ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ – ᠠ17 Гангын урсгал – Чингис эзний алтан ургийн түүх Канкны урсгал нэрт бичиг оршив –А17
ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ
ᠬᠠᠷᠴᠢᠨ ᠤ ᠨᠣᠶᠠᠳ ᠤᠨ ᠤᠭ
ᠬᠠᠷᠴᠢᠨ① ᠤ᠋ ᠨᠣᠶᠠᠳ ᠤ᠋ᠨ ᠤᠭ
ᠲᠠᠶᠤᠨ ᠬᠠᠭᠠᠨ ᠤ᠋ ᠳᠣᠯᠣᠳᠤᠭᠠᠷ ᠬᠥᠪᠡᠭᠦᠨ ᠠᠯᠠᠪᠣᠬᠤᠷᠠ② ᠨᠠᠰᠤᠳ ᠂ ᠰᠢᠷᠠᠤᠳ ᠂ ᠳᠠᠷᠢ ᠮᠢᠩᠭᠠᠨ ᠂ ᠡᠳᠡᠨ ᠊ᠢ ᠳᠠᠷᠤᠭᠯᠠᠭᠰᠠᠨ③ ᠲᠡᠭᠦᠨᠦ
— — — —
① 《 ᠮᠣᠩᠭᠣᠯ ᠤ᠋ᠨ ᠨᠡᠭᠦᠬᠦ ᠮᠠᠯᠵᠢᠯ ᠤ᠋ᠨ ᠲᠡᠮᠳᠡᠭᠯᠡᠯ 》 ᠳ᠋ᠦ᠍ᠷ ᠲᠡᠮᠳᠡᠭᠯᠡᠭᠰᠡᠨ ᠢᠨᠤ ᠄ 《 ᠬᠠᠷᠴᠢᠨ ᠠᠢᠮᠠᠭ ᠠᠨᠤ ᠪᠠᠶᠠᠰᠬᠤᠯᠠᠩ ᠬᠠᠳᠠ ᠳ᠋ᠤ᠌ ᠬᠠᠭᠠᠯᠭ᠎ᠠ ᠠ᠋ᠴᠠ ᠵᠡᠭᠦᠨ ᠬᠣᠢᠰᠢ ᠭᠤᠷᠪᠠᠨ ᠵᠠᠭᠤ ᠲᠠᠪᠢᠨ ᠭᠠᠵᠠᠷ ᠪᠤᠶᠤ ᠃ ᠨᠡᠢᠰᠯᠡᠯ ᠬᠣᠲᠠᠨ ᠳ᠋ᠤᠷ ᠬᠦᠷᠴᠦ ᠢᠷᠡᠬᠦᠢ ᠢᠨᠤ ᠳᠣᠯᠣᠭᠠᠨ ᠵᠠᠭᠤ ᠵᠢᠷᠠᠨ ᠭᠠᠵᠠᠷ ᠠᠵᠤᠭᠤ ᠃ ᠵᠡᠭᠦᠨ ᠪᠠᠷᠠᠭᠤᠨ ᠬᠠᠷᠢᠯᠴᠠᠨ ᠠᠯᠤᠰᠯᠠᠭᠰᠠᠨ ᠠᠨᠤ ᠲᠠᠪᠤᠨ ᠵᠠᠭᠤᠨ ᠭᠠᠵᠠᠷ ᠂ ᠡᠮᠦᠨ᠎ᠡ ᠤᠮᠠᠷ᠎ᠠ ᠬᠠᠷᠢᠯᠴᠠᠨ ᠠᠯᠤᠰᠯᠠᠭᠰᠠᠨ ᠠᠨᠤ ᠳᠥᠷᠪᠡᠨ ᠵᠠᠭᠤ ᠲᠠᠪᠢᠨ ᠭᠠᠵᠠᠷ ᠃ ᠵᠡᠭᠦᠨ ᠡᠲᠡᠭᠡᠳ ᠢᠨᠤ ᠲᠦᠮᠡᠳ ᠵᠢᠴᠢ ᠣᠣᠬᠠᠨ ᠳ᠋ᠤᠷ ᠵᠠᠬ᠎ᠠ ᠨᠡᠢᠯᠡᠵᠦ ᠪᠠᠷᠠᠭᠤᠨ ᠡᠲᠡᠭᠡᠳ ᠢᠨᠤ ᠴᠠᠬᠠᠷ ᠤ᠋ᠨ ᠰᠢᠯᠤᠭᠤᠨ ᠬᠥᠬᠡ ᠬᠤᠰᠢᠭᠤᠨ ᠤ᠋ ᠠᠲᠤᠭᠤᠯᠬᠤ ᠭᠠᠵᠠᠷ ᠤ᠋ᠨ ᠡᠮᠦᠨ᠎ᠡ ᠵᠠᠬ᠎ᠠ ᠳ᠋ᠤᠷ ᠨᠡᠢᠯᠡᠵᠦᠬᠦᠢ ᠃ ᠡᠮᠦᠨ᠎ᠡ ᠡᠲᠡᠭᠡᠳ ᠢᠨᠤ ᠮᠦᠭᠳᠡᠨ ᠦ᠌ ᠵᠠᠬ᠎ᠠ ᠬᠡᠷᠡᠮ ᠳ᠋ᠦ᠍ᠷ ᠨᠡᠢᠯᠡᠵᠦ ᠤᠮᠠᠷ᠎ᠠ ᠡᠲᠡᠭᠡᠳ ᠢᠨᠤ ᠣᠩᠨᠢᠭᠤᠳ ᠲᠤᠷ ᠵᠠᠬ᠎ᠠ ᠨᠡᠢᠯᠡᠵᠦᠬᠦᠢ ᠃ ᠴᠦᠨ ᠴᠢᠦ ᠶ᠋ᠢᠨ ᠦᠶ᠎ᠡ ᠳ᠋ᠦ᠍ᠷ ᠱᠠᠨ ᠷᠦᠩ ᠦ᠋ᠨ ᠨᠤᠲᠤᠭᠯᠠᠭᠰᠠᠨ ᠭᠠᠵᠠᠷ ᠪᠤᠶᠤ ᠃ ᠴᠢᠨ ᠤᠯᠤᠰ ᠂ ᠬᠠᠨ ᠤᠯᠤᠰ ᠤ᠋ᠨ ᠦᠶ᠎ᠡ ᠳ᠋ᠦ᠍ᠷ ᠯᠢᠶᠣᠤ ᠰᠢ ᠵᠢᠶᠦ᠋ᠨ ᠦ᠌ ᠬᠢᠵᠠᠭᠠᠷ ᠪᠣᠯᠵᠤ ᠬᠣᠢᠲᠤ ᠬᠠᠨ ᠤᠯᠤᠰ ᠤ᠋ᠨ ᠦᠶ᠎ᠡ ᠳ᠋ᠦ᠍ᠷ ᠱᠢᠶᠠᠨᠪᠸᠢ ᠶ᠋ᠢᠨ ᠨᠤᠲᠤᠭ ᠪᠣᠯᠵᠤᠬᠤᠢ ᠃ ᠵᠢᠨ (晋 ) ᠤᠯᠤᠰ ᠤ᠋ᠨ ᠦᠶ᠎ᠡ ᠳ᠋ᠦ᠍ᠷ ᠮᠦ᠍ ᠷᠦᠩ ᠤᠭᠰᠠᠭᠠᠨ ᠤ᠋ ᠨᠤᠲᠤᠭ ᠪᠣᠯᠵᠤ ᠶᠤᠸᠠᠨ ᠣᠪᠣᠭᠲᠤ ᠶ᠋ᠢᠨ ᠸᠧᠢ ᠤᠯᠤᠰ ( ᠤᠮᠠᠷᠠᠲᠤ ᠲᠥᠷᠥ ᠶ᠋ᠢᠨ ᠦᠶ᠎ᠡ ᠳ᠋ᠦ᠍ ᠸᠧᠢ ᠤᠯᠤᠰ ᠤ᠋ᠨ ᠰᠢᠶᠣᠤ ᠸᠸᠨ ᠳᠢ ᠬᠠᠭᠠᠨ ᠨᠡᠢᠰᠯᠡᠯ ᠢ᠋ᠶ᠋ᠡᠨ ᠯᠦᠸᠧ ᠶᠠᠩ ᠳ᠋ᠤ᠌ ᠨᠡᠭᠦᠯᠭᠡᠨ ᠤᠤᠯ ᠤ᠋ᠨ ᠲᠣᠪᠠ ᠣᠪᠣᠭ ᠢ᠋ᠶ᠋ᠠᠨ ᠬᠢᠲᠠᠳ ᠤ᠋ᠨ ᠶᠤᠸᠠᠨ ᠣᠪᠣᠭ ᠢ᠋ᠶ᠋ᠠᠷ ᠬᠠᠯᠠᠭᠰᠠᠨ ᠢᠬᠢᠲᠠᠳ ᠲᠡᠦᠬᠡᠨ ᠳ᠋ᠦ᠍ 《 ᠶᠤᠸᠠᠨ ᠸᠧᠢ 》 ᠂ ᠳᠠᠷᠤᠢ ᠶᠤᠸᠠᠨ ᠣᠪᠣᠭᠲᠤ ᠶ᠋ᠢᠨ ᠸᠧᠢ ᠤᠯᠤᠰ ᠭᠡᠳᠡᠭ ) ᠦ᠋ᠨ ᠦᠶ᠎ᠡ ᠳ᠋ᠦ᠍ ᠺᠦᠮᠦᠰᠢ ᠡᠨᠡ ᠭᠠᠵᠠᠷ ᠊ᠢ ᠡᠵᠡᠯᠡᠵᠡᠢ ᠃ ᠳᠠᠩ ᠲᠠᠶᠢᠽᠥ᠋ᠩ ᠦ᠋ᠨ ᠦᠶ᠎ᠡ ᠳ᠋ᠦ᠍ ᠺᠦᠮᠦᠰᠢ ᠳᠣᠲᠣᠭᠰᠢ ᠳᠠᠭᠠᠭᠰᠠᠨ ᠠ᠋ᠴᠠ ᠶᠣᠣ ᠯᠧ ᠳ᠋ᠦᠳᠦ᠋ ᠹᠦ ᠶ᠋ᠢᠨ ᠶᠠᠮᠤᠨ ᠪᠠᠢᠭᠤᠯᠤᠨ ᠢᠩ ᠵᠧᠦ ᠳ᠋ᠦ᠍ ᠬᠠᠮᠢᠶᠠᠷᠤᠭᠤᠯᠵᠠᠢ ᠃ ᠬᠣᠢᠨ᠎ᠠ ᠠᠨᠤ ᠵᠡᠭᠦᠨ ᠪᠠᠷᠠᠭᠤᠨ ᠬᠣᠶᠠᠷ ᠺᠦᠮᠤᠰᠢ ᠬᠤᠪᠢᠶᠠᠭᠳᠠᠭᠰᠠᠨ ᠢ᠋ᠶ᠋ᠠᠨ ᠬᠢᠳᠠᠨ ᠳ᠋ᠤ᠌ ᠨᠡᠢᠯᠡᠵᠡᠢ ᠃ ᠯᠢᠶᠣᠤ ᠤᠯᠤᠰ ᠤ᠋ᠨ ᠲᠦᠩ ᠾᠧ ᠶ᠋ᠢᠨ ᠬᠣᠷᠢᠨ ᠲᠠᠪᠤᠳᠤᠭᠠᠷ ᠣᠨ (1007 ) ᠳ᠋ᠤ᠌ ᠺᠦᠮᠤᠰᠢ ᠶ᠋ᠢᠨ ᠸᠠᠩ ᠤ᠋ᠨ ᠣᠷᠳᠣᠨ ᠊ᠢ ᠳᠤᠮᠳᠠᠳᠤ ᠨᠡᠢᠰᠯᠡᠯ ᠲᠠᠶᠢᠲᠢᠩ ᠤ᠋ᠨ ᠶᠠᠮᠤᠨ ᠳ᠋ᠤ᠌ ᠪᠠᠢᠭᠤᠯᠵᠠᠢ ᠃ ᠠᠯᠲᠠᠨ ᠤᠯᠤᠰ ᠤ᠋ᠨ ᠵᠸᠨ ᠶᠤᠸᠠᠨ ᠤ᠋ ᠠᠩᠬᠠᠨ ᠤ᠋ ᠣᠨ (1153 ) ᠳ᠋ᠤ᠌ ᠤᠮᠠᠷᠠᠲᠤ ᠨᠡᠢᠰᠯᠡᠯ ᠭᠡᠮᠡᠨ ᠬᠡᠯᠡᠵᠦ ᠰᠠᠬᠢᠭᠤᠯ ᠤ᠋ᠨ ᠶᠠᠮᠤᠨ ᠪᠣᠯᠭᠠᠵᠠᠢ ᠃ ᠶᠤᠸᠠᠨ ᠤᠯᠤᠰ ᠤ᠋ᠨ ᠦᠶ᠎ᠡ ᠳ᠋ᠦ᠍ᠷ ᠳᠡ ᠨᠢᠩ ᠦ᠋ᠨ ᠵᠠᠮ ᠪᠣᠯᠵᠤ ᠯᠢᠶᠣᠤ ᠶᠠᠩ ᠮᠣᠵᠢ ᠳ᠋ᠤ᠌ ᠬᠠᠮᠢᠶᠠᠷᠤᠭᠳᠠᠵᠠᠢ ᠃ ᠮᠢᠩ ᠤᠯᠤᠰ ᠤ᠋ᠨ ᠬᠣᠩ ᠦ ᠶ᠋ᠢᠨ ᠣᠨ ᠨᠤᠭᠤᠳ ᠢ᠋ᠶ᠋ᠠᠷ ᠳᠠ ᠨᠢᠩ ᠦ᠋ᠨ ᠵᠠᠬᠢᠷᠭᠠᠨ ᠤ᠋ ᠵᠠᠮ ᠪᠠᠢᠭᠤᠯᠵᠤ ᠬᠠᠭᠠᠨ ᠤ᠋ ᠬᠥᠪᠡᠭᠦᠨ ᠴᠢᠤᠸᠠᠨ ᠢ ᠨᠢᠩ ᠸᠠᠩ ᠡᠷᠭᠦᠮᠵᠢᠯᠡᠵᠦ ᠡᠨᠡ ᠭᠠᠵᠠᠷ ᠊ᠢ ᠮᠡᠳᠡᠭᠦᠯᠵᠡᠢ ᠃ ᠬᠣᠩ ᠦ ᠶ᠋ᠢᠨ ᠬᠣᠷᠢᠨ ᠨᠢᠭᠡᠳᠦᠭᠡᠷ ᠣᠨ (1388 ) ᠳ᠋ᠤ᠌ ᠤᠮᠠᠷ᠎ᠠ ᠶ᠋ᠢ ᠲᠦᠪᠰᠢᠳᠬᠡᠬᠦ ᠵᠠᠬᠢᠷᠭᠠᠨ ᠤ᠋ ᠶᠠᠮᠤᠨ ᠭᠡᠮᠡᠨ ᠬᠠᠯᠠᠵᠤᠬᠤᠢ ᠃ ᠶᠦᠩ ᠯᠦ᠍ ᠶ᠋ᠢᠨ ᠠᠩᠬᠠᠨ ᠣᠨ ᠨᠤᠭᠤᠳ ᠢ᠋ᠶ᠋ᠠᠷ ᠨᠢᠩ ᠸᠠᠩ ᠊ᠢ ᠩᠠᠩ ᠴᠠᠩ ᠳ᠋ᠤᠷ ᠪᠣᠯᠭᠠᠨ ᠬᠤᠪᠢᠯᠭᠠᠭᠰᠠᠨ ᠠ᠋ᠴᠠ ᠳᠠ ᠨᠢᠩ ᠦ᠋ᠨ ᠵᠠᠬᠢᠷᠭᠠᠨ ᠤ᠋ ᠶᠠᠮᠤᠨ ᠊ᠢ ᠪᠤᠤ ᠳ᠋ᠢᠩ ᠳ᠋ᠦ᠍ᠷ ᠰᠢᠯᠵᠢᠭᠦᠯᠪᠡᠢ ᠃ ᠲᠡᠭᠦᠨᠴᠡ ᠳᠡ ᠨᠢᠩ ᠦ᠋ᠨ ᠭᠠᠵᠠᠷ ᠊ᠢ ᠭᠤᠷᠪᠠᠨ ᠬᠢᠵᠠᠭᠠᠷ ᠤ᠋ᠨ ᠨᠣᠶᠠᠨ ᠬᠦᠴᠦᠨ ᠳ᠋ᠦ᠍ᠷ ᠱᠠᠩᠨᠠᠪᠠᠢ ᠃ ᠠᠩᠬᠠᠨ ᠳ᠋ᠤᠷ ᠶᠤᠸᠠᠨ ᠤᠯᠤᠰ ᠤ᠋ᠨ ᠵᠠᠷᠴᠢᠭᠤᠲᠠᠢ ᠨᠡᠷᠡᠲᠡᠢ ᠰᠠᠢᠳ ᠬᠡᠮᠡᠭᠴᠢ ᠪᠠᠢᠭᠰᠠᠨ ᠪᠤᠶᠤ ᠂ ᠲᠡᠭᠦᠨ ᠦ᠌ ᠬᠥᠪᠡᠭᠦᠨ ᠵᠠᠯᠠᠮ᠎ᠠ ᠬᠡᠮᠡᠭᠴᠢ ᠣᠷᠢᠶᠠᠩᠬᠠᠨ ᠣᠪᠣᠭᠲᠠᠨ ᠪᠣᠯᠠᠢ ᠂ ᠲᠡᠷᠡ ᠪᠡᠷ ᠶᠤᠸᠠᠨ ᠤᠯᠤᠰ ᠤ᠋ᠨ ᠲᠠᠢᠽᠦ ᠬᠠᠭᠠᠨ ᠳ᠋ᠤᠷ ᠲᠤᠰᠠᠯᠠᠵᠤ ᠭᠠᠪᠢᠶ᠎ᠠ ᠪᠠᠢᠭᠤᠯᠤᠭᠰᠠᠨ ᠪᠥᠯᠥᠭᠡ ᠃ ᠲᠡᠭᠦᠨ ᠡᠴᠡ ᠬᠣᠢᠰᠢ ᠳᠣᠯᠣᠭᠠᠨ ᠦᠶ᠎ᠡ ᠤᠯᠠᠮᠵᠢᠯᠠᠵᠤ ᠬᠣᠲᠣᠩ ᠳ᠋ᠤᠷ ᠬᠦᠷᠴᠦ ᠢᠷᠠᠭᠰᠠᠨ ᠤ᠋ ᠬᠣᠢᠨ᠎ᠠ ᠵᠢᠷᠭᠤᠭᠠᠨ ᠮᠢᠩᠭᠠᠨ ᠡᠷᠦᠬᠡ ᠪᠣᠯᠤᠭᠠᠳ ᠡᠴᠢᠨ ᠭᠣᠣᠯ ᠤ᠋ᠨ ᠭᠠᠵᠠᠷ ᠲᠤ᠌ ᠨᠤᠲᠤᠭᠯᠠᠵᠤ ᠰᠠᠭᠤᠭᠠᠳ ᠬᠠᠷᠢᠶᠠᠲᠤ ᠠᠢᠮᠠᠭ ᠶᠤᠭᠠᠨ ᠬᠠᠷᠴᠢᠨ ᠭᠡᠮᠡᠨ ᠨᠡᠷᠡᠢᠳᠴᠦᠬᠦᠢ 》 ᠭᠡᠵᠡᠢ ᠃ ᠴᠢᠩ ᠤᠯᠤᠰ ᠤ᠋ᠨ ᠦᠶ᠎ᠡ ᠳ᠋ᠦ᠍ ᠬᠠᠷᠴᠢᠨ ᠊ᠢ ᠵᠡᠭᠦᠨ ᠪᠠᠷᠠᠭᠤᠨ ᠳᠤᠮᠳᠠ ᠭᠤᠷᠪᠠᠨ ᠭᠠᠷᠤᠨ ᠬᠣᠰᠢᠭᠤ ᠪᠣᠯᠭᠠᠨ ᠬᠤᠪᠢᠶᠠᠵᠤ ᠵᠣᠰᠣᠲᠤ ᠶ᠋ᠢᠨ ᠴᠢᠭᠤᠯᠭᠠᠨ ᠳ᠋ᠤ᠌ ᠮᠡᠳᠡᠭᠦᠯᠵᠡᠢ ᠃
