ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ – ᠠ14 Гангын урсгал – Чингис эзний алтан ургийн түүх Канкны урсгал нэрт бичиг оршив –А14
ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ
ᠬᠡᠰᠢᠭᠲᠡᠨ ᠦ ᠨᠣᠶᠠᠳ ᠤᠨ ᠤᠭ
ᠬᠡᠰᠢᠭᠲᠡᠨ ᠦ᠌ ᠨᠣᠶᠠᠳ ᠤ᠋ᠨ ᠤᠭ①
ᠭᠤᠲᠠᠭᠠᠷ ᠳᠥᠲᠥᠭᠡᠷ ᠲᠡᠭᠦᠨᠣ ( ᠳᠡᠭᠦᠦ ) ᠢᠨᠤ ᠤᠶᠢᠵᠦᠩ ᠲᠠᠶᠢᠴᠢᠩ ᠬᠣᠶᠠᠭᠤᠯᠠ ᠵᠡᠭᠦᠨ ᠭᠠᠷ ᠤ᠋ᠨ ᠲᠠᠪᠤᠨ ᠣᠲᠣᠭ ᠊ᠢ ᠲᠠᠷᠤᠭᠯᠠᠪᠠᠢ ᠃②
— — — —
① 《 ᠮᠣᠩᠭᠣᠯ ᠤ᠋ᠨ ᠨᠡᠭᠦᠬᠦ ᠮᠠᠯᠵᠢᠯ ᠤ᠋ᠨ ᠲᠡᠮᠳᠡᠭᠯᠡᠯ 》 ᠳ᠋ᠦ᠍ᠷ ᠲᠡᠮᠳᠡᠭᠯᠡᠭᠰᠡᠨ ᠢᠨᠤ ᠄ 《 ᠬᠡᠰᠢᠭᠲᠡᠨ ᠠᠢᠮᠠᠭ ᠠᠨᠤ ᠮᠤᠯᠲᠤᠱᠢ ᠬᠠᠭᠠᠯᠭ᠎ᠠ (古北口 ) ᠠ᠋ᠴᠠ ᠵᠡᠭᠦᠨ ᠬᠣᠢᠰᠢ ᠲᠠᠪᠤᠨ ᠵᠠᠭᠤᠨ ᠭᠠᠵᠠᠷ ᠪᠤᠶᠤ ᠃ ᠨᠡᠢᠰᠯᠡᠯ ᠬᠣᠲᠠᠨ ᠳ᠋ᠤᠷ ᠬᠦᠷᠴᠦ ᠢᠷᠡᠬᠦ ᠢᠨᠤ ᠨᠠᠢ᠍ᠮᠠᠨ ᠵᠠᠭᠤᠨ ᠠᠷᠪᠠᠨ ᠭᠠᠵᠠᠷ ᠃ ᠵᠡᠭᠦᠨ ᠪᠠᠷᠠᠭᠤᠨ ᠬᠠᠷᠢᠯᠴᠠᠨ ᠠᠯᠤᠰᠯᠠᠭᠰᠠᠨ ᠠᠨᠤ ᠭᠤᠷᠪᠠᠨ ᠵᠠᠭᠤ ᠭᠤᠴᠢᠨ ᠳᠥᠷᠪᠡᠨ ᠭᠠᠵᠠᠷ ᠂ ᠡᠮᠦᠨ᠎ᠡ ᠤᠮᠠᠷ᠎ᠠ ᠬᠠᠷᠢᠯᠴᠠᠨ ᠠᠯᠤᠰᠯᠠᠭᠰᠠᠨ ᠠᠨᠤ ᠭᠤᠷᠪᠠᠨ ᠵᠠᠭᠤ ᠲᠠᠪᠢᠨ ᠳᠣᠯᠣᠭᠠᠨ ᠭᠠᠵᠠᠷ ᠠᠵᠤᠭᠤ ᠃ ᠵᠡᠭᠦᠨ ᠡᠲᠡᠭᠡᠳ ᠢᠨᠤ ᠣᠩᠨᠢᠭᠤᠳ ᠵᠢᠴᠢ ᠪᠠᠭᠠᠷᠢᠨ ᠲᠠᠢ ᠵᠠᠬ᠎ᠠ ᠨᠡᠢᠯᠡᠵᠦᠬᠦᠢ ᠃ ᠪᠠᠷᠠᠭᠤᠨ ᠡᠲᠡᠭᠡᠳ ᠢᠨᠤ ᠬᠠᠭᠤᠴᠢᠳ ᠵᠢᠴᠢ ᠴᠠᠬᠠᠷ ᠤ᠋ᠨ ᠰᠢᠯᠤᠭᠤᠨ ᠬᠥᠬᠡ ᠬᠤᠰᠢᠭᠤᠨ ᠤ᠋ ᠠᠲᠤᠭᠣᠯᠬᠣ ᠭᠠᠵᠠᠷ ᠲᠤᠷ ᠵᠠᠬ᠎ᠠ ᠨᠡᠢᠯᠡᠵᠦᠬᠦᠢ ᠂ ᠡᠮᠦᠨ᠎ᠡ ᠡᠲᠡᠭᠡᠳ ᠢᠨᠤ ᠣᠩᠨᠢᠭᠤᠳ ᠲᠤᠷ ᠵᠠᠬ᠎ᠠ ᠨᠡᠢᠯᠡᠵᠦᠬᠦᠢ ᠂ ᠤᠮᠠᠷ᠎ᠠ ᠡᠲᠡᠭᠡᠳ ᠢᠨᠤ ᠦᠵᠦᠮᠦᠴᠢᠨ ᠳ᠋ᠦ᠍ᠷ ᠵᠠᠬ᠎ᠠ ᠨᠡᠢᠯᠡᠵᠦᠬᠦᠢ ᠃ ᠯᠢᠶᠣᠤ ᠤᠯᠤᠰ ᠤ᠋ᠨ ᠦᠶ᠎ᠡ ᠳ᠋ᠦ᠍ ᠳᠡᠭᠡᠳᠦ ᠨᠡᠢᠰᠯᠡᠯ ᠱᠠᠩ ᠵᠢᠩ ᠦ᠋ᠨ ᠵᠠᠮ ᠠᠭᠰᠠᠨ ᠠᠯᠲᠠᠨ ᠤᠯᠤᠰ ᠪᠣᠯᠬᠤ ᠦᠶ᠎ᠡ ᠳ᠋ᠦ᠍ ᠪᠡᠭᠡᠵᠢᠩ ᠦ᠋ᠨ ᠵᠠᠮ ᠳ᠋ᠤ᠌ ᠬᠠᠮᠢᠶᠠᠷᠤᠭᠳᠠᠵᠢ ᠂ ᠶᠤᠸᠠᠨ ᠤᠯᠤᠰ ᠤ᠋ᠨ ᠦᠶ᠎ᠡ ᠳ᠋ᠦ᠍ ᠱᠠᠩᠳᠤ ᠵᠢᠴᠢ ᠢᠩ ᠴᠠᠩ ᠤ᠋ᠨ ᠵᠠᠮ ᠳ᠋ᠤᠷ ᠬᠠᠷᠢᠶᠠᠯᠠᠭᠳᠠᠵᠤᠬᠤᠢ ᠂ ᠮᠢᠩ ᠤᠯᠤᠰ ᠤ᠋ᠨ ᠦᠶ᠎ᠡ ᠳ᠋ᠦ᠍ ᠮᠣᠩᠭᠣᠯ ᠳ᠋ᠤ᠌ ᠣᠷᠣᠪᠠ ᠃ ᠶᠤᠸᠠᠨ ᠤᠯᠤᠰ ᠤ᠋ᠨ ᠲᠠᠢᠽᠦ ᠶ᠋ᠢᠨ ᠠᠷᠪᠠᠨ ᠵᠢᠷᠭᠤᠳᠤᠭᠠᠷ ᠦᠶ᠎ᠡ ᠶ᠋ᠢᠨ ᠠᠴᠢ ᠸᠠᠴᠢᠷ ᠪᠣᠯᠣᠳ ᠠ᠋ᠴᠠ ᠳᠣᠷᠣᠭᠰᠢ ᠬᠣᠶᠠᠷ ᠦᠶ᠎ᠡ ᠤᠯᠠᠮᠵᠢᠯᠠᠭᠠᠳ ᠰᠡᠷᠡᠯᠲᠡᠢ ᠮᠡᠷᠭᠡᠨ ᠨᠣᠶᠠᠨ ᠤ᠋ ᠦᠶ᠎ᠡ ᠳ᠋ᠦ᠍ᠷ ᠲᠡᠭᠦᠨ ᠦ᠌ ᠬᠠᠷᠢᠶᠠᠲᠤ ᠠᠢᠮᠠᠭ ᠢ᠋ᠶ᠋ᠠᠨ ᠬᠡᠰᠢᠭᠲᠡᠨ ᠭᠡᠮᠡᠨ ᠨᠡᠷᠡᠢᠳᠴᠦᠬᠦᠢ 》 ᠭᠡᠵᠡᠢ ᠃ ᠴᠢᠩ ᠤᠯᠤᠰ ᠤ᠋ᠨ ᠦᠶ᠎ᠡ ᠳ᠋ᠦ᠍ ᠬᠡᠰᠢᠭᠲᠡᠨ ᠢ᠋ ᠨᠢᠭᠡ ᠬᠣᠰᠢᠭᠤ ᠪᠣᠯᠭᠠᠨ ᠵᠣᠣ ᠤᠳᠠ ᠶ᠋ᠢᠨ ᠴᠢᠭᠤᠯᠭᠠᠨ ᠳ᠋ᠤᠷ ᠵᠠᠬᠢᠷᠤᠭᠳᠠᠭᠤᠯᠵᠠᠢ ᠃
② ᠮᠣᠩᠭᠣᠯ ᠰᠤᠷᠪᠤᠯᠵᠢ ᠪᠢᠴᠢᠭ ᠲᠦ᠍ ᠲᠠᠶᠠᠨ ᠬᠠᠭᠠᠨ ᠤ᠋ ᠲᠠᠪᠤᠳᠤᠭᠠᠷ ᠬᠥᠪᠡᠭᠦᠨ ᠠᠯᠴᠤ ᠪᠣᠯᠣᠳ ᠤ᠋ᠨ ᠬᠣᠢᠴᠢ ᠠᠴᠢ ᠨᠠᠷ ᠲᠤᠷ ᠣᠪᠰᠢ ᠣᠶᠢᠵᠣᠩ ᠂ ᠰᠣᠨᠢᠨ ᠲᠠᠶᠢᠴᠢᠩ ᠬᠡᠮᠡᠬᠦ ᠠᠬ᠎ᠠ ᠳᠡᠭᠦᠦ ᠲᠠᠪᠤᠭᠤᠯᠠ ᠪᠠᠢᠵᠤ ᠲᠡᠳᠡᠨ ᠊ᠢ ᠲᠠᠪᠤᠨ ᠣᠲᠣᠭ ᠬᠠᠯᠬ᠎ᠠ ( ᠪᠠᠭᠠᠷᠢᠨ ᠂ ᠵᠠᠷᠤᠳ ᠂ ᠬᠣᠩᠭᠢᠷᠠᠳ ᠂ ᠣᠢᠷᠠᠳ ᠂ ᠪᠠᠶᠣᠳ ᠂ ᠦᠴᠡᠷᠡᠳ ) ᠊ᠢ ᠳᠠᠷᠤᠭᠠᠯᠠᠭᠰᠠᠨ ᠭᠡᠬᠦ ᠃
