ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ – ᠠ12 Гангын урсгал – Чингис эзний алтан ургийн түүх Канкны урсгал нэрт бичиг оршив –А12
ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ
ᠲᠦᠮᠡᠳ ᠦᠨ ᠨᠣᠶᠠᠳ ᠤᠨ ᠤᠭ
ᠲᠦᠮᠡᠳ ① ᠊ᠤᠨ ᠨᠣᠶᠠᠳ ᠊ᠤᠨ ᠤᠭ
ᠬᠣᠶᠠᠳᠤᠭᠠᠷ ᠬᠥᠪᠡᠭᠦᠨ ᠢᠨᠤ ᠠᠯᠲᠠᠨ ᠭᠡᠭᠡᠬᠡᠨ ②᠂ ᠲᠡᠭᠦᠨᠤ ᠬᠥᠪᠡᠭᠦᠨ ᠰᠡᠩᠭᠡ ᠲᠤᠭᠷᠠᠩ ③ ᠲᠡᠭᠦᠨᠤ ᠬᠥᠪᠡᠭᠦᠨ ᠴᠥᠷᠥᠭᠡ ᠰᠡᠴᠡᠨ ᠬᠠᠭᠠᠨ᠂ ᠲᠡᠭᠦᠨ ᠳ᠋ᠦ᠍ ᠬᠥᠪᠡᠭᠦᠨ ᠪᠣᠱᠣᠭᠲᠤ ᠬᠠᠭᠠᠨ᠂ ᠲᠡᠭᠦᠨᠤ ᠬᠥᠪᠡᠭᠦᠨ ᠠᠴᠢ ᠲᠠᠶ᠋ᠢᠵᠢ④᠂
— — — —
①《 ᠲᠠ ᠴᠢᠩ ᠢ ᠲᠦᠩ ᡁᠢ》(《大清一统志》) ᠪᠢᠴᠢᠭ ᠲᠣᠷ ᠲᠡᠮᠳᠡᠭᠯᠡᠭᠰᠡᠨ ᠢᠨᠤ᠄《 ᠬᠥᠬᠡᠬᠣᠲᠠ ᠶ᠋ᠢᠨ ᠲᠦᠮᠡᠳ ᠢᠨᠤ ᠪᠠᠷᠠᠭᠤᠨ ᠵᠡᠭᠦᠨ ᠬᠣᠶᠠᠷ ᠬᠣᠰᠢᠭᠤ ᠪᠤᠶᠤ᠃ ᠪᠠᠶᠠᠰᠬᠤᠯᠠᠩ ᠬᠠᠳᠠ ᠳ᠋ᠤ᠌ ᠬᠠᠭᠠᠯᠭ᠎ᠠ ᠠ᠋ᠴᠠ ᠤᠮᠠᠷᠠᠰᠢ ᠬᠣᠶᠠᠷ ᠵᠠᠭᠤᠨ ᠭᠠᠵᠠᠷ ᠲᠤᠷ ᠬᠥᠷᠥᠮᠦᠢ᠃ ᠵᠡᠭᠦᠨ ᠪᠠᠷᠠᠭᠤᠨ᠎ᠠ ᠬᠠᠷᠢᠯᠴᠠᠨ ᠠᠯᠤᠰᠯᠠᠭᠰᠠᠨ ᠠᠨᠤ ᠳᠥᠷᠪᠡᠨ ᠵᠠᠭᠤᠨ ᠭᠤᠷᠪᠠᠨ ᠭᠠᠵᠠᠷ᠂ ᠡᠮᠦᠨ᠎ᠡ ᠤᠮᠠᠷ᠎ᠠ ᠬᠠᠷᠢᠯᠴᠠᠨ ᠠᠯᠤᠰᠯᠠᠭᠰᠠᠨ ᠠᠨᠤ ᠭᠤᠷᠪᠠᠨ ᠵᠠᠭᠤᠨ ᠳᠠᠯᠠᠨ ᠭᠠᠵᠠᠷ ᠠᠵᠤᠭᠤ ᠃ ᠵᠡᠭᠦᠨ ᠡᠲᠡᠭᠡᠳ ᠢᠨᠤ ᠳᠥᠷᠪᠡᠳ ᠠᠶ᠋ᠢᠮᠠᠭ ᠲᠤᠷ ᠵᠠᠬ᠎ᠠ ᠨᠡᠶ᠋ᠢᠯᠡᠵᠤ᠂ ᠪᠠᠷᠠᠭᠤᠨ ᠡᠲᠡᠭᠡᠳ ᠢᠨᠤ ᠣᠷᠳᠣᠰ ᠵᠡᠭᠦᠨ ᠭᠠᠷᠤᠨ ᠡᠮᠦᠨᠡᠲᠦ ᠬᠤᠰᠢᠭᠤᠨ ᠯᠤᠭ᠎ᠠ ᠵᠠᠬ᠎ᠠ ᠨᠡᠶ᠋ᠢᠯᠡᠵᠤᠬᠦᠢ᠂ ᠡᠮᠦᠨ᠎ᠡ ᠡᠲᠡᠭᠡᠳ ᠢᠨᠤ ᠱᠠᠨ ᠰᠢ ᠢᠨ ᠬᠢᠵᠠᠭᠠᠷ ᠳᠠᠬᠢ ᠤᠷᠲᠤ ᠴᠠᠭᠠᠨ ᠬᠡᠷᠡᠮ ᠳ᠋ᠦ᠍ᠷ ᠵᠠᠬ᠎ᠠ ᠨᠡᠶ᠋ᠢᠯᠡᠵᠤ ᠤᠮᠠᠷ᠎ᠠ ᠡᠲᠡᠭᠡᠳ ᠢᠨᠣ ᠬᠠᠯᠬ᠎ᠠ ᠪᠠᠷᠠᠭᠤᠨ ᠭᠠᠷᠤᠨ ᠬᠤᠰᠢᠭᠤᠨ ᠳ᠋ᠤᠷ ᠵᠠᠬ᠎ᠠ ᠨᠡᠶ᠋ᠢᠯᠡᠵᠦᠬᠦᠢ ᠃ ᠨᠡᠶ᠋ᠢᠰᠯᠡᠯ ᠬᠣᠲᠠᠨ ᠳ᠋ᠤᠷ ᠬᠦᠷᠴᠦ ᠢᠷᠡᠬᠦᠢ ᠢᠨᠦ ᠨᠢᠭᠡᠨ ᠮᠢᠩᠭᠠᠨ ᠨᠢᠭᠡᠨ ᠵᠠᠭᠤᠨ ᠵᠢᠷᠠᠨ ᠭᠠᠵᠠᠷ ᠪᠤᠶᠤ 》 ᠬᠡᠮᠡᠵᠦᠬᠦᠢ ᠃ ᠪᠠᠰᠠ ᠲᠡᠮᠳᠡᠭᠯᠡᠭᠰᠡᠨ ᠢᠨᠦ ᠄ 《 ᠬᠥᠬᠡᠬᠣᠲᠠ ᠶ᠋ᠢᠨ ᠲᠦᠮᠡᠳ ᠢᠨᠦ ᠬᠠᠨ ᠤᠯᠤᠰ ᠤ᠋ᠨ ᠦᠶ᠎ᠡ ᠳ᠋ᠦ᠍ᠷ ᠳ᠋ᠢᠩ ᠷᠠᠩ ᠂ ᠶᠦᠨ ᠵᠦᠩ ᠬᠣᠶᠠᠷ ᠵᠢᠶᠦ᠋ᠨ ᠦ᠌ ᠭᠠᠵᠠᠷ ᠪᠤᠶᠤ ᠂ ᠬᠣᠶ᠋ᠢᠲᠤ ᠬᠠᠨ ᠤᠯᠤᠰ ᠤ᠋ᠨ ᠦᠶ᠎ᠡ ᠳ᠋ᠦ᠍ᠷ ᠶᠦᠨ ᠵᠦᠩ ᠵᠢᠶᠦ᠋ᠨ ᠦ᠌ ᠭᠠᠵᠠᠷ ᠲᠤᠷ ᠬᠠᠷᠢᠶᠠᠯᠠᠭᠳᠠᠨ ᠪᠠᠶ᠋ᠢᠵᠤ ᠠᠭᠰᠠᠨ ᠢ᠋ᠶ᠋ᠠᠨ ᠬᠣᠶ᠋ᠢᠲᠤ ᠸᠧᠢ ᠤᠯᠤᠰ ᠤ᠋ᠨ ᠠᠩᠬᠠᠨ ᠳ᠋ᠤᠷ ᠡᠨᠳᠡ ᠨᠡᠶ᠋ᠢᠰᠯᠡᠯ ᠪᠠᠶ᠋ᠢᠭᠤᠯᠤᠨ ᠱᠧᠩ ᠯᠧ ᠴᠧᠩ ᠬᠣᠲᠠ ᠬᠡᠮᠡᠵᠦᠬᠦᠢ ᠃ ᠬᠣᠶ᠋ᠢᠨ᠎ᠠ ᠠᠨᠤ ᠶᠦᠨ ᠵᠧᠦ ᠭᠡᠮᠡᠨ ᠪᠠᠶ᠋ᠢᠭᠤᠯᠤᠭᠠᠳ ᠱᠧᠩ ᠯᠧ ᠂ ᠶᠦᠨ ᠵᠦᠩ ᠦ᠋ᠨ ᠵᠢᠶᠦ᠋ᠨ ᠦ᠌ ᠭᠠᠵᠠᠷ ᠊ᠢ ᠮᠡᠳᠡᠭᠦᠯᠵᠦᠬᠦᠢ ᠃ ᠰᠦᠢ ᠤᠯᠤᠰ ᠪᠤᠯᠬᠤᠢ ᠳ᠋ᠤᠷ ᠡᠨᠳᠡ ᠮᠥᠨ ᠳ᠋ᠢᠩ ᠷᠠᠩ ᠵᠢᠶᠦ᠋ᠨ ᠭᠡᠮᠡᠨ ᠪᠠᠶ᠋ᠢᠭᠤᠯᠪᠠᠢ ᠃ ᠳᠠᠩ ᠤᠯᠤᠰ ᠤ᠋ᠨ ᠦᠶ᠎ᠡ ᠳ᠋ᠦ᠍ᠷ ᠴᠡᠨ ᠢᠦᠢ ᠶ᠋ᠢᠨ ᠶᠡᠬᠡ ᠣᠷᠳᠣᠨ ᠤ᠋ ᠬᠠᠮᠠᠭᠠᠯᠠᠯ ᠤ᠋ᠨ ᠶᠠᠮᠤᠨ ᠪᠠᠶ᠋ᠢᠭᠤᠯᠪᠠᠢ ᠃ ᠲᠠᠪᠤᠨ ᠲᠥᠷᠥ ᠂ ᠬᠣᠶ᠋ᠢᠲᠤ ᠳᠠᠩ ᠤᠯᠤᠰ ᠤ᠋ᠨ ᠦᠶ᠎ᠡ ᠳ᠋ᠦ᠍ᠷ ᠯᠢᠶᠣᠤ ᠤᠯᠤᠰ ᠲᠤᠷ ᠣᠷᠣᠵᠤ ᠡᠨᠳᠡᠬᠢ ᠭᠠᠵᠠᠷ ᠲᠤᠷ ᠹᠧᠩ ᠵᠧᠦ ᠭᠠᠵᠠᠷ ᠤ᠋ᠨ ᠲᠢᠶᠠᠨ ᠲᠧ ᠵᠢᠶᠦ᠋ᠨ ᠴᠡᠷᠢᠭ ᠪᠠᠶ᠋ᠢᠷᠢᠯᠠᠭᠤᠯᠵᠤ ᠪᠠᠷᠠᠭᠤᠨ ᠨᠡᠶ᠋ᠢᠰᠯᠡᠯ ᠦ᠋ᠨ ᠵᠠᠮ ᠳ᠋ᠤᠷ ᠬᠠᠮᠢᠶᠠᠷᠤᠭᠳᠠᠵᠤᠬᠤᠢ ᠃ ᠠᠯᠲᠠᠨ ᠤᠯᠤᠰ ᠤ᠋ᠨ ᠦᠶ᠎ᠡ ᠳ᠋ᠦ᠍ᠷ ᠮᠥᠨ ᠡᠨᠡ ᠬᠡᠪ ᠢ᠋ᠶ᠋ᠡᠷ ᠤᠯᠠᠷᠢᠭᠤᠯᠵᠤᠬᠤᠢ ᠃ ᠶᠤᠸᠠᠨ ᠤᠯᠤᠰ ᠤ᠋ᠨ ᠦᠶ᠎ᠡ ᠳ᠋ᠦ᠍ ᠲᠠᠢᠳᠦ᠋ᠩ ᠦ᠋ᠨ ᠵᠠᠮ ᠳ᠋ᠤᠷ ᠬᠠᠮᠢᠶᠠᠷᠤᠭᠳᠠᠪᠠ ᠃ ᠮᠢᠩ ᠤᠯᠤᠰ ᠤ᠋ᠨ ᠰᠢᠦᠸᠠᠨ ᠲᠧ ᠶ᠋ᠢᠨ ᠣᠨ ᠤ᠋ ᠡᠬᠢᠨ ᠦ᠌ ᠦᠶ᠎ᠡ ᠪᠡᠷ ᠢᠦᠢ ᠯᠢᠨ ᠂ ᠶᠦᠨ ᠵᠧᠦ ᠵᠡᠷᠭᠡ ᠬᠣᠲᠠᠳ ᠊ᠢ ᠪᠠᠶ᠋ᠢᠭᠤᠯᠤᠨ ᠴᠡᠷᠢᠭ ᠰᠠᠭᠤᠯᠭᠠᠵᠤᠬᠤᠢ ᠃ ᠬᠣᠶ᠋ᠢᠨ᠎ᠠ ᠠᠨᠤ ᠮᠣᠩᠭᠣᠯ ᠡᠵᠡᠯᠡᠪᠡᠢ 》 ᠬᠡᠮᠡᠵᠦᠬᠦᠢ ᠃ ᠲᠦᠮᠡᠳ ᠪᠣᠯ ᠶᠤᠸᠠᠨ ᠤᠯᠤᠰ ᠮᠥᠬᠦᠭᠰᠡᠨ ᠦ᠌ ᠬᠣᠶ᠋ᠢᠨ᠎ᠠ ᠠᠷᠪᠠᠨ ᠳᠣᠯᠣᠳᠤᠭᠠᠷ ᠵᠠᠭᠤᠨ ᠤ᠋ ᠰᠡᠭᠦᠯᠴᠢ ᠬᠠᠭᠠᠰ ᠪᠣᠯᠲᠠᠯ᠎ᠠ ᠮᠣᠩᠭᠣᠯ ᠤ᠋ᠨ ᠪᠠᠷᠠᠭᠤᠨ ᠭᠤᠷᠪᠠᠨ ᠲᠦᠮᠡᠨ ᠳ᠋ᠦ᠍ ᠪᠠᠭᠲᠠᠵᠤ ᠲᠦᠮᠡᠳ ᠲᠦᠮᠡᠨ ᠭᠡᠵᠦ ᠨᠡᠷᠡᠯᠡᠭᠳᠡᠵᠦ ᠪᠠᠶ᠋ᠢᠪᠠ ᠃ ᠡᠨᠡ ᠨᠢ ᠳᠠᠷᠤᠢ ᠬᠥᠬᠡᠬᠣᠲᠠ ᠶ᠋ᠢᠨ ᠲᠣᠭᠣᠷᠢᠨ ᠢ᠋ᠶ᠋ᠠᠷ ᠪᠠᠶ᠋ᠢᠬᠰᠠᠨ ᠲᠤᠯᠠ ᠬᠥᠬᠡᠬᠣᠲᠠ ᠶ᠋ᠢᠨ ᠲᠦᠮᠡᠳ ᠭᠡᠳᠡᠭ ᠃ ᠴᠢᠩᠭᠢᠰ ᠬᠠᠭᠠᠨ ᠤ᠋ ᠬᠣᠷᠢᠳᠤᠭᠠᠷ ᠦᠶ᠎ᠡ ᠶ᠋ᠢᠨ ᠠᠴᠢ ᠠᠯᠲᠠᠨ ᠬᠠᠭᠠᠨ (1507 —1582 ) ᠤ᠋ ᠦᠶ᠎ᠡ ᠪᠣᠯᠬᠤ ᠳ᠋ᠤ᠌ ᠨᠡᠯᠢᠶᠡᠳ ᠬᠦᠴᠦᠷᠬᠡᠭ ᠪᠣᠯᠵᠠᠢ ᠃ ᠠᠯᠲᠠᠨ ᠬᠠᠭᠠᠨ ᠤ᠋ ᠦᠶ᠎ᠡ ᠳ᠋ᠦ᠍ ᠹᠧᠩ ᠵᠧᠦ ᠲᠠᠨ ᠬᠡᠮᠡᠬᠦ ᠣᠳᠣ ᠶ᠋ᠢᠨ ᠲᠦᠮᠡᠳ ᠦ᠋ᠨ ᠲᠠᠯ᠎ᠠ ᠨᠤᠲᠤᠭ ᠲᠤ᠌ ᠬᠥᠬᠡᠬᠣᠲᠠ ᠶ᠋ᠢ ᠡᠬᠢᠯᠡᠨ ᠪᠠᠶ᠋ᠢᠭᠤᠯᠵᠤ (1560 ) ᠪᠠᠶ᠋ᠢᠰᠢᠩ ᠭᠡᠵᠦ ᠨᠡᠷᠡᠶ᠋ᠢᠤᠠᠴᠡᠢ ᠃ ᠲᠡᠭᠦᠨ ᠦ᠌ ᠳᠠᠷᠠᠭ᠎ᠠ ᠠᠯᠲᠠᠨ ᠬᠠᠭᠠᠨ ᠮᠢᠩ ᠤᠯᠤᠰ ᠲᠠᠢ ᠬᠠᠷᠢᠴᠠᠭ᠎ᠠ ᠪᠠᠶ᠋ᠢᠭᠤᠯᠤᠨ ᠡᠪᠰᠡᠵᠦ ᠮᠣᠩᠭᠣᠯ ᠬᠢᠲᠠᠳ ᠬᠣᠶᠠᠷ ᠤᠯᠤᠰ ᠨᠢᠭᠡ ᠦᠶ᠎ᠡ ᠳᠠᠶ᠋ᠢᠨ ᠳᠠᠵᠢᠨ ᠪᠠᠭ᠎ᠠ ᠪᠣᠯᠵᠤ ᠨᠠᠶ᠋ᠢᠷᠠᠮᠲᠠᠭᠤ ᠪᠠᠶ᠋ᠢᠪᠠ ᠃
