ᠳᠡᠭᠡᠳᠦ ᠰᠢᠯᠭᠠᠯᠲᠠ ᠳ᠋ᠤ᠌ ᠣᠷᠣᠯᠴᠠᠬᠤ ᠰᠤᠷᠤᠭᠴᠢᠳ ᠲᠤ᠌- ᠳᠣᠷᠵᠢДээд шалгалтад оролцох сурагсидад-Дорж ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠭᠡᠳᠦ ᠰᠢᠯᠭᠠᠯᠲᠠ ᠳ᠋ᠤ᠌ ᠣᠷᠣᠯᠴᠠᠬᠤ ᠰᠤᠷᠤᠭᠴᠢᠳ ᠲᠤ᠌- ᠳᠣᠷᠵᠢДээд шалгалтад оролцох сурагсидад-Дорж

ᠳᠡᠭᠡᠳᠦ ᠰᠢᠯᠭᠠᠯᠲᠠ ᠳ᠋ᠤ᠌ ᠣᠷᠣᠯᠴᠠᠬᠤ ᠰᠤᠷᠤᠭᠴᠢᠳ ᠲᠤ᠌- ᠳᠣᠷᠵᠢДээд шалгалтад оролцох сурагсидад-Дорж

2026-06-07

1315

ᠳᠡᠭᠡᠳᠦ ᠰᠢᠯᠭᠠᠯᠲᠠ ᠳ᠋ᠤ᠌ ᠣᠷᠣᠯᠴᠠᠬᠤ ᠰᠤᠷᠤᠭᠴᠢᠳ ᠲᠤ᠌ 

              
                   ᠵᠣᠬᠢᠶᠠᠭᠴᠢ ᠄ ᠳᠣᠷᠵᠢ 
                   ᠤᠶᠠᠩᠭᠠᠯᠠᠭᠴᠢ ᠄ ᠠᠰᠯᠢᠰ 

ᠳᠡᠭᠡᠳᠦ ᠰᠢᠯᠭᠠᠯᠲᠠ ᠳ᠋ᠤ᠌ ᠣᠷᠣᠯᠴᠠᠬᠤ ᠭᠡᠵᠦ ᠪᠠᠢᠭ᠎ᠠ ᠰᠤᠷᠤᠭᠴᠢ ᠨᠥᠬᠥᠳ ᠠ᠋:
       ᠬᠠᠲᠠᠭᠤ ᠰᠢᠷᠭᠠᠭᠤ ᠭᠤᠷᠪᠠᠨ ᠵᠢᠯ ᠦ᠋ᠨ ᠰᠤᠷᠤᠯᠴᠠᠯᠭ᠎ᠠ ᠬᠠᠮᠤᠭ ᠤ᠋ᠨ ᠡᠴᠦᠰ ᠦ᠋ᠨ ᠰᠢᠪᠲᠤᠯᠤᠯᠲᠠ ᠶ᠋ᠢᠨ ᠴᠠᠭ ᠲᠤ᠌ ᠪᠠᠨ ᠬᠦᠷᠴᠦ ᠢᠷᠡᠯ᠎ᠡ᠃ᠲᠠ ᠪᠦᠬᠦᠨ ᠳ᠋ᠦ᠍ ᠪᠡᠨ ᠳᠡᠭᠡᠳᠦ ᠰᠢᠯᠭᠠᠯᠲᠠ ᠶ᠋ᠢᠨ ᠥᠨᠳᠥᠷ ᠠᠮᠵᠢᠯᠲᠠ ᠬᠦᠰᠡᠬᠦ ᠶ᠋ᠢᠨ ᠬᠠᠮᠲᠤ ᠤᠷᠮ᠎ᠠ ᠬᠠᠢᠷᠠᠯᠠᠵᠤ ᠬᠡᠳᠦᠨ ᠦᠭᠡ ᠶᠠᠷᠢᠮᠠᠷ ᠪᠠᠢᠨ᠎ᠠ᠃
ᠪᠡᠯᠡᠳᠬᠡᠯ ᠲᠡᠢ ᠪᠣᠯ ᠵᠠᠪᠰᠢᠶᠠᠨ ᠲᠠᠢ᠂ᠢᠲᠡᠭᠡᠯ ᠲᠡᠢ ᠪᠣᠯ ᠠᠮᠵᠢᠯᠲᠠ ᠲᠠᠢ ᠭᠡᠳᠡᠭ᠃ᠭᠤᠷᠪᠠᠨ ᠵᠢᠯ ᠦ᠋ᠨ ᠲᠤᠷᠰᠢ ᠪᠠᠭᠰᠢ ᠰᠤᠷᠤᠭᠴᠢ ᠬᠠᠮᠲᠤ ᠪᠠᠷ ᠢ᠋ᠶ᠋ᠠᠨ ᠦᠢᠯᠡ ᠪᠡᠨ ᠦᠵᠡᠵᠦ ᠦᠰᠦ ᠪᠡᠨ ᠲᠡᠭᠦᠵᠦ ᠣᠶᠤᠲᠠᠨ ᠪᠣᠯᠬᠤ ᠪᠡᠯᠡᠳᠬᠡᠯ ᠬᠢᠯ᠎ᠡ᠃ᠣᠳᠣ ᠪᠡᠯᠡᠬᠡᠨ ᠪᠣᠯᠤᠭᠰᠠᠨ ᠠ᠋ᠴᠠ ᠳᠡᠭᠡᠳᠦ ᠰᠢᠯᠭᠠᠯᠲᠠ ᠳ᠋ᠤ᠌ ᠣᠷᠣᠯᠴᠠᠬᠤ ᠵᠠᠪᠰᠢᠶᠠᠨ ᠲᠠᠢ ᠪᠣᠯᠤᠯ᠎ᠠ᠃ᠥᠪᠡᠷ ᠦ᠋ᠨ ᠮᠡᠳᠡᠯᠭᠡ ᠪᠡᠨ ᠰᠣᠷᠢᠵᠤ ᠴᠢᠳᠠᠪᠤᠷᠢ ᠪᠠᠨ ᠰᠢᠯᠭᠠᠬᠤ ᠵᠠᠩᠭᠢᠯᠠᠭ᠎ᠠ ᠶ᠋ᠢᠨ ᠴᠠᠭ ᠨᠡᠷ᠎ᠡ ᠪᠡᠨ ᠮᠠᠨᠳᠤᠭᠤᠯᠵᠤ ᠨᠢᠳᠡᠷ ᠢ᠋ᠶ᠋ᠡᠨ ᠭᠠᠢᠬᠠᠭᠤᠯᠬᠤ ᠠᠵᠠ ᠶ᠋ᠢᠨ ᠮᠥᠴᠡ ᠬᠦᠷᠦᠭᠡᠳ ᠢᠷᠡᠯ᠎ᠡ᠃《ᠪᠢ ᠪᠣᠯᠤᠨ᠎ᠠ》 ᠭᠡᠰᠡᠨ ᠢᠲᠡᠭᠡᠯ ᠪᠠᠢᠪᠠᠯ《ᠴᠢ ᠦᠨᠡᠨ ᠪᠣᠯᠵᠤ ᠪᠠᠢᠨ᠎ᠠ》 ᠭᠡᠰᠡᠨ ᠱᠠᠩᠨᠠᠯ ᠢ᠋ᠶ᠋ᠠᠷ ᠥᠪᠡᠷ ᠢ᠋ ᠪᠡᠨ ᠮᠢᠯᠢᠶᠠᠯᠭᠠᠬᠤ ᠨᠢ ᠯᠠᠪᠲᠠᠢ᠃
