ᠺᠠᠲ᠋ᠧᠷᠢᠨ ᠭᠦᠩᠵᠦ ᠪᠣᠯᠤᠨ ᠬᠤᠪᠢ ᠲᠠᠪᠢᠯᠠᠩКатерин гүнж болон хувь тавилан _ Catherine and Her Destiny
ᠺᠠᠲ᠋ᠧᠷᠢᠨ ᠭᠦᠩᠵᠦ ᠪᠣᠯᠤᠨ ᠬᠤᠪᠢ ᠲᠠᠪᠢᠯᠠᠩ
ᠡᠷᠲᠡ ᠳᠡᠭᠡᠷ᠎ᠡ ᠴᠠᠭ ᠲᠤ᠌ ᠣᠳᠣ ᠪᠢᠳᠡᠨ ᠠᠮᠢᠳᠤᠷᠠᠵᠤ ᠪᠠᠢᠭ᠎ᠠ ᠡᠨᠡ ᠨᠤᠲᠤᠭ ᠠ᠋ᠴᠠ ᠠᠯᠤᠰ ᠬᠣᠯᠠ ᠶ᠋ᠢᠨ ᠨᠢᠭᠡᠨ ᠡᠵᠡᠨᠲᠦ ᠤᠯᠤᠰ ᠲᠤ᠌ ᠨᠢᠭᠡᠨ ᠭᠦᠩᠵᠦ ᠠᠮᠢᠳᠤᠷᠠᠨ ᠰᠠᠭᠤᠳᠠᠭ ᠪᠠᠢᠵᠠᠢ᠃
ᠭᠠᠵᠠᠷ ᠤ᠋ᠨ ᠭᠦᠩᠵᠦ ᠤᠤ? ᠬᠠᠷᠢᠨ ᠠ᠋᠂ ᠡᠳᠦᠷᠵᠢᠨ ᠨᠣᠮ ᠤᠩᠰᠢᠳᠠᠭ ᠭᠡᠳᠡᠭ ᠡᠴᠡ ᠥᠭᠡᠷ᠎ᠡ ᠭᠦᠩᠵᠦ ᠶ᠋ᠢᠨ ᠲᠤᠬᠠᠢ ᠪᠠᠷᠤᠭ ᠮᠡᠳᠡᠬᠦ ᠦᠭᠡᠢ᠃
ᠭᠦᠩᠵᠦ ᠨᠢᠳᠦᠨ ᠦ᠌ ᠰᠢᠯ ᠵᠡᠭᠦᠳᠡᠭ᠃ ᠬᠠ ᠬᠠ ᠬᠠ
ᠮᠢᠨᠦ ᠳᠤᠷᠠᠲᠠᠢ ᠭᠦᠩᠵᠦ ᠪᠢᠰᠢ ᠯᠡ ᠳᠧ
ᠪᠢᠰᠢ ᠠ᠋᠂ ᠪᠢᠰᠢ
ᠤᠢᠳᠬᠠᠷ ᠲᠠᠢ᠃
ᠬᠥᠮᠦᠰ ᠲᠠᠨ ᠢ᠋ ᠤᠢᠳᠬᠠᠷ ᠲᠠᠢ ᠭᠡᠨ᠎ᠡ᠃
ᠬᠢ ᠬᠢ ᠬᠢ᠂ ᠵᠦᠭᠡᠷ ᠳᠡ᠂ ᠪᠢ ᠣᠳᠣ ᠵᠠᠪ ᠦᠭᠡᠢ ᠪᠠᠢᠨ᠎ᠠ᠂ ᠡᠨᠡ ᠴᠢᠨᠠᠭᠰᠠᠨ ᠥᠨᠳᠡᠭᠡ ᠶ᠋ᠢ ᠰᠢᠯᠢᠨ ᠰᠠᠪᠠᠨ ᠳ᠋ᠤ᠌ ᠪᠠᠭᠲᠠᠭᠠᠵᠤ ᠬᠢᠬᠦ ᠬᠡᠷᠡᠭᠲᠡᠢ ᠪᠠᠢᠨ᠎ᠠ᠃
ᠳᠠᠬᠢᠭᠠᠳ ᠲᠤᠷᠰᠢᠯᠲᠠ ᠬᠢᠬᠦ ᠭᠡᠵᠦ ᠪᠠᠢᠭ᠎ᠠ ᠶᠤᠮ ᠤᠤ? ᠭᠠᠷᠤᠶ᠎ᠠ᠂ ᠬᠥᠭᠵᠢᠯᠳᠦᠶᠡ ᠯᠡ ᠳᠡ᠃ ᠦᠳᠡᠰᠢᠯᠡᠭᠡ ᠬᠢᠶ᠎ᠡ᠃ ᠰᠢᠨ᠎ᠡ ᠬᠥᠮᠦᠰ ᠲᠡᠢ ᠠᠭᠤᠯᠵᠠᠵᠠᠭᠠᠶ᠎ᠠ ᠯᠠ ᠳᠠ᠃
ᠠ᠂ ᠴᠢᠳᠠᠯ᠎ᠠ᠃
ᠮᠢᠨᠦ ᠦᠭᠡ ᠶ᠋ᠢ ᠰᠣᠨᠣᠰᠴᠤ ᠪᠠᠢᠨ᠎ᠠ ᠤᠤ?
ᠶᠠᠭᠠᠬᠢᠵᠤ ᠴᠢᠳᠠᠴᠢᠬᠠᠪᠠ ᠭᠡᠳ ᠴᠢ ᠭᠠᠢᠬᠠᠵᠤ ᠪᠠᠢᠭ᠎ᠠ ᠳᠧ? ᠲᠡᠢᠮᠦ ᠪᠠᠢᠵᠠ ᠳᠠ?
ᠦᠭᠡᠢ ᠰᠢᠦ᠃
ᠬᠠᠷᠠᠵᠤ ᠪᠠᠢᠭᠠᠷᠠᠢ᠃ ᠡᠬᠢᠯᠡᠭᠡᠳ ᠰᠢᠲᠠᠵᠤ ᠪᠠᠢᠭ᠎ᠠ ᠴᠠᠭᠠᠰᠤ ᠪᠠᠨ ᠰᠢᠯᠢᠨ ᠳ᠋ᠦ᠍ ᠬᠢᠨ᠎ᠡ᠃
ᠮᠡᠳᠡᠮᠡᠷ ᠦᠭᠡᠢ ᠪᠠᠢᠨ᠎ᠠ᠃
ᠰᠢᠯᠢᠨ ᠳᠣᠲᠣᠷᠠᠬᠢ ᠰᠢᠲᠠᠭᠰᠠᠨ ᠴᠠᠭᠠᠰᠤ ᠠᠭᠠᠷ ᠢ᠋ ᠨᠢ ᠳᠡᠯᠡᠭᠡᠳ ᠳᠠᠷᠤᠯᠲᠠ ᠨᠢ ᠳᠡᠭᠡᠭᠰᠢᠯᠡᠨ᠎ᠡ᠃ ᠲᠡᠭᠡᠭᠡᠳ ᠬᠦᠴᠢᠯᠳᠦᠷᠦᠭᠴᠢ ᠶ᠋ᠢ ᠪᠠᠭᠠᠰᠬᠠᠬᠤ ᠦᠶ᠎ᠡ ᠳ᠋ᠦ᠍ ᠠᠭᠠᠷ ᠤ᠋ᠨ ᠬᠢᠨᠢ ᠪᠠᠭᠤᠷᠠᠵᠤ ᠥᠨᠳᠡᠭᠡ ᠶ᠋ᠢ ᠳᠣᠭᠣᠭᠰᠢ ᠪᠠᠨ ᠰᠤᠷᠤᠭᠠᠳ ᠣᠷᠣᠭᠤᠯᠴᠢᠬᠠᠵᠤ ᠪᠠᠢᠭ᠎ᠠ ᠶᠤᠮ ᠯᠠ ᠳᠠ᠃
ᠳᠠᠭᠤᠰᠴᠢᠬᠠᠭᠰᠠᠨ ᠤᠤ?
ᠡᠨᠡ ᠲᠤᠷᠰᠢᠯᠲᠠ ᠤᠤ? ᠳᠠᠭᠤᠰᠴᠢᠬᠠᠭᠰᠠᠨ ᠠ᠋᠃
ᠭᠦᠩᠵᠦ ᠠ᠋᠂ ᠬᠠᠭᠠᠨ ᠡᠵᠡᠨ᠂᠂᠂᠂
ᠠᠪᠤ ᠠ᠋᠂ ᠠᠪᠤ ᠠ᠋᠂ ᠦᠭᠡᠢ᠃
ᠡᠵᠡᠨ ᠬᠠᠭᠠᠨ ᠢ᠋ ᠲᠡᠭᠷᠢ ᠳ᠋ᠦ᠍ ᠬᠠᠯᠢᠭᠰᠠᠨ ᠤ᠋ ᠳᠠᠷᠠᠭ᠎ᠠ᠂ ᠴᠣᠷ ᠤ᠋ᠨ ᠭᠠᠭᠴᠠ ᠤᠭᠰᠠᠭ᠎ᠠ ᠵᠠᠯᠭᠠᠮᠵᠢᠯᠠᠭᠴᠢ ᠭᠠᠵᠠᠷ ᠤ᠋ᠨ ᠭᠦᠩᠵᠦ ᠨᠤᠷᠸᠠ ᠤᠯᠤᠰ ᠤ᠋ᠨ ᠬᠠᠲᠤᠨ ᠬᠠᠭᠠᠨ ᠪᠣᠯᠤᠯ᠎ᠠ᠃
ᠭᠡᠪᠡᠴᠦ ᠬᠥᠮᠦᠰ ᠲᠡᠢᠮᠦ ᠰᠠᠢᠨ ᠢᠲᠡᠭᠡᠵᠦ ᠥᠭᠬᠦ ᠦᠭᠡᠢ ᠯᠡ ᠪᠠᠢᠯ᠎ᠠ᠃ ᠶᠠᠭᠠᠬᠢᠭᠠᠳ ᠭᠡᠪᠡᠯ ᠭᠠᠵᠠᠷ ᠤ᠋ᠨ ᠭᠦᠩᠵᠦ ᠡᠮᠦᠨ᠎ᠡ ᠨᠢ ᠤᠯᠤᠰ ᠢ᠋ᠶ᠋ᠠᠨ ᠤᠳᠤᠷᠢᠳᠴᠤ ᠦᠵᠡᠭᠡ ᠦᠭᠡᠢ ᠪᠣᠯᠬᠣᠷ ᠭᠦᠩᠵᠦ ᠦᠷᠭᠦᠯᠵᠢ ᠨᠣᠮ ᠱᠠᠭᠠᠢᠵᠤ ᠰᠠᠭᠤᠳᠠᠭ ᠪᠣᠯᠬᠣᠷ ᠰᠢᠦ ᠳᠡ᠃
ᠲᠡᠢᠮᠦ ᠠ᠋᠂ ᠣᠳᠣ ᠯᠠ ᠪᠣᠯ ᠲᠠ ᠬᠠᠲᠤᠨ ᠬᠠᠭᠠᠨ ᠪᠣᠯᠤᠯ᠎ᠠ ᠰᠢᠦ ᠳᠧ
ᠰᠠᠢᠨ ᠮᠡᠳᠡᠬᠦ ᠦᠭᠡᠢ ᠪᠠᠢᠨ᠎ᠠ ᠠ᠋᠂ ᠺᠠᠹᠠᠲ᠋ᠦᠰ᠃ ᠪᠢ ᠪᠡᠯᠡᠨ ᠪᠣᠯᠤᠭ᠎ᠠ ᠦᠭᠡᠢ ᠶᠦᠮ ᠰᠢᠭ ᠪᠠᠢᠨ᠎ᠠ᠃
ᠭᠦᠩᠵᠦ ᠠ᠋᠂ ᠬᠠᠭᠠᠨᠲᠤ ᠤᠯᠤᠰ ᠤᠷᠤᠭᠤ ᠮᠠᠨᠢ ᠳᠠᠢᠰᠤᠨ ᠤ᠋ᠳ ᠳᠠᠭᠠᠷᠢᠵᠤ ᠪᠠᠢᠨ᠎ᠠ᠃
ᠶᠠᠭᠤ?