② ᠠᠯᠲᠠᠨ ᠭᠡᠭᠡᠬᠡᠨ ᠬᠠᠭᠠᠨ (1507 —1582 ) ᠂ ᠲᠡᠦᠬᠡᠨ ᠳ᠋ᠦ᠍ᠷ ᠲᠦᠮᠡᠳ ᠦ᠋ᠨ ᠠᠯᠲᠠᠨ ᠬᠠᠭᠠᠨ ᠭᠡᠵᠦ ᠠᠯᠳᠠᠷᠰᠢᠪᠠ ᠃ ᠪᠠᠷᠰᠣ ᠪᠣᠯᠣᠳ ᠤ᠋ᠨ ᠬᠣᠶᠠᠳᠤᠭᠠᠷ ᠬᠥᠪᠡᠭᠦᠨ ᠃ ᠪᠠᠷᠰᠣ ᠪᠣᠯᠣᠳ ᠨᠠᠰᠤ ᠨᠥᠭᠴᠢᠭᠰᠡᠨ ᠦ᠌ ᠳᠠᠷᠠᠭ᠎ᠠ ᠠᠷᠪᠠᠨ ᠬᠣᠶᠠᠷ ᠲᠦᠮᠡᠨ ᠊ᠢ ᠮᠡᠳᠡᠨ ᠰᠠᠭᠤᠵᠤ ᠲᠦᠮᠡᠳ ᠦ᠋ᠨ ᠬᠠᠭᠠᠨ ᠪᠣᠯᠵᠠᠢ ᠃ 119 ᠡᠨᠡ ᠦᠶ᠎ᠡ ᠳ᠋ᠦ᠍ ᠪᠦᠬᠦ ᠮᠣᠩᠭᠣᠯ ᠤ᠋ᠨ ᠬᠠᠭᠠᠨ ᠪᠣᠯ ᠳᠠᠷᠠᠶ᠋ᠢᠰᠤᠨ ᠬᠦᠳᠡᠩ ᠬᠠᠭᠠᠨ ᠶᠤᠮ ᠃ ᠠᠯᠲᠠᠨ ᠬᠠᠭᠠᠨ1534 ᠣᠨ ᠠ᠋ᠴᠠ1541 ᠣᠨ ᠪᠣᠯᠲᠠᠯ᠎ᠠ ᠤᠷᠢᠶᠠᠩᠬᠠᠨ ᠪᠠ ᠤᠶ᠋ᠢᠷᠠᠳ ᠲᠤ᠌ ᠠᠶᠠᠯᠠᠵᠤ ᠡᠷᠬᠡ ᠳ᠋ᠡᠭᠡᠨ ᠣᠷᠣᠭᠤᠯᠤᠭᠰᠠᠨ ᠪᠠ ᠪᠠᠰᠠ ᠲᠥᠪᠡᠳ ᠪᠠ ᠤᠶ᠋ᠢᠭᠤᠷ ᠊ᠢ ᠳᠣᠪᠲᠣᠯᠵᠠᠢ ᠃ 《 ᠠᠯᠲᠠᠨ ᠬᠠᠭᠠᠨ ᠤ᠋ ᠲᠣᠭᠣᠵᠢ 》 ᠳ᠋ᠤ᠌ ᠲᠡᠮᠳᠡᠭᠯᠡᠭᠰᠡᠨ ᠊ᠢ ᠦᠨᠳᠦᠰᠦᠯᠡᠪᠡᠯ ᠂ ᠰᠢᠷᠠᠭᠴᠢᠨ ᠮᠣᠭᠠᠢ ᠵᠢᠯ (1533 ) ᠠ᠋ᠴᠠ ᠰᠢᠷ᠎ᠠ ᠮᠣᠷᠢᠨ ᠵᠢᠯ (1558 ) ᠪᠣᠯᠲᠠᠯ᠎ᠠ ᠬᠣᠷᠢᠨ ᠲᠠᠪᠤᠨ ᠵᠢᠯ ᠦ᠋ᠨ ᠬᠣᠭᠣᠷᠣᠨᠳᠣ ᠠᠯᠲᠠᠨ ᠬᠠᠭᠠᠨ ᠮᠢᠩ ᠤᠯᠤᠰ ᠊ᠢ ᠶᠢᠰᠦᠨ ᠤᠳᠠᠭ᠎ᠠ ᠠᠶᠠᠯᠠᠨ ᠳᠠᠶ᠋ᠢᠯᠠᠵᠤ ᠮᠢᠩ ᠤᠯᠤᠰ ᠲᠠᠢ ᠠᠷᠠᠯᠵᠢᠭ᠎ᠠ ᠨᠡᠪᠲᠡᠷᠡᠬᠦ ᠶ᠋ᠢ ᠣᠣᠯᠠᠭᠠᠯᠠᠨ ᠱᠠᠭᠠᠷᠳᠠᠵᠠᠢ ᠃ ᠡᠭᠦᠨ ᠦ᠌ ᠦᠷ᠎ᠡ ᠳ᠋ᠦ᠋ᠩ ᠳ᠋ᠦ᠍ ᠂1558 ᠣᠨ ᠳ᠋ᠤ᠌ ᠠᠯᠲᠠᠨ ᠬᠠᠭᠠᠨ ᠮᠢᠩ ᠤᠯᠤᠰ ᠲᠠᠢ ᠨᠠᠶ᠋ᠢᠷᠠᠮᠲᠠᠯ ᠤ᠋ᠨ ᠭᠡᠷ᠎ᠡ ᠲᠣᠭᠲᠠᠵᠤ ( ᠡᠭᠦᠨᠴᠡ ᠡᠮᠦᠨ᠎ᠡ1551 ᠣᠨ ᠳ᠋ᠤ᠌ ᠪᠠᠰᠠ ᠨᠢᠭᠡ ᠤᠳᠠᠭ᠎ᠠ ᠲᠣᠭᠲᠠᠵᠤ ᠥᠨᠭᠭᠡᠷᠡᠭᠰᠡᠨ ᠴᠦ᠍ ᠲᠤᠰᠠ ᠭᠠᠷᠤᠭᠰᠠᠨ ᠦᠭᠡᠢ ᠶᠦ᠍ᠮ ) 《 ᠬᠢᠲᠠᠳ ᠮᠣᠩᠭᠣᠯ ᠬᠣᠶᠠᠷ ᠤ᠋ᠨ ᠳᠠᠭᠱᠠ ᠲᠥᠷᠥ ᠲᠣᠭᠲᠠᠵᠤ 》 ᠂ ᠠᠷᠪᠠᠨ ᠬᠡᠳᠦᠨ ᠵᠢᠯ ᠲᠠᠶ᠋ᠢᠨ ᠳᠠᠵᠢᠨ ᠦᠭᠡᠢ ᠠᠷᠠᠯᠵᠢᠭ᠎ᠠ ᠬᠤᠳᠠᠯᠳᠤᠭ᠎ᠠ ᠲᠠᠢ ᠶᠠᠪᠤᠵᠠᠢ ᠃ ᠠᠯᠲᠠᠨ ᠬᠠᠭᠠᠨ ᠤ᠋ ᠦᠶ᠎ᠡ ᠳ᠋ᠦ᠍ ᠮᠣᠩᠭᠣᠯ ᠤ᠋ᠨ ᠠᠵᠤ ᠠᠬᠤᠢ ᠪᠠ ᠠᠷᠠᠯᠵᠢᠭ᠎ᠠ ᠬᠤᠳᠠᠯᠳᠤᠭ᠎ᠠ ᠨᠡᠯᠢᠶᠡᠳ ᠬᠥᠭᠵᠢᠵᠦ ᠡᠬᠢᠯᠡᠵᠡᠢ ᠃ ᠲᠡᠭᠦᠨ ᠦ᠌ ᠦᠶ᠎ᠡ ᠳ᠋ᠦ᠍ ᠡᠳᠦᠭᠡ ᠶ᠋ᠢᠨ ᠬᠥᠬᠡᠬᠣᠲᠠ ᠣᠷᠴᠢᠮ 《 ᠲᠠᠷᠢᠶᠠᠨ ᠲᠥᠮᠦᠰᠦᠨ ᠣᠯᠠᠨ ᠦᠷ᠎ᠡ ᠵᠢᠮᠢᠰ ᠊ᠢ ᠲᠠᠷᠢᠭᠤᠯᠵᠤ ᠂ ᠲᠠᠩᠰᠤᠭ ᠠᠮᠲᠠᠲᠤ ᠢᠳᠡᠭᠡᠨ ᠊ᠢ ᠮᠣᠩᠭᠣᠯ ᠤ᠋ᠨ ᠭᠠᠵᠠᠷ ᠲᠠᠷᠢᠵᠤ 》 ( 《 ᠠᠯᠲᠠᠨ ᠬᠠᠭᠠᠨ ᠤ᠋ ᠲᠣᠭᠣᠵᠢ 》 ) ᠡᠬᠢᠯᠡᠭᠰᠡᠨ ᠪᠠ1560 ᠣᠨ ᠳ᠋ᠤ᠌ ᠬᠥᠬᠡᠬᠣᠲᠠ ᠶ᠋ᠢ ᠡᠬᠢᠯᠡᠨ ᠪᠦᠲᠦᠭᠡᠵᠦ 《 ᠠᠯᠳᠠᠭᠰᠠᠨ ᠳᠠᠶ᠋ᠢᠳᠤ ( ᠪᠡᠭᠡᠵᠢᠩ ) ᠊ᠢ ᠠᠳᠠᠯᠢᠳᠬᠠᠨ ᠬᠥᠬᠡ ᠬᠣᠲᠠ ᠶ᠋ᠢ ᠰᠡᠳᠦᠵᠦ ᠠᠷᠪᠠᠨ ᠬᠣᠶᠠᠷ ᠲᠦᠮᠡᠳ ᠶᠡᠬᠡ ᠤᠯᠤᠰ ᠢ᠋ᠶ᠋ᠠᠨ ᠬᠤᠷᠢᠶᠠᠵᠤ ᠵᠠᠬᠢᠷᠠᠭᠠᠳ ᠂ ᠠᠳᠠᠯᠢᠳᠬᠠᠰᠢ ᠦᠭᠡᠢ ᠤᠷᠠᠨ᠎ᠠ ᠵᠣᠬᠢᠶᠠᠨ ᠵᠠᠰᠠᠵᠤ ᠵᠥᠪᠰᠢᠶᠡᠷᠡᠭᠡᠳ ᠂ ᠬᠣᠷᠤᠬᠤᠨᠠ ᠬᠠᠨ ( ᠳᠠᠯᠠᠨ ᠬᠠᠷ᠎ᠠ ) ᠊ᠢ ᠥᠪᠡᠷ᠎ᠡ ( ᠡᠪᠦᠷ ) ᠬᠠᠲᠤᠨ ᠭᠣᠣᠯ ᠳ᠋ᠤᠷ ᠦᠵᠡᠰᠭᠦᠯᠩᠲᠦ ᠨᠠᠢ᠍ᠮᠠᠨ ᠠᠰᠠᠷ ᠲᠤ᠌ ᠬᠣᠲᠠ ᠬᠢᠭᠡᠳ ᠬᠠᠰ ᠤᠷᠲᠤ ᠬᠠᠷᠰᠢ ᠤᠷᠠᠨ᠎ᠠ ᠪᠠᠶ᠋ᠢᠭᠤᠯᠪᠠ 》 ( 《 ᠠᠯᠲᠠᠨ ᠬᠠᠭᠠᠨ ᠤ᠋ ᠲᠣᠭᠣᠵᠢ 》 ) ᠃ ᠠᠯᠲᠠᠨ ᠬᠠᠭᠠᠨ ᠤ᠋ ᠦᠶ᠎ᠡ ᠳ᠋ᠦ᠍ ᠰᠢᠷ᠎ᠠ ᠶ᠋ᠢᠨ ᠱᠠᠰᠢᠨ ᠊ᠢ ᠤᠯᠤᠰ ᠤ᠋ᠨ ᠱᠠᠰᠢᠨ ᠭᠡᠵᠦ ᠲᠤᠩᠬᠠᠭᠯᠠᠨ ᠂ ᠲᠡᠭᠦᠨ ᠊ᠢ ᠬᠥᠭᠵᠢᠭᠦᠯᠬᠦ ᠡᠯᠳᠡᠪ ᠠᠷᠭ᠎ᠠ ᠠᠪᠤᠭᠰᠠᠨ ᠠ᠋ᠴᠠ ᠰᠢᠷ᠎ᠠ ᠶ᠋ᠢᠨ ᠱᠠᠰᠢᠨ ᠮᠣᠩᠭᠣᠯ ᠳ᠋ᠤ᠌ ᠭᠦᠨᠵᠡᠭᠡᠶ᠋ᠢᠷᠡᠨ ᠨᠡᠪᠲᠡᠷᠵᠡᠢ ᠃
③ ᠰᠡᠩᠭᠡ ᠲᠤᠭᠷᠠᠩ ᠬᠠᠭᠠᠨ ᠄ ᠰᠡᠩᠭᠡ ᠳᠦᠭᠦᠷᠡᠩ ᠬᠠᠭᠠᠨ ᠪᠤᠶᠤ ᠃ ᠪᠠᠰᠠ ᠳᠦᠭᠦᠷᠡᠩ ᠰᠡᠩᠭᠡ ᠭᠡᠳᠡᠭ ᠃ ᠬᠠᠷ᠎ᠠ ᠮᠣᠷᠢᠨ ᠵᠢᠯ (1582 ) ᠲᠤᠷ ᠡᠴᠢᠭᠡ ᠠᠯᠲᠠᠨ ᠬᠠᠭᠠᠨ ᠤ᠋ ᠪᠠᠨ ᠰᠠᠭᠤᠷᠢᠨ ᠊ᠢ ᠵᠠᠯᠭᠠᠨ ᠲᠦᠮᠡᠳ ᠦ᠋ᠨ ᠬᠠᠭᠠᠨ ᠰᠠᠭᠤᠪᠠ ᠃ ᠰᠡᠩᠭᠡ ᠳᠦᠭᠦᠷᠡᠩ ᠦ᠋ᠨ ᠦᠶ᠎ᠡ ᠳ᠋ᠦ᠍ ᠭᠤᠷᠪᠠᠳᠤᠭᠠᠷ ᠳᠠᠯᠠᠢ ᠯᠠᠮᠠ ᠰᠤᠤᠠᠨᠠᠮᠵᠠᠮᠰᠤ ᠶ᠋ᠢ ᠲᠥᠪᠡᠳ ᠡᠴᠡ ᠬᠥᠬᠡᠬᠣᠲᠠ ᠳ᠋ᠤ᠌ ᠵᠠᠯᠠᠵᠤ ᠢᠷᠡᠨ ᠪᠤᠷᠬᠠᠨ ᠱᠠᠰᠢᠨ ᠊ᠢ ᠮᠣᠩᠭᠣᠯ ᠭᠠᠵᠠᠷ ᠨᠡᠩᠳᠡ ᠳᠡᠯᠭᠡᠷᠡᠭᠦᠯᠪᠡ ᠃ ᠰᠡᠩᠭᠡ ᠳᠦᠭᠦᠷᠡᠩ ᠵᠢᠷᠠᠨ ᠲᠠᠪᠤᠨ ᠨᠠᠰᠤᠲᠠᠢ ᠨᠠᠰᠤ ᠪᠠᠷᠠᠪᠠ ᠭᠡᠨ᠎ᠡ ᠃