     ᠪᠠᠴᠢᠮᠳᠠᠪᠠᠯ ᠪᠠᠯᠠᠷᠠᠨ᠎ᠠ ᠰᠠᠨᠳᠤᠷᠪᠠᠯ ᠰᠠᠭᠠᠷᠠᠨ᠎ᠠ ᠭᠡᠳᠡᠭ᠃ᠪᠢᠳᠡ ᠲᠣᠭ᠎ᠠ ᠲᠣᠮᠰᠢ ᠦᠭᠡᠢ ᠰᠣᠷᠢᠯᠲᠠ ᠰᠢᠯᠭᠠᠯᠲᠠ ᠶ᠋ᠢ ᠳᠠᠮᠵᠢᠭᠠᠳ ᠳᠡᠭᠡᠳᠦ ᠰᠢᠯᠭᠠᠯᠲᠠ ᠭᠡᠭᠴᠢ ᠶᠠᠮᠠᠷ ᠰᠢᠦ ᠶᠠᠭᠤᠮ᠎ᠠ ᠶᠠᠮᠠᠷ ᠰᠢᠦ ᠬᠡᠯᠪᠡᠷᠢ ᠲᠡᠢ᠂ᠶᠠᠮᠠᠷ ᠶᠠᠮᠠᠷ ᠮᠡᠳᠡᠯᠭᠡ ᠶ᠋ᠢᠨ ᠴᠠᠭ ᠲᠠᠢ ᠬᠣᠯᠪᠣᠭᠳᠠᠳᠠᠭ ᠢ᠋ ᠨᠢᠭᠡᠨᠲᠡ ᠮᠡᠳᠡᠴᠢᠬᠡᠭᠰᠡᠨ᠃ᠳᠡᠭᠡᠳᠦ ᠰᠢᠯᠭᠠᠯᠲᠠ ᠳ᠋ᠤ᠌ ᠣᠷᠣᠯᠴᠠᠬᠤ ᠨᠢ ᠰᠣᠷᠢᠯᠲᠠ ᠰᠡᠳᠦᠪ ᠭᠦᠢᠴᠡᠳᠬᠡᠭᠰᠡᠨ ᠲᠡᠢ ᠠᠳᠠᠯᠢ᠂ᠴᠢᠨᠠᠭᠰᠢᠯᠠᠪᠠᠯ ᠨᠡᠩ ᠨᠠᠮᠵᠢᠭᠤᠨ ᠲᠣᠭᠲᠠᠭᠤᠨ ᠣᠷᠴᠢᠨ ᠠᠬᠤᠢ ᠳ᠋ᠤ᠌ ᠴᠢᠳᠠᠯ ᠴᠢᠳᠠᠪᠤᠷᠢ ᠪᠠᠨ ᠨᠡᠩ ᠰᠠᠢᠨ᠂ᠬᠡᠳᠦ ᠰᠠᠢᠨ ᠳ᠋ᠤ᠌ ᠬᠦᠷᠭᠡᠵᠦ ᠰᠠᠨᠠᠭᠠᠨ ᠠ᠋ᠴᠠ ᠭᠠᠳᠠᠭᠤᠷ ᠬᠢᠷᠢ ᠪᠦᠲᠦᠮᠵᠢ ᠣᠯᠬᠤ ᠪᠣᠯᠤᠮᠵᠢ ᠲᠠᠢ ᠪᠠᠢᠳᠠᠭ᠃ᠡᠢᠮᠦ  ᠡᠴᠡ ᠠᠶᠤᠵᠤ ᠰᠣᠴᠢᠬᠤ ᠬᠡᠷᠡᠭ ᠦᠭᠡᠢ᠂ᠪᠠᠴᠢᠮᠳᠠᠪᠠᠯ ᠪᠠᠯᠠᠷᠠᠨ᠎ᠠ᠂ᠮᠡᠳᠡᠳᠡᠭ ᠢ᠋ᠶ᠋ᠡᠨ ᠴᠦ᠍ ᠮᠠᠷᠲᠠᠨ᠎ᠠ᠃ᠰᠠᠨᠳᠤᠷᠴᠤ ᠵᠣᠪᠠᠬᠤ ᠴᠢᠬᠤᠯᠠ ᠦᠭᠡᠢ᠂ᠰᠠᠨᠳᠤᠷᠪᠠᠯ ᠰᠠᠭᠠᠷᠠᠨ᠎ᠠ᠂ᠴᠢᠳᠠᠬᠤ ᠪᠠᠨ ᠴᠤ᠌ ᠴᠢᠳᠠᠬᠤ ᠦᠭᠡᠢ ᠪᠣᠯᠤᠨ᠎ᠠ᠃
