵᠢᠯᠡᠭᠳᠡᠪᠡ ᠃ ᠮᠥᠨ ᠣᠨ ᠪᠠᠭᠪᠠᠬᠠᠢ ᠨᠠᠰᠤ ᠪᠠᠷᠠᠭᠰᠠᠨ ᠤ᠋ ᠳᠠᠷᠠᠭ᠎ᠠ ᠲᠡᠭᠦᠨ ᠦ᠌ ᠳᠡᠭᠦᠦ ᠴᠣᠴᠤᠩᠬᠢ ᠵᠠᠰᠠᠭ ᠤᠯᠤᠰ ᠲᠤᠷ ᠲᠤᠰᠠᠯᠠᠭᠴᠢ ᠬᠦᠩ ᠵᠠᠯᠭᠠᠮᠵᠢᠯᠠᠵᠠᠢ ᠃1683 ᠣᠨ ᠳ᠋ᠤ᠌ ᠨᠠᠰᠤ ᠪᠠᠷᠠᠪᠠ ᠃
② ᠲᠤᠤᠪᠠ ᠬᠦᠩ ᠄ 《 ᠢᠯᠡᠳᠬᠡᠯ ᠱᠠᠰᠲᠢᠷ 》 ᠲᠤ᠌ ᠲᠣᠪᠠ ᠬᠦᠩ ᠭᠡᠵᠡᠢ ᠃ ᠤᠷᠠᠳ ᠤ᠋ᠨ ᠬᠣᠢᠲᠤ ᠬᠤᠰᠢᠭᠤᠨ ᠤ᠋ ᠵᠠᠰᠠᠭ ᠸᠠᠩ ᠃ ᠬᠠᠪᠤᠲᠤ ᠬᠠᠰᠠᠷ ᠤ᠋ᠨ ᠠᠷᠪᠠᠨ ᠨᠠᠢ᠍ᠮᠠᠳᠤᠭᠠᠷ ᠦᠶ᠎ᠡ ᠶ᠋ᠢᠨ ᠠᠴᠢ ᠂ ᠴᠣᠯᠠ ᠡᠷᠬᠡ ᠲᠠᠢᠵᠢ ᠭᠡᠨ᠎ᠡ ᠃ ᠡᠶᠡᠪᠡᠷ ᠵᠠᠰᠠᠭᠴᠢ ᠶ᠋ᠢᠨ ᠲᠠᠪᠤᠳᠤᠭᠠᠷ ᠣᠨ ᠳ᠋ᠤ᠌ ᠵᠠᠰᠠᠭ ᠤᠯᠤᠰ ᠤ᠋ᠨ ᠲᠦᠰᠢᠶ᠎ᠡ ᠬᠦᠩ ᠡᠷᠭᠦᠮᠵᠢᠯᠡᠭᠳᠡᠨ ᠂1656 ᠣᠨ ᠳ᠋ᠤ᠌ ᠨᠠᠰᠤ ᠪᠠᠷᠠᠪᠠ ᠃
ᠬᠥᠬᠡ ᠣᠣᠷ ᠤ᠋ᠨ ᠥᠭᠡᠯᠡᠳ ᠦ᠋ᠨ ᠨᠣᠶᠠᠳ ᠤ᠋ᠨ ᠤᠭ
ᠬᠥᠬᠡ ᠣᠣᠷ ᠤ᠋ᠨ ᠥᠭᠡᠯᠡᠳ① ᠦ᠋ᠨ ᠨᠣᠶᠠᠳ ᠤ᠋ᠨ ᠤᠭ