ᠲᠠᠶᠤᠨ ᠬᠠᠭᠠᠨ ᠤ᠋ ᠲᠠᠪᠤᠳᠤᠭᠠᠷ ᠬᠥᠪᠡᠭᠦᠨ ᠸᠠᠴᠠᠷ ᠪᠣᠯᠣᠳ① ᠶᠡᠬᠡ ᠲᠦᠮᠡᠨ ② ᠊ᠢ ᠲᠠᠷᠤᠭᠯᠠᠭᠰᠠᠨ ᠲᠡᠭᠥᠨᠥ ᠶᠡᠬᠡ ᠬᠥᠪᠡᠭᠦᠨ ᠲᠠᠷᠴᠢ ᠲᠠᠢᠵᠢ᠂ ᠲᠡᠭᠦᠨ ᠦ᠌ ᠬᠥᠪᠡᠭᠦᠨ ᠰᠠᠢᠨ ᠠᠯᠠᠭ ᠂ ᠲᠡᠭᠥᠨᠥ ᠬᠥᠪᠡᠭᠦᠨ ᠮᠡᠷᠭᠡᠨ ᠰᠡᠷᠡᠯᠲᠡᠢ ᠂ ᠲᠡᠭᠥᠨᠥ ᠬᠥᠪᠡᠭᠦᠨ ᠲᠠᠮᠪᠠ ᠂ ᠷᠢᠨᠴᠢᠨ ᠬᠣᠩ ᠲᠠᠢᠵᠢ ③ ᠲᠡᠭᠥᠨᠥ ᠬᠥᠪᠡᠭᠦᠨ ᠰᠣᠨᠣᠮ ᠲᠠᠢᠵᠢ ④ ᠂ ᠲᠡᠭᠥᠨᠥ ᠬᠥᠪᠡᠭᠦᠨ ᠮᠠᠬᠠᠨᠤ ᠲᠠᠢᠵᠢ ᠠᠶᠤᠰᠢ ⑤ ᠂ ᠬᠡᠰᠢᠭᠲᠡᠨ ᠨᠣᠶᠠᠳ ᠡᠨᠳᠡ ᠪᠣᠢ ᠃
— — — —
① ᠲᠠᠶᠠᠨ ᠬᠠᠭᠠᠨ ᠤ᠋ ᠵᠢᠷᠭᠤᠳᠤᠭᠠᠷ ᠬᠥᠪᠡᠭᠦᠨ ᠪᠣᠯ ᠸᠠᠴᠠᠷ ᠪᠣᠯᠣᠳ ᠶᠤᠮ ᠃
② ᠴᠠᠬᠠᠷ ᠨᠠᠢ᠍ᠮᠠᠨ ᠣᠲᠣᠭ ᠢ᠋ ᠶᠡᠬᠡ ᠲᠦᠮᠡᠨ ᠭᠡᠨ᠎ᠡ ᠃ ᠸᠠᠴᠠᠷ ᠪᠣᠯᠣᠳ ᠴᠠᠬᠠᠷ ᠨᠠᠢ᠍ᠮᠠᠨ ᠣᠲᠣᠭ ᠳᠡᠭᠡᠷ᠎ᠡ ᠰᠠᠭᠤᠭᠰᠠᠨ ᠭᠡᠵᠦ 《 ᠡᠷᠳᠡᠨᠢ ᠶ᠋ᠢᠨ ᠲᠣᠪᠴᠢ 》 ᠳ᠋ᠤ᠌ ᠲᠡᠮᠳᠡᠭᠯᠡᠵᠡᠢ ᠃ ᠬᠡᠰᠢᠭᠲᠡᠨ ᠪᠣᠯ ᠲᠤᠬᠠᠢ ᠶ᠋ᠢᠨ ᠦᠶ᠎ᠡ ᠶ᠋ᠢᠨ ᠴᠠᠬᠠᠷ ᠨᠠᠢ᠍ᠮᠠᠨ ᠣᠲᠣᠭ ᠲᠤ᠌ ᠪᠠᠭᠲᠠᠵᠤ ᠪᠠᠢᠭᠰᠠᠨ ᠪᠢᠯᠡ ᠃
