ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ - ᠨᠥ 1 Гангын урсгал – Чингис эзний алтан ургийн түүх Канкны урсгал нэрт бичиг оршив - Нө 1
ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ
ᠨᠥᠭᠦᠭᠡ ᠪᠥᠯᠥᠭ ( ᠮᠤᠤ ᠮᠢᠩᠭᠠᠨ ᠂ ᠥᠴᠢᠨ ᠬᠣᠷᠴᠢᠨ᠂ ᠠᠷᠤ ᠬᠣᠷᠴᠢᠨ )
ᠮᠣᠤ ᠮᠢᠩᠭᠠᠨ ᠨᠣᠶᠠᠳ ᠤ᠋ᠨ ᠤᠭ
ᠨᠥᠭᠥᠭᠡ ᠪᠦᠯᠦᠭ
ᠮᠣᠤ ᠮᠢᠩᠭᠠᠨ ① ᠨᠣᠶᠠᠳ ᠤ᠋ᠨ ᠤᠭ
ᠰᠣᠭᠲᠣ ᠪᠣᠭᠳᠠ ᠴᠢᠩᠭᠢᠰ ᠬᠠᠭᠠᠨ ᠯᠤᠭ᠎ᠠ ᠨᠢᠭᠡᠨ ᠡᠬᠡ ᠳ᠋ᠦ᠍ ᠳ᠋ᠡᠭᠥᠥ ᠳᠢ ᠸᠠᠩ ᠬᠠᠪᠤᠲᠤ ᠬᠠᠰᠠᠷ ② ᠤ᠋ᠨ ᠭᠤᠷᠪᠠᠨ ᠬᠥᠪᠡᠭᠦᠨ ᠢᠨᠤ ᠂ ᠳᠢ ᠴᠤᠸᠠᠨ ᠸᠠᠩ ᠶᠠᠰᠢ ③ ᠂ ᠰᠦᠮᠡᠷ ᠲᠠᠢᠶ᠋ᠢ ᠲᠣᠬᠣᠪᠣ ᠲᠠᠢᠶ᠋ᠢ ᠃ ᠰᠦᠮᠡᠷ ᠦ᠋ᠨ ᠬᠥᠪᠡᠭᠦᠨ ᠰᠢᠳᠦ ᠲᠠᠢᠶ᠋ᠢ ᠂ ᠲᠡᠭᠦᠨᠦ ᠭᠤᠷᠪᠠᠨ ᠬᠥᠪᠡᠭᠦᠨ ᠢᠨᠤ ᠴᠢ ᠸᠠᠩ ᠪᠠᠪᠤᠱᠠ ④ ᠪᠢᠯᠢᠭ ᠦ᠋ᠨ ᠲᠠᠢᠶ᠋ᠢ ⑤ ᠂ ᠬᠣᠩᠬᠣᠷ ᠲᠠᠢᠵᠢ ᠂ ᠬᠣᠩᠬᠣᠷ ᠤ᠋ᠨ ᠭᠤᠷᠪᠠᠨ ᠬᠦᠦ ᠢᠨᠤ ᠪᠠᠮᠪᠤᠬᠤᠷ ᠲᠠᠢᠶ᠋ᠢ ᠴᠢ ᠸᠠᠩ ᠯᠤᠭ᠎ᠠ ᠲᠡᠮᠦᠷ ⑥ ᠪᠠᠶᠠᠷ ᠲᠡᠮᠦᠷ ᠪᠤᠶᠤ ᠡᠳᠡᠭᠡᠷ ᠦ᠋ᠨ ᠠᠯᠢ ᠨᠢᠭᠡᠨ ᠦ᠌ ᠬᠥᠪᠡᠭᠦᠨ ᠪᠤᠶᠤᠤ ⑦ ᠠᠴᠢ ᠢᠨᠤ ᠠᠭᠰᠠᠬᠠᠯᠲᠠᠢ ᠂ ᠳᠡᠭᠦᠦ ( ᠲᠡᠭᠦᠨᠦ ) ᠬᠣᠶᠠᠷ
— — — —
① 《ᠮᠣᠩᠭᠣᠯ ᠤ᠋ᠨ ᠨᠡᠭᠦᠬᠦ ᠮᠠᠯᠵᠢᠯ ᠤ᠋ᠨ ᠲᠡᠮᠳᠡᠭᠯᠡᠯ 》 ᠳ᠋ᠦ᠍ᠷ ᠲᠡᠮᠳᠡᠭᠯᠡᠭᠰᠡᠨ ᠢᠨᠤ ᠄ 《ᠮᠤᠤᠮᠢᠩᠭᠠᠨ ᠠᠢᠮᠠᠭ ᠠᠨᠤ ᠴᠢᠭᠤᠯᠤᠯᠲᠤ ᠬᠠᠭᠠᠯᠠᠭ᠎ᠠ ᠠ᠋ᠴᠠ ᠪᠠᠷᠠᠭᠤᠨ ᠬᠣᠢᠰᠢ ᠨᠠᠢ᠍ᠮᠠᠨ ᠵᠠᠭᠤᠨ ᠭᠠᠵᠠᠷ ᠪᠤᠶᠤ ᠃ ᠨᠡᠢᠰᠯᠡᠯ ᠬᠣᠲᠠᠨ ᠳ᠋ᠤᠷ ᠬᠦᠷᠴᠦ ᠢᠷᠡᠬᠦᠢ ᠢᠨᠤ ᠨᠢᠭᠡᠨ ᠮᠢᠩᠭᠠᠨ ᠬᠣᠶᠠᠷ ᠵᠠᠭᠤᠨ ᠳᠥᠴᠢᠨ ᠭᠠᠵᠠᠷ ᠃ ᠵᠡᠭᠦᠨ ᠪᠠᠷᠠᠭᠤᠨ ᠬᠠᠷᠢᠯᠴᠠᠨ ᠠᠯᠤᠰᠯᠠᠭᠰᠠᠨ ᠠᠨᠤ ᠨᠢᠭᠡᠨ ᠵᠠᠭᠤᠨ ᠭᠠᠵᠠᠷ ᠂ ᠡᠮᠦᠨ᠎ᠡ ᠤᠮᠠᠷ᠎ᠠ ᠬᠠᠷᠢᠯᠴᠠᠨ ᠠᠯᠤᠰᠯᠠᠭᠰᠠᠨ ᠠᠨᠤ ᠨᠢᠭᠡᠨ ᠵᠠᠭᠤᠨ ᠶᠡᠷᠡᠨ ᠭᠠᠵᠠᠷ ᠃ ᠵᠡᠭᠦᠨ ᠡᠲᠡᠭᠡᠳ ᠢᠨᠤ ᠬᠠᠯᠬ᠎ᠠ ᠶ᠋ᠢᠨ ᠪᠠᠷᠠᠭᠤᠨ ᠭᠠᠷ ᠲᠤᠷ ᠵᠠᠬ᠎ᠠ ᠨᠡᠢᠯᠡᠵᠦ ᠪᠠᠷᠠᠭᠤᠨ ᠡᠲᠡᠭᠡᠳ ᠢᠨᠤ ᠤᠷᠠᠳ ᠲᠤᠷ ᠵᠠᠬ᠎ᠠ ᠨᠡᠢᠯᠡᠵᠦᠬᠦᠢ ᠃ ᠡᠮᠦᠨ᠎ᠡ ᠡᠲᠡᠭᠡᠳ ᠢᠨᠤ ᠬᠥᠬᠡᠬᠣᠲᠠ ᠶ᠋ᠢᠨ ᠲᠦᠮᠡᠳ ᠲᠣᠷ ᠵᠠᠬ᠎ᠠ ᠨᠡᠢᠯᠡᠵᠦ ᠤᠮᠠᠷ᠎ᠠ ᠡᠲᠡᠭᠡᠳ ᠢᠨᠤ ᠭᠣᠪᠢ ᠳ᠋ᠤᠷ ᠵᠠᠬ᠎ᠠ ᠨᠡᠢᠯᠡᠵᠦᠬᠦᠢ ᠃ ᠬᠠᠨ ᠤᠯᠤᠰ ᠤ᠋ᠨ ᠦᠶ᠎ᠡ ᠳ᠋ᠦ᠍ᠷ ᠦᠶᠤᠸᠠᠨ ᠵᠢᠶᠦ᠋ᠨ ᠦ᠌ ᠭᠠᠵᠠᠷ ᠪᠤᠶᠤ ᠃ ᠬᠣᠢᠲᠤ ᠸᠧᠢ ᠤᠯᠤᠰ ᠤ᠋ᠨ ᠦᠶ᠎ᠡ ᠳ᠋ᠦ᠍ᠷ ᠬᠤᠸᠠᠢ ᠰᠦᠸᠧ ᠵᠢᠶᠦ᠋ᠨ ᠦ᠌ ᠭᠠᠵᠠᠷ ᠪᠣᠯᠠᠢ ᠃ ᠳᠠᠩ ᠤᠯᠤᠰ ᠤ᠋ᠨ ᠦᠶ᠎ᠡ ᠳ᠋ᠦ᠍ᠷ ᠵᠸᠨ ᠡᠦ ᠵᠢᠶᠦ᠋ᠨ ᠦ᠌ ᠭᠠᠵᠠᠷ ᠠᠵᠤᠭᠤ ᠃ ᠯᠢᠶᠣᠤ ᠤᠯᠤᠰ ᠤ᠋ᠨ ᠦᠶ᠎ᠡ ᠳ᠋ᠦ᠍ᠷ ᠳ᠋ᠦᠩ ᠱᠸᠩ ᠵᠧᠦ ᠶ᠋ᠢᠨ ᠭᠠᠵᠠᠷ ᠪᠣᠯᠤᠭᠠᠳ ᠪᠠᠷᠠᠭᠤᠨ ᠨᠡᠢᠰᠯᠡᠯ ᠦ᠋ᠨ ᠵᠠᠮ ᠳ᠋ᠤᠷ ᠬᠠᠮᠢᠶᠠᠷᠤᠭᠳᠠᠭᠰᠠᠨᠠ ᠠᠯᠲᠠᠨ ᠤᠯᠤᠰ ᠤ᠋ᠨ ᠦᠶ᠎ᠡ ᠳ᠋ᠦ᠍ᠷ ᠮᠥᠨ ᠲᠡᠷᠡᠴᠢᠯᠡᠨ ᠤᠯᠠᠷᠢᠵᠤᠬᠤᠢ ᠃ ᠶᠤᠸᠠᠨ ᠤᠯᠤᠰ ᠤ᠋ᠨ ᠦᠶ᠎ᠡ ᠳ᠋ᠦ᠍ᠷ ᠳᠡ ᠲᠦᠩ ᠦ᠋ᠨ ᠵᠠᠮ ᠳ᠋ᠤᠷ ᠪᠠᠭᠲᠠᠭᠰᠠᠨ ᠢ᠋ᠶ᠋ᠠᠨ ᠮᠢᠩ ᠤᠯᠤᠰ ᠤ᠋ᠨ ᠦᠶ᠎ᠡ ᠳ᠋ᠦ᠍ᠷ ᠬᠠᠮᠠᠭᠠᠯᠠᠬᠤ ᠴᠡᠷᠢᠭ ᠪᠠᠢᠭᠠᠳ ᠰᠠᠬᠢᠵᠤᠬᠤᠢ ᠃ ᠬᠣᠢᠨ᠎ᠠ ᠠᠨᠤ ᠮᠣᠩᠭᠣᠯ ᠳ᠋ᠤᠷ ᠣᠷᠣᠵᠤᠬᠤᠢ ᠃ ᠶᠤᠸᠠᠨ ᠤᠯᠤᠰ ᠤ᠋ᠨ ᠲᠠᠢᠽᠦ ᠶ᠋ᠢᠨ ᠳᠡᠭᠦᠦ ᠬᠠᠪᠤᠲᠤ ᠬᠠᠰᠠᠷ ᠤ᠋ᠨ ᠠᠷᠪᠠᠨ ᠳᠥᠷᠪᠡᠳᠦᠭᠡᠷ ᠦᠶ᠎ᠡ ᠶ᠋ᠢᠨ ᠠᠴᠢ ᠰᠢᠷ᠎ᠠ ᠬᠢᠲᠠᠳ ᠂ ᠴᠣᠯᠠ ᠲᠦᠰᠢᠶᠡᠲᠦ ᠬᠠᠨ ᠬᠡᠮᠡᠭᠴᠢ ᠭᠤᠷᠪᠠᠨ ᠬᠥᠪᠡᠭᠦᠨ ᠲᠡᠢ ᠠᠵᠤᠭᠤ ᠃ ᠬᠥᠯᠥᠨ ᠪᠤᠢᠷ ᠲᠤᠷ ᠨᠤᠲᠤᠭᠯᠠᠨ ᠮᠠᠯᠵᠢᠵᠤᠬᠤᠢ ᠃ ᠠᠬᠠᠮᠠᠳ ᠠᠨᠤ ᠳᠣᠷᠵᠢ ᠂ ᠴᠣᠯᠣᠨ ᠪᠤᠶᠠᠨᠲᠤ ᠬᠠᠨ ᠂ ᠲᠡᠭᠦᠨ ᠦ᠌ ᠬᠥᠪᠡᠭᠦᠨ ᠴᠡᠭᠡᠨ ᠵᠠᠯᠭᠠᠮᠵᠢᠯᠠᠭᠰᠠᠨ ᠤ᠋ ᠬᠣᠢᠨ᠎ᠠ ᠲᠡᠭᠦᠨ ᠦ᠌ ᠬᠠᠷᠢᠶᠠᠲᠤ ᠠᠢᠮᠠᠭ ᠢ᠋ᠶ᠋ᠠᠨ ᠮᠤᠤᠮᠢᠩᠭᠠᠨ ᠬᠡᠮᠡᠵᠦᠬᠦᠢ 》 ᠭᠡᠵᠡᠢ ᠃ ᠴᠢᠩ ᠤᠯᠤᠰ ᠤ᠋ᠨ ᠦᠶ᠎ᠡ ᠳ᠋ᠦ᠍ ᠮᠤᠤᠮᠢᠩᠭᠠᠨ ᠠᠨᠤ ᠨᠢᠭᠡᠨ ᠬᠣᠰᠢᠭᠤ ᠪᠣᠯᠵᠤ ᠤᠯᠠᠭᠠᠨᠴᠠᠪ ᠤ᠋ᠨ ᠴᠢᠭᠤᠯᠭᠠᠨ ᠳ᠋ᠤ᠌ ᠪᠠᠭᠲᠠᠵᠤᠬᠤᠢ ᠃
② ᠳᠢ ᠸᠠᠩ ᠬᠠᠪᠤᠲᠤ ᠬᠠᠰᠠᠷ ᠄ 《 ᠶᠤᠸᠠᠨ ᠰᠢ ᠂ ᠢᠳᠡᠭᠡᠨ ᠡᠳ᠋ᠯᠡᠯ ᠦ᠋ᠨ ᠤᠢᠯᠠᠯᠭ᠎ᠠ 》 ᠳ᠋ᠤᠷ ᠣᠨ ᠤ᠋ ᠱᠠᠩᠨᠠᠯ ᠊ᠢ ᠲᠡᠮᠳᠡᠭᠯᠡᠬᠦᠢ ᠳ᠋ᠡᠭᠡᠨ ᠄ 《 ᠲᠠᠢᠽᠦ ᠶ᠋ᠢᠨ ᠳᠡᠭᠦᠦ ᠬᠠᠪᠤᠲᠤ ᠬᠠᠰᠠᠷ ᠳᠠ ᠸᠠᠩ ( ᠤ᠋ᠨ ᠬᠥᠪᠡᠭᠦᠨ ) ᠽᠢ ᠴᠤᠸᠠᠨ ᠸᠠᠩ (淄川王 ) ᠤ᠋ᠨ ᠣᠷᠣ ᠰᠠᠭᠤᠵᠤ ᠵᠢᠯ ᠳ᠋ᠦ᠍ᠷ ᠮᠥᠩᠭᠥ ᠵᠠᠭᠤᠨ ᠬᠡᠰᠡᠭ ᠂ ᠳᠤᠷᠳᠤᠩ ᠭᠤᠷᠪᠠᠨ ᠵᠠᠭᠤᠨ ᠪᠦᠬᠦᠯᠢ ᠱᠠᠩᠨᠠᠮᠤᠢ 》 ᠬᠡᠮᠡᠵᠦᠬᠦᠢ ᠃ ᠬᠠᠪᠤᠲᠤ ᠬᠠᠰᠠᠷ ᠊ᠢ 《淄川王 》 ᠰᠠᠭᠤᠯ᠎ᠠ ᠭᠡᠰᠡᠨ ᠲᠡᠮᠳᠡᠭᠯᠡᠯ ᠦᠭᠡᠢ ᠪᠠᠢᠨ᠎ᠠ᠃
③ ᠶᠠᠰᠢ ᠄ 《 ᠶᠤᠸᠠᠨ ᠰᠢ ᠂ ᠢᠯᠡᠳᠬᠡᠯ 》 ᠳ᠋ᠦ᠍ 《淄川王 也苦 》 ᠭᠡᠵᠦ ᠲᠡᠮᠳᠡᠭᠯᠡᠵᠡᠢ ᠃ ᠭᠡᠪᠡᠴᠦ 《 ᠢᠯᠡᠳᠬᠡᠯ ᠱᠠᠰᠲᠢᠷ 》 ᠠ᠋ᠴᠠ ᠦᠵᠡᠪᠡᠯ《淄川王 》 ᠭᠡᠵᠦ ᠦᠭᠡᠢ ᠶᠦ᠍ᠮ ᠃ ᠲᠡᠦᠬᠡᠴᠢ ᠳ᠋ᠦ᠍ ᠵᠢᠢ (居寄 ) ᠶ᠋ᠢᠨ ᠬᠡᠯᠡᠬᠦ ᠪᠡᠷ ᠪᠣᠯ 《 ᠲᠠᠮᠠᠭ᠎ᠠ ᠱᠠᠩᠨᠠᠭᠰᠠᠨ ᠦᠭᠡᠢ ᠤᠴᠢᠷ ᠠ᠋ᠴᠠ ᠢᠯᠡᠳᠬᠡᠯ ᠳ᠋ᠦ᠍ᠷ ᠦᠭᠡᠢ ᠪᠣᠯᠠᠢ 》 ᠭᠡᠵᠡᠢ ᠃ ᠶᠠᠰᠢ ᠶ᠋ᠢ 《 ᠪᠣᠯᠣᠷ ᠡᠷᠢᠭᠡ 》 ᠳ᠋ᠦ᠍ 《 ᠴᠢᠨ ᠸᠠᠩ ᠶᠢᠭᠡᠯᠡᠢ 》 ᠭᠡᠵᠦ ᠲᠡᠮᠳᠡᠭᠯᠡᠵᠡᠢ ᠃
④ ᠴᠢ ᠸᠠᠩ ᠪᠠᠪᠤᠱᠠ ᠄ ᠳᠠ ᠳᠧ ᠶ᠋ᠢᠨ ᠠᠷᠪᠠᠨ ᠨᠢᠭᠡᠳᠦᠭᠡᠷ ᠣᠨ (1307 ) ᠳ᠋ᠤ᠌ ᠴᠢ ᠸᠠᠩ (齐王 )ᠡᠷᠭᠦᠮᠵᠢᠯᠡᠪᠡ ᠃
⑤ ᠪᠢᠯᠢᠭ ᠦ᠋ᠨ ᠲᠠᠢᠵᠢ ᠄ ᠪᠢᠯᠡᠭᠦᠨ ᠲᠠᠢᠵᠢ ᠃ 《 ᠶᠤᠸᠠᠨ ᠱᠢ 》 ᠳ᠋ᠦ᠍ 《 ᠪᠢᠯᠡᠭᠦ 》 ᠭᠡᠵᠡᠢ ᠃
⑥ ᠴᠢ ᠸᠠᠩ ᠯᠤᠭ᠎ᠠ ᠲᠡᠮᠦᠷ ᠄ 《 ᠶᠤᠸᠠᠨ ᠱᠢ 》 ᠳ᠋ᠦ᠍ ᠪᠠᠢᠳᠠᠭ 《 ᠢᠦᠢ ᠯᠦᠩ ᠲᠡᠮᠦᠷ 》 ᠊ᠢ ᠬᠡᠯᠡᠵᠦ ᠪᠠᠢᠨ᠎ᠠ ᠃ ᠤᠤᠯ ᠨᠢ ᠡᠸᠨ ᠸᠠᠩ ᠪᠠᠢᠭᠰᠠᠨ ᠠ᠋ᠴᠠ ᠬᠣᠵᠢᠮ ᠨᠢ ᠴᠢ ᠸᠠᠩ ᠪᠣᠯᠵᠠᠢ ᠃
⑦ ᠪᠤᠶᠤᠤ ᠄ 《 ᠪᠣᠯᠣᠷ ᠡᠷᠢᠭᠡ 》 ᠳ᠋ᠦ᠍ ᠪᠦᠷᠢᠨ᠎ᠡ ᠰᠡᠴᠡᠨ ᠭᠡᠵᠡᠢ ᠃
ᠬᠥᠪᠡᠭᠦᠨ ᠠᠷᠤᠭ ᠲᠡᠮᠦᠷ ᠦᠷᠦᠺ ᠲᠡᠮᠦᠷ① ᠃ ᠠᠷᠤᠭ ᠲᠡᠮᠦᠷ ᠦ᠋ᠨ ᠶᠢᠰᠦᠨ ᠬᠦ ② ᠲᠡᠭᠦᠨᠦ ᠬᠥᠪᠡᠭᠦᠨ ᠰᠢᠭᠦᠰᠢᠲᠠᠢ ᠪᠠᠭᠠᠲᠤᠷ③ ᠂ ᠲᠡᠭᠦᠨᠦ ᠬᠥᠪᠡᠭᠦᠨ ᠪᠣᠯᠤᠨᠠᠢ④ ᠲᠡᠭᠦᠨ ᠦ᠌ ᠨᠠᠢ᠍ᠮᠠᠨ ᠬᠥᠪᠡᠭᠦᠨ ᠤᠷᠲᠤᠬᠠᠢ ᠪᠣᠶᠠᠩᠲᠤ ᠨᠣᠶᠠᠨ ᠂ ᠳᠥᠮᠥᠢ ᠵᠠᠶᠠᠭᠴᠢ ᠨᠣᠶᠠᠨ⑤ ᠲᠥᠯᠥᠭᠡᠨ ᠠᠰᠠᠮᠠᠭᠯᠠᠬᠤ ⑥ ᠂ ᠠᠪᠲᠠᠢ
— — — —
① ᠦᠷᠦᠺ ᠲᠡᠮᠦᠷ ᠄ ᠮᠣᠩᠭᠣᠯ ᠰᠤᠷᠪᠤᠯᠵᠢ ᠪᠢᠴᠢᠭ ᠲᠦ᠍ ᠤᠷᠤᠭ ᠲᠡᠮᠦᠷ ᠭᠡᠳᠡᠭ ᠃
② ᠶᠢᠰᠦᠨ ᠬᠦ ᠄ 《 ᠰᠢᠷ᠎ᠠ ᠲᠣᠭᠣᠵᠢ 》 ᠳ᠋ᠤ᠌ ᠶᠢᠰᠦᠨᠬᠦ ᠭᠡᠪᠡ ᠃
③ ᠰᠢᠭᠦᠰᠢᠲᠠᠢ ᠪᠠᠭᠠᠲᠤᠷ ᠄ ᠰᠢᠭᠦᠰᠦᠲᠡᠢ ᠪᠠᠭᠠᠲᠤᠷ ᠃ 《ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠲᠡᠮᠳᠡᠭᠯᠡᠭᠰᠡᠨ ᠊ᠢ ᠦᠨᠳᠦᠰᠦᠯᠡᠪᠡᠯ ᠄ 1426 ᠣᠨ ᠳ᠋ᠤ᠌ ᠮᠣᠩᠭᠣᠯ ᠤ᠋ᠨ ᠠᠲᠠᠢ ᠬᠠᠭᠠᠨ ᠣᠢᠷᠠᠳ ᠊ᠢ ᠳᠠᠢᠯᠠᠪᠠ ᠃ ᠡᠨᠡ ᠲᠡᠢᠨ ᠳ᠋ᠦ᠍ ᠮᠣᠩᠭᠣᠯ ᠤ᠋ᠨ ᠰᠢᠭᠦᠰᠦᠲᠡᠢ ᠪᠠᠭᠠᠲᠤᠷ ᠣᠢᠷᠠᠳ ᠤ᠋ᠨ ᠭᠤᠢᠯᠢᠨᠴᠢ ᠪᠠᠭᠠᠲᠤᠷ ᠲᠠᠢ ᠪᠠᠢᠯᠳᠤᠵᠤ ᠭᠤᠢᠯᠢᠨᠴᠢ ᠪᠠᠭᠠᠲᠤᠷ ᠤ᠋ᠨ 《 ᠨᠠᠢ᠍ᠮᠠᠨ ᠲᠠᠯᠠᠲᠤ ᠳᠠᠪᠬᠤᠷ ᠳᠤᠭᠤᠯᠠᠭ᠎ᠠ ᠳ᠋ᠤ᠌ ᠲᠣᠯᠣᠭᠠᠢ ᠶ᠋ᠢ ᠬᠠᠭ᠎ᠠ ᠴᠠᠪᠴᠢᠨ 》 ᠂ ᠣᠢᠷᠠᠳ ᠤ᠋ᠨ ᠰᠦᠷ ᠊ᠢ ᠳᠠᠷᠤᠵᠤ ᠮᠣᠩᠭᠣᠯ ᠤ᠋ᠨ ᠴᠡᠷᠢᠭ ᠣᠢᠷᠠᠳ ᠤ᠋ᠨ ᠴᠡᠷᠢᠭ ᠊ᠢ ᠢᠯᠠᠵᠠᠢ ᠃ ᠬᠣᠢᠨ᠎ᠠ ᠨᠢ ᠤᠢᠷᠳ ᠤ᠋ᠨ ᠡᠰᠡᠨ ᠳᠠᠢᠰᠢ ᠮᠣᠩᠭᠣᠯ ᠣᠢᠷᠠᠳ ᠊ᠢ ᠨᠢᠭᠡᠳᠬᠡᠭᠰᠡᠨ ᠦ᠌ ᠳᠠᠷᠠᠭ᠎ᠠ ᠣᠢᠷᠠᠳ ᠤ᠋ᠨ ᠭᠤᠢᠯᠢᠨᠴᠢ ᠪᠠᠭᠠᠲᠤᠷ ᠤ᠋ᠨ ᠠᠯᠠᠭᠳᠠᠭᠰᠠᠨ ᠥᠰᠢᠶ᠎ᠡ ᠶ᠋ᠢ ᠪᠣᠳᠣᠵᠤ ᠰᠢᠭᠦᠰᠦᠲᠡᠢ ᠪᠠᠭᠠᠲᠤᠷ ᠊ᠢ ᠬᠤᠳᠠᠯ ᠢ᠋ᠶ᠋ᠠᠷ ᠤᠷᠢᠨ ᠵᠠᠯᠠᠵᠤ ᠲᠡᠭᠦᠨ ᠊ᠢ ᠳᠠᠭᠠᠵᠤ ᠣᠴᠢᠭᠰᠠᠨ ᠠᠷᠪᠠᠨ ᠬᠥᠮᠦᠨ ᠲᠡᠢ ᠬᠠᠮᠲᠤ ᠬᠣᠣᠷᠯᠠᠨ ᠠᠯᠠᠵᠠᠢ ᠃ ᠰᠢᠭᠦᠰᠦᠲᠡᠢ ᠪᠠᠭᠠᠲᠤᠷ ᠪᠣᠯ ᠲᠤᠬᠠᠢ ᠶ᠋ᠢᠨ ᠦᠶ᠎ᠡ ᠶ᠋ᠢᠨ ᠮᠣᠩᠭᠣᠯ ᠤ᠋ᠨ ᠨᠡᠷᠡᠲᠦ ᠪᠠᠭᠠᠲᠤᠷ ᠂ ᠭᠤᠢᠯᠢᠨᠴᠢ ᠪᠣᠯ ᠣᠢᠷᠠᠳ ᠤ᠋ᠨ ᠨᠡᠷᠡᠲᠦ ᠪᠠᠭᠠᠲᠤᠷ ᠶᠤᠮ ᠃ ᠡᠨᠡ ᠬᠣᠶᠠᠷ ᠪᠠᠭᠠᠲᠤᠷ ᠵᠠᠩᠵᠤᠨ ᠣᠢᠷᠠᠳ ᠂ ᠮᠣᠩᠭᠣᠯ ᠤ᠋ᠨ ᠡᠶ᠎ᠡ ᠨᠢᠭᠡᠳᠦᠯ ᠦᠭᠡᠢ ᠲᠡᠢᠨ ᠳᠠᠵᠢᠨ ᠤ᠋ ᠤᠷᠰᠢᠭ ᠠ᠋ᠴᠠ ᠪᠣᠯᠵᠤ ᠠᠯᠲᠠᠨ ᠠᠮᠢ ᠪᠠᠨ ᠲᠠᠯᠠᠭᠠᠷ ᠠᠯᠳᠠᠪᠠ ᠃
④ ᠪᠣᠯᠤᠨᠠᠢ ᠄ ᠰᠢᠭᠦᠰᠦᠲᠡᠢ ᠪᠠᠭᠠᠲᠤᠷ ᠤ᠋ᠨ ᠬᠥᠪᠡᠭᠦᠨ ᠃ 《ᠪᠣᠯᠣᠷ ᠡᠷᠢᠭᠡ 》 ᠳ᠋ᠦ᠍ ᠲᠡᠮᠳᠡᠭᠯᠡᠭᠰᠡᠨ ᠡᠴᠡ ᠦᠵᠡᠪᠡᠯ ᠂ ᠰᠢᠭᠦᠰᠦᠲᠡᠢ ᠪᠠᠭᠠᠲᠤᠷ ᠬᠣᠣᠷᠯᠠᠭᠳᠠᠬᠤ ᠦᠶ᠎ᠡ ᠳ᠋ᠦ᠍ ᠪᠣᠯᠤᠨᠠᠢ ᠰᠠᠶᠢ ᠳᠣᠯᠣᠭᠠᠨ ᠨᠠᠰᠤ ᠲᠠᠢ ᠬᠣᠴᠣᠷᠴᠤ ᠂ ᠰᠤᠯᠤᠩᠭᠤᠳ ( ᠰᠣᠯᠣᠨ ) ᠤ᠋ ᠱᠠᠩᠬᠤᠯᠲᠠᠢ ᠭᠡᠳᠡᠭ ᠬᠥᠮᠦᠨ ᠨᠢᠭᠤᠵᠤ ᠲᠡᠵᠢᠭᠡᠵᠡᠢ ᠃ ᠡᠰᠡᠨ ᠲᠠᠢᠰᠢ ᠰᠢᠭᠦᠰᠦᠲᠠᠢ ᠶ᠋ᠢ ᠬᠣᠣᠷᠯᠠᠬᠤ ᠶ᠋ᠢᠨ ᠵᠡᠷᠭᠡᠳᠡ ᠲᠡᠭᠦᠨ ᠦ᠌ ᠬᠥᠪᠡᠭᠦᠨ ᠪᠣᠯᠤᠨᠠᠢ ᠶ᠋ᠢ ᠪᠠᠰᠠ ᠬᠣᠣᠷᠯᠠᠬᠤ ᠭᠡᠮᠡᠨ ᠰᠤᠷᠤᠭᠯᠠᠵᠤ ᠪᠠᠢᠪᠠ ᠃ ᠪᠣᠯᠤᠨᠠᠢ ᠶ᠋ᠢ ᠠᠪᠤᠷᠠᠬᠤ ᠶ᠋ᠢᠨ ᠲᠥᠯᠥᠭᠡ ᠱᠠᠩᠬᠤᠯᠲᠠᠢ ᠶ᠋ᠢᠨ ᠪᠦᠰᠡᠭᠦᠢ ᠬᠠᠷᠴᠢᠨ ᠲᠠᠢᠪᠣᠴᠢᠨ ᠡᠯᠳᠡᠪ ᠠᠷᠭ᠎ᠠ ᠭᠠᠷᠭᠠᠨ ᠨᠢᠭᠤᠨ ᠳᠠᠯᠳᠠᠯᠠᠵᠤ ᠪᠠᠢᠭᠠᠳ ᠣᠢᠷᠠᠳ ᠠ᠋ᠴᠠ ᠳᠤᠲᠠᠭᠠᠨ ᠭᠠᠷᠴᠤ ᠮᠣᠩᠭᠣᠯ ᠳ᠋ᠤ᠌ ᠢᠷᠡᠨ ᠂ ᠪᠣᠯᠤᠨᠠᠢ ᠶ᠋ᠢᠨ ᠠᠪᠠᠭ᠎ᠠ ᠨᠣᠶᠠᠨ ᠪᠣᠯᠣᠳ ᠸᠠᠩ ᠳ᠋ᠤ᠌ ᠪᠣᠯᠤᠨᠠᠢ ᠶ᠋ᠢ ᠬᠦᠷᠭᠡᠵᠡᠢ ᠃ ᠨᠣᠶᠠᠨ ᠪᠣᠯᠣᠳ ᠸᠠᠩ ᠥᠪᠡᠷ ᠦ᠋ᠨ ᠸᠠᠩ ᠰᠠᠭᠤᠷᠢᠨ ᠢ᠋ᠶ᠋ᠠᠨ ᠪᠣᠯᠤᠨᠠᠢ ᠳ᠋ᠤ᠌ ᠥᠭᠪᠡ᠃ ᠡᠭᠦᠨᠴᠡ ᠮᠣᠩᠭᠣᠯ ᠲᠡᠦᠬᠡᠨ ᠰᠤᠷᠪᠤᠯᠵᠢ ᠪᠢᠴᠢᠭ ᠲᠦ᠍ ᠪᠣᠯᠤᠨᠠᠢ ᠸᠠᠩ ᠭᠡᠵᠦ ᠲᠡᠮᠳᠡᠭᠯᠡᠵᠡᠢ ᠃
⑤ 《 ᠰᠢᠷ᠎ᠠ ᠲᠣᠭᠣᠵᠢ 》 ᠳ᠋ᠤ᠌ ᠳᠣᠮᠪᠣᠢ ᠵᠠᠶᠠᠭᠠᠴᠢ ᠭᠡᠵᠦ ᠲᠡᠮᠳᠡᠭᠯᠡᠵᠡᠢ ᠃
⑥ 《 ᠰᠢᠷ᠎ᠠ ᠲᠣᠭᠣᠵᠢ 》 ᠳ᠋ᠤ᠌ ᠡᠰᠡᠢᠯᠦᠨ ᠨᠣᠶᠠᠨ ᠭᠡᠵᠦ ᠲᠡᠮᠳᠡᠭᠯᠡᠵᠡᠢ ᠃
ᠬᠣᠩᠬᠣᠷ ① ᠮᠥᠩᠬᠡ ᠪᠤᠯᠠᠬᠤ ᠪᠣᠷᠠᠨᠠᠢ ᠣᠮᠤᠰᠢᠷᠢ ᠡᠳᠡ ᠪᠤᠶᠤ ᠃ ᠣᠲᠤᠷᠢᠩᠲᠤ ᠨᠣᠶᠠᠨ② ᠤ᠋ ᠬᠥᠪᠡᠭᠦᠨ ᠬᠠᠯᠲᠤ ᠠᠯᠠᠭ ᠨᠣᠶᠠᠨ ᠲᠡᠭᠦᠨᠦ ᠬᠥᠪᠡᠭᠦᠨ ᠲᠦᠰᠢᠶᠡᠲᠦ ᠰᠠᠷ᠎ᠠ ᠬᠠᠭᠠᠨ ③᠂ ᠲᠡᠭᠦᠨᠦ ᠬᠥᠪᠡᠭᠦᠨ ᠳᠣᠷᠵᠢ ᠪᠣᠶᠠᠩᠲᠤ ᠬᠠᠭᠠᠨ ④᠂ ᠲᠡᠭᠦᠨᠦ ᠬᠥᠪᠡᠭᠦᠨ ᠨᠣᠷᠪᠤ ᠴᠡᠭᠡᠨ ᠸᠠᠴᠠᠷ ᠲᠤ᠌ ᠬᠠᠭᠠᠨ ⑤ᠲᠡᠭᠦᠨᠦ ᠬᠥᠪᠡᠭᠦᠨ ᠰᠡᠩᠭᠡ ᠵᠠᠰᠠᠭ⑥ ᠂ ᠲᠡᠭᠦᠨᠦ ᠬᠥᠪᠡᠭᠦᠨ ᠨᠣᠷᠪᠤ ᠵᠠᠰᠠᠭ ᠲᠤᠷᠢᠢ ᠪᠣᠶᠠᠩᠲᠤ ᠬᠠᠭᠠᠨ ᠤ᠋ ᠳᠡᠭᠦᠦ ᠬᠥᠮᠥ ᠲᠥᠷᠥ ᠶ᠋ᠢᠨ ᠨᠣᠶᠠᠨ ⑦ ᠤ᠋ ᠬᠥᠪᠡᠭᠦᠨ ᠲᠣᠪᠠ ᠪᠡᠢᠯᠡ ᠲᠡᠭᠦᠨᠦ ᠬᠥᠪᠡᠭᠦᠨ ᠪᠠᠨᠲᠠᠢ ᠪᠡᠢᠯᠡ ᠃ ᠮᠣᠤ ᠮᠢᠩᠭᠠᠨ ᠤ᠋ ᠨᠣᠶᠠᠳ ᠤ᠋ᠨ ᠡᠳᠡ ᠪᠣᠢ ᠃
— — — —
① 《 ᠰᠢᠷ᠎ᠠ ᠲᠣᠭᠣᠵᠢ 》 ᠳ᠋ᠤ᠌ ᠡᠪᠲᠡᠢ ᠬᠣᠩᠭᠣᠷ ᠭᠡᠵᠡᠢ ᠃
② ᠤᠷᠲᠤᠬᠠᠢ ᠪᠤᠶᠠᠨᠲᠤ ᠨᠣᠶᠠᠨ ᠊ᠢ ᠬᠡᠯᠡᠵᠦ ᠪᠣᠢ ᠃
③ ᠮᠣᠩᠭᠣᠯ ᠤ᠋ᠨ ᠲᠡᠦᠬᠡᠨ ᠳ᠋ᠦ᠍ ᠭᠠᠷᠤᠭᠰᠠᠨ ᠪᠠᠭ᠎ᠠ ᠬᠠᠳ ᠊ᠢ 《ᠬᠠᠨ 》 ᠭᠡᠵᠦ ᠪᠢᠴᠢᠳᠡᠭ ᠃ ᠡᠨᠳᠡ ᠲᠦᠰᠢᠶᠡᠲᠦ ᠰᠢᠷ᠎ᠠ ᠬᠠᠨ ᠭᠡᠪᠡᠯ ᠵᠣᠬᠢᠨ᠎ᠠ ᠃ 《ᠢᠯᠡᠳᠬᠡᠯ ᠱᠠᠰᠲᠢᠷ 》 ᠲᠤ᠌ ᠲᠡᠮᠳᠡᠭᠯᠡᠭᠰᠡᠨ ᠨᠢ ᠄ ᠬᠠᠪᠤᠲᠤ ᠬᠠᠰᠠᠷ ᠤ᠋ᠨ ᠠᠷᠪᠠᠨ ᠭᠤᠷᠪᠠᠳᠤᠭᠠᠷ ᠦᠶ᠎ᠡ ᠶ᠋ᠢᠨ ᠠᠴᠢ ᠤᠷᠲᠤᠬᠠᠢ ᠪᠤᠶᠠᠨᠲᠤ ᠶ᠋ᠢᠨ ᠬᠥᠪᠡᠭᠦᠨ ᠰᠢᠷ᠎ᠠ ᠬᠢᠲᠠᠳ ᠂ ᠴᠣᠯᠠ ᠲᠦᠰᠢᠶᠡᠲᠦ ᠬᠠᠨ ᠭᠡᠵᠡᠢ ᠃
④ ᠲᠦᠰᠢᠶᠡᠲᠦ ᠰᠢᠷ᠎ᠠ ᠬᠠᠨ ᠤ᠋ ᠶᠡᠬᠡ ᠬᠥᠪᠡᠭᠦᠨ ᠳᠣᠷᠵᠢ ᠪᠤᠶᠤ ᠂ ᠴᠣᠯᠠ ᠪᠤᠶᠠᠨᠲᠤ ᠬᠠᠨ ᠭᠡᠬᠦ ᠃
⑤ 《 ᠢᠯᠡᠳᠬᠡᠯ ᠱᠠᠰᠲᠢᠷ 》 ᠲᠤ᠌ ᠴᠡᠭᠡᠨ ᠭᠡᠵᠦ ᠲᠡᠮᠳᠡᠭᠯᠡᠵᠡᠢ ᠃ ᠸᠠᠴᠠᠷ ᠲᠤ᠌ ᠬᠠᠨ ᠭᠡᠰᠡᠨ ᠨᠢ ᠴᠣᠯᠠ ᠪᠣᠯᠤᠨ᠎ᠠ ᠃
⑥ ᠰᠡᠩᠭᠡ ᠵᠠᠰᠠᠭ ᠄ ᠮᠤᠤᠮᠢᠩᠭᠠᠨ ᠬᠤᠰᠢᠭᠤᠨ ᠤ᠋ ᠵᠠᠰᠠᠭ ᠸᠠᠩ ᠃ ᠡᠩᠬᠡ ᠠᠮᠤᠭᠤᠯᠠᠩ ᠤ᠋ᠨ ᠭᠤᠲᠠᠭᠠᠷ ᠣᠨ (1644 ) ᠳ᠋ᠦ᠍ ᠵᠠᠰᠠᠭ ᠲᠡᠷᠢᠭᠦᠨ ᠵᠡᠷᠭᠡ ᠶ᠋ᠢᠨ ᠲᠠᠢᠵᠢ ᠡᠷᠭᠦᠮᠵᠢᠯᠡᠭᠳᠡᠨ 1672 ᠣᠨ ᠳ᠋ᠤ᠌ ᠨᠠᠰᠤ ᠪᠠᠷᠠᠪᠠ ᠃
⑦ ᠬᠥᠮᠥ ᠄ ᠰᠡᠩᠭᠡ ᠶ᠋ᠢᠨ ᠠᠪᠠᠭ᠎ᠠ ᠡᠪᠦᠭᠡ ᠃ ᠤᠯᠤᠰ ᠲᠤᠷ ᠲᠤᠰᠠᠯᠠᠭᠴᠢ ᠬᠦᠩ ᠡᠴᠡ ᠳᠡᠪᠰᠢᠭᠦᠯᠵᠦ ᠲᠥᠷᠥ ᠶ᠋ᠢᠨ ᠪᠡᠢᠯᠡ ᠡᠷᠭᠦᠮᠵᠢᠯᠡᠭᠳᠡᠪᠡ ᠃1644 ᠣᠨ ᠳ᠋ᠤ᠌ ᠨᠠᠰᠤ ᠪᠠᠷᠠᠪᠠ ᠃
ᠥᠴᠢᠨ ᠬᠣᠷᠴᠢᠨ ᠤ ᠨᠣᠶᠠᠳ ᠤᠨ ᠤ᠌ᠭ
ᠥᠴᠢᠨ ᠬᠣᠷᠴᠢᠨ① ᠤ᠋ ᠨᠣᠶᠠᠳ ᠤ᠋ᠨ ᠤᠭ
ᠳᠥᠮᠥᠢ ᠵᠠᠶᠠᠭᠠᠴᠢ ᠨᠣᠶᠠᠨ ᠤ᠋ ᠬᠥᠪᠡᠭᠦᠨ ᠳᠡᠰ ᠬᠠᠷ᠎ᠠ ᠭᠦᠢᠮᠡᠩᠬᠡ ᠂ ᠲᠡᠭᠦᠨᠦ ᠬᠦᠦ ᠪᠣᠲᠠᠲᠠᠷᠠ ᠵᠣᠷᠬᠤᠯ ᠨᠣᠶᠠᠨ ᠤ᠋ ᠳᠡᠭᠦᠨᠦ ᠬᠥᠪᠡᠭᠦᠨ ᠰᠡᠴᠡᠬᠡᠢ ᠪᠠᠭᠠᠲᠤᠷ ᠨᠣᠶᠠᠨ ᠂ ᠲᠡᠭᠦᠨᠦ ᠬᠥᠪᠡᠭᠦᠨ ᠣᠩᠬᠣᠲᠠᠢ ᠬᠣᠩ ᠪᠠᠭᠠᠲᠤᠷ ② ᠲᠡᠭᠦᠨᠦ ᠬᠦᠦ ᠣᠣᠪ ᠲᠦᠰᠢᠶᠡᠲᠦ ᠬᠠᠭᠠᠨ③ ᠲᠡᠭᠦᠨᠦ ᠪᠡᠳᠡᠷᠢ ᠲᠦᠰᠢᠶᠡᠲᠦ ᠴᠢᠨ ᠸᠠᠩ ④ ᠂ ᠲᠡᠭᠦᠨᠦ ᠬᠦᠦ ᠪᠠᠶᠠᠰᠬᠤᠯᠠᠩ ᠸᠠᠩ ᠂ ᠲᠡᠭᠦᠨᠦ ᠬᠦᠦ ᠷᠠᠰᠢᠶᠠᠨ ᠸᠠᠩ ᠂ ᠤᠤᠪᠠ ᠬᠠᠭᠠᠨ ᠤ᠋ ᠳ᠋ᠡᠭᠦᠦ ᠬᠦᠦ ᠪᠣᠲᠠᠰᠢ ᠵᠠᠰᠠᠭᠲᠤ
— — — —
① 《 ᠪᠣᠭᠳᠠ ᠪᠠᠭᠠᠲᠤᠷ ᠤ᠋ᠨ ᠲᠡᠮᠳᠡᠭᠯᠡᠯ 》 ( 《圣武记 》 ) ᠳ᠋ᠦ᠍ ᠲᠡᠮᠳᠡᠭᠯᠡᠭᠰᠡᠨ ᠢᠨᠤ ᠄ 《 ᠬᠣᠷᠴᠢᠨ ᠠᠢᠮᠠᠭ ᠠᠨᠤ ᠪᠠᠶᠠᠰᠬᠤᠯᠠᠩ ᠬᠠᠳᠠ ᠳ᠋ᠤ᠌ ᠬᠠᠭᠠᠯᠠᠭ᠎ᠠ ᠶ᠋ᠢᠨ ᠭᠠᠳᠠᠨ᠎ᠠ ᠪᠣᠢ ᠂ ᠵᠡᠭᠦᠨᠰᠢ ᠪᠠᠷᠠᠭᠤᠨᠰᠢ ᠨᠠᠢ᠍ᠮᠠᠨ ᠵᠠᠭᠤ ᠳᠠᠯᠠᠨ ᠭᠠᠵᠠᠷ ᠂ ᠡᠮᠦᠨᠡᠰᠢ ᠤᠮᠠᠷᠠᠰᠢ ᠬᠣᠶᠠᠷ ᠮᠢᠩᠭ᠎ᠠ ᠪᠥᠭᠡᠳ ᠵᠠᠭᠤᠨ ᠭᠠᠵᠠᠷ ᠪᠤᠶᠤ ᠃ ᠡᠮᠦᠨ᠎ᠡ ᠬᠢᠵᠠᠭᠠᠷ ᠢᠨᠤ ᠮᠦᠭᠳᠡᠨ ᠦ᠌ ᠵᠠᠬ᠎ᠠ ᠬᠡᠷᠡᠮ ᠳ᠋ᠦ᠍ᠷ ᠲᠤᠯᠵᠤ ᠬᠣᠢᠲᠤ ᠬᠢᠵᠠᠭᠠᠷ ᠢᠨᠤ ᠰᠣᠯᠣᠨ ᠳ᠋ᠤᠷ ᠬᠦᠷᠦᠮᠦᠢ ᠃ ᠤᠭ ᠠᠨᠤ ᠶᠤᠸᠠᠨ ᠲᠠᠢᠽᠦ ᠶ᠋ᠢᠨ ᠳᠡᠭᠦᠦ ᠬᠠᠪᠤᠲᠤ ᠬᠠᠰᠠᠷ ᠤ᠋ᠨ ᠬᠣᠢᠴᠢ ᠪᠥᠯᠥᠭᠡ ᠂ ᠮᠢᠩ ᠤᠯᠤᠰ ᠤ᠋ᠨ ᠡᠬᠢᠨ ᠳ᠋ᠦ᠍ᠷ ᠣᠷᠢᠶᠠᠩᠬᠠᠨ ᠭᠤᠷᠪᠠᠨ ᠸᠧᠢ ᠶ᠋ᠢᠨ ᠨᠢᠭᠡᠨ ᠪᠣᠯᠠᠢ ᠃ ᠬᠣᠢᠨ᠎ᠠ ᠠᠨᠤ ᠥᠪᠡᠷᠲᠡᠭᠡᠨ ᠤᠯᠤᠰ ᠪᠣᠯᠤᠨ ᠬᠣᠷᠴᠢᠨ ᠬᠡᠮᠡᠵᠦᠬᠦᠢ ᠃ ᠮᠢᠩ ᠤᠯᠤᠰ ᠤ᠋ᠨ ᠾᠦᠩ ᠱᠢ ᠶ᠋ᠢᠨ ᠣᠨ ( 1425 ) ᠳ᠋ᠤᠷ ᠣᠢᠷᠠᠳ ᠲᠤᠷ ᠡᠪᠳᠡᠭᠳᠡᠨ ᠵᠡᠭᠦᠨᠰᠢ ᠳᠤᠲᠠᠭᠠᠨ ᠨᠣᠨ ᠮᠦᠷᠡᠨ᠎ᠡ ᠵᠠᠢᠯᠠᠨ ᠳᠠᠯᠳᠠᠯᠠᠪᠠᠢ ᠃ ᠠᠷᠤ ᠬᠣᠷᠴᠢᠨ ᠭᠡᠮᠡᠨ ᠠᠳᠠᠯᠢ ᠤᠭᠰᠠᠭ᠎ᠠ ᠠᠢᠮᠠᠭ ᠠᠬᠤ ᠶ᠋ᠢᠨ ᠲᠤᠯᠠᠳᠠ ᠥᠪᠡᠷ ᠊ᠢ ᠪᠡᠨ ᠨᠤᠨ ᠬᠣᠷᠴᠢᠨ ᠭᠡᠮᠡᠨ ᠨᠡᠷᠡᠢᠳᠴᠦ ᠢᠯᠭᠠᠪᠤᠷᠢᠯᠠᠵᠤᠬᠤᠢ 》 ᠭᠡᠵᠡᠢ ᠃ ᠬᠣᠷᠴᠢᠨ ᠠᠢᠮᠠᠭ ᠨᠢ ᠣᠢᠷᠠᠳ ᠂ ᠮᠣᠩᠭᠣᠯ ᠤ᠋ᠨ ᠲᠤᠯᠤᠯᠳᠤᠭᠠᠨ ᠠ᠋ᠴᠠ ᠪᠣᠯᠵᠤ ᠨᠤᠨ ᠮᠥᠷᠡᠨ ᠦ᠌ ᠬᠠᠪᠢ ᠪᠠᠷ ᠨᠤᠲᠤᠭᠯᠠᠵᠤ ᠭᠠᠷᠤᠭᠰᠠᠨ ᠲᠤᠬᠠᠢ 《ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠮᠡᠳᠡᠭᠡᠯᠡᠭᠰᠡᠨ ᠨᠢ ᠄ 《ᠬᠣᠷᠴᠢᠨ ᠤ᠋ ᠪᠠᠭᠠᠲᠤᠷ ᠰᠢᠭᠦᠰᠦᠲᠠᠢ ᠶ᠋ᠢᠨ ᠬᠥᠪᠡᠭᠦᠨ ᠨᠣᠶᠠᠨ ᠪᠣᠯᠣᠳ ᠸᠠᠩ ᠂ ᠮᠣᠩᠭᠣᠯ ᠤ᠋ᠨ ᠲᠥᠷᠥ ᠶ᠋ᠢ ᠣᠢᠷᠠᠳ ᠲᠤ᠌ ᠠᠪᠲᠠᠭᠰᠠᠨ ᠳ᠋ᠤᠷ ᠤᠨᠤᠨ ( ᠨᠣᠨ ) ᠳ᠋ᠤ᠌ ᠨᠤᠲᠤᠭᠯᠠᠵᠤ ᠭᠠᠷᠪᠠᠢ 》 ᠭᠡᠵᠡᠢ ᠃ 《 ᠢᠯᠡᠳᠬᠡᠯ ᠱᠠᠰᠲᠢᠷ 》 ᠲᠤ᠌ ᠲᠡᠮᠳᠡᠭᠯᠡᠭᠰᠡᠨ ᠨᠢ ᠄ 《 ᠤᠭ ᠲᠠᠭᠠᠨ ᠮᠣᠩᠭᠣᠯ ᠤ᠋ᠨ ᠬᠦᠴᠦᠷᠬᠡᠭ ᠠᠢᠮᠠᠭ ᠭᠤᠷᠪᠠᠨ ᠪᠣᠢ ᠪᠥᠯᠥᠭᠡ ᠂ ᠴᠠᠬᠠᠷ ᠬᠠᠯᠬ᠎ᠠ ᠣᠢᠷᠠᠳ ᠬᠡᠮᠡᠮᠦᠢ ᠃ ᠣᠢᠷᠠᠳ ᠠᠨᠤ ᠳᠠᠷᠤᠢ ᠥᠭᠡᠯᠡᠳ ᠮᠥᠨ ᠪᠤᠶᠤ ᠂ ᠮᠢᠩ ᠤᠯᠤᠰ ᠤ᠋ᠨ ᠬᠣᠩ ᠢᠦᠢ ᠶ᠋ᠢᠨ ᠴᠠᠭ ᠲᠤᠷ ᠬᠣᠷᠴᠢᠨ ᠂ ᠣᠢᠷᠠᠳ ᠲᠤᠷ ᠡᠪᠳᠡᠭᠳᠡᠵᠦ ᠨᠠᠬᠤᠨ ( ᠨᠣᠨ ) ᠮᠥᠷᠡᠨ ᠦ᠌ ᠭᠠᠵᠠᠷ ᠲᠤᠷ ᠵᠠᠢᠯᠵᠤ ᠰᠠᠭᠤᠪᠠᠢ ᠂ ᠲᠡᠭᠦᠨ ᠦ᠌ ᠨᠢᠭᠡᠨ ᠲᠥᠷᠥᠯ ᠳ᠋ᠦ᠍ᠷ ᠠᠷᠤ ᠬᠣᠷᠴᠢᠨ ᠪᠣᠢ ᠠᠭᠰᠠᠨ ᠊ᠤ ᠲᠤᠯᠠᠳᠠ ᠨᠠᠬᠤᠨ ᠬᠣᠷᠴᠢᠨ ᠭᠡᠮᠡᠨ ᠨᠡᠷᠡᠢᠳᠴᠦ ᠥᠪᠡᠷ᠎ᠡ ᠪᠣᠯᠭᠠᠵᠤᠬᠤᠢ ᠂ ᠵᠠᠯᠠᠢᠳ᠂ ᠳᠥᠷᠪᠡᠳ ᠬᠤᠷᠯᠤᠰ ᠡᠨᠡ ᠭᠤᠷᠪᠠᠨ ᠠᠢᠮᠠᠭ᠂ ᠲᠡᠳᠡᠨ ᠯᠤᠭᠡ ᠬᠠᠮᠲᠤ ᠨᠢᠭᠡᠨ ᠭᠠᠵᠠᠷ ᠲᠤᠷ ᠨᠤᠲᠤᠭᠯᠠᠵᠤ ᠰᠠᠭᠤᠭᠠᠳ᠂ ᠴᠠᠬᠠᠷ ᠊ᠤᠨ ᠬᠠᠷᠢᠶᠠᠲᠤ ᠪᠣᠯᠤᠭᠰᠠᠨ ᠪᠥᠯᠥᠭᠡ 》 ᠭᠡᠵᠡᠢ᠃ ᠃ ᠲᠤᠰ 《ᠤᠨᠴᠢᠨ ᠬᠣᠷᠴᠢᠨ ᠊ᠤ ᠨᠣᠶᠠᠳ ᠊ᠤᠨ ᠤᠭ 》ᠬᠡᠮᠡᠬᠦ ᠪᠦᠯᠦᠭ ᠲᠦ᠍ ᠵᠠᠯᠠᠢᠳ᠂ ᠳᠥᠷᠪᠡᠳ᠂ ᠭᠣᠷᠯᠣᠰ ᠭᠤᠷᠪᠠᠨ ᠠᠢᠮᠠᠭ ᠊ᠤᠨ ᠨᠣᠶᠠᠳ ᠊ᠤᠨ ᠤᠭ ᠤᠭᠰᠠᠭ᠎ᠠ ᠶ᠋ᠢ ᠪᠠᠭᠲᠠᠭᠠᠨ ᠲᠡᠮᠳᠡᠭᠯᠡᠵᠡᠢ᠃ ᠡᠨᠳᠡ《 ᠤᠨᠴᠢᠨ ᠬᠣᠷᠴᠢᠨ 》 ᠭᠡᠵᠦ ᠳᠠᠷᠤᠢ 《ᠨᠤᠨ ᠬᠣᠷᠴᠢᠨ 》 ᠊ᠢ ᠵᠢᠭᠠᠵᠤ ᠪᠣᠢ᠃ ᠴᠢᠩ ᠤᠯᠤᠰ ᠊ᠤᠨ ᠡᠬᠢᠨ᠎ᠡ ᠬᠣᠷᠴᠢᠨ ᠊ᠢ ᠵᠡᠭᠦᠨ ᠪᠠᠷᠠᠭᠤᠨ ᠭᠠᠷ ᠬᠤᠪᠢᠶᠠᠨ ᠰᠠᠯᠭᠠᠵᠤᠬᠤᠢ᠃ ᠲᠦᠰᠢᠶᠡᠲᠦ ᠴᠢᠨ ᠸᠠᠩ ᠪᠠᠷᠠᠭᠤᠨ ᠭᠠᠷ ᠊ᠢ ᠵᠠᠬᠢᠷᠤᠨ ᠵᠠᠯᠠᠢᠳ᠂ ᠳᠥᠷᠪᠡᠳ ᠊ᠢ ᠪᠠᠭᠲᠠᠭᠠᠨ ᠬᠠᠮᠢᠶᠠᠷᠴᠤ᠂ ᠳᠠᠷᠬᠠᠨ ᠴᠢᠨ ᠸᠠᠩ ᠵᠡᠭᠦᠨ ᠭᠠᠷ ᠊ᠢ ᠵᠠᠬᠢᠷᠤᠨ ᠭᠣᠷᠯᠣᠰ ᠊ᠤᠨ ᠬᠣᠶᠠᠷ ᠬᠣᠰᠢᠭᠤ ᠶ᠋ᠢ ᠪᠠᠭᠲᠠᠭᠠᠨ ᠬᠠᠮᠢᠶᠠᠷᠠᠵᠠᠢ᠃ ᠬᠣᠵᠢᠮ ᠨᠢ ᠬᠣᠷᠴᠢᠨ ᠪᠠᠷᠠᠭᠤᠨ ᠭᠠᠷᠤᠨ ᠳᠤᠮᠳᠠᠳᠤ ᠂ ᠡᠮᠦᠨᠡᠲᠦ᠂ ᠬᠣᠢᠲᠤ ᠬᠣᠰᠢᠭᠤ ᠪᠠ ᠬᠣᠷᠴᠢᠨ ᠵᠡᠭᠦᠨ ᠭᠠᠷᠤᠨ ᠳᠤᠮᠳᠠᠳᠤ᠂ ᠡᠮᠦᠨᠡᠲᠦ᠂ ᠬᠣᠢᠲᠤ ᠬᠣᠰᠢᠭᠤ ᠭᠡᠵᠦ ᠵᠢᠷᠭᠤᠭᠠᠨ ᠬᠣᠰᠢᠭᠤ ᠬᠤᠪᠢᠶᠠᠯᠠᠨ ᠵᠢᠷᠢᠮ ᠊ᠦᠨ ᠴᠢᠭᠤᠯᠭᠠᠨ ᠳ᠋ᠤᠷ ᠵᠠᠬᠢᠷᠤᠭᠤᠯᠪᠠᠢ᠃
② ᠣᠩᠭᠤᠳᠠᠢ ᠬᠣᠩ ᠪᠠᠭᠠᠲᠤᠷ ᠄ ᠬᠣᠷᠴᠢᠨ ᠊ᠤ ᠨᠣᠶᠠᠨ᠂ ᠴᠣᠯᠠ ᠪᠠᠭᠠᠲᠤᠷ ᠬᠣᠩ ᠲᠠᠢᠵᠢ ᠃1593 ᠣᠨ ᠳ᠋ᠤ᠌ ᠣᠩᠭᠤᠳᠠᠢ ᠨᠣᠶᠠᠨ ᠬᠠᠷᠢᠶᠠᠲᠤ ᠠᠢᠮᠠᠭ ᠢ᠋ᠶ᠋ᠠᠨ ᠳᠠᠢᠴᠢᠯᠠᠨ ᠮᠠᠨᠵᠤ ᠶ᠋ᠢᠨ ᠣᠭᠡ ᠠᠢᠮᠠᠭ ᠊ᠤᠨ ᠲᠠᠢᠵᠢ ᠪᠦᠵᠠᠢ ᠶ᠋ᠢ ᠳᠠᠭᠠᠯᠳᠤᠨ ᠤᠯᠠᠭ᠎ᠠ᠂ ᠬᠠᠳᠠ᠂ ᠬᠣᠢᠹᠠ ᠵᠡᠷᠭᠡ ᠬᠠᠮᠢᠨᠢᠭᠠᠨ ᠠᠢᠮᠠᠭ ᠲᠠᠢ ᠬᠣᠯᠪᠣᠭ᠎ᠠ ᠪᠠᠢᠭᠤᠯᠵᠤ ᠮᠠᠨᠵᠤ ᠶ᠋ᠢᠨ ᠲᠠᠢᠽᠦ ᠳᠡᠭᠡᠳᠦ ᠬᠤᠸᠠᠩᠳᠢ ᠨᠤᠷᠬᠠᠴᠢ ᠢᠨ ᠡᠰᠡᠷᠭᠦᠦ ᠪᠠᠢᠯᠳᠤᠭᠠᠳ ᠢᠯᠠᠭᠳᠠᠵᠠᠢ᠃ 1624 ᠣᠨ ᠳ᠋ᠤ᠌ ᠣᠩᠭᠤᠳᠠᠢ ᠲᠡᠭᠦᠨ ᠊ᠦ ᠬᠥᠪᠡᠭᠦᠨ ᠣᠳᠪᠠ ᠶ᠋ᠢ ᠢᠯᠡᠭᠡᠵᠦ ᠮᠠᠨᠵᠤ ᠲᠠᠢ ᠬᠣᠯᠪᠣᠭ᠎ᠠ ᠪᠠᠢᠭᠤᠯᠤᠨ ᠮᠠᠨᠵᠤ ᠳ᠋ᠤ᠌ ᠪᠠᠭᠤᠵᠤ ᠥᠭᠪᠡ᠃ ᠣᠩᠭᠤᠳᠠᠢ ᠪᠣᠯ ᠮᠠᠨᠵᠤ ᠶ᠋ᠢᠨ ᠲᠠᠢᠯᠠᠭᠴᠢ ᠨᠠᠷ ᠊ᠢ ᠡᠩ ᠲᠡᠷᠢᠭᠦᠨ᠎ᠡ ᠡᠰᠡᠷᠭᠦᠴᠡᠭᠰᠡᠨ ᠬᠥᠮᠦᠨ ᠪᠥᠭᠡᠳ ᠮᠥᠨ ᠴᠦ᠍ ᠮᠠᠨᠵᠤ ᠲᠠᠢ ᠡᠩ ᠲᠡᠷᠢᠭᠦᠨ᠎ᠡ ᠬᠣᠯᠪᠣᠭ᠎ᠠ ᠪᠠᠢᠭᠤᠯᠤᠨ ᠪᠠᠭᠤᠵᠤ ᠥᠭᠭᠦᠭᠰᠨ ᠬᠥᠮᠦᠨ ᠶᠦ᠍ᠮ ᠃
③ ᠤᠤᠪ ᠲᠦᠰᠢᠶᠡᠲᠦ ᠬᠠᠭᠠᠨ ᠄ 《 ᠢᠯᠡᠳᠬᠡᠯ ᠱᠠᠰᠲᠢᠷ》 ᠲᠤ᠌ ᠤᠤᠪᠠ ᠭᠡᠳᠡᠭ᠃1624 ᠣᠨ ᠳ᠋ᠤ᠌ ᠮᠠᠨᠵᠤ ᠳ᠋ᠤ᠌ ᠪᠠᠭᠤᠵᠤ ᠥᠭᠪᠡ᠃ 1626 ᠣᠨ ᠳ᠋ᠤ᠌ 《ᠬᠠᠭᠠᠨ ᠢ᠋ᠶ᠋ᠠᠷ ᠲᠡᠭᠦᠨ ᠊ᠦ ᠦᠨᠡᠨᠴᠢ ᠶ᠋ᠢ ᠶᠡᠬᠡᠳᠡ ᠰᠠᠢᠰᠢᠶᠠᠨ ᠲᠤᠰᠬᠠᠢᠯᠠᠨ ᠵᠠᠷᠯᠢᠭ ᠢ᠋ᠶ᠋ᠠᠷ ᠲᠦᠰᠢᠶᠡᠲᠦ ᠬᠠᠨ ᠡᠷᠭᠦᠮᠵᠢᠯᠡᠭᠡᠳ ᠬᠤᠶᠠᠭ ᠳᠤᠭᠤᠯᠠᠭ᠎ᠠ᠂ ᠴᠤᠭᠤᠯᠠᠪᠤᠷᠢᠯᠠᠭᠰᠠᠨ ᠡᠮᠡᠭᠡᠯ᠂ ᠮᠠᠩᠨᠤᠭ ᠲᠣᠷᠭ᠎ᠠ ᠱᠠᠩᠨᠠᠵᠠᠢ》( 《 ᠢᠯᠡᠳᠬᠡᠯ ᠱᠠᠰᠲᠢᠷ 》) ᠡᠭᠦᠨ ᠊ᠦ ᠵᠡᠷᠭᠡᠳᠡ ᠨᠤᠷᠬᠠᠴᠢ ᠶ᠋ᠢᠨ ᠳᠡᠭᠦᠦ ᠰᠦᠷᠬᠠᠴᠢ ᠤᠮᠪᠠᠯ ᠥᠬᠢᠨ ᠢ᠋ᠶ᠋ᠡᠨ ᠤᠤᠪᠠ ᠳ᠋ᠤ᠌ ᠬᠣᠯᠪᠣᠵᠤ ᠬᠣᠱᠣᠢ ᠡᠹᠦ᠋ ᠪᠣᠯᠭᠠᠵᠠᠢ᠃ ᠮᠠᠨᠵᠤ ᠶ᠋ᠢᠨ ᠲᠠᠢᠯᠠᠭᠴᠢ ᠨᠠᠷ ᠮᠣᠩᠭᠣᠯ ᠪᠠ ᠮᠢᠩ ᠤᠯᠤᠰ ᠊ᠢ ᠳᠠᠢᠯᠠᠨ ᠡᠵᠡᠯᠡᠬᠦ ᠶᠠᠪᠤᠴᠠ ᠳ᠋ᠤ᠌ ᠤᠤᠪᠠ ᠮᠠᠨᠵᠤ ᠲᠠᠢ ᠬᠣᠯᠪᠣᠭ᠎ᠠ ᠪᠠᠢᠭᠤᠯᠤᠨ ᠮᠠᠨᠵᠤ ᠶ᠋ᠢᠨ ᠨᠣᠶᠠᠷᠬᠠᠭᠴᠢ ᠳ᠋ᠤ᠌ ᠦᠨᠡᠨᠴᠢ ᠰᠢᠳᠤᠷᠭᠤ ᠵᠢᠳᠬᠦᠵᠡᠢ᠃ ᠡᠨᠡ ᠤᠴᠢᠷ ᠠ᠋ᠴᠠ ᠲᠡᠭᠦᠨ ᠊ᠦ ᠦᠬᠦᠭᠰᠡᠨ(1632 ᠣᠨ ᠳ᠋ᠤ᠌ ᠴᠠᠬᠠᠷ ᠊ᠢ ᠳᠠᠢᠯᠠᠬᠤ ᠲᠡᠢᠨ ᠳ᠋ᠦ᠍) ᠶ᠋ᠢᠨ ᠬᠣᠢᠨ᠎ᠠ ᠮᠠᠨᠵᠤ ᠶ᠋ᠢᠨ ᠬᠠᠭᠠᠨ ᠬᠣᠩ ᠲᠠᠢᠵᠢ ᠪᠡᠯᠪᠡᠰᠦᠷᠡᠯ ᠊ᠤᠨ ᠬᠤᠪᠴᠠᠰᠤ ᠡᠮᠦᠰᠦᠨ ᠶᠡᠬᠡᠳᠡ ᠤᠬᠢᠯᠠᠨ ᠭᠠᠰᠢᠭᠤᠳᠠᠵᠤ ᠭᠡᠨ᠎ᠡ᠃