ᠦᠷᠦᠺ ᠲᠡᠮᠦᠷ ᠨᠣᠶᠠᠨ ② ᠤ᠋ ᠬᠥᠪᠡᠭᠦᠨ ᠳᠦᠭᠦᠷᠡᠩ ᠲᠡᠭᠦᠨᠦ ᠬᠥᠪᠡᠭᠦᠨ ᠪᠣᠯᠣᠳ ᠪᠤᠬ᠎ᠠ ᠲᠡᠭᠦᠨᠦ ᠬᠥᠪᠡᠭᠦᠨ ᠠᠬᠤᠲᠠᠢ ᠲᠡᠭᠦᠨᠦ ᠬᠦᠦ ᠰᠠᠢᠮᠠᠯᠠᠬᠤ ᠲᠡᠭᠦᠨᠦ ᠬᠦᠦ ᠭᠦᠦᠰᠢ ᠴᠢᠨᠰᠠᠩ ᠂ ᠲᠡᠭᠦᠨᠦ ᠬᠥᠪᠡᠭᠦᠨ ᠪᠣᠪᠣᠢ ᠂ ᠮᠤᠷᠴᠢ ③ ᠲᠡᠭᠦᠨᠦ ᠬᠥᠪᠡᠭᠦᠨ ᠨᠣᠶᠠᠨ ᠬᠣᠩᠬᠣᠷ ᠲᠡᠭᠦᠨᠦ ᠶᠡᠬᠡ ᠬᠦᠦ ᠪᠠᠢᠪᠠᠬᠠᠨ ᠪᠠᠭᠠᠲᠤᠷ ᠤ᠋ ᠬᠣᠶᠠᠷ ᠬᠦᠦ ᠸᠠᠴᠢᠷ ᠰᠡᠴᠡ ᠬᠠᠭᠠᠨ ᠠᠪᠤᠯ᠎ᠠ ᠲᠠᠢᠶ᠋ᠢ ᠪᠣᠢ ④ ᠪᠠᠢᠪᠠᠬᠠᠨ ᠤ᠋ ᠲᠡᠭᠦᠨᠣ ( ᠳᠡᠭᠦᠦ ) ᠲᠥᠷᠥ ᠪᠠᠢᠬᠤ ᠭᠦᠦᠰᠢ ᠬᠠᠭᠠᠨ⑤ ᠲᠡᠭᠦᠨ ᠦ᠌ ᠠᠷᠪᠠᠨ ᠬᠥᠪᠡᠭᠦᠨ᠂ ᠵᠢᠭᠰᠢᠬᠦ ᠲᠠᠶᠠᠨ ᠬᠠᠭᠠᠨ ⑥ ᠢᠯᠳᠦᠴᠢ ᠨᠣᠶᠠᠨ ᠠᠴᠤᠷᠠ ᠲᠠᠢᠶ᠋ᠢ ᠰᠡᠴᠡ ᠬᠣᠩ ᠲᠠᠢᠶ᠋ᠢ ⑦ ᠳᠣᠷᠵᠢ ᠳᠠᠯᠠᠢ ᠬᠣᠩ ᠲᠠᠢᠶ᠋ᠢ ᠂ ᠳᠠᠯᠠᠨᠲᠠᠢ ᠲᠠᠢᠶ᠋ᠢ ᠬᠤᠷᠤᠮᠰᠢ ᠲᠠᠢᠶ᠋ᠢ ᠂ ᠡᠷᠳᠡᠨᠢ ᠳᠠᠢᠴᠢᠩ ᠂ ᠰᠡᠨᠬᠡᠷᠴᠡ ᠂ ᠠᠶᠤᠰᠢ ᠪᠠᠶᠠᠨ ᠠᠪᠬᠠᠢ ᠂ ᠬᠥᠮᠥ ᠴᠠᠭᠠᠨ ᠲᠠᠰᠢ ᠂ ᠪᠠᠲᠤᠷ ᠴᠢᠨ ᠸᠠᠩ⑧ ᠪᠣᠢ ᠂ ᠬᠥᠬᠡ ᠨᠤᠤᠷ ᠤ᠋ᠨ ᠨᠣᠶᠠᠳ ᠤ᠋ᠨ ᠤᠭ ᠡᠳᠡᠨ ᠪᠣᠢ ᠃
— — — —
