ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ – ᠠ15 Гангын урсгал – Чингис эзний алтан ургийн түүх Канкны урсгал нэрт бичиг оршив –А15
ᠵᠠᠷᠤᠳ ① ᠤ᠋ᠨ ᠨᠣᠶᠠᠳ ᠤ᠋ᠨ ᠤᠭ
ᠵᠢᠷᠭᠤᠳᠤᠭᠠᠷ ᠬᠥᠪᠡᠭᠦᠨ ᠠᠯᠴᠤ ᠪᠣᠯᠣᠳ ② ᠂ ᠲᠠᠪᠤᠨ ᠣᠲᠣᠭ ᠬᠠᠯᠬ᠎ᠠ ᠶ᠋ᠢ ᠳᠠᠷᠤᠭᠯᠠᠭᠰᠠᠨ ᠲᠡᠭᠥᠨᠥ ᠬᠥᠪᠡᠭᠦᠨ ᠬᠤᠷᠠᠭᠴᠢ ᠬᠠᠰᠠᠷ ᠨᠣᠶᠠᠨ ᠲᠡᠭᠥᠨᠥ
— — — —
① 《ᠮᠣᠩᠭᠣᠯ ᠤ᠋ᠨ ᠨᠡᠭᠦᠬᠦ ᠮᠠᠯᠵᠢᠯ ᠤ᠋ᠨ ᠲᠡᠮᠳᠡᠭᠯᠡᠯ 》 ᠳ᠋ᠦ᠍ᠷ ᠲᠡᠮᠳᠡᠭᠯᠡᠭᠰᠡᠨ ᠢᠨᠤ ᠄ 《ᠵᠠᠷᠤᠳ ᠠᠢᠮᠠᠭ ᠠᠨᠤ ᠪᠠᠶᠠᠰᠬᠤᠯᠠᠩ ᠬᠠᠳᠠ ᠳ᠋ᠤ᠌ ᠬᠠᠭᠠᠯᠭ᠎ᠠ ᠠ᠋ᠴᠠ ᠵᠡᠭᠦᠨ ᠬᠣᠢᠰᠢ ᠨᠢᠭᠡᠨ ᠮᠢᠩᠭᠠᠨ ᠨᠢᠭᠡᠨ ᠵᠠᠭᠤᠨ ᠭᠠᠵᠠᠷ ᠪᠤᠶᠤ ᠃ ᠨᠡᠢᠰᠯᠡᠯ ᠬᠣᠲᠠᠨ ᠳ᠋ᠤᠷ ᠬᠦᠷᠴᠦ ᠢᠷᠡᠬᠦᠢ ᠢᠨᠤ ᠨᠢᠭᠡᠨ ᠮᠢᠩᠭᠠᠨ ᠲᠠᠪᠤᠨ ᠵᠠᠭᠤᠨ ᠠᠷᠪᠠᠨ ᠭᠠᠵᠠᠷ ᠃ ᠵᠡᠭᠦᠨ ᠪᠠᠷᠠᠭᠤᠨ ᠬᠠᠷᠢᠯᠴᠠᠨ ᠠᠯᠤᠰᠯᠠᠭᠰᠠᠨ ᠠᠨᠤ ᠨᠢᠭᠡᠨ ᠵᠠᠭᠤ ᠬᠣᠷᠢᠨ ᠲᠠᠪᠤᠨ ᠭᠠᠵᠠᠷ ᠂ ᠡᠮᠦᠨ᠎ᠡ ᠤᠮᠠᠷ᠎ᠠ ᠬᠠᠷᠢᠯᠴᠠᠨ ᠠᠯᠤᠰᠯᠠᠭᠰᠠᠨ ᠠᠨᠤ ᠳᠥᠷᠪᠡᠨ ᠵᠠᠭᠤᠨ ᠵᠢᠷᠠᠨ ᠭᠠᠵᠠᠷ ᠃ ᠵᠡᠭᠦᠨ ᠡᠲᠡᠭᠡᠳ ᠢᠨᠤ ᠬᠣᠷᠴᠢᠨ ᠳ᠋ᠤᠷ ᠵᠠᠬ᠎ᠠ ᠨᠡᠢᠯᠡᠵᠦ ᠪᠠᠷᠠᠭᠤᠨ ᠡᠲᠡᠭᠡᠳ ᠢᠨᠤ ᠠᠷᠤ ᠬᠣᠷᠴᠢᠨ ᠳ᠋ᠤᠷ ᠵᠠᠬ᠎ᠠ ᠨᠡᠢᠯᠡᠵᠦᠬᠦᠢ ᠂ ᠡᠮᠦᠨ᠎ᠡ ᠡᠲᠡᠭᠡᠳ ᠢᠨᠤ ᠬᠠᠯᠬ᠎ᠠ ᠶ᠋ᠢᠨ ᠵᠡᠭᠦᠨ ᠭᠠᠷᠤᠨ ᠬᠤᠰᠢᠭᠤᠨ ᠳ᠋ᠤ᠌ ᠵᠠᠬ᠎ᠠ ᠨᠡᠢᠯᠡᠵᠦ ᠤᠮᠠᠷ᠎ᠠ ᠡᠲᠡᠭᠡᠳ ᠢᠨᠤ ᠦᠵᠦᠮᠦᠴᠢᠨ ᠳ᠋ᠦ᠍ᠷ ᠵᠠᠬ᠎ᠠ ᠨᠡᠢᠯᠡᠵᠦᠬᠦᠢ ᠃ ᠬᠠᠨ ᠤᠯᠤᠰ ᠤ᠋ᠨ ᠦᠶ᠎ᠡ ᠳ᠋ᠦ᠍ᠷ ᠯᠢᠶᠣᠤ ᠳ᠋ᠦ᠋ᠩ ᠵᠢᠶᠦ᠋ᠨ ᠦ᠌ ᠤᠮᠠᠷᠠᠲᠤ ᠬᠢᠵᠠᠭᠠᠷ ᠪᠣᠯᠵᠤ ᠳᠠᠩ ᠤᠯᠤᠰ ᠤ᠋ᠨ ᠦᠶ᠎ᠡ ᠳ᠋ᠦ᠍ ᠵᠢᠩ ᠵᠧᠦ ᠶ᠋ᠢᠨ ᠳ᠋ᠦᠳᠦ᠋ ᠶᠠᠮᠤᠨ ᠳ᠋ᠤᠷ ᠬᠠᠷᠢᠶᠠᠯᠠᠭᠳᠠᠵᠤᠬᠤᠢ ᠂ ᠬᠣᠢᠨ᠎ᠠ ᠠᠨᠤ ᠺᠦᠮᠤᠰᠢ ᠳ᠋ᠤᠷ ᠣᠷᠣᠪᠠᠢ ᠃ ᠯᠢᠶᠣᠤ ᠤᠯᠤᠰ ᠤ᠋ᠨ ᠦᠶ᠎ᠡ ᠳ᠋ᠦ᠍ᠷ ᠳᠡᠭᠡᠳᠦ ᠨᠡᠢᠰᠯᠡᠯ ᠦ᠋ᠨ ᠵᠠᠮ ᠳ᠋ᠤᠷ ᠣᠷᠣᠵᠤ ᠠᠯᠲᠠᠨ ᠤᠯᠤᠰ ᠤ᠋ᠨ ᠦᠶ᠎ᠡ ᠳ᠋ᠦ᠍ᠷ ᠪᠡᠭᠡᠵᠢᠩ ᠦ᠋ᠨ ᠵᠠᠮ ᠳ᠋ᠤᠷ ᠬᠠᠷᠢᠶᠠᠯᠠᠭᠳᠠᠪᠠᠢ ᠃ ᠶᠤᠸᠠᠨ ᠤᠯᠤᠰ ᠤ᠋ᠨ ᠦᠶ᠎ᠡ ᠳ᠋ᠦ᠍ᠷ ᠱᠠᠩᠳᠤ ᠶ᠋ᠢᠨ ᠵᠠᠮ ᠳ᠋ᠤᠷ ᠬᠠᠮᠢᠶᠠᠷᠤᠭᠳᠠᠨ ᠮᠢᠩ ᠤᠯᠤᠰ ᠤ᠋ᠨ ᠦᠶ᠎ᠡ ᠳ᠋ᠦ᠍ᠷ ᠮᠣᠩᠭᠣᠯ ᠳ᠋ᠤᠷ ᠣᠷᠣᠵᠤᠬᠤᠢ ᠃ ᠶᠤᠸᠠᠨ ᠤᠯᠤᠰ ᠤ᠋ᠨ ᠲᠠᠢᠽᠦ ᠶ᠋ᠢᠨ ᠠᠷᠪᠠᠨ ᠳᠣᠯᠣᠳᠤᠭᠠᠷ ᠦᠶ᠎ᠡ ᠶ᠋ᠢᠨ ᠠᠴᠢ ᠭᠡᠷᠡᠰᠡᠵᠡ ᠬᠠᠰᠠᠷ ᠲᠤᠷ ᠬᠣᠶᠠᠷ ᠬᠥᠪᠡᠭᠦᠨ ᠲᠡᠢ ᠠᠵᠤᠭᠤ ᠂ ᠶᠡᠬᠡ ᠢᠨᠤ ᠣᠪᠰᠢ ᠣᠶᠢᠵᠢᠩ ᠨᠣᠶᠠᠨ ᠤ᠋ ᠦᠶ᠎ᠡ ᠳ᠋ᠦ᠍ᠷ ᠥᠪᠡᠷ ᠦ᠋ᠨ ᠬᠠᠷᠢᠶᠠᠲᠤ ᠠᠢᠮᠠᠭ ᠢ᠋ᠶ᠋ᠠᠨ ᠵᠠᠷᠤᠳ ᠬᠡᠮᠡᠵᠦᠬᠦᠢ 》 ᠭᠡᠵᠡᠢ ᠃ ᠴᠢᠩ ᠤᠯᠤᠰ ᠤ᠋ᠨ ᠦᠶ᠎ᠡ ᠳ᠋ᠦ᠍ᠷ ᠵᠠᠷᠤᠳ ᠊ᠢ ᠵᠡᠭᠦᠨ ᠪᠠᠷᠠᠭᠤᠨ ᠭᠠᠷᠤᠨ ᠬᠣᠶᠠᠷ ᠬᠣᠰᠢᠭᠤ ᠬᠤᠪᠢᠶᠠᠵᠤ ᠵᠣᠣ ᠤᠳᠠ ᠶ᠋ᠢᠨ ᠴᠢᠭᠤᠯᠭᠠᠨ ᠳ᠋ᠤᠷ ᠮᠡᠳᠡᠭᠦᠯᠵᠦᠬᠦᠢ ᠃
② ᠠᠯᠴᠤ ᠪᠣᠯᠣᠳ ᠪᠣᠯ ᠲᠠᠶᠠᠨ ᠬᠠᠭᠠᠨ ᠤ᠋ ᠲᠠᠪᠤᠳᠤᠭᠠᠷ ᠬᠥᠪᠡᠭᠦᠨ ᠪᠣᠯᠤᠨ᠎ᠠ ᠃