③ ᠲᠠᠮᠪᠠ ᠷᠢᠨᠴᠢᠨ ᠬᠣᠩ ᠲᠠᠢᠵᠢ ᠄ 《 ᠢᠯᠡᠳᠬᠡᠯ ᠱᠠᠰᠲᠢᠷ 》 ᠲᠤ᠌ ᠲᠡᠷᠮ᠎ᠡ ᠭᠡᠵᠡᠢ ᠃ 《 ᠰᠢᠷ᠎ᠠ ᠲᠣᠭᠣᠵᠢ 》 ᠳ᠋ᠤ᠌ 《 ᠰᠠᠢᠨ ᠠᠯᠠᠭ ᠤ᠋ᠨ ᠬᠥᠪᠡᠭᠦᠨ ᠮᠡᠷᠭᠡᠨ ᠰᠡᠷᠡᠯᠲᠡᠢ ᠨᠣᠶᠠᠨ ᠂ ᠲᠡᠭᠦᠨ ᠦ᠌ ᠬᠥᠪᠡᠭᠦᠨ ᠳ᠋ᠠᠷᠮ᠎ᠠ ᠪᠥᠬᠡ ᠲᠠᠢᠵᠢ 》 ᠭᠡᠵᠡᠢ ᠃ ᠡᠨᠳᠡ ᠲᠠᠮᠪᠠ ᠷᠢᠨᠴᠢᠨ ᠬᠣᠩ ᠲᠠᠢᠵᠢ ᠭᠡᠰᠡᠨ ᠨᠢ ᠳ᠋ᠠᠷᠮ᠎ᠠ ᠶ᠋ᠢ ᠬᠡᠯᠡᠭᠰᠡᠨ ᠪᠣᠯᠤᠯᠲᠠᠢ ᠃ ᠪᠤᠰᠤᠳ ᠰᠤᠳᠤᠷ ᠲᠤ᠌ ᠣᠯᠳᠠᠬᠤ ᠦᠭᠡᠢ ᠪᠠᠢᠨ᠎ᠠ ᠃
④ ᠰᠣᠨᠣᠮ ᠲᠠᠢᠵᠢ ᠂ ᠬᠡᠰᠢᠭᠲᠡᠨ ᠬᠤᠰᠢᠭᠤᠨ ᠤ᠋ ᠵᠠᠰᠠᠭ ᠸᠠᠩ ᠃ 《 ᠳᠡ ᠴᠢᠩ ᠢ ᠲᠦᠩ ᡁᠢ 》 (大清一统志 ) ᠪᠢᠴᠢᠭ ᠲᠦ᠍ ᠲᠡᠮᠳᠡᠭᠯᠡᠭᠰᠡᠨ ᠰᠦᠮᠦᠷ ᠲᠠᠶᠢᠴᠢᠩ ᠪᠤᠶᠤ ᠃ ᠰᠡᠴᠡᠨ ᠬᠠᠭᠠᠨ ᠤ᠋ ᠨᠠᠢ᠍ᠮᠠᠳᠤᠭᠠᠷ ᠣᠨ (1634 ) ᠳ᠋ᠦ᠍ ᠴᠠᠬᠠᠷ ᠠ᠋ᠴᠠ ᠰᠠᠯᠵᠤ ᠬᠠᠷᠢᠶᠠᠲᠤ ᠠᠢᠮᠠᠭ ᠶᠤᠭᠠᠨ ᠠᠪᠴᠤ ᠮᠠᠨᠵᠤ ᠳ᠋ᠤ᠌ ᠣᠷᠣᠵᠤ ᠥᠭᠪᠡ ᠃ ᠡᠶᠡᠪᠡᠷ ᠵᠠᠰᠠᠭᠴᠢ ᠶ᠋ᠢᠨ ᠶᠢᠰᠦᠳᠦᠭᠡᠷ ᠣᠨ (1652 ) ᠲᠤ᠌ ᠵᠠᠰᠠᠭ ᠲᠡᠷᠢᠭᠦᠲᠡᠨ ᠲᠠᠢᠵᠢ ᠡᠷᠭᠦᠮᠵᠢᠯᠡᠭᠳᠡᠨ 1656 ᠣᠨ ᠳ᠋ᠤ᠌ ᠨᠠᠰᠤ ᠪᠠᠷᠠᠪᠠ ᠃
⑤ ᠠᠶᠤᠰᠢ ᠄ ᠮᠠᠬᠠᠨᠤ ᠶ᠋ᠢᠨ ᠶᠡᠬᠡ ᠬᠥᠪᠡᠭᠦᠨ ᠂ ᠮᠠᠬᠠᠨᠤ ᠶ᠋ᠢᠨ ᠳᠠᠷᠠᠭ᠎ᠠ ᠵᠠᠰᠠᠭ ᠵᠠᠯᠭᠠᠮᠵᠢᠯᠠᠵᠠᠢ ᠃