ᠰᠠᠢᠳ ᠠ᠋᠂ ᠶᠠᠭᠤ ᠪᠣᠯᠤᠭ᠎ᠠ ᠪᠣᠢ?
ᠶᠣᠯᠣ ᠤᠯᠤᠰ ᠤ᠋ᠨ ᠬᠣᠷᠣᠨ ᠰᠠᠨᠠᠭᠠᠲᠤ ᠬᠠᠭᠠᠨ ᠫᠠᠨᠲ᠋ᠤ ᠮᠠᠨ ᠤ᠋ ᠬᠠᠭᠠᠨ ᠤ᠋ ᠨᠠᠰᠤ ᠪᠠᠷᠠᠭᠰᠠᠨ ᠢ᠋ ᠮᠡᠳᠡᠭᠡᠳ ᠪᠢᠳᠡᠨ ᠤᠷᠤᠭᠤ ᠳᠣᠪᠲᠣᠯᠤᠯ᠎ᠠ᠃ ᠪᠢᠳᠡᠨ ᠳ᠋ᠦ᠍ ᠲᠡᠢᠮᠦ ᠣᠯᠠᠨ ᠴᠡᠷᠢᠭ ᠪᠠᠢᠬᠤ ᠦᠭᠡᠢ᠃
ᠭᠦᠩᠵᠦ ᠮᠢᠨᠢ ᠠ᠋᠂ ᠠᠮᠢ ᠪᠠᠨ ᠪᠣᠳᠣᠵᠤ ᠵᠢᠭᠤᠲᠠᠬᠤ ᠬᠡᠷᠡᠭᠲᠡᠢ᠂ ᠲᠡᠭᠡᠪᠡᠯ ᠮᠠᠨ ᠤ᠋ ᠤᠯᠤᠰ ᠶᠠᠭᠠᠬᠢᠬᠤ ᠪᠣᠯᠵᠤ ᠪᠠᠢᠨ᠎ᠠ᠃
ᠬᠡᠲᠦᠷᠬᠡᠢ ᠣᠷᠣᠢᠲᠠᠭᠰᠠᠨ ᠠ᠋᠂ ᠪᠠᠭᠤᠵᠤ ᠥᠭᠬᠦ ᠡᠴᠡ ᠥᠭᠡᠷ᠎ᠡ ᠠᠷᠭ᠎ᠠ ᠦᠭᠡᠢ ᠪᠣᠯᠤᠭᠰᠠᠨ ᠠ᠋᠃ ᠬᠤᠷᠳᠤᠨ ᠵᠢᠭᠤᠲᠠ᠃ ᠤᠭᠰᠠᠭ᠎ᠠ ᠵᠠᠯᠭᠠᠮᠵᠢᠯᠠᠭᠴᠢ ᠶ᠋ᠢ ᠠᠮᠢᠳᠤ ᠦᠯᠡᠳᠡᠭᠡᠬᠦ ᠦᠭᠡᠢ ᠪᠠᠢᠬ᠎ᠠ᠃
ᠭᠡᠬᠦ ᠳ᠋ᠡᠭᠡᠨ᠂᠂᠂᠂
ᠲᠠ ᠪᠡᠯᠡᠨ ᠪᠣᠯᠬᠤ ᠪᠠᠷ ᠢ᠋ᠶ᠋ᠠᠨ ᠡᠷᠭᠢᠵᠦ ᠢᠷᠡᠭᠡᠷᠡᠢ! ᠣᠳᠣ ᠵᠢᠭᠤᠲᠠ᠃
ᠨᠢᠭᠡᠨ ᠬᠣᠨᠵᠢᠶ᠎ᠠ ᠤᠳᠠᠴᠢᠬᠠᠯ᠎ᠠ᠃ ᠣᠳᠣ ᠠᠶᠤᠯ ᠦᠭᠡᠢ ᠪᠠᠢᠬᠤ᠃ ᠰᠠᠭᠤᠭᠠᠳ ᠬᠦᠯᠢᠶᠡᠵᠦ ᠪᠠᠢᠭᠠᠷᠠᠢ᠃ ᠪᠢ ᠣᠢᠷ᠎ᠠ ᠬᠠᠪᠢ ᠶ᠋ᠢ ᠰᠢᠯᠭᠠᠵᠤ ᠦᠵᠡᠭᠡᠳ ᠢᠳᠡᠬᠦ ᠶᠠᠭᠤᠮ᠎ᠠ ᠣᠯᠤᠭᠠᠳ ᠢᠷᠡᠶ᠎ᠡ᠃
ᠺᠠᠹᠠᠲ᠋ᠦᠰ ᠢ᠋ ᠶᠠᠪᠤᠭᠰᠠᠨ ᠤ᠋ ᠳᠠᠷᠠᠭ᠎ᠠ ᠺᠠᠲ᠋ᠠᠷᠢᠨ ᠨᠠᠭᠤᠷ ᠤ᠋ᠨ ᠡᠷᠭᠢ ᠳ᠋ᠦ᠍ ᠰᠠᠭᠤᠭᠠᠳ ᠭᠠᠰᠢᠭᠤᠳᠠᠨ ᠤᠬᠢᠯᠠᠯ᠎ᠠ᠃
ᠭᠡᠲᠡᠯ᠎ᠡ ᠭᠡᠨᠡᠳᠲᠡ ᠬᠠᠵᠠᠭᠤ ᠪᠠᠷ ᠨᠢ ᠨᠢᠭᠡ ᠶᠠᠭᠤᠮ᠎ᠠ ᠥᠩᠭᠡᠷᠡᠬᠦ ᠰᠢᠭ ᠪᠣᠯᠪᠠ᠃
ᠠ?
ᠺᠠᠲ᠋ᠠᠷᠢᠨ᠂᠂᠂᠂
ᠠ? ᠶᠠᠭᠤ ᠶᠠᠭᠤ ᠭᠡᠰᠡᠨ ᠪᠣᠢ? ᠬᠡᠨ ᠪᠣᠢ?
ᠪᠢ ᠴᠢᠨᠦ ᠬᠤᠪᠢ ᠲᠠᠪᠢᠯᠠᠩ ᠪᠠᠢᠨ᠎ᠠ᠃
ᠮᠢᠨᠦ ᠶᠠᠭᠤ ᠭᠡᠨ᠎ᠡ? ᠶᠠᠭᠠᠬᠢᠭᠠᠳ ᠨᠠᠳᠠᠳᠤ ᠬᠠᠷᠠᠭᠳᠠᠬᠤ ᠦᠭᠡᠢ ᠪᠠᠢᠨ᠎ᠠ᠃
ᠬᠠᠮᠢᠭ᠎ᠠ ᠨᠢ ᠨᠢᠭᠤᠭᠳᠠᠵᠤ ᠪᠠᠢᠭ᠎ᠠ ᠶᠤᠮ ᠪᠣᠢ?
ᠠ? ᠢᠩᠭᠢᠬᠦ ᠳ᠋ᠦ᠍ ᠲᠠ ᠬᠡᠨ ᠪᠣᠢ?
ᠪᠢ ᠴᠢᠨᠦ ᠰᠣᠩᠭᠣᠭᠰᠠᠨ ᠵᠠᠮ᠂ ᠴᠢᠨᠦ ᠰᠣᠩᠭᠣᠭᠰᠠᠨ ᠰᠢᠢᠳᠪᠦᠷᠢ᠂ ᠴᠢᠨᠦ ᠶᠠᠪᠤᠭ᠎ᠠ ᠦᠭᠡᠢ ᠵᠠᠮ᠃ ᠴᠢ ᠨᠠᠮᠠᠢ ᠪᠦᠲᠦᠭᠡᠭᠰᠡᠨ᠃ ᠪᠢ ᠴᠢᠨᠦ ᠬᠤᠪᠢ ᠲᠠᠪᠢᠯᠠᠩ᠃
ᠦᠭᠡᠢ᠂ ᠡᠢᠮᠦ ᠶᠠᠭᠤᠮ᠎ᠠ ᠪᠠᠢᠬᠤ ᠪᠣᠯᠤᠮᠵᠢ ᠦᠭᠡᠢ᠃ ᠵᠢᠩᠬᠢᠨᠢ ᠪᠠᠢᠬᠤ ᠶᠣᠰᠣ ᠦᠭᠡᠢ᠃ ᠡᠨᠡ ᠵᠡᠭᠦᠳᠦ ᠪᠠᠢᠬ᠎ᠠ ᠠ᠃ ᠪᠢ᠂᠂᠂᠂ ᠦᠭᠡᠢ᠂ ᠵᠡᠭᠦᠳᠦ ᠪᠢᠰᠢ ᠯᠡ ᠳᠧ᠃
ᠲᠡᠢᠮᠦ ᠠ᠋᠂ ᠺᠠᠲ᠋ᠠᠷᠢᠨ᠂ ᠪᠢ ᠴᠢᠮ᠎ᠠ ᠰᠢᠭ᠋ ᠵᠢᠩᠬᠢᠨᠢ᠃
ᠶᠠᠭᠤ ᠭᠡᠬᠦ ᠳ᠋ᠡᠭᠡᠨ ᠴᠢ ᠶᠠᠭᠤ ᠬᠦᠰᠡᠭᠡᠳ ᠪᠠᠢᠭ᠎ᠠ ᠶᠤᠮ ᠪᠣᠢ?
ᠮᠢᠨᠦ ᠬᠦᠰᠡᠵᠦ ᠪᠠᠢᠭ᠎ᠠ ᠵᠦᠢᠯ ᠴᠢᠬᠤᠯᠠ ᠪᠢᠰᠢ ᠠ᠋᠃ ᠴᠢᠨᠦ ᠬᠦᠰᠡᠯ ᠯᠡ ᠬᠠᠮᠤᠭ ᠤ᠋ᠨ ᠴᠢᠬᠤᠯᠠ᠃ ᠬᠤᠷᠳᠤᠨ ᠬᠡᠯᠡ᠃ ᠴᠢ ᠠᠵᠠ ᠵᠢᠷᠭᠠᠯ ᠲᠠᠢ ᠢᠷᠡᠭᠡᠳᠦᠢ ᠶ᠋ᠢ ᠴᠦ᠍ ᠶᠦᠮ ᠤᠤ?
ᠡᠢᠮᠦ ᠶᠠᠭᠤᠮ᠎ᠠ ᠪᠠᠢᠬᠤ ᠶᠣᠰᠣ ᠦᠭᠡᠢ᠃ ᠬᠡᠷᠪᠡ ᠪᠢ ᠣᠳᠣ ᠠᠵᠠ ᠵᠢᠷᠭᠠᠯ ᠢ᠋ ᠬᠦᠰᠡᠪᠡᠯ ᠦᠯᠡᠳᠡᠭᠰᠡᠨ ᠠᠮᠢᠳᠤᠷᠠᠯ ᠳ᠋ᠠᠭᠠᠨ ᠵᠣᠪᠠᠵᠤ ᠰᠢᠨᠠᠯᠤᠵᠤ ᠮᠠᠭᠠᠳ ᠦᠭᠡᠢ᠃ ᠣᠳᠣ ᠠᠵᠠ ᠵᠢᠷᠭᠠᠯ ᠲᠠᠢ ᠠᠮᠢᠳᠤᠷᠠᠭᠰᠠᠨ ᠠ᠋ᠴᠠ ᠢᠷᠡᠭᠡᠳᠦᠢ ᠳ᠋ᠦ᠍ ᠠᠵᠠ ᠵᠢᠷᠭᠠᠯ ᠲᠠᠢ ᠠᠮᠢᠳᠤᠷᠠᠬᠤ ᠨᠢ ᠴᠢᠬᠤᠯᠠ ᠪᠢᠵᠡ ᠳᠡ᠃ ᠢᠷᠡᠭᠡᠳᠦᠢ ᠪᠡᠨ ᠰᠠᠢᠬᠠᠨ ᠪᠣᠯᠭᠠᠬᠤ ᠭᠡᠵᠦ ᠬᠢᠴᠢᠶᠡᠵᠦ ᠪᠠᠢᠭ᠎ᠠ ᠪᠣᠯᠬᠣᠷ᠂ ᠲᠡᠭᠡᠭᠡᠳ ᠴᠦ᠍ ᠪᠢᠳᠡ ᠭᠸᠠ ᠶ᠋ᠢᠨ ᠬᠤᠪᠢ ᠳ᠋ᠤ᠌ ᠢᠩᠭᠢᠵᠦ ᠲᠥᠷᠥᠭᠰᠡᠨ ᠪᠣᠯᠬᠣᠷ᠂᠂᠂᠂
ᠠ᠂᠂᠂᠂
ᠲᠡᠭᠡᠬᠦ ᠪᠡᠷ ᠶᠠᠮᠠᠷ ᠴᠤ᠌ ᠡᠷᠡᠭᠦᠯ ᠤᠬᠠᠭᠠᠨ ᠲᠠᠢ ᠬᠥᠮᠦᠨ ᠵᠡᠭᠦᠳᠦᠨ ᠳ᠋ᠦ᠍ ᠯᠡ ᠤᠴᠠᠷᠠᠵᠤ ᠪᠣᠯᠬᠤ ᠡᠢᠮᠦ ᠢᠲᠡᠭᠡᠮᠡᠷ ᠦᠭᠡᠢ ᠨᠥᠬᠥᠴᠡᠯ ᠪᠠᠢᠳᠠᠯ ᠳ᠋ᠤ᠌ ᠢᠩᠭᠢᠵᠦ ᠬᠡᠯᠡᠬᠦ ᠪᠠᠢᠬᠤ ᠯᠠ ᠳᠠ᠃ ᠣᠳᠣ ᠵᠢᠭᠠᠬᠠᠨ ᠵᠣᠪᠠᠭᠰᠠᠨ ᠴᠤ᠌ ᠬᠠᠮᠢᠶ᠎ᠠ ᠦᠭᠡᠢ᠃ ᠢᠷᠡᠭᠡᠳᠦᠢ ᠳ᠋ᠦ᠍ ᠰᠠᠢᠨ ᠰᠠᠢᠬᠠᠨ ᠠᠮᠢᠳᠤᠷᠠᠬᠤ ᠶ᠋ᠢ ᠶᠡᠬᠡ ᠯᠡ ᠬᠦᠰᠡᠬᠦ ᠪᠠᠢᠬᠤ᠃
ᠲᠡᠢᠮᠦ ᠠ᠋᠃ ᠬᠡᠩ
ᠠ᠋᠂ ᠰᠠᠶᠢ ᠴᠢᠮᠠᠢ ᠶᠠᠭᠤ ᠭᠡᠰᠡᠨ ᠰᠠᠢᠨ ᠢ᠋ ᠣᠢᠯᠭᠠᠭᠰᠠᠨ ᠦᠭᠡᠢ᠃
ᠪᠢ ᠠᠵᠠ ᠵᠢᠷᠭᠠᠯ ᠲᠠᠢ ᠢᠷᠡᠭᠡᠳᠦᠢ ᠶ᠋ᠢ ᠰᠣᠩᠭᠣᠨ᠎ᠠ᠃
ᠲᠡᠭᠷᠢ ᠮᠢᠨᠢ᠂ ᠵᠠ ᠶᠠᠭᠠᠬᠢᠬᠤᠪ᠃ ᠬᠦᠰᠡᠭᠰᠡᠨ ᠢ᠋ᠶ᠋ᠡᠷ ᠴᠢᠨᠢ ᠪᠣᠯᠭᠠᠶ᠎ᠠ ᠯᠠ ᠳᠠ᠃
ᠢᠩᠭᠢᠵᠦ ᠬᠡᠯᠡᠭᠡᠳ ᠳᠠᠪᠠᠯᠭᠠᠨ ᠪᠤᠴᠠᠭᠠᠳ ᠨᠠᠭᠤᠷ ᠤ᠋ᠨ ᠤᠰᠤ ᠤᠷᠤᠭᠤ ᠰᠢᠩᠭᠡᠭᠡᠳ᠂ ᠨᠠᠭᠤᠷ ᠤ᠋ᠨ ᠮᠠᠨᠳᠠᠯ ᠤᠳᠠᠯ ᠦᠭᠡᠢ ᠨᠠᠮᠤᠭᠤᠬᠠᠨ ᠪᠣᠯᠵᠤ ᠠᠨᠢᠷ ᠴᠢᠮᠡᠭᠡ ᠦᠭᠡᠢ ᠨᠠᠮ ᠭᠦᠮ ᠪᠦᠷᠬᠦᠯᠡ᠃
ᠰᠠᠶᠢ ᠶᠠᠭᠤ ᠪᠣᠯᠤᠭᠰᠠᠨ ᠪᠣᠢ?
ᠰᠥᠨᠢ ᠨᠠᠭᠤᠷ ᠤ᠋ᠨ ᠡᠷᠭᠢ ᠳᠡᠭᠡᠷ᠎ᠡ ᠤᠨᠲᠠᠵᠤ ᠠᠮᠠᠷᠠᠭᠰᠠᠨ ᠤ᠋ ᠪᠠᠨ ᠳᠠᠷᠠᠭ᠎ᠠ ᠭᠠᠵᠠᠷ ᠤ᠋ᠨ ᠵᠠᠭ ᠳᠡᠭᠡᠷ᠎ᠡ ᠬᠦᠷᠰᠢ ᠵᠡᠷᠭᠡᠯᠡᠳᠡᠭᠡ ᠦᠷ ᠦ᠋ᠨ ᠭᠡᠭᠡ ᠤᠷᠤᠭᠤ ᠶᠠᠪᠤᠯ᠎ᠠ᠃
ᠲᠡᠷᠡ ᠬᠣᠶᠠᠷ ᠨᠢᠭᠡ ᠵᠢᠵᠢᠭ ᠲᠣᠰᠬᠣᠨ ᠳ᠋ᠤ᠌ ᠣᠴᠢᠭᠠᠳ ᠵᠠᠬ᠎ᠠ ᠪᠠᠷ ᠳᠠᠭᠠᠷᠢᠨ ᠥᠩᠭᠡᠷᠡᠵᠦ ᠪᠠᠢᠯ᠎ᠠ᠃
ᠭᠡᠲᠡᠯ᠎ᠡ ᠭᠦᠩᠵᠦ ᠨᠢᠭᠡᠨ ᠡᠮᠡᠭᠡᠨ ᠢ᠋ ᠬᠦᠨᠳᠦ ᠠᠴᠢᠶ᠎ᠠ ᠪᠠᠷᠢᠭᠠᠳ ᠶᠠᠪᠤᠵᠤ ᠪᠠᠢᠬᠤ ᠶ᠋ᠢ ᠣᠯᠵᠤ ᠬᠠᠷᠠᠯ᠎ᠠ᠃ ᠭᠣᠢᠪᠠᠭᠰᠠᠭᠠᠷ ᠶᠠᠪᠤᠭ᠎ᠠ ᠶ᠋ᠢ ᠨᠢ᠃
ᠡᠮᠧ ᠠ᠋᠂ ᠲᠠᠨ ᠳ᠋ᠤ᠌ ᠲᠤᠰᠠᠯᠠᠬᠤ ᠤᠤ?