ᠠᠷᠭ᠎ᠠ ᠲᠠᠢ ᠬᠥᠮᠦᠨ ᠠᠮᠵᠢᠯᠲᠠ ᠠ᠋ᠴᠠ ᠣᠢᠷ᠎ᠠ᠂ᠠᠷᠭ᠎ᠠ ᠦᠭᠡᠢ ᠬᠥᠮᠦᠨ ᠢᠯᠠᠭᠳᠠᠯ ᠠ᠋ᠴᠠ ᠣᠢᠷ᠎ᠠ ᠭᠡᠳᠡᠭ᠃ᠶᠠᠮᠠᠷ ᠠᠵᠢᠯ ᠬᠢᠭᠰᠡᠨ ᠴᠦ᠍ ᠠᠷᠭ᠎ᠠ ᠴᠢᠬᠤᠯᠠ᠃ᠶᠠᠮᠠᠷ ᠮᠠᠶᠢᠭ ᠤ᠋ᠨ ᠰᠡᠳᠦᠪ ᠢ᠋ ᠶᠠᠭᠠᠬᠢᠵᠤ ᠭᠦᠢᠴᠡᠳᠬᠡᠬᠦ ᠠᠷᠭ᠎ᠠ ᠶ᠋ᠢ ᠨᠢ ᠣᠯᠴᠢᠬᠠᠪᠠᠯ ᠠᠯᠢᠪᠠ ᠪᠦᠬᠦᠨ ᠢᠯᠭᠤᠮ ᠰᠢᠯᠤᠭᠤᠨ ᠪᠣᠯᠵᠤ᠂ᠵᠥᠪ ᠠᠷᠭ᠎ᠠ ᠪᠠᠷ ᠢ᠋ᠶ᠋ᠠᠨ ᠣᠨᠣᠪᠴᠢᠲᠠᠢ ᠳ᠋ᠦᠩ ᠢ᠋ ᠣᠯᠤᠨ᠎ᠠ᠃ᠠᠷᠭ᠎ᠠ ᠶ᠋ᠢᠨ ᠬᠤᠪᠢ ᠳ᠋ᠤ᠌ ᠦᠬᠦᠮᠡᠯ ᠬᠡᠪᠰᠢᠮᠡᠯ ᠡᠴᠡ ᠵᠠᠢᠯᠠᠵᠤ᠂ᠤᠶᠠᠨ ᠬᠠᠳᠠᠨ ᠠᠮᠢᠳᠤᠯᠢᠭ ᠪᠠᠢᠬᠤ ᠶ᠋ᠢ ᠪᠠᠲᠤᠯᠠᠨ᠂ᠰᠡᠳᠬᠢᠬᠦᠢ ᠪᠡᠨ ᠬᠤᠷᠴᠠ ᠰᠡᠷᠭᠡᠭ᠂ᠤᠷᠮ᠎ᠠ ᠰᠡᠳᠬᠢᠯᠭᠡ ᠪᠡᠨ ᠴᠣᠭ ᠵᠢᠪᠬᠤᠭᠠᠯᠢᠭ᠂ᠲᠠᠷᠢᠬᠢ ᠲᠣᠯᠣᠭᠠᠢ ᠪᠠᠨ ᠰᠡᠴᠡᠨ ᠰᠡᠷᠭᠦᠯᠡᠩ ᠪᠠᠢᠯᠭᠠᠬᠤ ᠬᠡᠷᠡᠭᠲᠡᠢ᠃
     ᠶᠡᠬᠡ ᠰᠠᠨᠠᠭᠰᠠᠨ ᠠᠭᠤᠯᠠᠨ ᠳ᠋ᠤ᠌ ᠭᠥᠷᠥᠭᠡᠰᠦ ᠦᠭᠡᠢ᠂ᠢᠬᠡᠷ᠎ᠡ ᠰᠠᠨᠠᠭᠰᠠᠨ ᠢᠮᠠᠭᠠᠨ ᠳ᠋ᠤ᠌ ᠢᠰᠢᠭᠡ ᠦᠭᠡᠢ ᠭᠡᠳᠡᠭ᠃ᠪᠢᠳᠡ ᠰᠢᠯᠭᠠᠯᠲᠠ ᠶ᠋ᠢᠨ ᠲᠠᠯᠠᠪᠤᠷ ᠲᠤ᠌《ᠥᠨᠥᠳᠥᠷ ᠨᠢᠭᠡ ᠥᠨᠳᠥᠷ ᠬᠤᠪᠢ ᠣᠯᠤᠶ᠎ᠠ》᠂《ᠰᠢᠯᠢᠳᠡᠭ ᠪᠦᠲᠦᠮᠵᠢ ᠭᠠᠷᠭᠠᠶ᠎ᠠ》 ᠭᠡᠰᠡᠨ ᠪᠣᠳᠣᠯ᠂ᠳᠠᠷᠤᠭᠠᠰᠤ ᠲᠠᠢ ᠪᠠᠢᠵᠤ ᠪᠣᠯᠳᠠᠭ ᠦᠭᠡᠢ᠂ᠬᠠᠷᠢᠨ ᠶᠠᠮᠠᠷ ᠴᠤ᠌ ᠳᠠᠷᠤᠭᠠᠰᠤ ᠦᠭᠡᠢ᠂ᠰᠡᠳᠬᠢᠯ ᠰᠠᠨᠠᠭ᠎ᠠ ᠠᠭᠤᠵᠢᠮ ᠲᠡᠨᠢᠭᠦᠨ ᠢ᠋ᠶ᠋ᠡᠷ ᠴᠢᠳᠠᠬᠤ ᠵᠦᠢᠯ ᠢ᠋ᠶ᠋ᠡᠨ ᠤᠷᠢᠳ ᠢ᠋ᠶ᠋ᠠᠷ ᠭᠦᠢᠴᠡᠳᠬᠡᠵᠦ᠂ᠴᠢᠳᠠᠬᠤ ᠦᠭᠡᠢ ᠪᠤᠶᠤ ᠲᠣᠳᠣ ᠦᠭᠡᠢ ᠵᠦᠢᠯ ᠢ᠋ᠶ᠋ᠡᠨ ᠤᠷᠢᠳ ᠢ᠋ᠶ᠋ᠠᠷ ᠬᠠᠶᠠᠭᠠᠳ᠂ᠴᠢᠳᠠᠬᠤ ᠪᠠᠨ ᠳᠠᠭᠤᠰᠬᠠᠭᠰᠠᠨ ᠬᠣᠢᠨ᠎ᠠ ᠳᠠᠬᠢᠨ ᠲᠡᠳᠡᠭᠡᠷ ᠰᠡᠳᠦᠪ ᠢ᠋ᠶ᠋ᠡᠨ ᠪᠣᠳᠣᠯᠬᠢᠯᠠᠨ᠎ᠠ᠃ᠢᠯᠠᠩᠭᠤᠶ᠎ᠠ ᠶᠡᠬᠡ ᠬᠤᠪᠢ ᠲᠠᠢ ᠰᠡᠳᠦᠪ ᠢ᠋ ᠭᠦᠢᠴᠡᠳᠬᠡᠨ᠎ᠡ ᠭᠡᠳ ᠴᠠᠭ ᠢ᠋ᠶ᠋ᠠᠨ ᠲᠠᠯᠠᠭᠠᠷ ᠰᠦᠢᠳᠬᠡᠬᠦ ᠡᠴᠡ ᠬᠢᠴᠢᠶᠡᠬᠦ ᠬᠡᠷᠡᠭᠲᠡᠢ᠃ᠡᠰᠡᠪᠡᠯ ᠶᠡᠬᠡ ᠰᠠᠨᠠᠭ᠎ᠠ ᠨᠢ ᠬᠡᠢ ᠰᠠᠨᠠᠭ᠎ᠠ ᠪᠣᠯᠵᠤ᠂ᠳᠥᠬᠥᠮᠬᠡᠨ ᠬᠢᠯᠪᠠᠷᠬᠠᠨ ᠰᠡᠳᠦᠪ ᠢ᠋ᠶ᠋ᠡᠨ ᠴᠦ᠍ ᠬᠢᠬᠦ ᠴᠠᠭ ᠦᠭᠡᠢ᠂ᠣᠯᠪᠠᠰᠤ ᠵᠣᠬᠢᠬᠤ ᠬᠤᠪᠢ ᠪᠠᠨ ᠴᠤ᠌ ᠣᠯᠵᠤ ᠳᠡᠢᠯᠬᠦ ᠦᠭᠡᠢ᠂ᠠᠭᠤᠯᠠ ᠶ᠋ᠢᠨ ᠪᠤᠭᠤ ᠬᠠᠷᠠᠵᠤ ᠤᠨᠤᠭᠰᠠᠨ ᠪᠤᠬ᠎ᠠ ᠪᠠᠨ ᠬᠠᠶᠠᠭᠰᠠᠨ ᠤᠴᠢᠷ ᠪᠣᠯᠤᠨ᠎ᠠ᠃