④ ᠪᠡᠳᠡᠷᠢ ᠲᠦᠰᠢᠶᠡᠲᠦ ᠴᠢᠨ ᠸᠠᠩ᠄ ᠬᠣᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ( ᠲᠦᠰᠢᠶᠡᠲᠦ) ᠶ᠋ᠢᠨ ᠵᠠᠰᠠᠭ ᠸᠠᠩ᠃1636 ᠣᠨ ᠳ᠋ᠤ᠌ ᠭᠠᠪᠢᠶ᠎ᠠ ᠶ᠋ᠢ ᠲᠣᠭᠠᠴᠢᠨ ᠵᠠᠰᠠᠭ ᠬᠣᠱᠣᠢ ᠲᠦᠰᠢᠶᠡᠲᠦ ᠴᠢᠨ ᠸᠠᠩ ᠡᠷᠭᠦᠮᠵᠢᠯᠡᠨ ᠬᠠᠨ ᠴᠣᠯᠠ ᠶ᠋ᠢ ᠦᠭᠡᠢ ᠪᠣᠯᠭᠠᠵᠠᠢ᠃1671 ᠣᠨ ᠳ᠋ᠤ᠌ ᠨᠠᠰᠤ ᠪᠠᠷᠠᠪᠠ᠃
ᠵᠢᠶᠦ᠋ᠨ ᠸᠠᠩ ①᠂ ᠲᠡᠭᠦᠨᠤ ᠬᠥᠪᠡᠭᠦᠨ ᠪᠠᠶᠠᠰᠬᠠᠯ ᠸᠠᠩ᠂ ᠲᠡᠭᠦᠨᠤ ᠬᠦᠦ ᠸᠠᠴᠠᠷ ᠵᠠᠰᠠᠭᠲᠤ ᠸᠠᠩ᠃ ᠰᠡᠴᠡᠬᠡᠢ ᠪᠠᠭᠠᠲᠤᠷ ᠨᠣᠶᠠᠨ ᠤ᠋ ᠤᠳᠠᠭ᠎ᠠ ᠳᠡᠭᠦᠦ ᠠᠮᠠᠰᠢ ᠲᠤᠷᠬᠠᠯ ᠨᠣᠶᠠᠨ ᠤ᠋ ᠬᠥᠪᠡᠭᠦᠨ ᠪᠤᠶᠠᠩᠲᠦ ᠴᠢᠨ ᠸᠠᠩ ᠮᠠᠬᠤᠭᠡᠰ ᠵᠠᠷᠤᠭᠴᠢ ᠨᠣᠶᠠᠨ② ᠲᠡᠭᠦᠨᠤ ᠬᠥᠪᠡᠭᠦᠨ ᠴᠢᠨ ᠨᠣᠶᠠᠨ ᠴᠢᠨ ᠸᠠᠩ ᠵᠠᠢᠰᠠᠩ ᠪᠥᠬᠡ ᠨᠣᠶᠠᠨ③᠂ ᠲᠡᠭᠦᠨᠤ ᠬᠦᠦ ᠵᠣᠷᠢᠭᠲᠤ ᠴᠢᠨ ᠸᠠᠩ ᠤᠭᠱᠠᠨ④ ᠲᠡᠭᠦᠨᠤ ᠬᠦᠦ ᠵᠣᠷᠢᠭᠲᠤ ᠴᠢᠨ ᠸᠠᠩ ᠮᠢᠯᠲᠠᠭᠠᠷ ᠡᠹᠦ᠋ ⑤᠂ ᠲᠡᠭᠦᠨᠤ ᠳᠡᠭᠦᠦ ᠲᠤᠯᠪᠠ᠃ ᠵᠣᠷᠢᠭᠲᠤ ᠴᠢᠨ ᠸᠠᠩ ᠤᠭᠱᠠᠨ ᠸᠠᠩ ᠊ᠤᠨ ᠤᠷᠠᠲᠦ ᠭᠠᠲᠤᠨ ᠤ᠋ ᠲᠠᠪᠤᠳᠤᠭᠠᠷ
— — — —
① ᠪᠤᠳᠠᠰᠢ ᠵᠠᠰᠠᠭᠲᠤ ᠵᠢᠶᠦ᠋ᠨ ᠸᠠᠩ᠄ ᠬᠣᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠊ᠤ ᠵᠠᠰᠠᠭ ᠸᠠᠩ᠃ 《 ᠢᠯᠡᠳᠬᠡᠯ ᠱᠠᠰᠲᠢᠷ》 ᠲᠤ᠌ ᠪᠤᠲᠠᠴᠢ ᠭᠡᠬᠦ᠃ ᠲᠡᠭᠷᠢ ᠶ᠋ᠢᠨ ᠪᠣᠱᠣᠭᠲᠤ ᠶ᠋ᠢᠨ ᠠᠷᠪᠠᠨ ᠨᠢᠭᠡᠳᠦᠭᠡᠷ ᠣᠨ(1626) ᠤᠤᠪᠠ ᠶ᠋ᠢ ᠳᠠᠭᠠᠯᠳᠤᠨ ᠮᠠᠨᠵᠤ ᠶ᠋ᠢᠨ ᠬᠠᠭᠠᠨ ᠳ᠋ᠤ᠌ ᠪᠠᠷᠠᠭᠠᠯᠠᠬᠤ ᠪᠠᠷ ᠢᠷᠡᠭᠡᠳ ᠵᠠᠰᠠᠭᠲᠤ ᠳᠦᠭᠦᠷᠡᠩ ᠴᠣᠯᠠ ᠣᠯᠵᠠᠢ᠃1636 ᠣᠨ ᠳ᠋ᠤ᠌ ᠵᠠᠰᠠᠭ ᠲᠥᠷᠥ ᠶ᠋ᠢᠨ ᠵᠠᠰᠠᠭᠲᠤ ᠵᠢᠶᠦ᠋ᠨ ᠸᠠᠩ ᠡᠷᠭᠦᠮᠵᠢᠯᠡᠭᠳᠡᠪᠡ ᠃ 1644 ᠣᠨ ᠳ᠋ᠤ᠌ ᠨᠠᠰᠤ ᠪᠠᠷᠠᠪᠠ᠃
② ᠮᠠᠬᠤᠭᠡᠰ ᠵᠠᠷᠤᠭᠴᠢ ᠨᠣᠶᠠᠨ᠄ 《 ᠢᠯᠡᠳᠬᠡᠯ ᠱᠠᠰᠲᠢᠷ》 ᠲᠤ᠌ ᠮᠠᠩᠭᠤᠰ ᠵᠠᠷᠤᠭᠴᠢ ᠨᠣᠶᠠᠨ ᠭᠡᠪᠡ᠃ ᠤᠤᠪᠠ ᠶ᠋ᠢᠨ ᠠᠪᠠᠭ᠎ᠠ ᠡᠴᠢᠭᠡ᠃ ᠥᠪᠡᠷ ᠊ᠦᠨ ᠥᠬᠢᠨ ᠢ᠋ᠶ᠋ᠡᠨ ᠮᠠᠨᠵᠤ ᠶ᠋ᠢᠨ ᠬᠠᠭᠠᠨ ᠬᠣᠩ ᠲᠠᠢᠵᠢ ᠳ᠋ᠤ᠌ ᠬᠠᠲᠤᠨ ᠪᠣᠯᠭᠠᠨ ᠥᠭᠴᠡᠢ᠃ ᠳᠠᠷᠤᠢ ᠲᠠᠬᠢᠮᠳᠠᠭᠤ ᠶᠣᠰᠣᠲᠤ ᠭᠡᠭᠡᠨ ᠰᠣᠳᠣ ᠬᠤᠸᠠᠨᠭᠡᠤ (孝端文皇后) ᠶ᠋ᠢᠨ ᠡᠴᠢᠭᠡ ᠪᠣᠯᠤᠨ᠎ᠠ᠃ ᠮᠠᠨᠵᠤ ᠶ᠋ᠢᠨ ᠬᠠᠭᠠᠨ ᠮᠠᠩᠭᠤᠰ ᠵᠠᠷᠤᠭᠴᠢ ᠶ᠋ᠢ ᠪᠤᠶᠠᠨᠲᠤ ᠴᠢᠨ ᠸᠠᠩ ᠨᠡᠬᠡᠨ ᠡᠷᠭᠦᠮᠵᠢᠯᠡᠵᠦ ᠲᠡᠭᠦᠨ ᠊ᠦ ᠡᠬᠡᠨᠡᠷ ᠊ᠢ ᠪᠤᠶᠠᠨᠲᠤ ᠬᠠᠲᠤᠨ ᠭᠡᠮᠡᠨ ᠡᠷᠭᠦᠮᠵᠢᠯᠡᠵᠡᠢ᠃
③ ᠵᠠᠢᠰᠠᠩ ᠪᠥᠬᠡ ᠨᠣᠶᠠᠨ᠄ ᠲᠠᠬᠢᠮᠳᠠᠭᠤ ᠶᠣᠰᠣᠴᠤ ᠭᠡᠭᠡᠨ ᠰᠣᠳᠣ ᠬᠤᠸᠠᠨᠭᠡᠤ ᠨᠠᠰᠤ ᠪᠠᠷᠠᠭᠰᠠᠨ ᠊ᠤ ᠳᠠᠷᠠᠭ᠎ᠠ ᠵᠠᠢᠰᠠᠩ ᠲᠡᠭᠦᠨ ᠊ᠦ ᠥᠬᠢᠨ ᠢ᠋ᠶ᠋ᠡᠨ ᠮᠠᠨᠵᠤ ᠶ᠋ᠢᠨ ᠬᠠᠭᠠᠨ ᠬᠣᠩ ᠲᠠᠢᠵᠢ ᠳ᠋ᠤ᠌ ᠬᠣᠯᠪᠣᠵᠠᠢ᠃ ᠳᠠᠷᠤᠢ ᠲᠠᠬᠢᠮᠳᠠᠭᠤ ᠠᠮᠤᠷᠯᠢᠩᠭᠤᠢ ᠭᠡᠭᠡᠨ ᠰᠣᠳᠣ ᠬᠤᠸᠠᠨᠭᠡᠤ(孝端文皇后) ᠪᠤᠶᠤ᠃ ᠡᠶᠡᠪᠡᠷ ᠵᠠᠰᠠᠭᠴᠢ ᠬᠠᠭᠠᠨ ᠊ᠤ ᠡᠬᠡ ᠮᠥᠨ᠃ ᠡᠶᠡᠪᠡᠷ ᠵᠠᠰᠠᠭᠴᠢ ᠬᠠᠭᠠᠨ ᠊ᠤ ᠦᠶ᠎ᠡ ᠳ᠋ᠦ᠍ ᠵᠠᠢᠰᠠᠩ ᠊ᠢ ᠨᠡᠬᠡᠵᠦ ᠬᠣᠱᠣᠢ ᠰᠢᠳᠤᠷᠭᠤ ᠴᠢᠨ ᠸᠠᠩ ᠡᠷᠭᠦᠮᠵᠢᠯᠡᠵᠦ ᠲᠡᠭᠦᠨ ᠊ᠦ ᠭᠡᠷᠭᠡᠢ ᠶ᠋ᠢ ᠮᠡᠷᠭᠡᠨ ᠬᠠᠲᠤᠨ ᠡᠷᠭᠦᠮᠵᠢᠯᠡᠵᠡᠢ᠃ ᠵᠠᠢᠰᠠᠩ ᠊ᠤᠨ ᠴᠣᠯᠠ ᠶ᠋ᠢ ᠪᠥᠬᠡ ᠨᠣᠶᠠᠨ ᠭᠡᠳᠡᠭ᠃
④ ᠤᠭᠱᠠᠨ᠄ ᠲᠠᠬᠢᠮᠳᠠᠭᠤ ᠠᠮᠤᠷᠯᠠᠩᠭᠤᠢ ᠭᠡᠭᠡᠨ ᠰᠣᠳᠣ ᠬᠤᠸᠠᠨᠭᠡᠤ ᠶ᠋ᠢᠨ ᠠᠬ᠎ᠠ᠃ ᠳᠡᠭᠡᠳᠦ ᠡᠷᠳᠡᠮᠲᠦ ᠢᠨ ᠠᠩᠬᠠᠨ ᠣᠨ(1636) ᠳ᠋ᠤ᠌ ᠬᠣᠱᠣᠢ ᠵᠣᠷᠢᠭᠲᠤ ᠴᠢᠨ ᠸᠠᠩ ᠡᠷᠭᠦᠮᠵᠢᠯᠡᠭᠳᠡᠪᠡ᠃1665 ᠣᠨ ᠳ᠋ᠤ᠌ ᠨᠠᠰᠤ ᠪᠠᠷᠠᠪᠠ᠃
⑤ ᠮᠢᠯᠲᠠᠭᠠᠷ ᠡᠹᠦ᠋᠄《 ᠢᠯᠡᠳᠬᠡᠯ ᠱᠠᠰᠲᠢᠷ》 ᠲᠤ᠌ ᠪᠢᠯᠲᠠᠭᠠᠷ ᠡᠹᠦ᠋ ᠭᠡᠵᠡᠢ᠃ ᠤᠭᠱᠠᠨ ᠤ᠋ ᠭᠤᠲᠠᠭᠠᠷ ᠬᠥᠪᠡᠭᠦᠨ ᠪᠤᠶᠤ᠃ ᠮᠠᠨᠵᠤ ᠶ᠋ᠢᠨ ᠬᠠᠭᠠᠨ ᠲᠡᠭᠦᠨ ᠊ᠦ ᠦᠵᠡᠰᠬᠦᠯᠡᠩᠲᠦ ᠡᠷᠬᠢᠮ ᠤᠯᠤᠰ ᠡᠷᠬᠢᠮ ᠤᠯᠤᠰ ᠊ᠤᠨ ᠭᠦᠩᠵᠦ (固伦雍穆公主) ᠪᠡᠨ ᠲᠡᠭᠦᠨ ᠳ᠋ᠦ᠍ ᠱᠠᠩᠨᠠᠨ ᠥᠭᠴᠦ ᠬᠣᠯᠪᠣᠭᠰᠠᠨ ᠤ᠋ ᠤᠴᠢᠷ ᠤᠯᠤᠰ ᠊ᠤᠨ ᠡᠹᠦ᠋ ᠡᠷᠭᠦᠮᠵᠢᠯᠡᠭᠳᠡᠪᠡ᠃ ᠡᠩᠬᠡ ᠠᠮᠤᠭᠤᠯᠠᠩ ᠊ᠤᠨ ᠲᠠᠪᠤᠳᠤᠭᠠᠷ ᠣᠨ(1666) ᠳ᠋ᠤ᠌ ᠬᠣᠱᠣᠢ ᠵᠣᠷᠢᠭᠲᠤ ᠴᠢᠨ ᠸᠠᠩ ᠵᠠᠯᠭᠠᠮᠵᠢᠯᠠᠪᠠ᠃
ᠬᠥᠪᠡᠭᠦᠨ ᠲᠦᠨᠡᠭᠡᠷ ᠬᠦᠩ ᠲᠡᠭᠦᠨᠤ ᠬᠥᠪᠡᠭᠦᠨ ᠪᠤᠨᠢ ᠬᠦᠩ᠂ ᠤᠭᠱᠠᠨ ᠸᠠᠩ ᠊ᠤᠨ ᠤᠳᠠᠭ᠎ᠠ ᠳᠡᠭᠦᠦ ᠴᠠᠭᠠᠨ ᠡᠪᠦᠭᠡᠨ ᠨᠣᠶᠠᠨ ᠤ᠋ ᠬᠦᠦ ᠴᠣᠷᠵᠢ ᠪᠡᠢᠯᠡ ᠲᠡᠭᠦᠨᠤ ᠬᠥᠪᠡᠭᠦᠨ ᠤᠴᠢᠷ ᠪᠡᠢᠯᠡ᠂ ᠲᠡᠭᠦᠨᠤ ᠪᠠᠢᠱᠣᠭᠣᠷ [ ᠪᠠᠰᠠ ᠪᠠᠭᠰᠢᠭᠦᠷ ᠭᠡᠬᠦ ] ᠪᠡᠢᠯᠡ᠂ ᠴᠠᠭᠠᠨ ᠡᠪᠦᠭᠡᠨ ᠦ᠌ ᠤᠳᠠᠭ᠎ᠠ ᠳᠡᠭᠦᠦ ᠰᠤᠨᠤᠮ ᠵᠢᠶᠦ᠋ᠨ ᠸᠠᠩ ① ᠬᠥᠪᠡᠭᠦᠨ ᠬᠢᠲᠠᠳ ᠵᠢᠶᠦ᠋ᠨ ᠸᠠᠩ᠂ ᠲᠠᠭᠦᠨᠤ ᠬᠦᠦ ᠡᠷᠳᠡᠨᠢ ᠵᠢᠶᠦ᠋ᠨ ᠸᠠᠩ᠃ ᠲᠡᠭᠦᠨᠤ ᠬᠦᠦ ᠪᠢᠯᠢᠭᠲᠦ ᠵᠢᠶᠦ᠋ᠨ ᠸᠠᠩ᠃ ᠤᠭᠱᠠᠨ ᠸᠠᠩ ᠊ᠤᠨ ᠤᠳᠬᠤᠨ ᠳᠡᠭᠦᠦ ᠮᠠᠨᠵᠤᠱᠠᠷᠢ ᠪᠠᠭᠠᠲᠤᠷ ᠳᠠᠷᠬᠠᠨ ᠴᠢᠨ ᠸᠠᠩ ② ᠊ᠤᠨ ᠬᠦᠦ ᠬᠣᠲᠠ ᠳᠠᠷᠬᠠᠨ ᠴᠢᠨ ᠸᠠᠩ᠂ ᠲᠡᠭᠦᠨᠤ ᠬᠥᠪᠡᠭᠦᠨ ᠪᠠᠨᠳᠢ ᠳᠠᠷᠬᠠᠨ ᠴᠢᠨ ᠸᠠᠩ᠂ ᠪᠤᠶᠠᠩᠲᠤ ᠴᠢᠨ ᠸᠠᠩ ᠊ᠤᠨ ᠳᠡᠭᠦᠦ ᠮᠢᠩᠭᠠᠨ ᠳᠠᠷᠬᠠᠨ ᠨᠣᠶᠠᠨ ᠤ᠋ ᠬᠥᠪᠡᠭᠦᠨ ᠳᠣᠩᠬᠣᠷ ᠢᠯᠳᠦᠴᠢ ③᠂ ᠲᠡᠭᠦᠨᠤ ᠬᠦᠦ ᠵᠢᠩᠭᠢᠯᠤᠨ ᠵᠢᠶᠦ᠋ᠨ ᠸᠠᠩ᠂ ᠲᠡᠭᠦᠨᠤ ᠬᠥᠪᠡᠭᠦᠨ ᠪᠤᠳᠠᠷᠢ ᠸᠠᠩ᠂ ᠲᠡᠭᠦᠨᠤ ᠬᠦᠦ ᠵᠠᠬᠠᠷᠢᠨ ᠸᠠᠩ᠂ ᠲᠡᠭᠦᠨᠤ ᠬᠦᠦ ᠲᠠᠢᠪᠤ ᠸᠠᠩ᠂
— — — —
① ᠰᠣᠨᠣᠮ ᠵᠢᠶᠦ᠋ᠨ ᠸᠠᠩ᠄ ᠵᠠᠢᠰᠠᠩ ᠪᠥᠬᠡ ᠨᠣᠶᠠᠨ ᠤ᠋ ᠭᠤᠲᠠᠭᠠᠷ ᠬᠥᠪᠡᠭᠦᠨ᠃
② ᠮᠠᠨᠵᠤᠱᠠᠷᠢ ᠪᠠᠭᠠᠲᠤᠷ ᠳᠠᠷᠬᠠᠨ ᠴᠢᠨ ᠸᠠᠩ᠄ ᠬᠣᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠊ᠤ ᠵᠠᠰᠠᠭ ᠸᠠᠩ᠂ ᠵᠠᠢᠰᠠᠩ ᠪᠥᠬᠡ ᠨᠣᠶᠠᠨ ᠤ᠋ ᠳᠥᠲᠥᠭᠡᠷ ᠬᠥᠪᠡᠭᠦᠨ᠃1636 ᠣᠨ ᠳ᠋ᠤ᠌ ᠵᠠᠰᠠᠭ ᠲᠥᠷᠥ ᠶ᠋ᠢᠨ ᠪᠠᠭᠠᠲᠤᠷ ᠵᠢᠶᠦ᠋ᠨ ᠸᠠᠩ ᠡᠷᠭᠦᠮᠵᠢᠯᠡᠭᠳᠡᠪᠡ᠃ ᠡᠭᠦᠨ ᠡᠴᠡ ᠤᠷᠢᠳ᠃ ᠮᠠᠨᠵᠤᠱᠠᠷᠢ ᠴᠠᠬᠠᠷ ᠊ᠢ ᠳᠠᠢᠯᠠᠬᠤ ᠲᠡᠢᠨ ᠳ᠋ᠦ᠍ ᠭᠠᠪᠢᠶ᠎ᠠ ᠪᠠᠢᠭᠤᠯᠤᠭᠰᠠᠨ ᠢ᠋ᠶ᠋ᠠᠷ ᠪᠠᠭᠠᠲᠤᠷ ᠴᠣᠯᠠ ᠣᠯᠵᠤ᠂ ᠬᠠᠯᠬ᠎ᠠ ᠶ᠋ᠢ ᠳᠠᠢᠯᠠᠬᠤ ᠲᠡᠢᠨ ᠳ᠋ᠦ᠍ ᠮᠥᠨ ᠪᠠᠰᠠ ᠭᠠᠪᠢᠶ᠎ᠠ ᠪᠠᠢᠭᠤᠯᠤᠭᠰᠠᠨ ᠢ᠋ᠶ᠋ᠠᠷ ᠳᠠᠷᠬᠠᠨ ᠴᠣᠯᠠ ᠣᠯᠵᠠᠢ᠃ ᠴᠢᠩ ᠤᠯᠤᠰ ᠊ᠤᠨ ᠦᠶ᠎ᠡ ᠳ᠋ᠦ᠍ ᠮᠣᠩᠭᠣᠯ ᠊ᠤᠨ ᠹᠧᠣᠳᠠᠯᠴᠤᠳ ᠳᠠᠷᠬᠠᠨ ᠴᠣᠯᠠ ᠭᠥᠷᠳᠡᠪᠡᠯ ᠣᠨ ᠊ᠤ ᠹᠦᠩᠯᠦ ᠳᠡᠭᠡᠷ᠎ᠡ ᠨᠢ ᠬᠣᠷᠢᠨ ᠯᠠᠩ ᠮᠥᠩᠭᠥ᠂ ᠳᠥᠷᠪᠡᠨ ᠪᠦᠬᠦᠯᠢ ᠲᠣᠷᠭ᠎ᠠ ᠨᠡᠮᠡᠵᠦ ᠥᠭᠳᠡᠭ ᠪᠠᠢᠵᠠᠢ ᠃ ᠮᠠᠨᠵᠤᠱᠠᠷᠢ᠂ ᠮᠠᠨᠵᠤ ᠶ᠋ᠢᠨ ᠵᠠᠰᠠᠭ ᠲᠤ᠌ ᠦᠨᠡᠨᠴᠢ ᠰᠢᠳᠤᠷᠭᠤ ᠦᠢᠯᠡᠴᠢᠯᠡᠭᠰᠡᠨ ᠡᠴᠡ ᠡᠶᠡᠪᠡᠷ ᠵᠠᠰᠠᠭᠴᠢ ᠶ᠋ᠢᠨ ᠠᠷᠪᠠᠨ ᠵᠢᠷᠭᠤᠳᠤᠭᠠᠷ ᠣᠨ ᠳ᠋ᠤ᠌ (1659) ᠳᠡᠪᠰᠢᠭᠦᠯᠵᠦ ᠬᠣᠱᠣᠢ ᠳᠠᠷᠬᠠᠨ ᠪᠠᠭᠠᠲᠤᠷ ᠴᠢᠨ ᠸᠠᠩ ᠡᠷᠭᠦᠮᠵᠢᠯᠡᠭᠳᠡᠵᠡᠢ᠃1698 ᠣᠨ ᠳ᠋ᠤ᠌ ᠡᠩᠬᠡ ᠠᠮᠤᠭᠤᠯᠠᠩ ᠬᠠᠭᠠᠨ ᠮᠣᠩᠭᠣᠯ ᠭᠠᠵᠠᠷ ᠊ᠢ ᠪᠠᠢᠴᠠᠭᠠᠬᠤ ᠪᠠᠷ ᠢᠷᠡᠭᠰᠡᠨ ᠳᠡᠯᠢᠮ ᠳ᠋ᠦ᠍ᠷ ᠮᠠᠨᠵᠤᠱᠠᠷᠢ ᠶ᠋ᠢᠨ ᠣᠩᠭᠣᠨ ᠳ᠋ᠤ᠌ ᠬᠦᠷᠴᠦ ᠰᠠᠷᠬᠤᠳ ᠡᠷᠭᠦᠨ ᠮᠠᠨᠵᠤᠱᠠᠷᠢ ᠶ᠋ᠢᠨ ᠭᠠᠪᠢᠶ᠎ᠠ ᠵᠢᠳᠬᠦᠯ ᠊ᠢ ᠨᠡᠬᠡᠮᠵᠢᠯᠡᠨ ᠳᠤᠷᠠᠰᠴᠠᠢ᠃ ᠮᠠᠨᠵᠤᠱᠠᠷᠢ1665 ᠣᠨ ᠳ᠋ᠤ᠌ ᠨᠠᠰᠤ ᠪᠠᠷᠠᠭᠰᠠᠨ ᠶᠤᠮ᠃
③ ᠳᠣᠩᠬᠣᠷ ᠢᠯᠳᠦᠴᠢ᠄ ᠨᠡᠷ᠎ᠡ ᠳᠣᠩᠬᠣᠷ᠂ ᠴᠣᠯᠠ ᠢᠯᠳᠦᠴᠢ᠃ ᠳᠡᠭᠡᠳᠦ ᠡᠷᠳᠡᠮᠲᠦ ᠶ᠋ᠢᠨ ᠠᠩᠬᠠᠨ ᠣᠨ(1636) ᠳ᠋ᠤ᠌ ᠤᠯᠤᠰ ᠊ᠤᠨ ᠲᠦᠰᠢᠶ᠎ᠡ ᠬᠦᠩ ᠡᠷᠭᠦᠮᠵᠢᠯᠡᠭᠳᠡᠵᠡᠢ᠃ ᠨᠠᠢ᠍ᠮᠠᠳᠤᠭᠠᠷ ᠣᠨ ᠳ᠋ᠤ᠌ (1643) ᠣᠨ ᠨᠠᠰᠤ ᠪᠠᠷᠠᠪᠠ᠃ ᠡᠶᠡᠪᠡᠷ ᠵᠠᠰᠠᠭᠴᠢ ᠶ᠋ᠢᠨ ᠲᠠᠪᠤᠳᠤᠭᠠᠷ ᠣᠨ(1648) ᠳ᠋ᠤ᠌ ᠲᠥᠷᠥ ᠶ᠋ᠢᠨ ᠪᠡᠢᠯᠡ ᠨᠡᠬᠡᠨ ᠡᠷᠭᠦᠮᠵᠢᠯᠡᠪᠡ᠃
ᠮᠢᠩᠭᠠᠨ ᠲᠠᠷᠠᠬᠠᠨ ᠨᠣᠶᠠᠨ ᠤ᠋ ᠳᠡᠭᠦᠦ ᠨᠡᠷ᠎ᠡ ᠬᠣᠩᠬᠣᠷ ᠪᠢᠩᠲᠦ ① ᠶ᠋ᠢᠨ ᠬᠥᠪᠡᠭᠦᠨ ᠡᠰᠡ ᠪᠢᠩᠲᠦ ᠸᠠᠩ ᠲᠡᠭᠦᠨᠦ ᠬᠥᠪᠡᠭᠦᠨ ᠤᠨᠴᠢᠨ ᠪᠢᠩᠲᠦ ᠸᠠᠩ ② ᠂ ᠲᠡᠭᠦᠨᠦ ᠬᠥᠪᠡᠭᠦᠨ ᠲᠠᠲᠠᠪᠤ ᠪᠢᠩᠲᠦ ᠸᠠᠩ ᠂ ᠠᠮᠠᠰᠢ ᠲᠣᠷᠠᠬᠠᠯ ᠨᠣᠶᠠᠨ ᠤ᠋ ᠤᠳᠠᠭ᠎ᠠ ᠳᠡᠭᠦᠦ ᠣᠪᠰᠢ ᠣᠳᠣᠬᠠᠨ ᠨᠣᠶᠠᠨ ③ ᠤ᠋ ᠬᠦᠦ ᠪᠤᠶᠠᠩᠲᠤ ᠠᠴᠢ ᠨᠣᠶᠠᠨ ᠂ ᠲᠡᠭᠦᠨᠦ ᠬᠦᠦ ᠬᠥᠮᠥ ᠬᠠᠳᠠᠨ ᠪᠠᠭᠠᠲᠤᠷ ④ ᠲᠡᠭᠦᠨᠦ ᠬᠥᠪᠡᠭᠦᠨ ᠠᠩᠬᠠᠨ ᠬᠦᠩ ᠂ ᠲᠡᠭᠦᠨᠦ ᠬᠥᠪᠡᠭᠦᠨ ᠮᠠᠭᠰᠠᠨ ᠬᠦᠩ ᠂ ᠪᠤᠶᠠᠨᠲᠤ ᠠᠢᠴᠢ ᠨᠣᠶᠠᠨ ᠤ᠋ ᠤᠳᠠᠭ᠎ᠠ ᠳᠡᠭᠦᠦ ᠮᠠᠩᠬᠠᠤ ᠨᠣᠶᠠᠨ ᠂ ᠲᠡᠭᠦᠨᠦ ᠬᠥᠪᠡᠭᠦᠨ ᠪᠤᠮᠪᠠ ᠂ ᠢᠯᠡᠳᠦᠨ⑤ ᠲᠡᠭᠦᠨᠦ ᠬᠥᠪᠡᠭᠦᠨ ᠵᠠᠯᠪᠤ ᠬᠦᠩ ᠂ ᠲᠡᠭᠦᠨ ᠦ᠌ ᠬᠥᠪᠡᠭᠦᠨ ᠠᠷᠲᠠᠰᠠᠷᠢ ᠬᠦᠩ ⑥ ᠂ ᠲᠡᠭᠦᠨᠦ ᠬᠦᠦ ᠪᠠᠲᠤ ᠬᠦᠩ ᠣᠪᠰᠢ ᠤᠲᠠᠬᠠᠨ ᠨᠣᠶᠠᠨ ᠤ᠋ ᠤᠳᠠᠭ᠎ᠠ ᠳᠡᠭᠦᠦ ᠠᠮᠢᠨ ᠲᠤᠷᠠᠬᠠᠯ ᠨᠣᠶᠠᠨ ᠤ᠋ ᠬᠥᠪᠡᠭᠦᠨ ᠮᠣᠩᠬᠤ ᠲᠠᠷᠠᠬᠠᠨ ᠬᠣᠰᠢᠬᠤᠴᠢ⑦ ᠲᠡᠭᠦᠨᠦ ᠬᠥᠪᠡᠭᠦᠨ ᠰᠡᠷᠢᠩ
