ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ – ᠠ16 Гангын урсгал – Чингис эзний алтан ургийн түүх Канкны урсгал нэрт бичиг оршив –А16
ᠪᠠᠭᠠᠷᠢᠨ ①ᠨᠣᠶᠠᠳ ᠤ᠋ᠨ ᠤᠭ
ᠣᠪᠰᠢ ᠣᠶᠢᠵᠤᠩ ᠨᠣᠶᠠᠨ② ᠤ᠋ ᠳᠡᠭᠦᠦ ᠰᠣᠪᠤᠬᠠᠢ ᠳᠠᠷᠬᠠᠨ ᠨᠣᠶᠠᠨ ᠤ᠋ ᠬᠥᠪᠡᠭᠦᠨ ᠤᠬᠠᠪᠤᠲᠠᠢ ᠨᠣᠶᠠᠨ ᠂ ᠲᠡᠭᠦᠨᠦ ᠬᠦᠦ ᠰᠡᠷᠡᠩ ᠬᠣᠩ ᠲᠠᠢᠶ᠋ᠢ
— — — —
① 《 ᠮᠣᠩᠭᠣᠯ ᠤ᠋ᠨ ᠨᠡᠭᠦᠬᠦ ᠮᠠᠯᠵᠢᠯ ᠤ᠋ᠨ ᠲᠡᠮᠳᠡᠭᠯᠡᠯ 》 ᠳ᠋ᠦ᠍ᠷ ᠲᠡᠮᠳᠡᠭᠯᠡᠭᠰᠡᠨ ᠢᠨᠤ ᠄ 《 ᠪᠠᠭᠠᠷᠢᠨ ᠠᠢᠮᠠᠭ ᠠᠨᠤ ᠮᠣᠯᠲᠤᠱᠢ ᠬᠠᠭᠠᠯᠭ᠎ᠠ (古北口 ) ᠠ᠋ᠴᠠ ᠵᠡᠭᠦᠨ ᠬᠣᠢᠰᠢ ᠳᠣᠯᠣᠭᠠᠨ ᠵᠠᠭᠤ ᠨᠠᠶᠠᠨ ᠭᠠᠵᠠᠷ ᠪᠤᠶᠤ ᠃ ᠨᠡᠢᠰᠯᠡᠯ ᠬᠣᠲᠠᠨ ᠳ᠋ᠤᠷ ᠬᠦᠷᠴᠦ ᠢᠷᠡᠬᠦᠢ ᠠᠨᠤ ᠶᠢᠰᠦᠨ ᠵᠠᠭᠤ ᠵᠢᠷᠠᠨ ᠭᠠᠵᠠᠷ ᠃ ᠵᠡᠭᠦᠨ ᠪᠠᠷᠠᠭᠤᠨ ᠬᠠᠷᠢᠯᠴᠠᠨ ᠠᠯᠤᠰᠯᠠᠭᠰᠠᠨ ᠠᠨᠤ ᠬᠣᠶᠠᠷ ᠵᠠᠭᠤ ᠲᠠᠪᠢᠨ ᠨᠢᠭᠡᠨ ᠭᠠᠵᠠᠷ ᠂ ᠡᠮᠦᠨ᠎ᠡ ᠤᠮᠠᠷ᠎ᠠ ᠬᠠᠷᠢᠯᠴᠠᠨ ᠠᠯᠤᠰᠯᠠᠭᠰᠠᠨ ᠠᠨᠤ ᠬᠣᠶᠠᠷ ᠵᠠᠭᠤᠨ ᠭᠤᠴᠢᠨ ᠭᠤᠷᠪᠠᠨ ᠭᠠᠵᠠᠷ ᠪᠤᠶᠤ ᠃ ᠵᠡᠭᠦᠨ ᠡᠲᠡᠭᠡᠳ ᠢᠨᠤ ᠠᠷᠤ ᠬᠣᠷᠴᠢᠨ ᠳ᠋ᠤᠷ ᠵᠠᠬ᠎ᠠ ᠨᠡᠢᠯᠡᠵᠦ ᠪᠠᠷᠠᠭᠤᠨ ᠡᠲᠡᠭᠡᠳ ᠢᠨᠤ ᠬᠡᠰᠢᠭᠲᠡᠨ ᠳ᠋ᠦ᠍ᠷ ᠵᠠᠬ᠎ᠠ ᠨᠡᠢᠯᠡᠵᠦᠬᠦᠢ ᠃ ᠡᠮᠦᠨ᠎ᠡ ᠡᠲᠡᠭᠡᠳ ᠢᠨᠤ ᠣᠩᠨᠢᠭᠤᠳ ᠲᠤ᠌ ᠵᠠᠬ᠎ᠠ ᠨᠡᠢᠯᠡᠵᠦ ᠤᠮᠠᠷ᠎ᠠ ᠡᠲᠡᠭᠡᠳ ᠢᠨᠤ ᠦᠵᠦᠮᠦᠴᠢᠨ ᠳ᠋ᠦ᠍ᠷ ᠵᠠᠬ᠎ᠠ ᠨᠡᠢᠯᠡᠵᠦᠬᠦᠢ ᠃ ᠯᠢᠶᠣᠤ ᠤᠯᠤᠰ ᠤ᠋ᠨ ᠦᠶ᠎ᠡ ᠳ᠋ᠦ᠍ᠷ ᠳᠡᠭᠡᠳᠦ ᠨᠡᠢᠰᠯᠡᠯ ᠯᠢᠨ ᠬᠤᠸᠠᠩ ᠹᠦ (临潢府 ᠂ ᠬᠠᠭᠤᠴᠢᠨ ᠪᠠᠯᠭᠠᠰᠤ ᠠᠨᠤ ᠡᠳᠦᠭᠡ ᠶ᠋ᠢᠨ ᠪᠠᠭᠠᠷᠢᠨ ᠵᠡᠭᠦᠨ ᠬᠤᠰᠢᠭᠤᠨ ᠤ᠋ ᠯᠢᠨᠲᠦᠩ ᠦ᠋ᠨ ᠡᠮᠦᠨ᠎ᠡ ᠲᠡᠭᠦᠷᠭᠡ ᠳ᠋ᠦ᠍ ᠪᠣᠢ ) ᠶ᠋ᠢᠨ ᠭᠠᠵᠠᠷ ᠪᠤᠶᠤ ᠃ ᠠᠯᠲᠠᠨ ᠤᠯᠤᠰ ᠤ᠋ᠨ ᠦᠶ᠎ᠡ ᠳ᠋ᠦ᠍ ᠳᠠᠶᠢᠳᠢᠩ ᠤ᠋ᠨ ᠶᠠᠮᠤᠨ ᠳ᠋ᠤᠷ ᠬᠠᠷᠢᠶᠠᠯᠠᠭᠳᠠᠵᠤ ᠠᠭᠰᠠᠨ ᠢ᠋ᠶ᠋ᠠᠨ ᠬᠣᠢᠨ᠎ᠠ ᠠᠨᠤ ᠪᠡᠭᠡᠵᠢᠩ ᠦ᠋ᠨ ᠵᠠᠮ ᠳ᠋ᠤᠷ ᠬᠠᠷᠢᠶᠠᠯᠠᠭᠳᠠᠵᠤᠬᠤᠢ ᠃ ᠶᠤᠸᠠᠨ ᠤᠯᠤᠰ ᠤ᠋ᠨ ᠦᠶ᠎ᠡ ᠳ᠋ᠦ᠍ᠷ ᠴᠢᠦᠸᠠᠨ ᠨᠢᠩ ᠦ᠋ᠨ ᠵᠠᠮ ᠪᠠᠢᠵᠤ ᠯᠦ᠍ ᠸᠠᠩ ᠤ᠋ᠨ ᠡᠷᠭᠦᠮᠵᠢᠯᠡᠭᠳᠡᠭᠰᠡᠨ ᠭᠠᠵᠠᠷ ᠪᠥᠯᠥᠭᠡ ᠃ ᠮᠢᠩ ᠤᠯᠤᠰ ᠤ᠋ᠨ ᠡᠬᠢᠨ ᠳ᠋ᠦ᠍ᠷ ᠴᠢᠦᠸᠠᠨ ᠨᠢᠩ ᠸᠧᠢ ᠳ᠋ᠦ᠍ᠷ ᠬᠠᠷᠢᠶᠠᠯᠠᠭᠳᠠᠨ ᠪᠠᠢᠭᠰᠠᠨ ᠢ᠋ᠶ᠋ᠠᠨ ᠬᠣᠢᠨ᠎ᠠ ᠠᠨᠤ ᠤᠷᠢᠶᠠᠩᠬᠠᠨ ᠤ᠋ ᠬᠣᠢᠲᠤ ᠬᠢᠵᠠᠭᠠᠷ ᠲᠤ᠌ ᠪᠠᠭᠲᠠᠯᠤᠭ᠎ᠠ ᠃ ᠶᠤᠸᠠᠨ ᠤ᠋ ᠲᠠᠢᠽᠦ ᠶ᠋ᠢᠨ ᠠᠷᠪᠠᠨ ᠵᠢᠷᠭᠤᠳᠤᠭᠠᠷ ᠦᠶ᠎ᠡ ᠶ᠋ᠢᠨ ᠠᠴᠢ ᠠᠯᠴᠤ ᠪᠣᠯᠣᠳ ᠤ᠋ᠨ ᠬᠥᠪᠡᠭᠦᠨ ᠬᠤᠷᠠᠭᠴᠢ ᠬᠠᠰᠠᠷ ᠠ᠋ᠴᠠ ᠬᠣᠶᠠᠷ ᠬᠥᠪᠡᠭᠦᠨ ᠪᠤᠶᠤ ᠃ ᠳᠡᠳ᠋ ᠢᠨᠤ ᠰᠣᠪᠤᠬᠠᠢ ᠳᠠᠷᠬᠠᠨ ᠨᠣᠶᠠᠨ ᠤ᠋ ᠦᠶ᠎ᠡ ᠳ᠋ᠦ᠍ᠷ ᠬᠠᠷᠢᠶᠠᠲᠤ ᠠᠢᠮᠠᠭ ᠶᠤᠭᠠᠨ ᠪᠠᠭᠠᠷᠢᠨ ᠭᠡᠮᠡᠨ ᠨᠡᠷᠡᠢᠳᠴᠦᠬᠦᠢ 》 ᠭᠡᠵᠡᠢ ᠃ ᠴᠢᠩ ᠤᠯᠤᠰ ᠤ᠋ᠨ ᠦᠶ᠎ᠡ ᠳ᠋ᠦ᠍ᠷ ᠪᠠᠭᠠᠷᠢᠨ ᠊ᠢ ᠵᠡᠭᠦᠨ ᠪᠠᠷᠠᠭᠤᠨ ᠬᠣᠶᠠᠷ ᠭᠠᠷᠤᠨ ᠬᠣᠰᠢᠭᠤ ᠪᠣᠯᠭᠠᠨ ᠵᠣᠣ ᠤᠳᠠ ᠶ᠋ᠢᠨ ᠴᠢᠭᠤᠯᠭᠠᠨ ᠳ᠋ᠤ᠌ ᠮᠡᠳᠡᠭᠦᠯᠪᠡᠢ ᠃
② 《 ᠵᠠᠷᠤᠳ ᠤ᠋ᠨ ᠨᠣᠶᠠᠳ ᠤ᠋ᠨ ᠤᠭ 》 ᠳᠠᠬᠢ ᠲᠠᠢᠯᠤᠯᠭᠠ① ᠳ᠋ᠤ᠌ ᠦᠵᠡ ᠃
ᠲᠡᠭᠦᠨᠦ ᠬᠦᠦ ᠣᠷᠴᠢᠨ ᠪᠡᠢᠰᠡ ᠂ ᠲᠡᠭᠦᠨᠦ ᠬᠦᠦ ᠡᠷᠳᠡᠨᠢ ᠪᠡᠢᠰᠡ ᠃ ᠤᠭᠪᠤᠳᠠᠢ ᠶ᠋ᠢᠨ ᠳᠡᠭᠦᠦ ᠰᠡᠲᠡᠷ ᠲᠠᠢᠵᠢ ① ᠶ᠋ᠢᠨ ᠬᠥᠪᠡᠭᠦᠨ ᠰᠠᠪᠳᠠᠨ ᠸᠠᠩ② ᠂ ᠲᠡᠭᠦᠨᠦ ᠬᠦᠦ ᠸᠠᠴᠠᠷ ᠸᠠᠩ ᠂ ᠲᠡᠭᠦᠨᠦ ᠬᠦᠦ ᠨᠠᠮᠳᠠᠭ᠎ᠠ ᠸᠠᠩ ᠃ ᠰᠡᠲᠡᠷ ᠲᠠᠢᠵᠢ ᠶ᠋ᠢᠨ ᠳᠡᠭᠦᠦ ᠬᠤᠲᠤᠬᠤᠷ ᠠᠩᠬᠠᠨ ᠤ᠋ ᠬᠦᠦ ᠮᠡᠭᠶᠤᠰᠡᠷᠢ ᠪᠠᠢᠰᠠ③ ᠂ ᠲᠡᠭᠦᠨᠦ ᠬᠦᠦ ᠣᠷᠴᠢᠨ ᠪᠠᠢᠰᠠ ᠃ ᠪᠠᠭᠠᠷᠢᠨ ᠨᠣᠶᠠᠳ ᠡᠳᠡᠨ ᠪᠣᠢ ᠃
— — — —
① ᠰᠡᠲᠡᠷ ( ᠲᠠᠢᠵᠢ ) ᠄ ᠲᠠᠢᠵᠢ ᠂ 《 ᠢᠯᠡᠳᠬᠡᠯ ᠱᠠᠰᠲᠢᠷ 》 ᠲᠤ᠌ ᠰᠣᠪᠤᠬᠠᠢ ᠳᠠᠷᠬᠠᠨ ᠨᠣᠶᠠᠨ ᠤ᠋ ᠬᠥᠪᠡᠭᠦᠨ ᠪᠠᠭ᠎ᠠ ᠪᠠᠭᠠᠲᠤᠷ ᠂ ᠲᠡᠭᠦᠨ ᠦ᠌ ᠭᠤᠷᠪᠠᠨ ᠬᠥᠪᠡᠭᠦᠨ ᠡᠴᠡ ᠣᠣᠬᠠᠨ ᠠᠨᠤ ᠰᠡᠲᠡᠷ ᠲᠠᠢᠵᠢ ᠭᠡᠵᠡᠢ ᠃ ᠡᠨᠳᠡ ᠰᠡᠲᠡᠷ ᠲᠠᠢᠵᠢ ᠶ᠋ᠢ ᠰᠣᠪᠤᠬᠠᠢ ᠳᠠᠷᠬᠠᠨ ᠨᠣᠶᠠᠨ ᠤ᠋ ᠬᠥᠪᠡᠭᠦᠨ ᠭᠡᠵᠦ ᠲᠡᠮᠳᠡᠭᠯᠡᠵᠡᠢ ᠃
② ᠰᠠᠪᠳᠠᠨ ᠸᠠᠩ ᠄ ᠪᠠᠭᠠᠷᠢᠨ ᠪᠠᠷᠠᠭᠤᠨ ᠭᠠᠷᠤᠨ ᠬᠤᠰᠢᠭᠤᠨ ᠤ᠋ ᠵᠠᠰᠠᠭ ᠸᠠᠩ ᠃ ᠡᠶᠡᠪᠡᠷ ᠵᠠᠰᠠᠭᠴᠢ ᠶ᠋ᠢᠨ ᠲᠠᠪᠤᠳᠤᠭᠠᠷ ᠣᠨ (1548 ) ᠳ᠋ᠤ᠌ ᠰᠠᠪᠳᠠᠨ ᠊ᠢ ᠤᠯᠤᠰ ᠲᠤ᠌ ᠲᠤᠰᠠᠯᠠᠭᠴᠢ ᠬᠦᠩ ᠡᠷᠭᠦᠮᠵᠢᠯᠡᠵᠦ ᠮᠠᠨᠵᠤ ᠶ᠋ᠢᠨ ᠱᠤ᠌ ᠾᠦᠢ ᠭᠦᠩᠵᠦ ( ᠡᠩᠬᠡ ᠠᠮᠤᠭᠤᠯᠠᠩ ᠬᠠᠭᠠᠨ ᠤ᠋ ᠠᠪᠠᠭ᠎ᠠ ᠡᠭᠡᠴᠢ ) ᠶ᠋ᠢ ᠰᠠᠪᠳᠠᠨ ᠳ᠋ᠤ᠌ ᠡᠬᠡᠨᠡᠷ ᠪᠣᠯᠭᠠᠨ ᠬᠣᠯᠪᠣᠵᠠᠢ ᠃ ᠡᠶᠡᠪᠡᠷ ᠵᠠᠰᠠᠭᠴᠢ ᠶ᠋ᠢᠨ ᠳᠣᠯᠣᠳᠤᠭᠠᠷ ᠣᠨ (1650 ) ᠳ᠋ᠤ᠌ ᠰᠠᠪᠳᠠᠨ ᠵᠠᠰᠠᠭ ᠲᠥᠷᠥ ᠶ᠋ᠢᠨ ᠵᠢᠶᠦ᠋ᠨ ᠸᠠᠩ ᠡᠷᠭᠦᠮᠵᠢᠯᠡᠭᠳᠡᠪᠡ᠃ ᠡᠩᠬᠡ ᠠᠮᠤᠭᠤᠯᠠᠩ ᠤ᠋ᠨ ᠵᠢᠷᠭᠤᠳᠤᠭᠠᠷ ᠣᠨ ᠳ᠋ᠤ᠌ ᠨᠠᠰᠤ ᠪᠠᠷᠠᠪᠠ ᠃ ᠱᠤ᠌ ᠾᠦᠢ ᠭᠦᠩᠵᠦ ᠪᠠᠭᠠᠷᠢᠨ ᠳ᠋ᠤ᠌ ᠢᠷᠡᠭᠡᠳ ᠭᠤᠷᠪᠠᠨ ᠬᠡᠦᠬᠡᠳ ᠲᠡᠢ ᠪᠣᠯᠪᠠ ᠂ ᠶᠡᠬᠡ ᠬᠥᠪᠡᠭᠦᠨ ᠸᠠᠴᠠᠷ ᠂ ᠳᠡᠳ᠋ ᠢᠨᠤ ᠭᠡᠷᠡᠯᠲᠦ ᠂ ᠭᠤᠲᠠᠠᠭᠠᠷ ᠠᠨᠤ ᠨᠠᠮᠵᠠ ᠃ ᠱᠤ᠌ ᠾᠦᠢ ᠭᠦᠩᠵᠦ ᠮᠣᠩᠭᠣᠯ ᠭᠠᠵᠠᠷ ᠲᠠᠪᠢ ᠢᠯᠡᠭᠦᠦ ᠣᠨ ᠪᠣᠯᠵᠤ ᠡᠩᠬᠡ ᠠᠮᠤᠭᠤᠯᠠᠩ ᠤ᠋ᠨ ᠭᠤᠴᠢᠨ ᠶᠢᠰᠦᠳᠦᠭᠡᠷ ᠣᠨ (1700 ) ᠳ᠋ᠤ᠌ ᠨᠠᠰᠤ ᠪᠠᠷᠠᠪᠠ ᠃
③ ᠮᠡᠭᠶᠤᠰᠡᠷᠢ ᠪᠡᠢᠰᠡ ᠄ 《 ᠢᠯᠡᠳᠬᠡᠯ ᠱᠠᠰᠲᠢᠷ 》 ᠪᠠ ᠪᠠᠭᠠᠷᠢᠨ ᠷᠠᠰᠢᠫᠤᠩᠰᠤᠭ ᠤ᠋ᠨ ᠪᠢᠴᠢᠭᠰᠡᠨ 《 ᠪᠣᠯᠣᠷ ᠡᠷᠢᠭᠡ 》 ᠳ᠋ᠦ᠍ ᠮᠠᠨᠵᠤᠰᠢᠷᠢ ᠪᠡᠢᠰᠡ ᠭᠡᠳᠡᠭ ᠃ ᠪᠠᠭᠠᠷᠢᠨ ᠵᠡᠭᠦᠨ ᠭᠠᠷᠤᠨ ᠬᠤᠰᠢᠭᠤᠨ ᠤ᠋ ᠵᠠᠰᠠᠭ ᠪᠡᠢᠰᠡ ᠃ ᠡᠶᠡᠪᠡᠷ ᠵᠠᠰᠠᠭᠴᠢ ᠶ᠋ᠢᠨ ᠲᠠᠪᠤᠳᠤᠭᠠᠷ ᠣᠨ (1648 ) ᠳ᠋ᠤ᠌ ᠡᠷᠭᠦᠮᠵᠢᠯᠡᠭᠳᠡᠨ ᠂1672 ᠣᠨ ᠳ᠋ᠤ᠌ ᠨᠠᠰᠤ ᠪᠠᠷᠠᠪᠠ ᠃