ᠶᠠᠭᠠᠬᠢᠭᠠᠳ ᠨᠠᠳᠠ ᠳ᠋ᠤ᠌ ᠲᠤᠰᠠᠯᠠᠬᠤ ᠭᠡᠳ ᠪᠠᠢᠭ᠎ᠠ?
ᠡᠩ᠂ ᠡᠨᠡ ᠬᠣᠲᠠ ᠳ᠋ᠤ᠌ ᠠᠩᠬ᠎ᠠ ᠢᠷᠡᠭᠰᠡᠨ ᠶᠦᠮ᠃ ᠠᠵᠢᠯ ᠬᠡᠷᠡᠭᠲᠡᠢ ᠪᠠᠢᠨ᠎ᠠ᠃ ᠪᠢ ᠴᠦᠩᠬᠦ ᠶ᠋ᠢ ᠴᠢᠨᠢ ᠡᠷᠭᠦᠵᠦ ᠥᠭᠭᠦᠶ᠎ᠡ᠃ ᠬᠠᠷᠢᠨ ᠲᠠ ᠨᠠᠳᠠ ᠳ᠋ᠤ᠌ ᠭᠡᠷ ᠦ᠋ᠨ ᠦᠢᠯᠡᠴᠢᠯᠡᠭᠴᠢ᠂ ᠡᠰᠡᠬᠦᠯ᠎ᠡ ᠨᠠᠷᠢᠨ ᠤ᠋ ᠪᠣᠣᠪᠣ ᠶ᠋ᠢᠨ ᠭᠠᠵᠠᠷ ᠴᠤ᠌ ᠶᠤᠮ ᠤᠤ ᠮᠥᠩᠭᠥ ᠣᠯᠵᠤ ᠪᠣᠯᠬᠤ ᠭᠠᠵᠠᠷ ᠵᠠᠷᠤᠵᠤ ᠥᠭᠬᠦ ᠦᠭᠡᠢ ᠤᠤ?
ᠠᠵᠢᠯ ᠬᠠᠢᠵᠤ ᠶᠠᠪᠤᠭ᠎ᠠ ᠶᠤᠮ ᠤᠤ? ᠠᠰᠢᠭᠦᠢ ᠳᠡ᠂ ᠪᠢ ᠭᠡᠷ ᠦ᠋ᠨ ᠦᠢᠯᠡᠴᠢᠯᠡᠭᠴᠢ ᠬᠠᠢᠵᠤ ᠪᠠᠢᠭᠰᠠᠨ ᠶᠤᠮ ᠯᠠ ᠳᠠ᠃ ᠠᠷᠪᠠᠨ ᠮᠥᠩᠭᠥᠨ ᠵᠣᠭᠣᠰ ᠥᠭᠭᠦᠶ᠎ᠡ᠂ ᠢᠯᠡᠭᠦᠦ ᠥᠭᠴᠦ ᠴᠢᠳᠠᠬᠤ ᠦᠭᠡᠢ᠃ ᠬᠠᠷᠢᠨ ᠮᠠᠨ ᠤ᠋ ᠭᠡᠷ ᠲᠦ᠍ ᠠᠮᠢᠳᠤᠷᠠᠵᠤ ᠪᠣᠯᠤᠨ᠎ᠠ᠃
ᠲᠡᠭᠡᠪᠡᠯ ᠬᠠᠷᠢᠨ ᠰᠠᠢᠬᠠᠨ ᠪᠠᠢᠨ᠎ᠠ᠃ ᠪᠠᠶᠠᠷᠯᠠᠯ᠎ᠠ᠃
ᠢᠩᠭᠢᠭᠡᠳ ᠺᠠᠲ᠋ᠠᠷᠢᠨ ᠡᠮᠡᠭᠡᠨ ᠦ᠌ ᠭᠡᠷ ᠲᠦ᠍ ᠠᠵᠢᠯ ᠬᠢᠳᠡᠭ ᠪᠣᠯᠤᠯ᠎ᠠ᠃ ᠠᠵᠢᠯ ᠢ᠋ᠶ᠋ᠠᠨ ᠴᠤ᠌ ᠰᠠᠢᠨ ᠬᠢᠳᠡᠭ ᠪᠠᠢᠪᠠ᠃
ᠭᠡᠲᠡᠯ᠎ᠡ ᠨᠢᠭᠡ ᠡᠳᠦᠷ ᠡᠮᠡᠭᠡᠨ ᠵᠠᠬ᠎ᠠ ᠤᠷᠤᠭᠤ ᠶᠠᠪᠤᠵᠤ ᠭᠦᠩᠵᠦ ᠠᠵᠢᠯ ᠢ᠋ᠶ᠋ᠠᠨ ᠬᠢᠭᠡᠳ ᠴᠣᠩᠬᠣᠨ ᠤ᠋ ᠬᠠᠵᠠᠭᠤ ᠳ᠋ᠤ᠌ ᠰᠠᠭᠤᠯ᠎ᠠ᠃
ᠦ᠂ ᠠᠰᠢᠭᠦᠢ᠃ ᠡᠨᠳᠡ ᠪᠠᠢᠭᠰᠠᠨ ᠶᠤᠮ ᠤᠤ? ᠺᠠᠲ᠋ᠠᠷᠢᠨ᠂
ᠡᠩ᠂ ᠴᠢ ᠴᠢᠨᠢ?
ᠴᠢᠮ᠎ᠠ ᠶ᠋ᠢ ᠢᠩᠭᠢᠭᠡᠳ ᠵᠦᠭᠡᠷ ᠣᠷᠬᠢᠨ᠎ᠠ ᠭᠡᠵᠦ ᠪᠣᠳᠣᠭ᠎ᠠ ᠤᠤ?
ᠴᠢ ᠠᠵᠠ ᠵᠢᠷᠭᠠᠯ ᠲᠠᠢ ᠢᠷᠡᠭᠡᠳᠦᠢ ᠶ᠋ᠢ ᠰᠣᠩᠭᠣᠭᠰᠠᠨ ᠪᠠᠢᠵᠠ ᠳᠠ! ᠰᠠᠨᠠᠵᠤ ᠪᠠᠢᠨ᠎ᠠ ᠤᠤ?
ᠬᠠ ᠬᠠ ᠬᠠ
ᠲᠡᠭᠡᠭᠡᠳ ᠡᠮᠡᠭᠡᠨ ᠦ᠌ ᠬᠠᠢᠷᠠᠲᠠᠢ ᠬᠤᠪᠴᠠᠰᠤ ᠪᠠᠨ ᠬᠠᠳᠠᠭᠠᠯᠠᠳᠠᠭ ᠱᠦᠭᠦᠢ ᠳ᠋ᠦ᠍ ᠨᠢ ᠣᠷᠣᠭᠠᠳ ᠪᠦᠬᠦ ᠬᠤᠪᠴᠠᠰᠤ ᠶ᠋ᠢ ᠨᠢ ᠤᠷᠠᠵᠤ ᠲᠠᠰᠤᠳᠠᠭᠠᠳ ᠲᠡᠭᠡᠭᠡᠳ ᠪᠦᠭᠦᠳᠡ ᠶ᠋ᠢ ᠨᠢ ᠲᠦᠢᠳᠬᠡᠨ ᠭᠠᠵᠠᠷ ᠢ᠋ᠶ᠋ᠠᠷ ᠨᠢᠭᠡ ᠲᠠᠷᠬᠠᠵᠤ ᠬᠠᠶᠠᠯ᠎ᠠ᠃
ᠦ᠂ ᠦ᠋᠂᠂᠂᠂
ᠦᠭᠡᠢ᠂ ᠡᠮᠧ ᠨᠠᠮᠠᠢ ᠠᠭᠤᠴᠢᠯᠠᠬᠤ ᠦᠭᠡᠢ ᠪᠠᠢᠬᠤ᠃
ᠲᠡᠢᠮᠦ ᠠ᠋᠂ ᠴᠢᠮ᠎ᠠ ᠶ᠋ᠢ ᠬᠠᠷᠠᠭᠤᠯ ᠤ᠋ᠳ ᠲᠤ᠌ ᠬᠡᠯᠡᠵᠦ ᠴᠦ᠍ ᠮᠠᠭᠠᠳ ᠦᠭᠡᠢ᠂ ᠡᠰᠡᠪᠡᠯ ᠴᠢᠮ᠎ᠠ ᠶ᠋ᠢ ᠪᠠᠷᠢᠭᠠᠳ ᠥᠭᠴᠦ ᠮᠠᠭᠠᠳ ᠦᠭᠡᠢ᠃
ᠲᠡᠭᠡᠭᠡᠳ ᠪᠢ ᠣᠳᠣ ᠶᠠᠭᠠᠬᠢᠬᠤ ᠪᠣᠢ?