— — — —
① ᠬᠣᠩᠬᠣᠷ ᠪᠢᠩᠲᠦ ᠄ ᠬᠣᠷᠴᠢᠨ ᠵᠡᠭᠦᠨ ᠭᠠᠷᠤᠨ ᠬᠤᠰᠢᠭᠤᠨ ᠤ᠋ ᠵᠠᠰᠠᠭ ᠸᠠᠩ ᠃ ᠮᠠᠨᠵᠤᠰᠠᠷᠠᠢ ᠶ᠋ᠢᠨ ᠠᠪᠠᠭ᠎ᠠ ᠪᠤᠶᠤ ᠃1636 ᠣᠨ ᠳ᠋ᠤ᠌ ᠵᠠᠰᠠᠭ ᠲᠥᠷᠥ ᠶ᠋ᠢᠨ ᠪᠢᠩᠲᠦ ᠵᠢᠶᠤᠨ ᠸᠠᠩ ᠡᠷᠭᠦᠮᠵᠢᠯᠡᠭᠳᠡᠵᠡᠢ ᠃
② 《 ᠢᠯᠡᠳᠬᠡᠯ ᠱᠠᠰᠲᠢᠷ 》 ᠲᠤ᠌ ᠡᠰᠡᠨ ᠭᠡᠵᠢ ᠃
③ ᠣᠪᠰᠢ ᠤᠲᠠᠬᠠᠨ ᠨᠣᠶᠠᠨ ᠄ ᠬᠠᠪᠤᠲᠤ ᠬᠠᠰᠠᠷ ᠤ᠋ᠨ ᠠᠷᠪᠠᠨ ᠵᠢᠷᠭᠤᠳᠤᠭᠠᠷ ᠦᠶ᠎ᠡ ᠶ᠋ᠢᠨ ᠠᠴᠢ ᠂ ᠣᠪᠰᠢ ᠶ᠋ᠢᠨ ᠦᠶ᠎ᠡ ᠳ᠋ᠦ᠍ ᠥᠪᠡᠷ ᠦ᠋ᠨ ᠬᠠᠷᠢᠶᠠᠲᠤ ᠠᠢᠮᠠᠭ ᠢ᠋ᠶ᠋ᠠᠨ ᠭᠣᠷᠯᠣᠰ ᠭᠡᠵᠡᠢ ᠃
④ ᠬᠥᠮᠥ ᠬᠠᠳᠠᠨ ᠪᠠᠭᠠᠲᠤᠷ ᠄ ᠴᠣᠯᠠ ᠬᠠᠳᠠᠨ ᠪᠠᠭᠠᠲᠤᠷ ᠃ ᠭᠣᠷᠯᠣᠰ ᠬᠣᠢᠲᠤ ᠬᠤᠰᠢᠭᠤᠨ ᠤ᠋ ᠵᠠᠰᠠᠭ ᠸᠠᠩ ᠃ ᠳᠡᠭᠡᠳᠦ ᠡᠷᠳᠡᠮᠲᠦ ᠶ᠋ᠢᠨ ᠠᠩᠬᠠᠨ ᠤ᠋ ᠣᠨ ᠳ᠋ᠤ᠌ (1636 ) ᠤᠯᠤᠰ ᠲᠤ᠌ ᠲᠤᠰᠠᠯᠠᠭᠴᠢ ᠬᠦᠩ ᠡᠷᠭᠦᠮᠵᠢᠯᠡᠭᠳᠡᠪᠡ ᠃1643 ᠣᠨ ᠳ᠋ᠤ᠌ ᠨᠠᠰᠤ ᠪᠠᠷᠠᠪᠠ ᠃
⑤ ᠪᠤᠮᠪᠠ ᠂ ᠢᠯᠡᠳᠦᠨ ᠄ ᠨᠡᠷ᠎ᠡ ᠪᠤᠮᠪᠠ ᠂ ᠴᠣᠯᠠ ᠢᠯᠡᠳᠦᠨ ᠃ ᠭᠣᠷᠯᠣᠰ ᠡᠮᠦᠨᠡᠲᠦ ᠬᠤᠰᠢᠭᠤᠨ ᠤ᠋ ᠵᠠᠰᠠᠭ ᠸᠠᠩ ᠂ ᠡᠶᠡᠪᠡᠷ ᠵᠠᠰᠠᠭᠴᠢ ᠶ᠋ᠢᠨ ᠲᠠᠪᠤᠳᠤᠭᠠᠷ ᠣᠨ (1648) ᠳ᠋ᠤ᠌ ᠵᠠᠰᠠᠭ ᠤᠯᠤᠰ ᠤ᠋ᠨ ᠲᠦᠰᠢᠶ᠎ᠡ ᠬᠦᠩ ᠡᠷᠭᠦᠮᠵᠢᠯᠡᠭᠳᠡᠨ ᠂1665 ᠣᠨ ᠳ᠋ᠤ᠌ ᠨᠠᠰᠤ ᠪᠠᠷᠠᠪᠠ ᠃
⑥ ᠠᠷᠲᠠᠰᠠᠷᠢ ᠄ 《 ᠢᠯᠡᠳᠬᠡᠯ ᠱᠠᠰᠲᠢᠷ 》 ᠲᠤ᠌ ᠠᠲᠠᠰᠠᠷᠢ ᠬᠦᠩ ᠬᠡᠮᠡᠵᠡᠢ ᠃
⑦ ᠮᠤᠩᠬᠤ ᠄ 《 ᠢᠯᠡᠳᠬᠡᠯ ᠱᠠᠰᠲᠢᠷ 》 ᠲᠤ᠌ ᠮᠣᠩᠬᠤᠨ ᠭᠡᠵᠡᠢ ᠃1643 ᠣᠨ ᠳ᠋ᠤ᠌ ᠨᠠᠰᠤ ᠪᠠᠷᠠᠪᠠ ᠃ ᠡᠶᠡᠪᠡᠷ ᠵᠠᠰᠠᠭᠴᠢ ᠶ᠋ᠢᠨ ᠲᠠᠪᠤᠳᠤᠭᠠᠷ ᠣᠨ ᠳ᠋ᠤ᠌ ᠨᠡᠬᠡᠵᠦ ᠂ ᠬᠤᠰᠢᠭᠤᠨ ᠤ᠋ ᠪᠡᠢᠰᠡ ᠡᠷᠭᠦᠮᠵᠢᠯᠡᠪᠡ᠃
ᠪᠡᠢᠰᠡ① ᠲᠡᠭᠦᠨᠦ ᠬᠥᠪᠡᠭᠦᠨ ᠪᠢᠯᠢᠭ ᠪᠡᠢᠰᠡ ᠂ ᠲᠡᠭᠦᠨᠦ ᠬᠦᠦ ᠂ ᠲᠡᠭᠦᠰ ᠪᠡᠢᠰᠡ ᠂ ᠠᠮᠢᠨ ᠲᠤᠷᠠᠬᠠᠯ ᠨᠣᠶᠠᠨ ᠤ᠋ ᠠᠬ᠎ᠠ ᠡᠰᠡ ᠠᠷᠢᠨ ᠲᠠᠢᠶ᠋ᠢ ᠃ ᠲᠡᠭᠦᠨᠦ ᠬᠦᠦ ᠮᠡᠷᠭᠡᠨ ᠲᠠᠢᠶ᠋ᠢ ᠪᠤᠲᠠᠰᠠᠷᠢ ᠲᠡᠭᠦᠨ ᠦ᠌ ᠬᠥᠪᠡᠭᠦᠨ ᠠᠯᠤᠬ᠋ᠠ ᠳᠣᠷᠭᠢ ᠠᠮᠪᠠᠨ ᠂ ᠲᠡᠭᠦᠨᠦ ᠬᠥᠪᠡᠭᠦᠨ ᠸᠡᠴᠡᠷ ᠳᠣᠷᠭᠢ ᠠᠮᠪᠠᠨ ᠂ ᠲᠡᠭᠦᠨᠦ ᠬᠦᠦ ᠠᠪᠢᠳᠠ ᠳᠣᠷᠭᠢ ᠠᠮᠪᠠᠨ ᠲᠡᠭᠦᠨᠦ ᠬᠦᠦ ᠢᠴᠢᠨ ᠳᠣᠷᠭᠢ ᠠᠮᠪᠠᠨ ᠠᠮᠢᠨ ᠳᠠᠷᠬᠠᠨ ᠨᠣᠶᠠᠨ ᠤ᠋ ᠤᠳᠠᠭ᠎ᠠ ᠳᠡᠭᠦᠦ ᠠᠢᠬᠠᠯᠠ ᠰᠡᠴᠡᠨ ᠴᠥᠬᠥᠷ ② ᠦ᠋ᠨ ᠬᠥᠪᠡᠭᠦᠨ ᠠᠲᠤᠬᠤᠴᠢ ᠳᠠᠷᠬᠠᠨ ᠨᠣᠶᠠᠨ ᠲᠡᠭᠦᠨᠦ ᠬᠥᠪᠡᠭᠦᠨ ᠰᠡᠷᠢᠩ ᠪᠠᠢᠰᠠ ③ ᠲᠡᠭᠦᠨᠦ ᠬᠦᠦ ᠨᠣᠷᠪᠤ ᠪᠡᠢᠰᠡ ᠲᠡᠭᠦᠨᠦ ᠠᠬ᠎ᠠ ᠶ᠋ᠢᠨ ᠬᠦᠦ ᠰᠡᠴᠡᠨ ᠪᠠᠢᠰᠠ ④ ᠵᠣᠷᠬᠤᠯ ᠨᠣᠶᠠᠨ ⑤ ᠤ᠋ ᠨᠢᠭᠡᠨ ᠳᠡᠭᠦᠦ ᠶ᠋ᠢᠨ ᠬᠦᠦ ᠵᠡᠭᠡᠷᠳᠡ ᠨᠣᠶᠠᠨ⑥ ᠂ ᠲᠡᠭᠦᠨᠦ ᠬᠦᠦ ᠪᠠᠬᠠᠨ ᠰᠡᠷᠢᠩ ᠬᠦᠩ ᠂ ᠲᠡᠭᠦᠨᠦ ᠬᠥᠪᠡᠭᠦᠨ ᠲᠥᠰᠬᠡᠷ ᠬᠦᠩ ᠂ ᠲᠡᠭᠦᠨᠦ ᠬᠦᠦ ᠲᠣᠬᠤᠮᠠᠯ ᠬᠦᠩ ᠂ ᠣᠨᠴᠠᠶᠠᠨ ᠬᠣᠷᠴᠢᠨ ᠤ᠋ ᠨᠣᠶᠠᠳ ᠡᠳᠡᠨ ᠪᠣᠢ ᠃
— — — —
① ᠰᠡᠷᠡᠩ ᠄ ᠵᠠᠯᠠᠢᠳ ᠬᠤᠰᠢᠭᠤᠨ ᠤ᠋ ᠵᠠᠰᠠᠭ ᠪᠡᠢᠰᠡ᠃ ᠬᠠᠪᠤᠲᠤ ᠬᠠᠰᠠᠷ ᠤ᠋ᠨ ᠦᠷᠡᠰ᠃ ᠡᠶᠡᠪᠡᠷ ᠵᠠᠰᠠᠭᠴᠢ ᠶ᠋ᠢᠨ ᠲᠠᠪᠤᠳᠤᠭᠠᠷ ᠣᠨ (1648 ) ᠳ᠋ᠤ᠌ ᠵᠠᠰᠠᠭ ᠬᠤᠰᠢᠭᠤᠨ ᠤ᠋ ᠪᠡᠢᠰᠡ ᠡᠷᠭᠦᠮᠵᠢᠯᠡᠭᠳᠡᠵᠡᠢ᠃1664 ᠣᠨ ᠳ᠋ᠤ᠌ ᠨᠠᠰᠤ ᠪᠠᠷᠠᠪᠠ᠃
② ᠠᠢᠬᠠᠯᠠ ᠰᠡᠴᠡᠨ ᠴᠥᠬᠥᠷ ᠄ ᠴᠣᠯᠠ ᠰᠡᠴᠡᠨ ᠴᠥᠬᠥᠷ ᠃ ᠬᠠᠪᠤᠲᠤ ᠬᠠᠰᠠᠷ ᠤ᠋ᠨ ᠠᠷᠪᠠᠨ ᠵᠢᠷᠭᠤᠳᠤᠭᠠᠷ ᠦᠶ᠎ᠡ ᠶ᠋ᠢᠨ ᠠᠴᠢ ᠠᠢᠬᠠᠯᠠ ᠶ᠋ᠢᠨ ᠦᠶ᠎ᠡ ᠳ᠋ᠦ᠍ ᠬᠦᠷᠴᠦ ᠢᠷᠡᠭᠡᠳ ᠲᠡᠭᠦᠨ ᠦ᠌ ᠬᠠᠷᠢᠶᠠᠲᠤ ᠠᠢᠮᠠᠭ ᠢ᠋ᠶ᠋ᠠᠨ ᠳᠥᠷᠪᠡᠳ ᠭᠡᠵᠦ ᠨᠡᠷᠡᠢᠳᠴᠡᠢ ᠃ ᠡᠨᠡ ᠳᠥᠷᠪᠡᠳ ᠪᠣᠯ ᠰᠢᠨᠵᠢᠶᠠᠩ ᠳ᠋ᠤ᠌ ᠪᠠᠢᠭ᠎ᠠ ᠳᠥᠷᠪᠡᠳ ᠲᠡᠢ ᠨᠡᠷ᠎ᠡ ᠠᠳᠠᠯᠢ ᠴᠤ᠌ ᠲᠡᠳᠡᠨ ᠦ᠌ ᠨᠣᠶᠠᠳ ᠤ᠋ᠨ ᠣᠪᠣᠭ ᠤᠭᠰᠠᠭ᠎ᠠ ᠠᠳᠠᠯᠢ ᠦᠭᠡᠢ ᠪᠢᠯᠡ᠃ ᠰᠢᠨᠵᠢᠶᠠᠩ ᠳ᠋ᠤ᠌ ᠣᠷᠣᠰᠢᠨ ᠨᠤᠲᠤᠭᠰᠢᠭᠰᠠᠨ ᠳᠥᠷᠪᠡᠳ ᠊ᠢ ᠣᠢᠷᠠᠳ ᠤ᠋ᠨ ᠳᠥᠷᠪᠡᠳ ᠭᠡᠳᠡᠭ᠃ ᠡᠨᠳᠡ ᠳᠤᠷᠠᠳᠴᠤ ᠪᠦᠬᠦᠢ ᠳᠥᠷᠪᠡᠳ ᠪᠣᠯ ᠴᠢᠩ ᠤᠯᠤᠰ ᠤ᠋ᠨ ᠦᠶ᠎ᠡ ᠳ᠋ᠦ᠍ ᠳᠣᠲᠣᠭᠠᠳᠤ ᠵᠠᠰᠠᠭ ᠲᠤ᠌ ᠬᠠᠮᠢᠶᠠᠷᠤᠭᠳᠠᠨ ᠪᠠᠶᠠᠰᠬᠤᠯᠠᠩ ᠬᠠᠳᠠ ᠳ᠋ᠤ᠌ ᠬᠠᠭᠠᠯᠭᠠᠨ ᠭᠠᠳᠠᠨ᠎ᠠ ᠨᠤᠲᠤᠭᠰᠢᠨ ᠮᠠᠯᠵᠢᠵᠤ ᠲᠡᠳᠡᠨ ᠦ᠌ ᠨᠣᠶᠠᠳ ᠨᠢ ᠬᠣᠷᠴᠢᠨ ᠤ᠋ ᠨᠣᠶᠠᠳ ᠯᠤᠭ᠎ᠠ ᠤᠳᠤᠮ ᠤᠭᠰᠠᠭ᠎ᠠ ᠨᠢᠭᠡᠲᠡᠢ ᠶᠦ᠍ᠮ ᠃
③ ᠰᠡᠷᠡᠩ ᠪᠡᠢᠰᠡ ᠄ ᠳᠥᠷᠪᠡᠳ ᠬᠤᠰᠢᠭᠤᠨ ᠤ᠋ ᠵᠠᠰᠠᠭ ᠸᠠᠩ᠃ ᠡᠶᠡᠪᠡᠷ ᠵᠠᠰᠠᠭᠴᠢ ᠶ᠋ᠢᠨ ᠲᠠᠪᠤᠳᠤᠭᠠᠷ ᠣᠨ ᠳ᠋ᠤ᠌ (1648 ) ᠵᠠᠰᠠᠭ ᠬᠤᠰᠢᠭᠤᠨ ᠤ᠋ ᠪᠡᠢᠰᠡ ᠡᠷᠭᠦᠮᠵᠢᠯᠡᠵᠡᠢ᠃1669 ᠣᠨ ᠳ᠋ᠤ᠌ ᠨᠠᠰᠤ ᠪᠠᠷᠠᠪᠠ᠃