     ᠵᠠ ᠲᠡᠭᠡᠭᠡᠳ ᠰᠢᠯᠭᠠᠯᠲᠠ ᠳ᠋ᠤ᠌ ᠣᠷᠣᠯᠴᠠᠬᠤ ᠲᠤᠬᠠᠢ ᠰᠠᠨᠠᠭᠤᠯᠭ᠎ᠠ ᠶ᠋ᠢ ᠠᠩᠭᠢ ᠶ᠋ᠢᠨ ᠪᠠᠭᠰᠢ ᠴᠤ᠌ ᠠᠯᠢ ᠡᠷᠲᠡ ᠬᠡᠯᠡᠴᠢᠬᠡᠭᠰᠡᠨ ᠪᠠᠢᠬ᠎ᠠ᠂ᠪᠢ ᠵᠥᠪᠬᠡᠨ ᠨᠤᠷᠰᠢᠭᠰᠠᠨ ᠲᠡᠳᠦᠢ᠃ᠢᠩᠭᠢᠭᠡᠳ ᠲᠠ ᠪᠦᠬᠦᠨ ᠳ᠋ᠦ᠍ ᠪᠡᠨ ᠥᠪᠡᠷ ᠦ᠋ᠨ ᠵᠣᠬᠢᠶᠠᠭᠰᠠᠨ《ᠠᠮᠢᠳᠤᠷᠠᠯ ᠢᠨᠢᠶᠡᠳᠦ 》ᠭᠡᠳᠡᠭ ᠰᠢᠯᠦᠭ ᠡᠴᠡ ᠪᠡᠨ ᠡᠷᠭᠦᠨ ᠪᠠᠷᠢᠶ᠎ᠠ᠃ᠵᠢᠭᠠᠬᠠᠨ ᠴᠤ᠌ ᠪᠣᠯᠤᠭ ᠲᠤᠰᠠ ᠪᠣᠯᠬᠤ ᠪᠣᠯᠲᠤᠭᠠᠢ !

       ᠠᠮᠢᠳᠤᠷᠠᠯ ᠢᠨᠢᠶᠡᠳᠦ 

ᠠᠮᠢᠳᠤᠷᠠᠯ ᠳ᠋ᠤ᠌ ᠬᠦᠴᠢᠷ ᠪᠠᠢᠭᠰᠠᠨ ᠴᠤ᠌
ᠠᠯᠠᠭ ᠱᠠᠭᠠᠵᠠᠭᠠᠢ ᠰᠢᠭ᠋ ᠱᠠᠭᠰᠢᠵᠤ ᠢᠨᠢᠶᠡ
ᠠᠮᠢᠳᠤᠷᠠᠯ ᠳ᠋ᠤ᠌ ᠪᠡᠷᠬᠡ ᠲᠤᠯᠭᠠᠷᠠᠭᠰᠠᠨ ᠴᠤ᠌
ᠠᠯᠲᠠᠨ ᠭᠤᠷᠭᠤᠤᠯᠳᠠᠢ ᠰᠢᠭ᠋ ᠳᠣᠩᠭᠣᠳᠴᠤ ᠢᠨᠢᠶᠡ
ᠠᠮᠢᠳᠤᠷᠠᠯ ᠳ᠋ᠤ᠌ ᠰᠠᠭᠠᠳ ᠤᠴᠠᠷᠠᠭᠰᠠᠨ ᠴᠤ᠌
ᠠᠵᠢᠨᠠᠢ ᠬᠦᠯᠦᠭ ᠰᠢᠭ ᠦᠦᠷᠰᠡᠵᠦ ᠢᠨᠢᠶᠡ
ᠠᠮᠢᠳᠤᠷᠠᠯ ᠬᠠᠷᠰᠢ ᠲᠠᠢ ᠵᠣᠯᠭᠠᠭᠰᠠᠨ ᠴᠤ᠌
ᠠᠪᠤᠷᠭᠤ ᠪᠦᠷᠭᠦᠳ ᠰᠢᠭ ᠲᠠᠭᠰᠢᠵᠤ ᠢᠨᠢᠶᠡ

ᠠᠮᠢᠳᠤᠷᠠᠯ ᠳ᠋ᠤ᠌ ᠴᠢ ᠢᠨᠢᠶᠡᠵᠦ ᠬᠠᠨᠳᠤᠪᠠᠯ
ᠠᠵᠠ ᠵᠢᠷᠭᠠᠯ ᠢᠨᠢᠶᠡᠵᠦ ᠢᠷᠡᠨ᠎ᠡ
ᠠᠮᠢᠳᠤᠷᠠᠯ ᠢ᠋ ᠴᠢ ᠢᠨᠢᠶᠡᠵᠦ ᠥᠩᠭᠡᠷᠡᠭᠡᠪᠡᠯ
ᠠᠮᠵᠢᠯᠲᠠ ᠪᠦᠲᠦᠭᠡᠯ ᠢᠨᠢᠶᠡᠵᠦ ᠮᠢᠯᠢᠶᠠᠨ᠎ᠠ
ᠠᠮᠢᠳᠤᠷᠠᠯ ᠢ᠋ᠶ᠋ᠠᠨ ᠴᠢ ᠢᠨᠢᠶᠡᠵᠦ ᠣᠢᠯᠠᠭᠠᠪᠠᠯ
ᠠᠯᠢᠪᠠ ᠪᠦᠬᠦᠨ ᠢᠨᠢᠶᠡᠵᠦ ᠭᠡᠢᠭᠦᠯᠦᠨ᠎ᠡ᠃
ᠠᠮᠢᠳᠤᠷᠠᠯ ᠢ᠋ᠶ᠋ᠠᠨ ᠴᠢ ᠢᠨᠢᠶᠡᠵᠦ ᠲᠤᠭᠤᠯᠪᠠᠯ
ᠠᠵᠤ ᠦᠢᠯᠡᠰ ᠢᠨᠢᠶᠡᠵᠦ ᠪᠣᠰᠤᠨ᠎ᠠ

ᠠᠮᠢᠳᠤᠷᠠᠯ ᠢ᠋ ᠴᠢ ᠵᠣᠪᠠᠭᠤᠷᠢ ᠭᠡᠵᠦ ᠪᠣᠳᠣᠪᠠᠯ
ᠡᠨᠡ ᠬᠣᠷᠸ᠎ᠠ ᠭᠤᠨᠢᠭ ᠴᠤ᠌ ᠳᠦᠭᠦᠷᠡᠩ
ᠠᠮᠢᠳᠤᠷᠠᠯ ᠢ᠋ ᠵᠦᠳᠡᠭᠦᠷᠢ ᠭᠡᠵᠦ ᠰᠠᠨᠠᠪᠠᠯ
ᠡᠨᠡ ᠶᠢᠷᠲᠢᠨᠴᠦ ᠤᠢᠳᠬᠠᠷ ᠢ᠋ᠶ᠋ᠠᠷ ᠳᠦᠭᠦᠷᠡᠩ
ᠠᠮᠢᠳᠤᠷᠠᠯ ᠢ᠋ ᠴᠢ ᠬᠠᠯᠠ ᠭᠡᠵᠦ ᠦᠵᠡᠪᠡᠯ
ᠡᠨᠡ ᠣᠷᠴᠢᠯᠠᠩ ᠬᠠᠷᠠᠮᠰᠠᠯ ᠢ᠋ᠶ᠋ᠠᠷ ᠳᠦᠭᠦᠷᠡᠩ
ᠠᠮᠢᠳᠤᠷᠠᠯ ᠢ᠋ ᠴᠢ ᠬᠠᠳᠠ ᠭᠡᠵᠦ ᠲᠥᠰᠦᠭᠡᠯᠡᠪᠡᠯ
ᠡᠨᠡ ᠽᠠᠮᠪᠤᠯᠢᠩ ᠬᠠᠭᠠᠴᠠᠯ ᠢ᠋ᠶ᠋ᠠᠷ ᠳᠦᠭᠦᠷᠡᠩ

ᠠᠮᠢᠳᠤᠷᠠᠯ ᠢᠨᠢᠶᠡᠳᠦ ᠬᠣᠶᠠᠷ ᠢᠬᠡᠷ᠎ᠡ ᠲᠥᠷᠥᠭᠰᠡᠨ ᠠᠬ᠎ᠠ ᠳᠡᠭᠦᠦ
ᠠᠮᠢᠳᠤᠷᠠᠯ ᠢᠨᠢᠶᠡᠳᠦ ᠬᠣᠶᠠᠷ ᠢᠵᠢᠯᠢ ᠮᠡᠨᠳᠦᠯᠡᠭᠰᠡᠨ ᠡᠭᠡᠴᠢ ᠳᠡᠭᠦᠦ
ᠠᠮᠢᠳᠤᠷᠠᠯ ᠢᠨᠢᠶᠡᠳᠦ ᠬᠣᠶᠠᠷ ᠬᠣᠣᠰ ᠵᠠᠶᠠᠭᠠᠭᠰᠠᠨ ᠬᠤᠪᠢ ᠪᠠᠷᠢᠯᠳᠤᠯᠭ᠎ᠠ
ᠠᠮᠢᠳᠤᠷᠠᠯ ᠢᠨᠢᠶᠡᠳᠦ ᠬᠣᠶᠠᠷ ᠵᠦᠢᠷᠡᠢ ᠲᠣᠭᠲᠠᠭᠰᠠᠨ ᠵᠠᠶᠠᠭ᠎ᠠ ᠲᠠᠪᠢᠯᠠᠩ