ᠵᠢᠭᠤᠲᠠ᠃ ᠡᠰᠡᠬᠦᠯ᠎ᠡ ᠦᠯᠡᠳᠡᠭᠡᠳ ᠲᠣᠬᠢᠷᠠᠭᠰᠠᠨ ᠰᠢᠢᠳᠬᠡᠯ ᠢ᠋ᠶ᠋ᠡᠨ ᠡᠭᠦᠷ᠃ ᠬᠠ ᠬᠠ ᠬᠠ
ᠭᠦᠩᠵᠦ ᠬᠡᠰᠡᠭᠬᠡᠨ ᠵᠠᠭᠤᠷ᠎ᠠ ᠲᠡᠨᠡᠭᠡᠯᠵᠢᠨ ᠵᠣᠭᠰᠣᠵᠤ ᠪᠠᠢᠭᠠᠳ ᠶᠠᠭᠠᠷᠠᠨ ᠬᠥᠳᠡᠯᠦᠯ᠎ᠡ᠃
ᠭᠦᠩᠵᠦ ᠬᠠᠭᠠᠯᠭ᠎ᠠ ᠨᠡᠬᠡᠭᠡᠳ ᠵᠢᠭᠤᠲᠠᠨ ᠣᠳᠤᠯ᠎ᠠ᠃
ᠺᠠᠹᠠᠲ᠋ᠦᠰ ᠬᠤᠷᠳᠤᠯᠠᠭᠠᠷᠠᠢ᠃
ᠶᠠᠭᠤ!?
ᠬᠠ ᠬᠠ ᠬᠠ
ᠨᠢᠭᠡ ᠬᠡᠳᠦ ᠬᠣᠨᠣᠭ ᠤ᠋ᠨ ᠳᠠᠷᠠᠭ᠎ᠠ ᠭᠦᠩᠵᠦ ᠨᠠᠷᠢᠨ ᠪᠣᠣᠪᠣ ᠶ᠋ᠢᠨ ᠭᠠᠵᠠᠷ ᠠᠵᠢᠯ ᠬᠢᠯ᠎ᠡ᠃ ᠭᠡᠪᠡᠴᠦ ᠳᠠᠬᠢᠭᠠᠳ ᠯᠠ ᠬᠤᠪᠢ ᠲᠠᠪᠢᠯᠠᠩ ᠨᠢ ᠬᠦᠷᠴᠦ ᠢᠷᠡᠭᠡᠳ ᠪᠦᠭᠦᠳᠡ ᠶ᠋ᠢ ᠲᠦᠢᠳᠬᠡᠵᠦ ᠣᠷᠬᠢᠬᠤ ᠨᠢ ᠲᠡᠷᠡ ᠠ᠋᠃
ᠬᠠ᠂᠂᠂᠂ ᠵᠢᠭᠤᠲᠠ᠃
ᠦ᠂ ᠦ᠂ ᠬᠤᠷᠳᠤᠯᠠᠭᠠᠷᠠᠢ᠃ ᠺᠠᠹᠠᠲ᠋ᠦᠰ᠂ ᠵᠢᠭᠤᠲᠠ᠃
ᠶᠠᠭᠤ!? ᠳᠠᠬᠢᠭᠠᠳ ᠤᠤ?
ᠡᠢᠨᠬᠦ ᠤᠷᠲᠤ ᠤᠳᠠᠭᠠᠨ ᠠᠷᠪᠠᠨ ᠨᠢᠭᠡᠨ ᠰᠠᠷ᠎ᠠ ᠶ᠋ᠢᠨ ᠲᠤᠷᠰᠢ ᠭᠦᠩᠵᠦ ᠶ᠋ᠢ ᠬᠠᠮᠢᠭ᠎ᠠ ᠨᠢᠭᠡ ᠣᠴᠢᠬᠤ ᠪᠦᠷᠢ ᠳ᠋ᠦᠨᠢ ᠬᠤᠪᠢ ᠲᠠᠪᠢᠯᠠᠩ ᠨᠢ ᠣᠯᠵᠤ ᠣᠴᠢᠭᠠᠳ ᠭᠦᠩᠵᠦ ᠶ᠋ᠢ ᠬᠦᠴᠦ ᠪᠡᠷ ᠵᠢᠭᠤᠲᠠᠭᠠᠬᠤ ᠠ᠋ᠴᠠ ᠥᠭᠡᠷ᠎ᠡ ᠠᠷᠭ᠎ᠠ ᠦᠭᠡᠢ ᠪᠣᠯᠭᠠᠳᠠᠭ ᠪᠠᠢᠪᠠ᠃ ᠡᠴᠦᠰ ᠲᠦ᠋ᠨᠢ ᠭᠦᠩᠵᠦ ᠰᠡᠭᠦᠯᠴᠢ ᠶ᠋ᠢᠨ ᠠᠢᠯ ᠠ᠋ᠴᠠ ᠥᠭᠡᠷ᠎ᠡ ᠵᠢᠭᠤᠲᠠᠬᠤ ᠠ᠋ᠴᠠ ᠪᠠᠨ ᠠᠷᠭ᠎ᠠ ᠦᠭᠡᠢ ᠪᠣᠯᠤᠭᠰᠠᠨ ᠪᠠᠢᠨ᠎ᠠ᠃ ᠪᠦᠷ ᠰᠡᠳᠬᠢᠯ ᠢ᠋ᠶ᠋ᠡᠷ ᠤᠨᠠᠭᠰᠠᠨ ᠭᠦᠩᠵᠦ ᠠᠨᠢᠷ ᠴᠢᠮᠡᠭᠡ ᠦᠭᠡᠢ ᠨᠠᠭᠤᠷ ᠤ᠋ᠨ ᠡᠷᠭᠢᠨ ᠳᠡᠭᠡᠷ᠎ᠡ ᠰᠠᠭᠤᠭᠠᠳ ᠥᠩᠭᠡᠷᠡᠭᠰᠡᠨ ᠠᠮᠢᠳᠤᠷᠠᠯ ᠢ᠋ᠶ᠋ᠠᠨ ᠡᠷᠭᠢᠴᠡᠭᠦᠯᠦᠨ ᠪᠣᠳᠣᠵᠤ ᠦᠵᠡᠯ᠎ᠡ᠃
ᠡᠩ᠂ ᠡᠩ
ᠶᠠᠭᠤᠨ ᠠ᠋ᠴᠠ ᠠᠶᠤᠭᠠᠳ ᠢᠩᠭᠢᠵᠦ ᠵᠢᠭᠤᠲᠠᠭᠠᠳ ᠪᠠᠢᠭ᠎ᠠ ᠶᠤᠮ ᠪᠣᠢ? ᠮᠢᠨᠦ ᠮᠡᠳᠡᠬᠦ ᠺᠠᠲ᠋ᠠᠷᠢᠨ ᠭᠦᠩᠵᠦ ᠨᠣᠮ ᠳ᠋ᠤ᠌ ᠳᠤᠷᠠᠲᠠᠢ᠂ ᠥᠭᠡᠷ᠎ᠡ ᠬᠡᠳᠦ ᠬᠡᠳᠦᠨ ᠬᠠᠴᠢᠨ ᠡᠲᠡᠭᠡᠳ ᠵᠠᠩ ᠲᠠᠢ ᠪᠣᠯᠪᠠᠴᠤ ᠬᠡᠵᠢᠶ᠎ᠡ ᠴᠦ᠍ ᠪᠠᠭᠤᠵᠤ ᠥᠭᠳᠡᠭ ᠦᠭᠡᠢ ᠪᠠᠢᠭᠰᠠᠨ ᠰᠢᠦ ᠳᠡ᠃
ᠲᠡᠢᠮᠦ ᠠ᠋᠂ ᠴᠢᠨᠦ ᠵᠥᠪ᠃ ᠬᠤᠪᠢ ᠲᠠᠪᠢᠯᠠᠩ ᠳ᠋ᠠᠭᠠᠨ ᠭᠣᠮᠣᠳᠠᠭᠠᠳ ᠡᠨᠳᠡ ᠢᠩᠭᠢᠭᠡᠳ ᠰᠠᠭᠤᠵᠤ ᠪᠤᠯᠠᠬᠤ ᠦᠭᠡᠢ᠂ ᠬᠤᠪᠢ ᠲᠠᠪᠢᠯᠠᠩ ᠢ᠋ᠶ᠋ᠠᠨ ᠪᠢ ᠥᠪᠡᠷ ᠢ᠋ᠶ᠋ᠡᠨ ᠰᠢᠢᠳᠦᠨ᠎ᠡ᠃
ᠲᠡᠢᠮᠦ ᠠ᠋᠂ ᠡᠩ᠂ ᠶᠠᠭ ᠶᠠᠭᠤ ᠭᠡᠰᠡᠨ ᠢ᠋ ᠨᠢ ᠣᠢᠯᠭᠠᠭᠰᠠᠨ ᠦᠭᠡᠢ᠃
ᠢᠩᠭᠢᠭᠡᠳ ᠺᠠᠲ᠋ᠠᠷᠢᠨ ᠦᠷ ᠦ᠋ᠨ ᠭᠡᠭᠡ ᠤᠯᠤᠰ ᠤ᠋ᠨ ᠨᠡᠢᠰᠯᠡᠯ ᠤᠷᠤᠭᠤ ᠶᠠᠪᠤᠪᠠ᠃
ᠦᠷ ᠦ᠋ᠨ ᠭᠡᠭᠡ ᠤᠯᠤᠰ ᠤ᠋ᠨ ᠬᠠᠭᠠᠨ ᠲᠠᠢ ᠠᠭᠤᠯᠵᠠᠵᠤ< ᠲᠤᠰᠠᠯᠠᠭᠠᠴᠢ> ᠭᠡᠵᠦ ᠭᠤᠶᠤᠬᠤ ᠪᠠᠷ ᠣᠴᠢᠯ᠎ᠠ᠃
ᠪᠸᠷᠨᠡᠷᠲ ᠬᠠᠭᠠᠨ ᠳ᠋ᠤ᠌ ᠪᠣᠳᠣᠬᠤ ᠶᠠᠭᠤᠮ᠎ᠠ ᠶᠡᠬᠡ ᠪᠠᠢᠭ᠎ᠠ᠃ ᠬᠡᠨ ᠲᠡᠢ ᠴᠦ᠍ ᠠᠭᠤᠯᠵᠠᠬᠤ ᠦᠭᠡᠢ᠃ ᠲᠠᠷᠢᠶᠠᠴᠢᠨ ᠤ᠋ ᠠᠴᠢᠭᠰᠠᠨ ᠱᠠᠯᠠᠭ᠎ᠠ ᠶ᠋ᠢ ᠰᠢᠢᠳᠴᠦ ᠴᠢᠳᠠᠬᠤ ᠬᠥᠮᠦᠨ ᠪᠠᠢᠪᠠᠯ ᠠᠭᠤᠯᠵᠠᠨ᠎ᠠ ᠭᠡᠰᠡᠨ᠃
ᠲᠠᠷᠢᠶᠠᠴᠢᠨ ᠤ᠋ ᠠᠴᠢᠭᠰᠠᠨ ᠱᠠᠯᠠᠭ᠎ᠠ ᠭᠡᠨ᠎ᠡ ᠠ᠋?