ᠬᠥᠪᠡᠭᠦᠨ ᠣᠪᠰᠢ ᠤᠶᠢᠵᠦᠩ ᠂ ᠨᠣᠶᠠᠨ ᠂ ᠲᠡᠭᠦᠨᠦ ᠬᠥᠪᠡᠭᠦᠨ ᠪᠠᠶᠠᠨᠲᠠᠷ ᠢᠯᠡᠲᠡᠩ ᠶᠡᠬᠡ ᠬᠠᠨ ᠣᠷᠣᠨ᠎ᠠ ᠰᠠᠭᠤᠵᠤ① ᠶᠢᠰᠦᠨ 口 ᠭᠠᠨ② ᠂ ᠲᠡᠭᠦᠨᠦ ᠬᠥᠪᠡᠭᠦᠨ ᠡᠢᠴᠢ ᠬᠠᠭᠠᠨ③ ᠂ ᠲᠡᠭᠦᠨᠦ ᠬᠥᠪᠡᠭᠦᠨ ᠴᠢᠩᠪᠤ ᠪᠡᠢᠯᠡ ᠂ ᠲᠡᠭᠦᠨᠦ ᠬᠥᠪᠡᠭᠦᠨ ᠬᠢᠲᠠᠳ ᠪᠡᠢᠯᠡ ᠂ ᠲᠡᠭᠦᠨᠦ ᠬᠦᠦ ᠵᠠᠮᠰᠤ ᠪᠡᠢᠯᠡ ④ ᠪᠠᠷᠢᠪᠠ ᠂ ᠪᠡᠢᠯᠡ⑥ ᠂ ᠪᠠᠶᠠᠨᠲᠠᠷᠠ ᠨᠣᠶᠠᠨ ᠲᠡᠭᠦᠨᠦ ᠲᠣᠳᠢ ᠲᠤᠷᠠᠬᠠᠯ ᠨᠣᠶᠠᠨ ⑥ ᠤ᠋ ᠬᠥᠪᠡᠭᠦᠨ ᠪᠠᠭ ᠲᠠᠷᠠᠬᠠᠨ ᠬᠣᠰᠢᠬᠤᠴᠢ ᠲᠡᠭᠦᠨᠦ ᠬᠦᠦ ᠸᠠᠴᠠᠷ ᠰᠠᠩ ᠂
— — — —
① ᠲᠡᠦᠬᠡᠨ ᠲᠡᠮᠳᠡᠭᠯᠡᠯ ᠡᠴᠡ ᠦᠵᠡᠪᠡᠯ ᠂ ᠪᠠᠶᠠᠨᠲᠠᠷᠠ ᠢᠯᠡᠲᠡᠩ ᠤᠶᠠᠨ ᠠ᠋ᠴᠠ ᠡᠬᠢᠯᠡᠨ ᠲᠡᠭᠦᠨ ᠦ᠌ ᠤᠮᠪᠠᠯ ᠡᠢᠴᠢ ᠬᠦᠷᠲᠡᠯ᠎ᠡ ᠴᠥᠮ ᠥᠪᠡᠷᠦᠨ ᠪᠡᠶ᠎ᠡ ᠪᠡᠨ ᠵᠠᠷᠤᠳ ᠤ᠋ᠨ ᠬᠠᠭᠠᠨ ᠭᠡᠵᠦ ᠡᠷᠭᠦᠮᠵᠢᠯᠡᠵᠡᠢ ᠃ ᠡᠢᠮᠦ ᠡᠴᠡ ᠭᠣᠮᠪᠣᠵᠠᠪ ᠲᠠᠶᠠᠨ ᠊ᠢ 《 ᠶᠡᠬᠡ ᠬᠠᠨ ᠣᠷᠣᠨ᠎ᠠ ᠰᠠᠭᠤᠵᠤ 》 ᠭᠡᠬᠦ ᠪᠤᠶᠤ 《 ᠬᠠᠭᠠᠨ 》 ᠭᠡᠵᠦ ᠲᠡᠮᠳᠡᠭᠡᠯᠡᠭᠰᠡᠨ ᠶᠦ᠍ᠮ ᠃
② ᠡᠨᠳᠡ ᠤᠭ ᠡᠬᠡ ᠪᠢᠴᠢᠭ ᠲᠤᠨᠢ ᠦᠰᠦᠭ ᠣᠷᠬᠢᠭᠳᠠᠭᠰᠠᠨ ᠲᠤᠯᠠ 囗 ᠲᠡᠮᠳᠡᠭ ᠢ᠋ᠶ᠋ᠡᠷ ᠲᠡᠮᠳᠡᠭᠡᠯᠡᠪᠡ ᠃