① ᠥᠭᠡᠯᠡᠳ ᠭᠡᠳᠡᠭ ᠨᠢ ᠣᠢᠷᠠᠳ ᠊ᠢ ᠬᠡᠯᠡᠳᠡᠭ ᠃ ᠠᠷᠪᠠᠨ ᠵᠢᠷᠭᠤᠳᠤᠭᠠᠷ ᠵᠠᠭᠤᠨ ᠤ᠋ ᠦᠶ᠎ᠡ ᠳ᠋ᠦ᠍ ᠣᠢᠷᠠᠳ ᠠᠢᠮᠠᠭ ᠨᠢ ᠴᠣᠷᠣᠰ ᠂ ᠬᠣᠱᠤᠳ ᠂ ᠲᠣᠷᠭᠤᠳ ᠂ ᠳᠥᠷᠪᠡᠳ ᠵᠡᠷᠭᠡ ᠳᠥᠷᠪᠡᠨ ᠠᠢᠮᠠᠭ ᠬᠤᠪᠢᠶᠠᠭᠳᠠᠨ ᠰᠠᠯᠵᠤ 《ᠳᠥᠷᠪᠡᠨ ᠣᠢᠷᠠᠳ 》 ᠭᠡᠬᠦ ᠪᠣᠯᠵᠠᠢ ᠃ ᠠᠷᠪᠠᠨ ᠵᠢᠷᠭᠤᠳᠤᠭᠠᠷ ᠵᠠᠭᠤᠨ ᠤ᠋ ᠡᠴᠦᠰ ᠪᠣᠯᠬᠤ ᠳ᠋ᠤ᠌ ᠳᠥᠷᠪᠡᠳ ᠠᠢᠮᠠᠭ ᠡᠷᠴᠢᠰ ᠮᠥᠷᠡᠨ ᠦ᠌ ᠳᠠᠭᠠᠤ ᠂ ᠴᠣᠷᠣᠰ ᠠᠢᠮᠠᠭ ᠠᠯ ᠮᠥᠷᠡᠨ ᠦ᠌ ᠳᠠᠭᠠᠤ ᠂ ᠲᠣᠷᠭᠤᠳ ᠠᠢᠮᠠᠭ ᠲᠠᠷᠪᠠᠭᠠᠲᠠᠢ ᠣᠷᠴᠢᠮ ᠂ ᠬᠣᠱᠤᠳ ᠠᠢᠮᠠᠭ ᠦᠷᠦᠮᠵᠢ ᠬᠠᠪᠢ ᠪᠠᠷ ᠲᠤᠰ ᠲᠤᠰ ᠨᠤᠲᠤᠭᠯᠠᠬᠤ ᠪᠣᠯᠵᠠᠢ ᠃ ᠮᠢᠩ ᠤᠯᠤᠰ ᠤ᠋ᠨ ᠰᠡᠭᠦᠯᠴᠢ ᠶ᠋ᠢᠨ ᠦᠶ᠎ᠡ ᠳ᠋ᠦ᠍ ᠬᠣᠱᠤᠳ ᠠᠢᠮᠠᠭ ᠤ᠋ᠨ ᠲᠦᠷᠦᠭᠦᠦ ᠲᠥᠷᠥ ᠪᠠᠢᠬᠤ ( ᠭᠦᠦᠰᠢ ᠬᠠᠭᠠᠨ ) ᠥᠪᠡᠷ ᠦ᠋ᠨ ᠬᠠᠷᠢᠶᠠᠲᠤ ᠠᠢᠮᠠᠭ ᠢ᠋ᠶ᠋ᠠᠨ ᠠᠪᠤᠨ ᠥᠷᠥᠮᠵᠢ ᠶ᠋ᠢᠨ ᠬᠠᠪᠢ ᠠ᠋ᠴᠠ ᠬᠥᠬᠡᠨᠠᠭᠤᠷ ᠲᠤ᠌ ᠨᠡᠭᠦᠳᠡᠯᠯᠡᠨ ᠢᠷᠡᠵᠦ ᠨᠤᠲᠤᠭᠰᠢᠵᠠᠢ ᠃ ᠡᠭᠦᠨᠴᠡ ᠡᠬᠢᠯᠡᠨ ᠬᠥᠬᠡᠨᠠᠭᠤᠷ ᠤ᠋ᠨ ᠣᠢᠷᠠᠳ ᠭᠡᠵᠦ ᠨᠡᠷᠡᠢᠳᠦᠭᠰᠡᠨ ᠶᠦ᠍ᠮ ᠃ 《 ᠪᠣᠭᠳᠠ ᠪᠠᠭᠠᠲᠤᠷ ᠤ᠋ᠨ ᠲᠡᠮᠳᠡᠭᠯᠡᠯ 》 ᠳ᠋ᠦ᠍ ᠲᠡᠮᠳᠡᠭᠯᠡᠭᠰᠡᠨ ᠨᠢ ᠄ 《 ᠭᠦᠦᠰᠢ ᠬᠠᠭᠠᠨ ᠪᠠᠷᠠᠭᠤᠨ ᠬᠢᠵᠠᠭᠠᠷ ᠠ᠋ᠴᠠ ᠬᠥᠬᠡᠨᠠᠭᠤᠷ ᠲᠤ᠌ ᠨᠡᠭᠦᠳᠡᠯᠯᠡᠨ ᠢᠷᠡᠵᠦ ᠨᠤᠲᠤᠭᠯᠠᠭᠠᠳ ᠥᠪᠡᠷ ᠦ᠋ᠨ ᠬᠠᠷᠢᠶ᠎ᠠ ᠠᠢᠮᠠᠭ ᠢ᠋ᠶ᠋ᠠᠨ ᠵᠡᠭᠦᠨ ᠪᠠᠷᠠᠭᠤᠨ ᠬᠣᠶᠠᠷ ᠭᠠᠷ ᠬᠤᠪᠢᠶᠠᠨ ᠂ ᠲᠡᠭᠦᠨ ᠦ᠌ ᠠᠷᠪᠠᠨ ᠬᠡᠦᠬᠡᠳ ᠲᠡᠭᠡᠨ ᠵᠠᠬᠢᠷᠤᠭᠤᠯᠪᠠ ᠃ ᠡᠭᠦᠨ ᠦ᠌ ᠳᠣᠲᠣᠷ᠎ᠠ ᠠ᠋ᠴᠠ ᠴᠠᠬᠠᠷ ᠂ ᠠᠯᠠᠱᠠᠨ ᠬᠣᠶᠠᠷ ᠬᠣᠰᠢᠭᠤ ᠰᠠᠯᠵᠤ ᠭᠠᠷᠤᠭᠰᠠᠨ ᠠ᠋ᠴᠠ ᠦᠯᠡᠭᠰᠡᠨ ᠨᠠᠢ᠍ᠮᠠᠨ ᠠᠨᠤ ᠬᠥᠬᠡᠨᠠᠭᠤᠷ ᠤ᠋ᠨ ᠮᠣᠩᠭᠣᠯ ᠪᠣᠯᠪᠠᠢ 》 ᠭᠡᠵᠡᠢ ᠃
② ᠦᠷᠦᠺ ᠲᠡᠮᠦᠷ ᠄ ᠮᠣᠩᠭᠣᠯ ᠤ᠋ᠨ ᠰᠤᠷᠪᠤᠯᠵᠢ ᠪᠢᠴᠢᠭ ᠲᠦ᠍ ᠤᠷᠤᠭ ᠲᠡᠮᠦᠷ ᠂ ᠥᠷᠥᠭ ᠲᠡᠮᠦᠷ ᠭᠡᠬᠦ ᠂ ᠬᠠᠪᠤᠲᠤ ᠬᠠᠰᠠᠷ ᠤ᠋ᠨ ᠳᠣᠯᠣᠳᠤᠭᠠᠷ ᠦᠶ᠎ᠡ ᠶ᠋ᠢᠨ ᠠᠴᠢ ᠠᠭᠰᠠᠬᠠᠲᠠᠢ ᠶ᠋ᠢᠨ ᠬᠣᠶᠠᠷ ᠬᠥᠪᠡᠭᠦᠨ ᠦ᠌ ᠶᠡᠬᠡ ᠢᠨᠦ ᠠᠷᠤᠭ ᠲᠡᠮᠦᠷ ᠂ ᠪᠠᠭ᠎ᠠ ᠠᠨᠤ ᠤᠷᠤᠭ ᠲᠡᠮᠦᠷ ᠭᠡᠬᠦ ᠃
③ ᠪᠣᠪᠣᠢ ᠮᠤᠷᠴᠢ ᠄ ᠭᠦᠦᠰᠢ ᠬᠠᠭᠠᠨ ᠤ᠋ ᠡᠴᠢᠭᠡ ᠂ ᠣᠢᠷᠠᠳ ᠤ᠋ᠨ ᠬᠠᠭᠠᠨ ᠭᠡᠵᠦ ᠡᠷᠭᠦᠮᠵᠢᠯᠡᠭᠳᠡᠵᠦ ᠪᠠᠢᠪᠠ ᠃
④ 《 ᠢᠯᠡᠳᠬᠡᠯ ᠱᠠᠰᠲᠢᠷ 》 ᠲᠤ᠌ ᠪᠠᠢᠪᠠᠭᠠᠰ ᠪᠠᠭᠠᠲᠤᠷ ᠤ᠋ᠨ ᠬᠣᠶᠠᠷ ᠬᠥᠪᠡᠭᠦᠨ ᠸᠠᠴᠠᠷ ᠲᠤ᠌ ᠬᠠᠨ ᠂ ᠠᠪᠤᠯᠠᠢ ᠲᠠᠢᠵᠢ ᠭᠡᠵᠡᠢ ᠃ ᠠᠯᠠᠰᠠ ᠬᠤᠰᠢᠭᠤᠨ ᠤ᠋ ᠨᠣᠶᠠᠳ ᠤ᠋ᠨ ᠡᠪᠦᠭᠡ ᠪᠤᠶᠤ ᠃
⑤ ᠭᠦᠦᠰᠢ ᠬᠠᠭᠠᠨ ᠄ ᠪᠣᠪᠣᠢ ᠮᠤᠷᠴᠢ ᠶ᠋ᠢᠨ ᠳᠥᠷᠪᠡᠳᠦᠭᠡᠷ ᠬᠥᠪᠡᠭᠦᠨ ᠂ ᠨᠡᠷ᠎ᠡ ᠲᠥᠷᠥ ᠪᠠᠢᠬᠤ ᠂ ᠴᠣᠯᠠ ᠭᠦᠦᠰᠢ ᠬᠠᠭᠠᠨ ᠃ ᠮᠣᠩᠭᠣᠯ ᠤ᠋ᠨ ᠲᠡᠤᠠᠬᠡᠨ ᠳ᠋ᠦ᠍ ᠭᠦᠦᠰᠢ ᠬᠠᠭᠠᠨ ᠭᠡᠵᠦ ᠠᠯᠳᠠᠷᠰᠢᠪᠠ ᠃1637 ᠣᠨ ᠳ᠋ᠤ᠌ ᠰᠢᠨᠵᠢᠶᠠᠩ ᠠ᠋ᠴᠠ ᠥᠪᠡᠷ ᠦ᠋ᠨ ᠬᠠᠷᠢᠶᠠᠲᠤ ᠠᠢᠮᠠᠭ ᠢ᠋ᠶ᠋ᠠᠨ ᠳᠠᠭᠠᠭᠤᠯᠤᠨ ᠬᠥᠬᠡᠨᠠᠭᠤᠷ ᠲᠤ᠌ ᠢᠷᠡᠵᠦ ᠡᠵᠡᠯᠡᠨ ᠰᠠᠭᠤᠪᠠ ᠃ ᠡᠭᠦᠡᠴᠨ ᠡᠬᠢᠯᠡᠨ ᠬᠥᠬᠡᠨᠠᠭᠤᠷ ᠲᠤ᠌ ᠪᠠᠢᠭ᠎ᠠ ᠮᠣᠩᠭᠣᠯ ᠂ ᠲᠥᠪᠡᠳ ᠠᠢᠮᠠᠭ ᠴᠥᠮ ᠭᠦᠦᠰᠢ ᠬᠠᠭᠠᠨ ᠤ᠋ ᠨᠣᠶᠠᠷᠬᠠᠯ ᠳᠣᠣᠷ᠎ᠠ ᠣᠷᠣᠪᠠ ᠃ ᠮᠥᠨ ᠣᠨ ᠭᠦᠦᠰᠢ ᠬᠠᠭᠠᠨ ᠤ᠋ ᠴᠡᠷᠢᠭ ᠲᠥᠪᠡᠳ ᠊ᠢ ᠳᠣᠪᠲᠣᠯᠤᠨ ᠲᠠᠪᠤᠳᠤᠭᠠᠷ ᠳᠦᠷᠢ ᠶ᠋ᠢᠨ ᠳᠠᠯᠠᠢ ᠯᠠᠮᠠ ᠲᠠᠢ ᠬᠠᠷᠢᠴᠠᠭ᠎ᠠ ᠪᠠᠢᠭᠤᠯᠤᠨ ᠲᠥᠪᠡᠳ ᠊ᠢ ᠡᠷᠬᠡᠰᠢᠶᠡᠯ ᠳ᠋ᠡᠭᠡᠨ ᠣᠷᠣᠭᠤᠯᠵᠠᠢ ᠃1642 ᠣᠨ ᠤ᠋ ᠭᠦᠦᠰᠢ ᠬᠠᠭᠠᠨ ᠡᠯᠴᠢ ᠲᠣᠮᠢᠯᠠᠨ ᠮᠠᠨᠵᠤ ᠶ᠋ᠢᠨ ᠬᠠᠭᠠᠨ ᠳ᠋ᠤ᠌ ᠠᠯᠪᠠ ᠪᠠᠷᠢᠪᠠ ᠃1646 ᠣᠨ ᠳ᠋ᠤ᠌ ᠮᠠᠨᠵᠤ ᠶ᠋ᠢᠨ ᠡᠶᠡᠪᠡᠷ ᠵᠠᠰᠠᠭᠴᠢ ᠬᠠᠭᠠᠨ ᠠ᠋ᠴᠠ ᠲᠥᠷᠥ ᠪᠠᠢᠬᠤ ᠳ᠋ᠤ᠌ 《ᠭᠦᠦᠰᠢ ᠬᠠᠭᠠᠨ 》 ᠴᠣᠯᠠ ᠥᠭᠴᠦ 1653 ᠣᠨ ᠪᠣᠯᠬᠤ ᠳ᠋ᠤ᠌ 《ᠤᠳᠬ᠎ᠠ ᠶ᠋ᠢ ᠵᠢᠷᠤᠮᠯᠠᠨ ᠵᠢᠷᠤᠮ ᠊ᠢ ᠵᠣᠷᠴᠢᠭᠰᠠᠨ ᠰᠡᠴᠡᠨ ᠮᠡᠷᠭᠡᠨ ᠭᠦᠦᠰᠢ ᠬᠠᠭᠠᠨ 》 ᠭᠡᠵᠦ ᠡᠷᠭᠦᠮᠵᠢᠯᠡᠭᠳᠡᠵᠡᠢ᠃1654 ᠣᠨ ᠳ᠋ᠤ᠌ ᠭᠦᠦᠰᠢ ᠬᠠᠭᠠᠨ ᡀᠠᠰᠠ ᠳ᠋ᠤ᠌ ᠨᠠᠰᠤ ᠪᠠᠷᠠᠪᠠ ᠃