ᠣᠨᠢᠰᠣᠭ᠎ᠠ ᠳᠠᠭᠠᠪᠤᠷᠢ ᠪᠠᠢᠭ᠎ᠠ ᠶᠤᠮ᠃ ᠬᠠᠭᠠᠨ ᠮᠠᠨᠢ ᠳᠠᠭᠠᠪᠤᠷᠢ ᠶ᠋ᠢ ᠳᠠᠭᠠᠭᠰᠠᠨ ᠬᠥᠮᠦᠨ ᠳ᠋ᠦ᠍ ᠬᠡᠮᠵᠢᠶᠡᠯᠡᠰᠢ ᠦᠭᠡᠢ ᠶᠡᠬᠡ ᠠᠯᠲᠠ ᠡᠷᠳᠡᠨᠢᠰ ᠥᠭᠭᠦᠨ᠎ᠡ ᠭᠡᠵᠦ ᠠᠮᠠᠯᠠᠭᠰᠠᠨ᠃ᠦᠨᠡᠨ ᠢ᠋ ᠬᠡᠯᠡᠬᠦ ᠳ᠋ᠦ᠍ ᠬᠠᠭᠠᠨ ᠤ᠋ ᠬᠤᠪᠢ ᠲᠠᠪᠢᠯᠠᠩ ᠬᠦᠷᠴᠦ ᠢᠷᠡᠭᠡᠳ ᠢᠩᠭᠢᠵᠦ ᠬᠡᠯᠡᠭᠰᠡᠨ ᠶᠦᠮ᠃ ᠡᠨᠡ ᠳᠠᠭᠠᠪᠤᠷᠢ ᠶ᠋ᠢ ᠳᠠᠭᠠᠵᠤ ᠴᠢᠳᠠᠪᠠᠯ ᠮᠥᠷᠥᠭᠡᠳᠦᠯ ᠦ᠋ᠨ ᠢ᠋ᠶ᠋ᠡᠨ ᠪᠦᠰᠡᠭᠦᠢ ᠲᠡᠢ ᠲᠠᠨᠢᠯᠴᠠᠨ᠎ᠠ ᠭᠡᠵᠦ ᠬᠡᠯᠡᠭᠰᠡᠨ ᠶᠦᠮ᠃
ᠶᠠᠮᠠᠷ ᠣᠨᠢᠰᠣᠭ᠎ᠠ ᠶ᠋ᠢᠨ!?
ᠵᠠ᠂ ᠪᠢ ᠴᠢᠮ᠎ᠠ ᠳ᠋ᠤ᠌ ᠬᠡᠯᠡᠶ᠎ᠡ᠃
ᠨᠢᠭᠡ ᠲᠠᠷᠢᠶᠠᠴᠢᠨ ᠭᠣᠣᠯ ᠭᠠᠲᠤᠯᠬᠤ ᠭᠡᠵᠦ ᠵᠠᠪᠢᠨ ᠳᠡᠭᠡᠷ᠎ᠡ ᠢᠷᠡᠯ᠎ᠡ᠃ ᠵᠠᠬ᠎ᠠ ᠳᠡᠭᠡᠷ᠎ᠡ ᠡᠴᠡ ᠨᠢᠭᠡ ᠦᠨᠡᠭᠡ᠂ ᠨᠢᠭᠡ ᠲᠠᠬᠢᠶ᠎ᠠ᠂ ᠰᠢᠭᠤᠳᠠᠢ ᠳᠦᠭᠦᠷᠡᠩ ᠦᠷ᠎ᠡ ᠲᠠᠷᠢᠶ᠎ᠠ ᠠᠪᠴᠢᠷᠠᠵᠠᠢ᠃ ᠭᠡᠨᠡᠳᠲᠡ ᠠᠴᠢᠭᠰᠠᠨ ᠱᠠᠯᠠᠭ᠎ᠠ ᠨᠢ ᠳᠣᠭᠣᠭᠰᠢᠯᠠᠨ ᠪᠠᠢᠪᠠ᠃ ᠲᠡᠷᠡ ᠡᠵᠡᠨ ᠦ᠌ ᠵᠠᠪᠢᠨ ᠳᠡᠭᠡᠷ᠎ᠡ ᠨᠢᠭᠡ ᠤᠳᠠᠭ᠎ᠠ ᠳ᠋ᠤ᠌ ᠨᠢᠭᠡ ᠯᠡ ᠶᠠᠭᠤᠮ᠎ᠠ ᠠᠴᠢᠬᠤ ᠪᠣᠯᠤᠮᠵᠢ ᠲᠠᠢ ᠭᠡᠨ᠎ᠡ᠃ ᠬᠣᠶᠠᠷ ᠶᠠᠭᠤᠮ᠎ᠠ ᠠᠴᠢᠪᠠᠯ ᠵᠠᠪᠢ ᠨᠢ ᠳᠠᠭᠠᠬᠤ ᠦᠭᠡᠢ ᠬᠥᠮᠥᠷᠢᠨ᠎ᠡ᠃ ᠲᠠᠷᠢᠶᠠᠴᠢᠨ ᠦᠨᠡᠭᠡ ᠲᠠᠬᠢᠶ᠎ᠠ ᠬᠣᠶᠠᠷ ᠢ᠋ ᠦᠯᠡᠳᠡᠭᠡᠬᠦ ᠪᠣᠯᠤᠮᠵᠢ ᠦᠭᠡᠢ᠃ ᠦᠨᠡᠭᠡ ᠲᠠᠬᠢᠶ᠎ᠠ ᠶ᠋ᠢ ᠪᠠᠷᠢᠭᠠᠳ ᠢᠳᠡᠴᠢᠬᠡᠨ᠎ᠡ᠃ ᠲᠡᠭᠡᠯ᠎ᠡ ᠭᠡᠳ ᠲᠠᠬᠢᠶ᠎ᠠ ᠪᠠᠨ ᠦᠷ᠎ᠡ ᠲᠠᠷᠢᠶ᠎ᠠ ᠲᠠᠢ ᠬᠠᠮᠲᠤ ᠦᠯᠡᠳᠡᠭᠡᠵᠦ ᠪᠣᠯᠬᠤ ᠦᠭᠡᠢ᠃ ᠲᠠᠬᠢᠶ᠎ᠠ ᠪᠦᠭᠦᠳᠡ ᠶ᠋ᠢ ᠢᠳᠡᠴᠢᠬᠡᠨ᠎ᠡ᠃ ᠲᠠᠷᠢᠶᠠᠴᠢᠨ ᠡᠨᠡ ᠭᠤᠷᠪᠠ ᠶ᠋ᠢ ᠶᠠᠭᠠᠬᠢᠵᠤ ᠭᠣᠣᠯ ᠤ᠋ᠨ ᠨᠥᠭᠦᠭᠡ ᠲᠠᠯ᠎ᠠ ᠳ᠋ᠤ᠌ ᠭᠠᠷᠭᠠᠭᠰᠠᠨ ᠶᠤᠮ ᠪᠣᠯ ᠠ᠋᠃
ᠪᠢ ᠮᠡᠳᠡᠬᠦ ᠶᠦᠮ ᠪᠠᠢᠨ᠎ᠠ᠃ ᠵᠠ᠂ ᠲᠡᠭᠡᠬᠦ ᠪᠡᠷ ᠨᠠᠮ᠎ᠠ ᠶ᠋ᠢ ᠬᠠᠭᠠᠨ ᠳᠡᠭᠡᠷ᠎ᠡ ᠬᠦᠷᠭᠡᠵᠦ ᠥᠭᠬᠦ ᠦᠭᠡᠢ ᠤᠤ? ᠪᠢ ᠣᠨᠢᠰᠣᠭ᠎ᠠ ᠶ᠋ᠢ ᠨᠢ ᠳᠠᠭᠠᠵᠤ ᠥᠭᠭᠦᠶ᠎ᠡ᠃ ᠠᠯᠲᠠ ᠠᠪᠪᠠᠯ ᠲᠠ ᠬᠣᠶᠠᠷ ᠲᠤ᠌ ᠪᠦᠭᠦᠳᠡ ᠶ᠋ᠢ ᠨᠢ ᠬᠤᠪᠢᠶᠠᠵᠤ ᠥᠭᠭᠦᠨ᠎ᠡ᠃
ᠬᠠᠷᠠᠭᠤᠯ ᠤ᠋ᠳ ᠭᠦᠩᠵᠦ ᠶ᠋ᠢ ᠣᠷᠳᠣᠨ ᠳ᠋ᠤ᠌ ᠳᠠᠭᠠᠭᠤᠯᠤᠨ ᠣᠷᠣᠯ᠎ᠠ᠃
ᠪᠢᠷᠨᠠᠷᠲ ᠬᠠᠭᠠᠨ ᠬᠤᠷᠳᠤᠬᠠᠨ ᠰᠢᠭ᠋ ᠬᠠᠷᠢᠭᠤᠯᠲᠠ ᠶ᠋ᠢ ᠰᠣᠨᠣᠰᠬᠤ ᠶ᠋ᠢ ᠬᠦᠰᠡᠵᠦ ᠪᠠᠢᠯ᠎ᠠ᠃
ᠲᠠᠷᠢᠶᠠᠴᠢᠨ ᠤ᠋ ᠠᠴᠢᠭᠰᠠᠨ ᠱᠠᠯᠠᠭ᠎ᠠ ᠣᠨᠢᠰᠣᠭ᠎ᠠ ᠶ᠋ᠢ ᠳᠠᠭᠠᠵᠤ ᠴᠢᠳᠠᠨ᠎ᠠ ᠭᠡᠰᠡᠨ ᠤᠤ?