ᠠᠮᠢᠳᠤᠷᠠᠯ ᠢᠨᠢᠶᠡᠳᠦ ᠬᠣᠶᠠᠷ ᠰᠡᠳᠬᠢᠯ ᠡᠴᠡ ᠣᠨᠳᠣᠷᠤᠭᠰᠠᠨ ᠪᠠᠶᠠᠷ ᠪᠠᠶᠠᠰᠤᠯ
ᠠᠮᠢᠳᠤᠷᠠᠯ ᠢᠨᠢᠶᠡᠳᠦ ᠬᠣᠶᠠᠷ ᠬᠠᠢᠷ᠎ᠠ ᠪᠠᠷ ᠳᠡᠯᠭᠡᠷᠡᠭᠰᠡᠨ ᠴᠡᠴᠡᠭ ᠨᠠᠪᠴᠢ
ᠠᠮᠢᠳᠤᠷᠠᠯ ᠢᠨᠢᠶᠡᠳᠦ ᠬᠣᠶᠠᠷ ᠠᠯᠤᠰ ᠢ᠋ ᠪᠠᠷᠠᠯᠠᠭᠰᠠᠨ ᠢᠲᠡᠭᠡᠯ ᠪᠢᠰᠢᠷᠡᠯ
ᠠᠮᠢᠳᠤᠷᠠᠯ ᠢᠨᠢᠶᠡᠳᠦ ᠬᠣᠶᠠᠷ ᠬᠣᠯᠠ ᠶ᠋ᠢ ᠵᠣᠷᠢᠭᠰᠠᠨ ᠬᠦᠰᠡᠯ ᠵᠡᠭᠦᠳᠦ ᠠ᠋!
ᠲᠠ ᠪᠦᠬᠦᠨ ᠳ᠋ᠦ᠍ ᠪᠡᠨ ᠥᠨᠳᠥᠷ ᠠᠮᠵᠢᠯᠲᠠ ᠶ᠋ᠢ ᠳᠠᠬᠢᠨᠲᠠ ᠬᠦᠰᠡᠶ᠎ᠡ

       ᠵᠣᠬᠢᠶᠠᠭᠴᠢ ᠄ ᠳᠣᠷᠵᠢ ( ᠣᠷᠳᠣᠰ ᠬᠣᠲᠠ ᠶ᠋ᠢᠨ ᠦᠨᠳᠦᠰᠦᠲᠡᠨ ᠦ᠌ ᠳᠤᠮᠳᠠᠳᠤ ᠰᠤᠷᠭᠠᠭᠤᠯᠢ ᠶ᠋ᠢᠨ ᠫᠷᠣᠹᠧᠰᠰᠣᠷ ᠪᠠᠭᠰᠢ  )
       ᠤᠶᠠᠩᠭᠠᠯᠠᠭᠴᠢ᠄ᠠᠰᠯᠢᠰ (ᠬᠠᠢᠯᠠᠷ ᠳᠠᠬᠢ ᠨᠢᠭᠡᠳᠦᠭᠡᠷ ᠳᠤᠮᠳᠠᠳᠤ ᠰᠤᠷᠭᠠᠭᠤᠯᠢ ᠶ᠋ᠢᠨ ᠥᠨᠳᠥᠷ ᠬᠣᠶᠠᠷ ᠤ᠋ᠨ ᠠᠷᠪᠠᠨ ᠳᠥᠷᠪᠡᠳᠦᠭᠡᠷ ᠠᠩᠭᠢ   )

       ᠢᠷᠡᠯᠲᠡ᠄ ᠨᠣᠮᠢᠨ ᠲᠡᠭᠷᠢ ᠲᠠᠪᠴᠠᠩ
       ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ
       ᠬᠢᠨᠠᠭᠴᠢ ᠄ ᠢᠷᠡᠭᠡᠳᠦᠢ᠂ᠮᠥᠴᠢᠷ