③ ᠡᠢᠴᠢ ᠬᠠᠭᠠᠨ ᠄ 《 ᠢᠯᠡᠳᠬᠡᠯ ᠱᠠᠰᠲᠢᠷ 》 ᠲᠤ᠌ 《 ᠨᠡᠢᠴᠢ 》 ᠭᠡᠵᠦ ᠲᠡᠮᠳᠡᠭᠯᠡᠵᠡᠢ ᠃ ᠵᠠᠷᠤᠳ ᠵᠡᠭᠦᠨ ᠭᠠᠷᠤᠨ ᠬᠤᠰᠢᠭᠤᠨ ᠤ᠋ ᠵᠠᠰᠠᠭ ᠸᠠᠩ ᠃ ᠮᠠᠨᠵᠤ ᠳ᠋ᠤ᠌ ᠣᠷᠣᠬᠤ ᠠ᠋ᠴᠠ ᠡᠮᠦᠨ᠎ᠡ ᠪᠡᠶ᠎ᠡ ᠪᠡᠨ ᠨᠡᠢᠴᠢ ᠬᠠᠭᠠᠨ ᠭᠡᠵᠦ ᠡᠷᠭᠦᠮᠵᠢᠯᠡᠨ ᠳᠠᠭᠤᠳᠠᠵᠤ ᠪᠠᠢᠪᠠ ᠃ 《 ᠢᠯᠡᠳᠬᠡᠯ ᠱᠠᠰᠲᠢᠷ 》 ᠲᠤ᠌ 《 ᠨᠡᠢᠴᠢ 》 ᠭᠡᠵᠦ ᠲᠡᠮᠳᠡᠭᠯᠡᠵᠡᠢ ᠃ ᠡᠢᠴᠢ ᠬᠠᠭᠠᠨ ᠤ᠋ ᠦᠶ᠎ᠡ ᠳ᠋ᠦ᠍ ᠮᠠᠨᠵᠤ ᠨᠠᠷ ᠲᠠᠢ ᠤᠷᠤᠭ ᠬᠣᠲᠠ ᠪᠣᠯᠤᠯᠴᠠᠨ ᠨᠠᠢᠷᠰᠠᠭ ᠳᠣᠲᠣᠨᠣ ᠶᠠᠪᠤᠯᠴᠠᠵᠤ ᠪᠠᠢᠵᠠᠢ ( ᠡᠢᠴᠢ ᠥᠪᠡᠷ ᠦᠨᠥᠬᠢᠨ ᠳᠡᠭᠦᠦ ᠪᠡᠨ ᠮᠠᠨᠵᠤ ᠶ᠋ᠢᠨ ᠪᠡᠢᠯᠡ ᠮᠠᠩᠭᠤᠷ ᠲᠤ᠌ ᠬᠣᠯᠪᠣᠭᠰᠠᠨ ) ᠃1619 ᠣᠨ ᠳ᠋ᠤ᠌ ᠲᠡᠭᠦᠨ ᠦ᠌ ᠦᠶᠡᠯᠢᠳ ᠠᠪᠠᠭ᠎ᠠ ᠰᠠᠪᠤᠨ ( ᠡᠨᠳᠡ ᠲᠡᠮᠳᠡᠭᠯᠡᠭᠰᠡᠨ ᠰᠠᠮᠪᠤᠸᠠ ᠳᠠᠷᠬᠠᠨ ᠪᠠᠭᠠᠲᠤᠷ ) ᠴᠢᠷᠢᠭ ᠳᠠᠢᠴᠢᠯᠠᠨ ᠮᠢᠩ ᠤᠯᠤᠰ ᠊ᠢ ᠬᠠᠪᠰᠤᠷᠤᠨ ᠮᠠᠨᠵᠤ ᠶ᠋ᠢᠨ ᠳᠣᠪᠲᠣᠯᠤᠯ ᠊ᠢ ᠡᠰᠡᠷᠭᠦᠴᠡᠭᠡᠳ ᠢᠯᠠᠭᠳᠠᠪᠠ ᠃ ᠡᠭᠦᠨ ᠦ᠌ ᠳᠠᠷᠠᠭ᠎ᠠ ᠲᠡᠭᠦᠨ ᠦ᠌ ᠡᠴᠢᠭᠡ ᠵᠥᠩᠲᠦ ᠨᠠᠷ ᠴᠤ᠌ ᠮᠠᠨᠵᠤ ᠶ᠋ᠢ ᠡᠰᠡᠷᠭᠦᠴᠡᠭᠡᠳ ᠴᠥᠮ ᠢᠯᠠᠭᠳᠠᠪᠠ ᠃1628 ᠣᠨ ᠳ᠋ᠤ᠌ ᠡᠢᠴᠢ ᠬᠠᠭᠠᠨ ᠮᠠᠨᠵᠤ ᠳ᠋ᠤ᠌ ᠣᠷᠣᠵᠤ ᠥᠭᠪᠡ ᠃1642 ᠣᠨ ᠳ᠋ᠤ᠌ ᠨᠠᠰᠤ ᠪᠠᠷᠠᠪᠠ ᠃1648 ᠣᠨ ᠳ᠋ᠤ᠌ ᠡᠢᠴᠢ ᠶ᠋ᠢ ᠨᠡᠬᠡᠵᠦ ᠲᠥᠷᠥ ᠶ᠋ᠢᠨ ᠪᠡᠢᠯᠡ ᠡᠷᠭᠦᠮᠵᠢᠯᠡᠭᠡᠳ ᠲᠡᠭᠦᠨ ᠦ᠌ ᠬᠥᠪᠡᠭᠦᠨ ᠴᠢᠩᠪᠤ ᠳ᠋ᠤ᠌ ᠵᠠᠯᠭᠠᠮᠵᠢᠭᠤᠯᠪᠠ ᠃ ᠡᠢᠴᠢ ᠪᠣᠯ ᠪᠠᠶᠠᠨᠲᠠᠷᠠ ᠢᠯᠠᠲᠠᠩ ᠤ᠋ᠨ ᠬᠥᠪᠡᠭᠦᠨ ᠵᠥᠩᠲᠦ ᠶ᠋ᠢᠨ ᠬᠥᠪᠡᠭᠦᠨ ᠪᠣᠯᠠᠢ ᠃ ᠡᠨᠳᠡ ᠪᠠᠶᠠᠨᠲᠠᠷᠠ ᠶ᠋ᠢᠨ ᠬᠥᠪᠡᠭᠦᠨ ᠪᠣᠯᠭᠠᠨ ᠲᠡᠮᠳᠡᠭᠯᠡᠭᠰᠡᠨ ᠨᠢ ᠪᠤᠷᠤᠭᠤ ᠶᠤᠮ ᠃
④ ᠵᠠᠮᠰᠤ ᠪᠡᠢᠯᠡ ᠄ 《 ᠢᠯᠡᠳᠬᠡᠯ ᠱᠠᠰᠲᠢᠷ 》 ᠲᠤ᠌ ᠵᠠᠮᠪᠤ ᠪᠡᠢᠯᠡ ᠭᠡᠵᠡᠢ ᠃
⑥ ᠪᠠᠷᠢᠪᠠ ᠂ ᠪᠡᠢᠯᠡ ᠄ ᠪᠠᠷᠢᠪᠠ ᠂ ᠪᠡᠢᠯᠡ ᠃ ᠵᠠᠮᠰᠤ ᠪᠡᠢᠯᠡ ᠶ᠋ᠢᠨ ᠬᠥᠪᠡᠭᠦᠨ ᠪᠣᠯᠠᠢ ᠃
⑥ ᠲᠡᠭᠦᠨᠦ ᠲᠣᠲᠠᠢ ᠲᠤᠷᠠᠬᠠᠯ ᠨᠣᠶᠠᠨ ᠄ ᠲᠡᠭᠦᠨ ᠦ᠌ ᠳᠡᠭᠦᠦ ᠲᠣᠳᠢ ᠲᠣᠷᠠᠬᠠᠯ ᠨᠣᠶᠠᠨ ᠭᠡᠪᠡᠯ ᠲᠠᠭᠠᠷᠠᠨ᠎ᠠ ᠃