② ᠠᠯᠠᠪᠤᠬᠤᠷᠠ ᠄ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠠᠯᠠᠪᠤᠭᠤᠷᠠ ᠭᠡᠵᠦ 《 ᠰᠢᠷ᠎ᠠ ᠲᠣᠭᠣᠵᠢ 》 ᠳ᠋ᠤ᠌ ᠠᠷᠪᠤᠭᠤᠷᠠ ᠭᠡᠪᠡ ᠃ ᠮᠣᠩᠭᠣᠯ ᠤ᠋ᠨ ᠪᠤᠰᠤᠳ ᠰᠤᠷᠪᠤᠯᠵᠢ ᠪᠢᠴᠢᠭ ᠲᠦ᠍ ᠪᠠᠰᠠ ᠠᠯᠪᠤᠯᠤᠳ ᠭᠡᠳᠡᠭ ᠃ 《 ᠡᠷᠳᠡᠨᠢ ᠶ᠋ᠢᠨ ᠲᠣᠪᠴᠢ 》 ᠳ᠋ᠤ᠌ ᠲᠡᠮᠳᠡᠭᠯᠡᠭᠰᠡᠨ ᠤᠪᠰᠠᠠᠵᠠ ᠭᠡᠳᠡᠭ ᠪᠣᠯ ᠳᠠᠷᠤᠢ ᠠᠯᠠᠪᠤᠬᠤᠷᠠ ᠮᠥᠨ ᠪᠤᠶᠤ ᠃
③ ᠬᠠᠷᠠᠴᠢᠨ ᠤ᠋ ᠲᠡᠦᠬᠡᠲᠦ ᠯᠤᠮᠢ ᠶ᠋ᠢᠨ1732 ᠣᠨ ᠳ᠋ᠤ᠌ ᠪᠢᠴᠢᠭᠰᠡᠨ 《 ᠮᠣᠩᠭᠣᠯ ᠤ᠋ᠨ ᠪᠣᠷᠵᠢᠭᠢᠨ ᠣᠪᠣᠭᠲᠠᠨ ᠤ᠋ ᠲᠡᠦᠬᠡ 》 ᠳ᠋ᠦ᠍ ᠲᠡᠮᠳᠡᠭᠯᠡᠭᠰᠡᠨ ᠊ᠢ ᠦᠨᠳᠦᠰᠦᠯᠡᠪᠡᠯ ᠬᠠᠷᠠᠴᠢᠨ ᠊ᠢ ᠰᠢᠷᠠᠨᠤᠳ ᠬᠠᠷᠠᠴᠢᠨ ᠂ ᠪᠣᠷᠤᠨᠤᠳ ᠬᠠᠷᠠᠴᠢᠨ ᠂ ᠬᠠᠲᠠᠨᠤᠳ ᠬᠠᠷᠠᠴᠢᠨ ᠭᠡᠵᠦ ᠭᠤᠷᠪᠠ ᠬᠤᠪᠢᠶᠠᠳᠠᠭ ᠃ ᠬᠠᠭᠠᠨ ᠤ᠋ ᠦᠷ᠎ᠡ ᠠᠴᠢ ᠂ ᠲᠠᠢᠵᠢ ᠨᠠᠷ ᠊ᠢ ᠰᠢᠷᠠᠨᠤᠳ ᠬᠠᠷᠠᠴᠢᠨ ᠭᠡᠵᠦ ᠂ ᠬᠠᠭᠠᠨ ᠤ᠋ ᠣᠢᠷ᠎ᠠ ᠲᠥᠷᠥᠯ ᠪᠠ ᠰᠠᠢᠳ ᠲᠦᠰᠢᠮᠡᠳ ᠊ᠢ ᠪᠣᠷᠤᠨᠤᠳ ᠬᠠᠷᠠᠴᠢᠨ ᠭᠡᠬᠦ ᠪᠠ ᠪᠠᠭᠲᠠᠵᠤ ᠣᠷᠣᠭᠰᠠᠨ ᠮᠣᠩᠭᠣᠯ ᠬᠢᠲᠠᠳ ᠊ᠢ ᠬᠠᠲᠠᠨᠤᠳ ᠬᠠᠷᠠᠴᠢᠨ ᠭᠡᠳᠡᠭ ᠃ ᠷᠠᠰᠢᠫᠣᠩᠰᠤᠭ ᠤ᠋ᠨ 《 ᠪᠣᠯᠣᠷ ᠡᠷᠢᠭᠡ 》 ᠳ᠋ᠦ᠍ 《 ᠴᠢᠨ ᠸᠠᠩ ᠠᠯᠪᠤᠯᠤᠳ ( ᠠᠯᠠᠪᠤᠬᠤᠷᠠ ) ᠪᠠᠷ ᠠᠰᠤᠳ ᠬᠢᠭᠡᠳ ᠰᠢᠷᠠᠨᠤᠳ ᠣᠪᠣᠭᠲᠠᠨ ᠊ᠢ ᠡᠵᠡᠯᠯᠤᠬᠡ 》 ᠭᠡᠵᠡᠢ ᠃ 《ᠡᠷᠳᠡᠨᠢ ᠶ᠋ᠢᠨ ᠲᠣᠪᠴᠢ 》 ᠳ᠋ᠤ᠌ 《 ᠶᠦᠩᠰᠢᠶᠠᠪᠤ ᠶ᠋ᠢᠨ ᠳᠣᠯᠣᠭᠠᠨ ᠣᠲᠣᠭ ᠬᠠᠷᠠᠴᠢᠨ 》 ᠭᠡᠳᠡᠭ ᠃ ᠬᠠᠷᠠᠴᠢᠨ ᠤ᠋ ᠳᠣᠲᠣᠷ᠎ᠠ ᠣᠯᠠᠨ ᠠᠢᠮᠠᠭ ᠣᠪᠣᠭᠲᠠᠨ ᠪᠠᠭᠲᠠᠵᠤ ᠪᠠᠢᠭᠰᠠᠨ ᠪᠠᠢᠨ᠎ᠠ ᠃
ᠬᠥᠪᠡᠭᠦᠨ ᠠᠴᠤ ᠲᠠᠢᠵᠢ ① ᠂ ᠲᠡᠭᠦᠨᠦ ᠬᠦᠦ ᠪᠡᠷᠰᠡ ② ᠵᠣᠷᠢᠭᠲᠤ ᠂ ᠪᠠᠭᠠᠲᠤᠷ ③ ᠰᠠᠢᠨ ᠳᠠᠶᠣᠨ ᠬᠠᠭᠠᠨ ᠤ᠋ ᠭᠠᠭᠴᠠ ᠤᠰᠤᠨ ᠂ ᠬᠠ ᠭᠦᠩᠵᠦ ④ ᠶ᠋ᠢ ᠤᠷᠢᠶᠠᠩᠬᠠᠨ ᠵᠠᠯᠠᠮ᠎ᠠ ᠶ᠋ᠢᠨ ᠴᠢᠩᠭᠢᠰ ᠬᠠᠭᠠᠨ ᠤ᠋ ᠶᠢᠰᠦᠨ ᠥᠷᠯᠥᠭ ᠦ᠋ᠨ ᠨᠢᠭᠡᠨ ᠪᠣᠢ ᠂ ᠦᠷ᠎ᠡ ᠳ᠋ᠦ᠍ᠷ ᠦᠭᠭᠦᠭᠡᠳ ᠲᠠᠪᠤᠨᠠᠩ ᠪᠣᠯᠭᠠᠭᠰᠠᠨ ᠠ᠋ᠴᠠ ⑤ ᠦᠷᠡᠵᠢᠭᠰᠡᠨ ᠠᠨᠤ ᠂ ᠬᠠᠷᠠᠴᠢᠨ ᠤ᠋ ᠨᠣᠶᠠᠳ ᠲᠠᠪᠤᠨᠠᠩ ᠣᠪᠣᠭ ᠲᠤ᠌ ᠮᠥᠨ ᠭᠡᠮᠡᠨ ᠵᠠᠷᠢᠮ ᠤ᠋ᠳ ᠣᠯᠠᠩᠬᠢᠨ ᠳ᠋ᠤᠷ ᠥᠭᠦᠯᠡᠵᠦᠬᠦᠢ ᠃ ᠮᠣᠩᠭᠣᠯ ᠬᠠᠳ ᠤ᠋ᠨ ᠨᠤᠭᠤᠨ ᠦᠷ᠎ᠡ ᠶ᠋ᠢ ᠲᠠᠢᠵᠢ ᠬᠡᠮᠡᠮᠦᠢ ᠠᠪᠤᠭᠠᠢ ᠦᠭᠭᠦᠭᠰᠡᠨ ᠬᠦᠷᠭᠡᠨ ᠲᠠᠪᠤᠨᠠᠩ ᠭᠡᠮᠡᠨ ᠳᠠᠭᠤᠳᠠᠵᠤᠬᠤᠢ ᠃
— — — —
① ᠠᠴᠤ ᠲᠠᠢᠵᠢ ᠄ ᠲᠠᠢᠵᠢ ᠂ ᠠᠯᠠᠪᠤᠬᠤᠷᠠ ᠶ᠋ᠢᠨ ᠶᠡᠬᠡ ᠬᠥᠪᠡᠭᠦᠨ ᠂ ᠲᠡᠭᠦᠨ ᠦ᠌ ᠳᠡᠭᠦᠦ ᠶ᠋ᠢ ᠰᠢᠷ᠎ᠠ ᠭᠡᠳᠡᠭ ᠂ ᠠᠴᠤ ᠲᠠᠢᠵᠢ ᠪᠠ ᠰᠢᠷ᠎ᠠ ᠪᠠᠭ᠎ᠠ ᠪᠠᠢᠬᠤ ᠳ᠋ᠤ᠌ ᠪᠠᠨ ᠠᠰᠣᠳ ᠪᠠ ᠶᠦᠩᠰᠢᠶᠠᠪᠤ ᠬᠣᠶᠠᠷ ᠊ᠢ ᠡᠵᠡᠯᠡᠨ ᠰᠠᠭᠤᠶ᠎ᠠ ᠭᠡᠵᠦ ᠲᠣᠭᠯᠠᠨ ᠨᠠᠭᠠᠳᠳᠠᠭ ᠭᠡᠨ᠎ᠡ ᠃ ᠶᠡᠬᠡ ᠪᠣᠯᠤᠭᠰᠠᠨ ᠤ᠋ ᠬᠣᠢᠨ᠎ᠠ ᠠᠰᠣᠳ ᠪᠠ ᠶᠦᠩᠰᠢᠶᠠᠪᠤ ᠶ᠋ᠢ ᠡᠵᠡᠯᠡᠬᠦ ᠶᠠᠪᠤᠳᠠᠯ ᠳ᠋ᠤ᠌ ᠠᠬ᠎ᠠ ᠳᠡᠭᠦᠦ ᠬᠣᠶᠠᠭᠤᠯᠠ ᠪᠠᠨ ᠡᠷᠬᠡ ᠪᠤᠯᠢᠶᠠᠯᠳᠤᠵᠤ ᠠᠴᠤ ᠲᠠᠢᠵᠢ ᠲᠡᠭᠦᠨ ᠦ᠌ ᠳᠡᠭᠦᠦ ᠰᠢᠷ᠎ᠠ ᠶ᠋ᠢ ᠠᠯᠠᠵᠠᠢ ᠃ ᠠᠴᠤ ᠲᠠᠢᠵᠢ ᠳᠡᠭᠦᠦ ᠪᠡᠨ ᠠᠯᠠᠭᠰᠠᠨ ᠶᠠᠯ᠎ᠠ ᠲᠠᠢ ᠂ ᠲᠡᠭᠦᠨ ᠦ᠌ ᠳᠡᠭᠦᠦ ᠰᠢᠷ᠎ᠠ ᠦᠷ᠎ᠡ ᠬᠡᠦᠬᠡᠳ ᠦᠭᠡᠢ ᠬᠣᠷᠣᠭᠠᠭᠳᠠᠭᠰᠠᠨ ᠤ᠋ ᠤᠴᠢᠷ ᠠ᠋ᠴᠠ ᠠᠰᠣᠳ ᠪᠠ ᠶᠦᠩᠰᠢᠶᠠᠪᠤ ᠬᠣᠶᠠᠷ ᠊ᠢ ᠪᠣᠲᠠᠲᠠᠷᠠ ᠡᠵᠡᠯᠡᠨ ᠰᠠᠭᠤᠯ᠎ᠠ ᠭᠡᠵᠦ ᠰᠠᠭᠠᠩ ᠰᠡᠴᠡᠨ 《 ᠡᠷᠳᠡᠨᠢ ᠶ᠋ᠢᠨ ᠲᠣᠪᠴᠢ 》 ᠳ᠋ᠠᠭᠠᠨ ᠲᠡᠮᠳᠡᠭᠯᠡᠵᠡᠢ ᠃
② ᠪᠡᠷᠰᠡ ᠄ 《 ᠰᠢᠷ᠎ᠠ ᠲᠣᠭᠣᠵᠢ 》 ᠪᠠ 《 ᠪᠣᠯᠣᠷ ᠡᠷᠢᠭᠡ 》 ᠳ᠋ᠦ᠍ ᠴᠥᠮ 《 ᠪᠡᠭᠡᠷᠰᠡ 》 ᠭᠡᠵᠦ ᠲᠡᠮᠳᠡᠭᠯᠡᠵᠡᠢ ᠃
③ 《 ᠰᠢᠷ᠎ᠠ ᠲᠣᠭᠣᠵᠢ 》 ᠳ᠋ᠤ᠌ ᠠᠷᠪᠤᠭᠤᠷᠠ ( ᠠᠯᠠᠪᠤᠬᠤᠷᠠ ) ᠶ᠋ᠢᠨ ᠬᠥᠪᠡᠭᠦᠨ ᠠᠴᠤ ᠲᠠᠢᠵᠢ᠂ ᠰᠢᠷ᠎ᠠ ᠲᠠᠢᠵᠢ ᠂ ᠪᠥᠬᠡ ᠲᠠᠢᠵᠢ ᠂ ᠮᠣᠯᠣᠨ ᠲᠠᠢᠵᠢ ᠭᠡᠰᠡᠨ ᠪᠠ ᠪᠥᠬᠡ ᠲᠠᠢᠵᠢ ᠶ᠋ᠢᠨ ᠬᠥᠪᠡᠭᠦᠨ ᠵᠣᠷᠢᠭᠲᠤ ᠲᠠᠢᠵᠢ ᠂ ᠪᠠᠭᠠᠲᠤᠷ ᠲᠠᠢᠵᠢ ᠭᠡᠵᠡᠢ ᠃