④ ᠰᠡᠴᠡᠨ ᠪᠡᠢᠰᠡ ᠄ 《 ᠢᠯᠡᠳᠬᠡᠯ ᠱᠠᠰᠲᠢᠷ 》 ᠲᠤ᠌ ᠱᠠᠵᠢᠨ ᠪᠡᠢᠰᠡ ᠭᠡᠵᠡᠢ ᠃
⑤ ᠵᠣᠷᠬᠤᠯ ᠨᠣᠶᠠᠨ ᠄ ᠭᠦᠢᠮᠡᠩᠭᠡ ᠳᠡᠰ ᠬᠠᠷ᠎ᠠ ᠶ᠋ᠢᠨ ᠬᠣᠶᠠᠷ ᠬᠥᠪᠡᠭᠦᠨ ᠦ᠌ ᠨᠢᠭᠡ ᠢᠨᠤ ᠪᠣᠲᠢᠲᠠᠷᠠ ᠂ ᠴᠣᠯᠠ ᠵᠣᠷᠭᠣᠯ ᠨᠣᠶᠠᠨ ᠂ ᠨᠥᠭᠥᠭᠡ ᠢᠨᠤ ᠨᠣᠮᠣᠨᠲᠠᠷᠠ ᠂ ᠴᠣᠯᠠ ᠭᠠᠯᠵᠠᠭᠤ ᠨᠣᠶᠠᠨ ᠃ ᠡᠨᠳᠡ ᠵᠣᠷᠬᠤᠯ ᠨᠣᠶᠠᠨ ᠭᠡᠵᠦ ᠪᠣᠲᠢᠲᠠᠷᠠ ᠶ᠋ᠢ ᠬᠡᠯᠡᠵᠦ ᠪᠠᠢᠨ᠎ᠠ ᠃
⑥ ᠵᠡᠭᠡᠷᠳᠡ ᠨᠣᠶᠠᠨ ᠄ ᠪᠣᠲᠢᠲᠠᠷᠠ ᠶ᠋ᠢᠨ ᠳᠡᠭᠦᠦ ᠨᠣᠮᠤᠨᠲᠠᠷᠠ ᠶ᠋ᠢᠨ ᠬᠥᠪᠡᠭᠦᠨ ᠪᠤᠶᠤ ᠃
ᠠᠷᠤ ᠬᠣᠷᠴᠢᠨ ᠤ ᠨᠣᠶᠠᠳ ᠤᠨ ᠤ᠌ᠭ
ᠠᠷᠤ ᠬᠣᠷᠴᠢᠨ ᠤ᠋ ᠨᠣᠶᠠᠳ ᠤ᠋ᠨ ᠤᠭ①
ᠬᠠᠷ᠎ᠠ ᠬᠦᠢᠮᠡᠩᠭᠡ ᠤᠳᠠᠭ᠎ᠠ ᠲᠡᠭᠦᠨᠣ ( ᠳᠡᠭᠦᠦ ) ᠪᠡᠡᠳ ᠨᠣᠶᠠᠨ ᠤ᠋ ᠬᠥᠪᠡᠭᠦᠨ ᠬᠦᠩᠲᠦᠯᠡᠨ ᠳᠠᠢᠴᠢᠩ ᠨᠣᠶᠠᠨ ᠂ ᠲᠡᠭᠦᠨ ᠦ᠌ ᠬᠦᠦ
— — — —
① 《 ᠮᠣᠩᠭᠣᠯ ᠤ᠋ᠨ ᠨᠡᠭᠦᠬᠦ ᠮᠠᠯᠵᠢᠯ ᠤ᠋ᠨ ᠲᠡᠮᠳᠡᠭᠯᠡᠯ 》 ᠳ᠋ᠦ᠍ᠷ ᠲᠡᠮᠳᠡᠭᠯᠡᠭᠰᠡᠨ ᠢᠨᠤ ᠄ 《 ᠠᠷᠤ ᠬᠣᠷᠴᠢᠨ ᠠᠢᠮᠠᠭ ᠠᠨᠤ ᠮᠤᠯᠳᠤᠱᠢ ᠬᠠᠭᠠᠯᠠᠭ᠎ᠠ ᠠ᠋ᠴᠠ ᠵᠡᠭᠦᠨ ᠬᠣᠢᠰᠢ ᠨᠢᠭᠡ ᠮᠢᠩᠭᠠᠨ ᠨᠢᠭᠡᠨ ᠵᠠᠭᠤᠨ ᠭᠠᠵᠠᠷ ᠪᠤᠶᠤ ᠃ ᠨᠡᠢᠰᠯᠡᠯ ᠬᠣᠲᠠᠨ ᠳ᠋ᠤ᠌ ᠬᠦᠷᠴᠦ ᠢᠷᠡᠬᠦᠢ ᠢᠨᠤ ᠨᠢᠭᠡ ᠮᠢᠩᠭᠠᠨ ᠭᠤᠷᠪᠠᠨ ᠵᠠᠭᠤᠨ ᠳᠥᠴᠢᠨ ᠭᠠᠵᠠᠷ ᠠᠵᠤᠭᠤ ᠃ ᠵᠡᠭᠦᠨ ᠪᠠᠷᠠᠭᠤᠨ ᠬᠠᠷᠢᠯᠴᠠᠨ ᠠᠯᠤᠰᠯᠠᠭᠰᠠᠨ ᠠᠨᠤ ᠳᠥᠷᠪᠡᠨ ᠵᠠᠭᠤᠨ ᠬᠣᠷᠢᠨ ᠭᠠᠵᠠᠷ ᠂ ᠵᠡᠭᠦᠨ ᠡᠲᠡᠭᠡᠳ ᠠᠨᠤ ᠵᠠᠷᠤᠳ ᠲᠤᠷ ᠵᠠᠬ᠎ᠠ ᠨᠡᠢᠯᠡᠵᠦ ᠂ ᠪᠠᠷᠠᠭᠤᠨ ᠡᠲᠡᠭᠡᠳ ᠢᠨᠤ ᠪᠠᠭᠠᠷᠢᠨ ᠲᠠᠢ ᠵᠠᠬ᠎ᠠ ᠨᠡᠢᠯᠡᠵᠦᠬᠦᠢ ᠂ ᠡᠮᠦᠨ᠎ᠡ ᠡᠲᠡᠭᠡᠳ ᠠᠨᠤ ᠬᠠᠯᠬ᠎ᠠ ᠶ᠋ᠢᠨ ᠵᠡᠭᠦᠨ ᠭᠠᠷ ᠲᠤᠷ ᠵᠠᠬ᠎ᠠ ᠨᠡᠢᠯᠡᠵᠦ ᠂ ᠤᠮᠠᠷ᠎ᠠ ᠡᠲᠡᠭᠡᠳ ᠠᠨᠤ ᠦᠵᠦᠮᠦᠴᠢᠨ ᠳ᠋ᠦ᠍ᠷ ᠵᠠᠬ᠎ᠠ ᠨᠡᠢᠯᠡᠵᠦᠬᠦᠢ ᠃ ᠯᠢᠶᠣᠤ ᠤᠯᠤᠰ ᠤ᠋ᠨ ᠦᠶ᠎ᠡ ᠳ᠋ᠦ᠍ ᠯᠢᠨ ᠬᠤᠸᠠᠩ ᠹᠦ (临慌府) ᠶ᠋ᠢᠨ ᠭᠠᠵᠠᠷ ᠠᠯᠲᠠ ᠤᠯᠤᠰ ᠤ᠋ᠨ ᠦᠶ᠎ᠡ ᠳ᠋ᠦ᠍ ᠳᠠᠢᠳᠢᠩ ᠤ᠋ᠨ ᠶᠠᠮᠤᠨ ᠤ᠋ ᠤᠮᠠᠷᠠᠲᠤ ᠬᠢᠵᠠᠭᠠᠷ ᠪᠣᠯᠵᠤᠬᠤᠢ ᠃ ᠶᠤᠸᠠᠨ ᠤᠯᠤᠰ ᠤ᠋ᠨ ᠦᠶ᠎ᠡ ᠳ᠋ᠦ᠍ ᠯᠢᠶᠣᠤ ᠸᠠᠩ ᠤ᠋ᠨ ᠬᠤᠪᠢᠶᠠᠨ ᠣᠯᠤᠭᠰᠠᠨ ᠭᠠᠵᠠᠷ ᠪᠤᠶᠤ ᠂ ᠮᠢᠩ ᠤᠯᠤᠰ ᠤ᠋ᠨ ᠠᠩᠬᠠᠨ ᠳ᠋ᠤᠷ ᠰᠢᠷ᠎ᠠ ᠮᠥᠷᠡᠨ ᠦ᠌ ᠤᠷᠢᠶᠠᠩᠬᠠᠨ ᠤ᠋ ᠭᠠᠵᠠᠷ ᠸᠧᠢ ᠪᠠᠢᠭᠤᠯᠤᠭᠰᠠᠨ ᠢ᠋ᠶ᠋ᠠᠨ ᠬᠣᠢᠨ᠎ᠠ ᠠᠨᠤ ᠮᠣᠩᠭᠣᠯ ᠳ᠋ᠤᠷ ᠪᠠᠭᠲᠠᠪᠠᠢ ᠃ ᠶᠤᠸᠠᠨ ᠤᠯᠤᠰ ᠤ᠋ᠨ ᠲᠠᠢᠽᠦ ᠶ᠋ᠢᠨ ᠳᠡᠭᠦᠦ ᠬᠠᠪᠤᠲᠤ ᠬᠠᠰᠠᠷ ᠠ᠋ᠴᠠ ᠠᠷᠪᠠᠨ ᠭᠤᠷᠪᠠᠨ ᠦᠶ᠎ᠡ ᠤᠯᠠᠮᠵᠢᠯᠠᠭᠠᠳ ᠲᠦᠮᠡᠢ ᠵᠠᠶᠠᠭᠠᠴᠢ ᠶ᠋ᠢᠨ ᠶᠡᠬᠡ ᠬᠥᠪᠡᠭᠦᠨ ᠬᠥᠢᠮᠡᠩᠬᠡ ᠳᠡᠰ ᠬᠠᠷ᠎ᠠ ᠨᠣᠨ ᠮᠥᠷᠡᠨ ᠦ᠌ ᠰᠠᠪᠠ ᠭᠠᠵᠠᠷ ᠢ᠋ᠶ᠋ᠠᠷ ᠨᠤᠲᠤᠭᠰᠢᠨ ᠨᠤᠨ ᠬᠣᠷᠴᠢᠨ ᠬᠡᠮᠡᠵᠦ ᠂ ᠬᠣᠶᠠᠳᠤᠭᠠᠷ ᠬᠥᠪᠡᠭᠦᠨ ᠪᠠᠭᠳ ᠨᠣᠶᠠᠨ ᠬᠥᠯᠥᠨ ᠪᠤᠢᠷ ᠲᠤᠷ ᠨᠤᠲᠤᠭᠯᠠᠨ ᠂ ᠪᠠᠭᠳ ᠤ᠋ᠨ ᠶᠡᠬᠡ ᠬᠥᠪᠡᠭᠦᠨ ᠬᠦᠨᠳᠦᠯᠡᠨ ᠳᠠᠢᠴᠢᠩ ᠤ᠋ᠨ ᠦᠶ᠎ᠡ ᠳ᠋ᠦ᠍ ᠲᠡᠳᠡᠨ ᠦ᠌ ᠬᠠᠷᠢᠶᠠᠲᠤ ᠠᠢᠮᠠᠭ ᠢ᠋ᠶ᠋ᠠᠨ ᠠᠷᠤ ᠬᠣᠷᠴᠢᠨ ᠭᠡᠵᠦ ᠨᠡᠷᠡᠢᠳᠴᠦᠬᠦᠢ 》 ᠭᠡᠵᠡᠢ ᠃ ᠴᠢᠩ ᠤᠯᠤᠰ ᠤ᠋ᠨ ᠦᠶ᠎ᠡ ᠳ᠋ᠦ᠍ ᠠᠷᠤ ᠬᠣᠷᠴᠢᠨ ᠨᠢᠭᠡᠨ ᠬᠣᠰᠢᠭᠤ ᠂ ᠵᠣᠣ ᠤᠳᠠ ᠶ᠋ᠢᠨ ᠴᠢᠭᠤᠯᠭᠠᠨ ᠳ᠋ᠤᠷ ᠬᠠᠮᠢᠶᠠᠷᠤᠭᠳᠠᠵᠤᠬᠤᠢ ᠃
ᠤᠮᠠᠲᠤ ᠭᠦᠩᠲᠤᠯᠠᠨ ᠨᠣᠶᠠᠨ ᠂ ᠲᠡᠭᠦᠨᠦ ᠬᠦᠦ ᠳᠠᠯᠢ ᠴᠤᠤᠬᠦᠷ ᠨᠣᠶᠠᠨ① ᠲᠡᠭᠦᠨᠦ ᠬᠥᠪᠡᠭᠦᠨ ᠮᠤᠴᠠᠩ ᠪᠠᠢᠰᠠ ② ᠂ ᠲᠡᠭᠦᠨᠦ ᠬᠦᠦ ᠵᠤᠯᠠᠴᠠᠭᠠ ᠸᠠᠩ ᠂ ᠲᠡᠭᠦᠨᠦ ᠬᠦᠦ ᠰᠡᠷᠢᠩ ᠸᠠᠩ ᠂ ᠲᠡᠭᠦᠨᠦ ᠬᠦᠦ ᠴᠣᠢ ᠸᠠᠩ ③ ᠠᠷᠤ ᠬᠣᠷᠴᠢᠨ ᠤ᠋ ᠨᠣᠶᠠᠳ ᠡᠳᠡᠨ ᠪᠣᠢ ᠃
— — — —
① 《 ᠢᠯᠡᠳᠬᠡᠯ ᠱᠠᠰᠲᠢᠷ 》 ᠪᠠ 《 ᠮᠣᠩᠭᠣᠯ ᠤ᠋ᠨ ᠨᠡᠭᠦᠬᠦ ᠮᠠᠯᠵᠢᠯ ᠤ᠋ᠨ ᠲᠡᠮᠳᠡᠭᠯᠡᠯ 》 ᠵᠡᠷᠭᠡ ᠪᠢᠴᠢᠭ ᠲᠦ᠍ ᠬᠦᠨᠳᠦᠯᠡᠨ ᠳᠠᠢᠴᠢᠩ ᠨᠣᠶᠠᠨ ᠤ᠋ ᠬᠥᠪᠡᠭᠦᠨ ᠳᠠᠯᠠᠢ ᠴᠦᠭᠥᠷ ᠭᠡᠵᠡᠢ ᠃
② ᠮᠤᠴᠠᠩ ᠪᠡᠢᠰᠡ ᠄ 《ᠢᠯᠡᠳᠬᠡᠯ ᠱᠠᠰᠲᠢᠷ 》 ᠲᠤ᠌ ᠮᠦᠵᠠᠩ ᠪᠡᠢᠰᠡ ᠭᠡᠳᠡᠭ ᠃ ᠳᠡᠭᠡᠳᠦ ᠡᠷᠳᠡᠮᠲᠦ ᠶ᠋ᠢᠨ ᠳᠣᠯᠣᠳᠤᠭᠠᠷ ᠣᠨ (1642 ) ᠲᠤ᠌ ᠮᠠᠨᠵᠤ ᠶ᠋ᠢᠨ ᠬᠠᠭᠠᠨ ᠤ᠋ ᠭᠦᠩᠵᠦ ᠶ᠋ᠢ ᠠᠪᠴᠤ ᠬᠤᠰᠢᠭᠤᠨ ᠡᠹᠦ᠋ ᠡᠷᠭᠦᠮᠵᠢᠯᠡᠭᠳᠡᠪᠡ ᠃ ᠡᠶᠡᠪᠡᠷ ᠵᠠᠰᠠᠭᠴᠢ ᠶ᠋ᠢᠨ ᠠᠩᠬᠠᠨ ᠣᠨ (1644 ) ᠳ᠋ᠦ᠍ ᠵᠠᠰᠠᠭ ᠬᠤᠰᠢᠭᠤᠨ ᠤ᠋ ᠪᠡᠢᠰᠡ ᠡᠷᠭᠦᠮᠵᠢᠯᠡᠭᠳᠡᠵᠡᠢ ᠃ ᠳᠥᠷᠪᠡᠳᠦᠭᠡᠷ ᠣᠨ (1647 ) ᠳ᠋ᠤ᠌ ᠨᠠᠰᠤ ᠪᠠᠷᠠᠪᠠ ᠃ ᠲᠠᠪᠤᠳᠤᠭᠠᠷ ᠣᠨ (1648 ) ᠳ᠋ᠤ᠌ ᠨᠡᠬᠡᠵᠦ ᠲᠥᠷᠥ ᠶ᠋ᠢᠨ ᠪᠡᠢᠯᠡ ᠡᠷᠭᠦᠮᠵᠢᠯᠡᠵᠡᠢ ᠃
③ 《 ᠢᠯᠡᠳᠬᠡᠯ ᠱᠠᠰᠲᠢᠷ 》 ᠲᠤ᠌ ᠴᠦᠢ ᠸᠠᠩ ᠭᠡᠬᠦ ᠃