ᠲᠡᠭᠦᠨᠦ ᠬᠦᠦ ᠠᠰᠬᠠᠨ ᠂ ᠠᠮᠪᠠᠨ ᠴᠣᠭᠲᠤ ᠲᠡᠭᠦᠨᠦ ᠬᠥᠪᠡᠭᠦᠨ ᠪᠤᠶᠠᠨᠲᠤ ᠂ ᠬᠣᠷᠴᠢᠨ ᠬᠣᠶᠠᠭᠤᠯᠠ ᠸᠠᠩ ᠸᠠᠴᠠᠷ ᠰᠠᠩ ᠤ᠋ᠨ ᠳ᠋ᠡᠭᠦᠦ ᠲᠠᠬᠢᠮᠤ ᠲᠣᠷᠢᠢ ( ᠳᠣᠷᠣᠢ ) ᠶ᠋ᠢᠨ ᠬᠥᠪᠡᠭᠦᠨ ᠲᠦᠷᠡᠩ ᠲᠣᠨᠷᠬᠢ ᠠᠮᠪᠠᠨ ᠲᠡᠭᠦᠨᠦ ᠬᠦᠦ ᠰᠡᠴᠡ ᠳᠠᠯᠠᠢ ᠃ ᠪᠠᠭ ᠳᠠᠷᠬᠠᠨ ᠤ᠋ ᠲᠡᠭᠦᠨᠦ ( ᠳᠡᠭᠦᠦ ) ᠰᠠᠮᠪᠤᠸᠠ ᠳᠠᠷᠬᠠᠨ ᠪᠠᠭᠠᠲᠤᠷ① ᠤ᠋ᠨ ᠬᠥᠪᠡᠭᠦᠨ ᠰᠠᠩᠬᠠᠷ ᠪᠡᠢᠯᠡ ᠂ ᠲᠡᠭᠦᠨᠦ ᠬᠦᠦ ᠪᠡᠳᠡᠷᠢ ᠪᠡᠢᠯᠡ ᠂ ᠲᠡᠭᠦᠨᠦ ᠬᠥᠪᠡᠭᠦᠨ ᠪᠢᠯᠢᠭᠲᠦ ᠂ ᠪᠡᠢᠯᠡ ᠂ ᠲᠡᠭᠦᠨᠦ ᠬᠦᠦ ᠯᠠᠪᠠᠢ ᠪᠡᠢᠯᠡ ᠲᠡᠭᠦᠨᠦ ᠬᠦᠦ ᠠᠲᠠᠱᠠ ᠪᠡᠢᠯᠡ ᠂ ᠳᠠᠷᠬᠠᠨ ᠪᠠᠭᠠᠲᠤᠷ ᠤ᠋ᠨ ᠲᠡᠭᠦᠨᠦ ( ᠳᠡᠭᠦᠦ ) ᠂ ᠮᠠᠨᠢ ᠴᠢᠩ ᠪᠠᠭᠠᠲᠤᠷ② ᠤ᠋ᠨ ᠬᠦᠦ ᠬᠢᠲᠠᠳ ᠬᠦᠩ ᠂ ᠲᠡᠭᠦᠨᠦ ᠬᠦᠦ ᠪᠠᠲᠤ ᠬᠦᠩ ᠃ ᠵᠠᠷᠤᠳ ᠨᠣᠶᠠᠳ ᠡᠳᠡᠨ ᠪᠣᠢ ᠃
— — — —