ᠲᠡᠢᠮᠦ ᠠ᠋᠂ ᠦᠨᠡᠨ ᠢ᠋ ᠬᠡᠯᠡᠬᠦ ᠳ᠋ᠦ᠍ ᠡᠨᠡ ᠶᠡᠬᠡ ᠠᠮᠠᠷᠬᠠᠨ᠃
ᠲᠡᠭᠡᠪᠡᠯ ᠬᠡᠯᠡᠭᠡᠴᠢ!
ᠡᠬᠢᠯᠡᠭᠡᠳ ᠲᠠᠷᠢᠶᠠᠴᠢᠨ ᠲᠠᠬᠢᠶ᠎ᠠ ᠪᠠᠨ ᠠᠪᠴᠤ ᠭᠣᠣᠯ ᠭᠠᠲᠤᠯᠬᠤ ᠳ᠋ᠤ᠌ ᠦᠨᠡᠭᠡ ᠦᠷ᠎ᠡ ᠲᠠᠷᠢᠶ᠎ᠠ ᠬᠣᠶᠠᠷ ᠡᠷᠭᠢ ᠳᠡᠭᠡᠷ᠎ᠡ ᠦᠯᠡᠳᠡᠨ᠎ᠡ᠃
ᠳᠠᠷᠠᠭ᠎ᠠ ᠨᠢ ᠦᠨᠡᠭᠡ ᠪᠡᠨ ᠠᠪᠴᠤ ᠶᠠᠪᠤᠨ᠎ᠠ᠃ ᠦᠨᠡᠭᠡ ᠪᠡᠨ ᠭᠣᠣᠯ ᠤ᠋ᠨ ᠨᠥᠭᠦᠭᠡ ᠲᠠᠯ᠎ᠠ ᠳ᠋ᠤ᠌ ᠦᠯᠡᠳᠡᠭᠡᠳ ᠲᠠᠬᠢᠶ᠎ᠠ ᠪᠠᠨ ᠵᠠᠪᠢᠨ ᠳ᠋ᠠᠭᠠᠨ ᠰᠠᠭᠤᠯᠭᠠᠭᠠᠳ ᠪᠤᠴᠠᠭᠠᠳ ᠡᠷᠭᠢ ᠳᠡᠭᠡᠷ᠎ᠡ ᠪᠡᠨ ᠢᠷᠡᠨ᠎ᠡ᠃ ᠲᠡᠭᠡᠭᠡᠳ ᠳᠠᠷᠠᠭ᠎ᠠ ᠨᠢ ᠲᠠᠬᠢᠶ᠎ᠠ ᠪᠠᠨ ᠦᠯᠡᠳᠡᠭᠡᠭᠡᠳ ᠦᠷ᠎ᠡ ᠲᠠᠷᠢᠶ᠎ᠠ ᠪᠠᠨ ᠠᠪᠴᠤ ᠶᠠᠪᠤᠨ᠎ᠠ᠃ ᠲᠡᠭᠡᠪᠡᠯ ᠦᠨᠡᠭᠡ ᠦᠷ᠎ᠡ ᠲᠠᠷᠢᠶ᠎ᠠ ᠶ᠋ᠢ ᠢᠳᠡᠵᠦ ᠴᠢᠳᠠᠬᠤ ᠦᠭᠡᠢ᠃ ᠡᠴᠦᠰ ᠲᠦ᠋ᠨᠢ ᠲᠠᠬᠢᠶ᠎ᠠ ᠪᠠᠨ ᠠᠪᠤᠭᠠᠳ ᠢᠷᠡᠪᠡᠯ ᠡᠴᠦᠰ ᠲᠦ᠋ᠨᠢ ᠬᠡᠨ ᠢ᠋ ᠨᠢ ᠢᠳᠡᠭᠦᠯᠬᠦ ᠦᠭᠡᠢ ᠪᠡᠷ ᠭᠣᠣᠯ ᠤ᠋ᠨ ᠨᠥᠭᠦᠭᠡ ᠡᠷᠭᠢ ᠳᠡᠭᠡᠷ᠎ᠡ ᠭᠠᠷᠭᠠᠵᠤ ᠴᠢᠳᠠᠨ᠎ᠠ᠃
ᠠ!? ᠭᠠᠢᠬᠠᠯᠲᠠᠢ᠃ ᠳᠠᠭᠠᠪᠤᠷᠢ ᠶ᠋ᠢ ᠳᠠᠭᠠᠴᠢᠬᠠᠯᠠ᠃ ᠳᠠᠭᠠᠴᠢᠬᠠᠯᠠ ᠰᠢᠲᠠ᠃ ᠦᠭᠡᠢ᠂ ᠶᠠᠭᠠᠬᠢᠵᠤ ᠳᠠᠭᠠᠴᠢᠬᠠᠪᠠ!?
ᠦᠨᠡᠨ ᠢ᠋ ᠬᠡᠯᠡᠬᠦ ᠳ᠋ᠦ᠍ ᠪᠢ ᠣᠷᠳᠣᠨ ᠳ᠋ᠤ᠌ ᠪᠠᠨ ᠪᠠᠢᠬᠤ ᠳ᠋ᠤ᠌ ᠪᠠᠨ ᠮᠠᠰᠢ ᠣᠯᠠᠨ ᠣᠨᠢᠰᠣᠭ᠎ᠠ ᠳᠠᠭᠠᠪᠤᠷᠢ ᠲᠠᠢ ᠨᠣᠮ ᠤᠩᠰᠢᠳᠠᠭ ᠪᠠᠢᠭᠰᠠᠨ ᠶᠤᠮ᠃
ᠣᠷᠳᠣᠨ ᠳ᠋ᠤ᠌ ᠪᠠᠨ ᠭᠡᠨ᠎ᠡ?
ᠺᠠᠲ᠋ᠠᠷᠢᠨ ᠢᠩᠭᠢᠭᠡᠳ ᠬᠠᠨ ᠬᠦᠦ ᠳ᠋ᠦ᠍ ᠥᠪᠡᠷ ᠦ᠋ᠨ ᠠᠶᠤᠮᠰᠢᠭᠲᠤ ᠠᠮᠢᠳᠤᠷᠠᠯ ᠢ᠋ ᠶᠠᠷᠢᠵᠤ ᠥᠭᠭᠦᠯ᠎ᠡ᠃
ᠴᠢ ᠨᠣᠷᠸᠠᠢ ᠤᠯᠤᠰ ᠤ᠋ᠨ ᠭᠠᠵᠠᠷ ᠤ᠋ᠨ ᠭᠦᠩᠵᠦ ᠭᠡᠵᠦ ᠤᠤ?
ᠲᠡᠢᠮᠦ ᠠ᠋᠂ ᠡᠷᠬᠢᠮᠲᠥ ᠡᠵᠡᠨ ᠠ᠋᠃ ᠠᠴᠢ ᠶ᠋ᠢ ᠴᠢᠨᠢ ᠪᠢ ᠮᠠᠷᠲᠠᠬᠤ ᠦᠭᠡᠢ᠃ ᠡᠵᠡᠨᠲᠦ ᠤᠯᠤᠰ ᠢ᠋ᠶ᠋ᠠᠨ ᠡᠷᠭᠢᠭᠦᠯᠵᠦ ᠠᠪᠬᠤ ᠳ᠋ᠤ᠌ ᠮᠢᠨᠢ ᠲᠤᠰᠠᠯᠠᠭᠠᠴᠢ᠃ ᠲᠠᠨ ᠤ᠋ ᠴᠡᠷᠢᠭ ᠠᠷᠪᠢᠨ᠂ ᠫᠠᠨᠲ᠋ᠤ ᠬᠠᠭᠠᠨ ᠢ᠋ ᠠᠮᠠᠷᠬᠠᠨ ᠬᠥᠭᠡᠭᠡᠳ ᠶᠠᠪᠤᠭᠤᠯᠴᠢᠬᠠᠵᠤ ᠴᠢᠳᠠᠨ᠎ᠠ᠃
ᠨᠠᠮ᠎ᠠ ᠶ᠋ᠢ ᠵᠦᠭᠡᠷ ᠯᠡ ᠪᠢᠷᠨᠠᠷᠲ ᠭᠡᠵᠦ ᠳᠠᠭᠤᠳᠠ᠃ ᠲᠡᠭᠡᠭᠡᠳ ᠴᠦ᠍ ᠪᠢ ᠴᠢᠮ᠎ᠠ ᠳ᠋ᠤ᠌ ᠲᠤᠰᠠᠯᠠᠨ᠎ᠠ᠃
ᠮᠠᠷᠭᠠᠰᠢ ᠥᠷᠯᠥᠭᠡ ᠨᠢ ᠡᠷᠲᠡ ᠨᠣᠷᠸᠠᠢ ᠡᠵᠡᠨᠲᠦ ᠤᠯᠤᠰ ᠢ᠋ ᠭᠦᠨ ᠨᠣᠢᠷ ᠠ᠋ᠴᠠ ᠪᠠᠨ ᠰᠡᠷᠡᠵᠦ ᠠᠮᠵᠢᠭ᠎ᠠ ᠦᠭᠡᠢ ᠪᠠᠢᠬᠤ ᠳ᠋ᠤ᠌ ᠪᠢᠷᠨᠠᠷᠲ ᠬᠠᠭᠠᠨ ᠭᠠᠵᠠᠷ ᠤ᠋ᠨ ᠭᠦᠩᠵᠦ ᠲᠡᠢ ᠬᠠᠮᠲᠤ ᠨᠣᠷᠸᠠᠢ ᠤᠯᠤᠰ ᠤᠷᠤᠭᠤ ᠳᠠᠭᠠᠷᠢᠵᠤ ᠣᠷᠳᠣᠨ ᠢ᠋ ᠪᠤᠴᠠᠭᠠᠨ ᠠᠪᠴᠠᠢ᠃