⑥ 《ᠢᠯᠡᠳᠬᠡᠯ ᠱᠠᠰᠲᠢᠷ 》 ᠲᠤ᠌ ᠲᠠᠶᠠᠨ ᠸᠠᠴᠠᠷ ᠬᠠᠭᠠᠨ ᠭᠡᠵᠡᠢ ᠃ 1643 ᠣᠨ ᠳ᠋ᠤ᠌ ᠭᠦᠦᠰᠢ ᠬᠠᠭᠠᠨ ᠤ᠋ ᠴᠡᠷᠢᠭ ᠲᠥᠪᠡᠳ ᠦ᠋ᠨ ᠽᠠᠩᠪᠠ ᠬᠠᠭᠠᠨ ᠤ᠋ ᠴᠡᠷᠢᠭ ᠊ᠢ ᠢᠯᠠᠵᠤ ᠲᠥᠪᠡᠳ ᠊ᠢ ᠦᠨᠳᠦᠰᠦᠨ ᠳ᠋ᠦ᠍ᠨᠢ ᠨᠢᠭᠡᠳᠬᠡᠭᠰᠡᠨ ᠦ᠌ ᠬᠣᠢᠨ᠎ᠠ ᠲᠠᠶᠠᠨ ᠸᠠᠴᠠᠷ ᠬᠠᠭᠠᠨ ᠊ᠢ ᠲᠥᠪᠡᠳ ᠲᠦ᠍ ᠲᠣᠮᠢᠯᠠᠨ ᠰᠠᠭᠤᠯᠭᠠᠵᠤ ᠪᠠᠢᠵᠠᠢ ᠃
⑦ ᠰᠡᠴᠡ ᠬᠣᠩ ᠲᠠᠢᠵᠢ ᠄ ᠭᠦᠦᠰᠢ ᠬᠠᠭᠠᠨ ᠤ᠋ ᠬᠥᠪᠡᠭᠦᠨ ᠡᠮᠪᠤ ᠶ᠋ᠢ ᠬᠡᠯᠡᠵᠦ ᠪᠣᠢ ᠂ ᠴᠣᠯᠠ ᠨᠢ ᠰᠡᠴᠡᠨ ᠳᠠᠢᠴᠢᠩ ᠭᠡᠬᠦ ᠃
⑧ ᠳᠠᠰᠢ ᠪᠠᠲᠤᠷ ᠴᠢᠨ ᠸᠠᠩ ᠄ ᠳᠠᠰᠢ ᠪᠠᠭᠠᠲᠤᠷ ᠴᠢᠨ ᠸᠠᠩ᠃ ᠡᠩᠬᠡ ᠠᠮᠤᠭᠤᠯᠠᠩ ᠤ᠋ᠨ ᠭᠤᠴᠢᠨ ᠳᠣᠯᠣᠳᠤᠭᠠᠷ ᠣᠨ (1698) ᠳ᠋ᠤ᠌ ᠮᠠᠨᠵᠤ ᠶ᠋ᠢᠨ ᠬᠠᠭᠠᠨ ᠨᠢᠩᠰᠢᠶᠠ ᠳ᠋ᠤ᠌ ᠬᠦᠷᠴᠦ ᠬᠥᠬᠡᠨᠠᠭᠤᠷ ᠤ᠋ᠨ ᠬᠣᠣᠱᠣᠳ ᠮᠣᠩᠭᠣᠯ ᠤ᠋ᠨ ᠨᠠᠢ᠍ᠮᠠᠨ ᠲᠠᠢᠵᠢ ᠲᠠᠢ ᠠᠭᠤᠯᠵᠠᠯᠲᠠ ᠬᠢᠵᠦ ᠲᠡᠰᠢ ᠪᠠᠭᠠᠲᠤᠷ ᠊ᠢ ᠬᠣᠱᠣᠢ ᠴᠢᠨ ᠸᠠᠩ ᠡᠷᠭᠦᠮᠵᠢᠯᠡᠵᠡᠢ ᠃ ᠡᠭᠦᠡᠴᠨ ᠬᠣᠢᠰᠢ ᠬᠥᠬᠡᠨᠠᠭᠤᠷ ᠤ᠋ᠨ ᠬᠣᠣᠱᠣᠳ ᠠᠢᠮᠠᠭ ᠮᠠᠨᠵᠤ ᠴᠢᠩ ᠦ᠋ᠨ ᠡᠷᠭᠦᠮᠵᠢᠯᠡᠯ ᠊ᠢ ᠬᠦᠯᠢᠶᠡᠵᠡᠢ ᠃