① ᠰᠠᠮᠪᠤᠸᠠ ᠳᠠᠷᠬᠠᠨ ᠪᠠᠭᠠᠲᠤᠷ ᠄ 《 ᠢᠯᠡᠳᠬᠡᠯ ᠱᠠᠰᠲᠢᠷ 》 ᠲᠤ᠌ ᠰᠠᠪᠤᠨ ᠳᠠᠷᠬᠠᠨ ᠪᠠᠭᠠᠲᠤᠷ ᠭᠡᠵᠡᠢ ᠃ ᠵᠠᠷᠤᠳ ᠪᠠᠷᠠᠭᠤᠨ ᠭᠠᠷᠤᠨ ᠬᠤᠰᠢᠭᠤᠨ ᠤ᠋ ᠵᠠᠰᠠᠭ ᠸᠠᠩ ᠪᠤᠶᠤ ᠃ ᠲᠩᠷᠢ ᠶ᠋ᠢᠨ ᠪᠣᠱᠣᠭᠲᠤ ᠶ᠋ᠢᠨ ᠳᠥᠲᠥᠭᠡᠷ ᠣᠨ (1619 ) ᠦ᠌ ᠨᠠᠮᠤᠷ ᠶᠡᠬᠡ ᠴᠡᠷᠢᠭ ᠠᠪᠴᠤ ᠮᠢᠩ ᠤᠯᠤᠰ ᠊ᠢ ᠬᠠᠪᠰᠤᠷᠤᠨ ᠮᠠᠨᠵᠤ ᠶ᠋ᠢ ᠡᠰᠡᠷᠭᠦᠴᠡᠭᠡᠳ ᠢᠯᠠᠭᠳᠠᠨ ᠮᠠᠨᠵᠤ ᠳ᠋ᠤ᠌ ᠪᠠᠷᠢᠭᠳᠠᠵᠠᠢ ᠃ ᠬᠣᠢᠨ᠎ᠠ ᠨᠢ ᠮᠠᠨᠵᠤ ᠳ᠋ᠤ᠌ ᠪᠠᠭᠤᠵᠤ ᠦᠭᠭᠦᠭᠰᠡᠨ ᠡᠴᠡ ᠰᠤᠯᠠᠯᠠᠭᠳᠠᠨ ᠬᠠᠷᠢᠪᠠ ᠃ ᠲᠡᠭᠦᠨ ᠦ᠌ ᠳᠠᠷᠠᠭ᠎ᠠ ᠰᠠᠪᠤᠨ ᠮᠠᠨᠵᠤ ᠶ᠋ᠢᠨ ᠨᠣᠶᠠᠳ ᠲᠤ᠌ ᠳᠠᠬᠢᠨ ᠪᠠᠷᠠᠭᠠᠯᠠᠨ ᠮᠢᠩ ᠤᠯᠤᠰ ᠢ᠋ ᠳᠠᠢᠯᠠᠬᠤ ᠳ᠋ᠤ᠌ ᠶᠡᠬᠡᠳᠡ ᠬᠦᠴᠦᠨ ᠭᠠᠷᠭᠠᠭᠰᠠᠨ ᠠ᠋ᠴᠠ ᠳᠠᠷᠬᠠᠨ ᠪᠠᠭᠠᠲᠤᠷ ᠴᠣᠯᠠ ᠣᠯᠵᠠᠢ ᠃1636 ᠣᠨ ᠳ᠋ᠤ᠌ ᠨᠠᠰᠤ ᠪᠠᠷᠠᠪᠠ ᠃1648 ᠣᠨ ᠳ᠋ᠤ᠌ ᠨᠡᠬᠡᠵᠦ ᠲᠥᠷᠥ ᠶ᠋ᠢᠨ ᠳᠠᠷᠬᠠᠨ ᠪᠡᠢᠯᠡ ᠡᠷᠭᠦᠮᠵᠢᠯᠡᠭᠰᠡᠨᠡ ᠲᠡᠭᠦᠨ ᠦ᠌ ᠬᠥᠪᠡᠭᠦᠨ ᠰᠠᠩᠬᠠᠷ ᠵᠠᠯᠭᠠᠮᠵᠢᠯᠠᠵᠠᠢ ᠃
② ᠮᠠᠨᠢ ᠴᠢᠩ ᠪᠠᠭᠠᠲᠤᠷ ᠄ ᠨᠡᠬᠡᠵᠦ ᠡᠷᠭᠦᠮᠵᠢᠯᠡᠭᠰᠡᠨ ᠤᠯᠤᠰ ᠤ᠋ᠨ ᠲᠥᠰᠢᠶ᠎ᠡ ᠬᠦᠩ ᠃