ᠫᠠᠨᠲ᠋ᠤ ᠬᠠᠭᠠᠨ ᠣᠷᠣᠨ ᠠ᠋ᠴᠠ ᠪᠠᠨ ᠪᠣᠰᠤᠭ᠎ᠠ ᠦᠭᠡᠢ ᠪᠠᠢᠵᠤ ᠪᠠᠢᠭᠠᠳ ᠪᠠᠷᠢᠭᠳᠠᠨ ᠱᠣᠷᠣᠩ ᠳ᠋ᠤ᠌ ᠬᠣᠷᠢᠭᠳᠠᠯᠠ᠃
ᠲᠡᠭᠡᠭᠡᠳ ᠨᠣᠷᠸᠠᠢ ᠤᠯᠤᠰ ᠤ᠋ᠨ ᠬᠠᠭᠤᠴᠢᠨ ᠰᠠᠢᠳ ᠴᠡᠷᠢᠭ ᠦ᠋ᠳ ᠢ᠋ ᠨᠢ ᠪᠦᠭᠦᠳᠡ ᠶ᠋ᠢ ᠨᠢ ᠱᠣᠷᠣᠩ ᠠ᠋ᠴᠠ ᠰᠤᠯᠠᠯᠠᠯᠠ᠃
ᠭᠦᠩᠵᠦ ᠠ᠋᠂ ᠲᠠ ᠪᠢᠳᠡᠨ ᠢ᠋ ᠠᠪᠤᠷᠠᠬᠤ ᠪᠠᠷ ᠢᠷᠡᠭᠰᠡᠨ ᠶᠦᠮ ᠪᠠᠢᠨ᠎ᠠ᠃ ᠦᠭᠡᠢ᠃ ᠬᠠᠲᠤᠨ ᠬᠠᠭᠠᠨᠲᠠᠨ ᠠ᠋᠃
ᠪᠦᠷ ᠡᠷᠲᠡ ᠢᠷᠡᠵᠦ ᠴᠢᠳᠠᠭ᠎ᠠ ᠦᠭᠡᠢ ᠳ᠋ᠦ᠍ ᠠᠭᠤᠴᠢᠯᠠᠭᠠᠷᠠᠢ᠃ ᠬᠤᠪᠢ ᠲᠠᠪᠢᠯᠠᠩ ᠲᠠᠢ ᠪᠠᠨ ᠲᠡᠮᠡᠴᠡᠯᠳᠦᠭᠡᠳ ᠤᠳᠠᠴᠢᠬᠠᠯ᠎ᠠ᠃
ᠺᠠᠲ᠋ᠠᠷᠢᠨ ᠭᠦᠩᠵᠦ ᠶ᠋ᠢ ᠡᠷᠭᠢᠨ ᠢᠷᠡᠭᠰᠡᠨ ᠢ᠋ ᠳᠤᠭᠤᠯᠤᠭᠠᠳ ᠤᠯᠤᠰ ᠣᠷᠣᠨ ᠳᠠᠶᠠᠭᠠᠷ ᠢ᠋ᠶ᠋ᠠᠨ ᠪᠠᠶᠠᠷᠯᠠᠨ ᠤᠭᠲᠤᠵᠠᠢ᠃
ᠢᠩᠭᠢᠭᠡᠳ ᠺᠠᠲ᠋ᠠᠷᠢᠨ ᠭᠦᠩᠵᠦ ᠬᠠᠲᠤᠨ ᠬᠠᠭᠠᠨ ᠪᠣᠯᠤᠯ᠎ᠠ᠃
ᠨᠣᠷᠸᠠᠢ ᠶ᠋ᠢᠨ ᠬᠠᠲᠤᠨ ᠬᠠᠭᠠᠨ ᠮᠠᠨᠳᠤᠲᠤᠭᠠᠢ᠂ ᠨᠣᠷᠸᠠᠢ ᠶ᠋ᠢᠨ ᠬᠠᠲᠤᠨ ᠬᠠᠭᠠᠨ ᠮᠠᠨᠳᠤᠲᠤᠭᠠᠢ᠃
ᠺᠠᠲ᠋ᠠᠷᠢᠨ ᠬᠠᠲᠤᠨ ᠬᠠᠭᠠᠨ ᠤᠤ? ᠶᠡᠬᠡ ᠤᠬᠠᠭᠠᠨ ᠲᠠᠢ᠂ ᠪᠢ ᠬᠠᠲᠤᠨ ᠬᠠᠭᠠᠨ ᠰᠢᠭ᠋ ᠬᠥᠮᠦᠨ ᠪᠣᠯᠤᠨ᠎ᠠ᠃
ᠨᠢᠳᠦᠨ ᠰᠢᠯ ᠲᠡᠢ ᠭᠦᠩᠵᠦ ᠤᠤ? ᠮᠡᠳᠡᠭᠡᠵᠢ ᠰᠠᠢᠨ ᠪᠠᠢᠯᠭᠦᠢ ᠶᠠᠭᠠᠬᠢᠬᠤᠪ᠃
ᠺᠠᠲ᠋ᠠᠷᠢᠨ ᠬᠠᠲᠤᠨ ᠬᠠᠭᠠᠨ ᠮᠠᠨᠳᠤᠲᠤᠭᠠᠢ᠃
ᠺᠠᠲ᠋ᠠᠷᠢᠨ ᠬᠠᠲᠤᠨ ᠬᠠᠭᠠᠨ
ᠺᠠᠲ᠋ᠠᠷᠢᠨ ᠬᠠᠲᠤᠨ ᠬᠠᠭᠠᠨ ᠰᠠᠢᠬᠠᠨ ᠰᠡᠳᠬᠢᠯ ᠲᠡᠢ ᠤᠳᠤᠷᠢᠳᠤᠭᠴᠢ ᠪᠣᠯᠵᠤ ᠨᠣᠷᠸᠠᠢ ᠤᠯᠤᠰ ᠤ᠋ᠨ ᠢ᠋ᠶ᠋ᠠᠨ ᠪᠦᠬᠦ ᠬᠥᠮᠦᠰ ᠦ᠋ᠨ ᠬᠠᠢᠷ᠎ᠠ ᠶ᠋ᠢ ᠲᠠᠲᠠᠵᠤ ᠴᠢᠳᠠᠭᠰᠠᠨ ᠶᠤᠮ᠃ ᠤᠳᠠᠯ ᠦᠭᠡᠢ ᠬᠠᠪᠤᠷ ᠪᠣᠯᠵᠤ ᠺᠠᠲ᠋ᠠᠷᠢᠨ ᠬᠠᠲᠤᠨ ᠬᠠᠭᠠᠨ ᠪᠢᠷᠨᠠᠷᠲ ᠬᠠᠭᠠᠨ ᠲᠠᠢ ᠭᠡᠷᠯᠡᠵᠦ ᠡᠵᠡᠨᠲᠦ ᠤᠯᠤᠰ ᠲᠤ᠌ ᠬᠥᠯ ᠲᠡᠢ ᠨᠠᠢᠷ ᠨᠠᠭᠠᠳᠤᠮ ᠪᠣᠯᠤᠭᠰᠠᠨ ᠶᠤᠮ᠃
ᠴᠢ ᠦᠨᠡᠬᠡᠷ ᠬᠥᠭᠡᠷᠦᠬᠦᠢ ᠶᠦᠮ ᠠ᠋᠃
ᠴᠢᠮ᠎ᠠ ᠶ᠋ᠢ ᠬᠡᠨ ᠭᠡᠳᠡᠭ ᠤᠤ?
ᠢᠩᠭᠢᠬᠦ ᠳ᠋ᠦ᠍ ᠨᠠᠳᠠ ᠲᠠᠢ᠂᠂᠂᠂
ᠬᠡᠷᠡᠭ ᠦᠭᠡᠢ᠃
ᠬᠡᠷᠡᠭ ᠦᠭᠡᠢ ᠭᠡᠨ᠎ᠡ᠃ ᠶᠠᠮᠠᠷ ᠰᠣᠳᠣᠨ ᠨᠡᠷ᠎ᠡ ᠪᠣᠢ? ᠲᠡᠢᠮᠦ ᠪᠠᠢᠭ᠎ᠠ ᠪᠢᠵᠡ ᠳᠡ?
ᠬᠦᠢ᠂ ᠬᠡᠷᠡᠭ ᠦᠭᠡᠢ᠃ ᠬᠠᠮᠢᠭ᠎ᠠ ᠣᠴᠢᠬᠤ ᠭᠡᠵᠦ ᠪᠠᠢᠭ᠎ᠠ ᠶᠤᠮ ᠪᠣᠢ?
ᠬᠠ ᠬᠠ ᠬᠠ
ᠢᠩᠭᠢᠭᠡᠳ ᠭᠦᠩᠵᠦ ᠳᠠᠭᠠᠵᠤ ᠪᠠᠢᠭᠰᠠᠨ ᠬᠤᠪᠢ ᠲᠠᠪᠢᠯᠠᠩ ᠳᠠᠬᠢᠵᠤ ᠢᠷᠡᠭᠡ ᠦᠭᠡᠢ ᠭᠡᠳᠡᠭ᠃
ᠭᠦᠩᠵᠦ ᠥᠪᠡᠷ ᠦ᠋ᠨ ᠵᠠᠮ ᠢ᠋ ᠰᠣᠩᠭᠣᠵᠤ ᠬᠤᠪᠢ ᠲᠠᠪᠢᠯᠠᠩ ᠢ᠋ᠶ᠋ᠠᠨ ᠬᠥᠮᠦᠨ ᠥᠪᠡᠷ ᠢ᠋ᠶ᠋ᠡᠨ ᠰᠣᠩᠭᠣᠳᠠᠭ ᠢ᠋ ᠪᠠᠲᠤᠯᠠᠭᠰᠠᠨ ᠶᠤᠮ᠃
ᠦᠰᠦᠭ ᠠᠮᠢᠯᠠᠭᠤᠯᠤᠭᠴᠢ᠄ ᠰᠣᠯᠣᠩᠭᠤᠸ᠎ᠠ ᠂ ᠠᠰᠬ᠎ᠠ
ᠦᠰᠦᠭ ᠬᠢᠨᠠᠭᠴᠢ᠄ ᠭᠠᠷᠮ᠎ᠠ ᠢᠷᠡᠭᠡᠳᠦᠢ