④⑤ 《 ᠡᠷᠳᠡᠨᠢ ᠶ᠋ᠢᠨ ᠲᠣᠪᠴᠢ 》 ᠳ᠋ᠤ᠌ ᠳᠠᠶᠠᠨ ᠬᠠᠭᠠᠨ ᠤ᠋ ᠭᠠᠭᠴᠠ ᠥᠬᠢᠨ ᠲᠣᠷᠣᠯᠳᠤ ᠭᠥᠨᠵᠢ ( ᠭᠦᠩᠵᠦ ) ᠭᠡᠵᠡᠢ ᠃ ᠳᠠᠶᠠᠨ ᠬᠠᠭᠠᠨ ᠤ᠋ ᠬᠣᠶᠠᠳᠤᠭᠠᠷ ᠬᠥᠪᠡᠭᠦᠨ ᠤᠯᠤᠰᠪᠣᠯᠣᠳ ᠪᠠᠷᠠᠭᠤᠨ ᠭᠤᠷᠪᠠᠨ ᠲᠦᠮᠡᠨ ᠳᠡᠭᠡᠷ᠎ᠡ ᠵᠢᠨᠦᠩ ᠰᠠᠭᠤᠬᠤ ᠪᠠᠷ ᠣᠴᠢᠭᠠᠳ ᠣᠷᠳᠣᠰ ᠤ᠋ᠨ ᠮᠠᠨᠲᠤᠯᠠᠢ ᠂ ᠶᠦᠩᠰᠢᠶᠠᠪᠤ ᠶ᠋ᠢᠨ ᠢᠪᠡᠷᠡᠢ ᠵᠡᠷᠭᠡ ᠬᠥᠮᠦᠰ ᠲᠦ᠍ ᠠᠯᠠᠭᠳᠠᠭᠰᠠᠨ ᠤ᠋ ᠥᠰᠢᠶ᠎ᠡ ᠳ᠋ᠦ᠍ ᠳᠠᠶᠠᠨ ᠬᠠᠭᠠᠨ ᠪᠠᠷᠠᠭᠤᠨ ᠭᠤᠷᠪᠠᠨ ᠲᠦᠮᠡᠨ ᠊ᠢ ᠳᠠᠢᠯᠠᠬᠤ ᠲᠡᠢᠨ ᠬᠢᠪᠡ ᠃ ᠡᠨᠡ ᠲᠡᠢᠨ ᠳ᠋ᠦ᠍ ᠵᠠᠷᠤᠭᠤᠳ ᠤ᠋ᠨ ᠪᠠᠬᠠᠰᠤᠨ ᠳᠠᠷᠬᠠᠨ ᠬᠣᠰᠢᠭᠤᠴᠢ ᠪᠣᠯᠤᠨ ᠤᠳᠤᠷᠢᠳᠴᠤ ᠭᠠᠪᠢᠶ᠎ᠠ ᠪᠠᠢᠭᠤᠯᠤᠭᠰᠠᠨ ᠠ᠋ᠴᠠ ᠳᠠᠶᠠᠨ ᠬᠠᠭᠠᠨ ᠲᠡᠭᠦᠨ ᠦ᠌ ᠭᠠᠭᠴᠠ ᠥᠬᠢᠨ ᠢ᠋ᠶ᠋ᠡᠨ ᠪᠠᠬᠠᠰᠤᠨ ᠳᠠᠷᠬᠠᠨ ᠳ᠋ᠤ᠌ ᠥᠭᠴᠡᠢ ᠃ ᠲᠡᠭᠦᠨᠴᠡ 《 ᠪᠠᠬᠠᠰᠤᠨ ᠳᠠᠷᠬᠠᠨ ᠲᠠᠪᠤᠨᠠᠩ 》 ᠭᠡᠬᠦ ᠪᠣᠯᠵᠠᠢ ᠃ ᠡᠨᠳᠡ ᠭᠣᠮᠪᠣᠵᠠᠪ ᠤ᠋ᠨ ᠲᠡᠮᠳᠡᠭᠯᠡᠭᠰᠡᠨ ᠡᠴᠡ ᠦᠵᠡᠪᠡᠯ ᠪᠠᠬᠠᠰᠤᠨ ᠳᠠᠷᠬᠠᠨ ᠲᠠᠪᠤᠨᠠᠩ ᠮᠥᠨ ᠴᠦ᠍ ᠵᠠᠯᠠᠮ᠎ᠠ ᠶ᠋ᠢᠨ ᠬᠣᠢᠴᠢ ᠦᠶ᠎ᠡ ᠪᠣᠯᠬᠤ ᠪᠣᠯᠤᠯᠲᠠᠢ ᠃ ᠵᠠᠯᠠᠮ᠎ᠠ ᠶ᠋ᠢᠨ ᠦᠷᠡᠰ ᠬᠠᠷᠠᠴᠢᠨ ᠤ᠋ ᠨᠣᠶᠠᠳ ᠪᠣᠯᠤᠭᠰᠠᠨ ᠲᠤᠬᠠᠢ ᠮᠣᠩᠭᠣᠯ ᠲᠡᠦᠬᠡᠴᠢ ᠪᠦᠸᠧ ᠮᠢᠩ ᠰᠢᠨᠵᠢᠯᠡᠭᠡᠨ ᠬᠢᠵᠦ ᠪᠢᠴᠢᠭᠰᠡᠨ ᠨᠢ ᠄ 《 ᠬᠠᠷᠴᠢᠨ ᠨᠢᠭᠡ ᠤᠭᠰᠠᠭ᠎ᠠ ᠪᠣᠯᠪᠠᠰᠤ ᠣᠷᠢᠶᠠᠩᠬᠠᠨ ᠵᠠᠯᠠᠮ᠎ᠠ ᠶ᠋ᠢᠨ ᠬᠣᠢᠴᠢ ᠦᠷᠡᠳᠦᠰ ᠪᠤᠶᠤ 》 ( 《 ᠪᠠᠷᠠᠭᠤᠨ ᠥᠷᠥᠭᠡᠨᠡ ᠭᠡᠨᠡᠳᠲᠡ ᠶ᠋ᠢᠨ ᠣᠯᠠᠲᠠᠪᠣᠷᠢ 》 ) ᠭᠡᠵᠡᠢ ᠃