④ 《 ᠰᠢᠷ᠎ᠠ ᠲᠣᠭᠣᠵᠢ 》 ᠳ᠋ᠤ᠌ ᠠᠯᠲᠠᠨ ᠬᠠᠭᠠᠨ ᠤ᠋ ᠭᠤᠲᠠᠭᠠᠷ ᠬᠥᠪᠡᠭᠦᠨ ᠲᠥᠪᠡᠳ ᠲᠠᠶ᠋ᠢᠵᠢ ᠂ ᠲᠡᠭᠦᠨ ᠦ᠌ ᠬᠥᠪᠡᠭᠦᠨ ᠠᠴᠢ ᠲᠠᠶ᠋ᠢᠵᠢ ᠭᠡᠵᠡᠢ ᠃
ᠲᠡᠭᠦᠨᠦ ᠬᠥᠪᠡᠭᠦᠨ ᠺᠣᠮᠪᠣ ᠨᠣᠶᠠᠨ① ᠲᠡᠭᠦᠨᠦ ᠬᠥᠪᠡᠭᠦᠨ ᠯᠠᠰᠬᠢᠪ ᠪᠡᠢᠰᠡ② ᠲᠡᠭᠦᠨᠦ ᠬᠥᠪᠡᠭᠦᠨ ᠪᠠᠨᠳᠢ ᠪᠡᠢᠰᠡ③ ᠠᠯᠲᠠᠨ ᠭᠡᠭᠡᠬᠡᠨ ᠬᠠᠭᠠᠨ ᠤ᠋ ᠳᠡᠭᠦᠦ ᠰᠣᠮᠢᠷ ᠮᠡᠷᠭᠡᠨ ᠲᠠᠢᠵᠢ④ ᠲᠡᠭᠦᠨᠦ ᠬᠥᠪᠡᠭᠦᠨ ᠳᠠᠯᠠᠢ ᠪᠠᠯᠠᠮᠠ ᠶᠣᠨᠲᠠᠨ ᠵᠠᠮᠰᠤ⑤ ᠂ ᠲᠦᠮᠡᠳ ᠦ᠋ᠨ ᠨᠣᠶᠠᠳ ᠤ᠋ᠨ ᠡᠳᠡᠨ ᠪᠣᠢ ᠃
— — — —
① ᠺᠣᠮᠪᠣ ᠨᠣᠶᠠᠨ ᠄ ᠭᠣᠮᠪᠣ ᠨᠣᠶᠠᠨ ᠃ ᠬᠥᠬᠡᠬᠣᠲᠠ ᠶ᠋ᠢᠨ ᠲᠦᠮᠡᠳ ᠦ᠋ᠨ ᠬᠤᠰᠢᠭᠤᠨ ᠤ᠋ ᠵᠠᠰᠠᠭ ᠪᠡᠢᠰᠡ ᠃1640 ᠣᠨ ᠳ᠋ᠤ᠌ ᠲᠦᠰᠢᠶ᠎ᠡ ᠬᠦᠩ ᠡᠷᠭᠦᠮᠵᠢᠯᠡᠭᠳᠡᠨ ᠡᠩᠬᠡ ᠠᠮᠤᠭᠤᠯᠠᠩ ᠤ᠋ᠨ ᠬᠣᠶᠠᠳᠤᠭᠠᠷ ᠣᠨ (1663 ) ᠪᠣᠯᠬᠤ ᠳ᠋ᠤ᠌ ᠵᠠᠰᠠᠭ ᠪᠠᠢᠰᠠ ᠡᠷᠭᠦᠮᠵᠢᠯᠡᠭᠳᠡᠵᠡᠢ᠃ ᠠᠷᠪᠠᠨ ᠭᠤᠷᠪᠠᠳᠤᠭᠠᠷ ᠣᠨ ᠨᠠᠰᠤ ᠪᠠᠷᠠᠪᠠ ᠃
② ᠯᠠᠰᠬᠢᠪ ᠪᠡᠢᠰᠡ ᠄ ᠭᠣᠮᠪᠣ ᠪᠡᠢᠰᠡ ᠶ᠋ᠢᠨ ᠭᠤᠲᠠᠠᠭᠠᠷ ᠬᠥᠪᠡᠭᠦᠨ ᠃ ᠭᠣᠮᠪᠣ ᠪᠡᠢᠰᠡ ᠦᠬᠦᠭᠰᠡᠨ ᠦ᠌ ᠬᠣᠢᠨ᠎ᠠ ᠲᠡᠭᠦᠨ ᠦ᠌ ᠳᠥᠲᠥᠭᠡᠷ ᠬᠥᠪᠡᠭᠦᠨ ᠭᠦᠨᠵᠢᠰᠵᠠᠪ ᠵᠠᠰᠠᠭ ᠪᠡᠢᠰᠡ ᠵᠠᠯᠭᠠᠮᠵᠢᠯᠠᠵᠤ ᠪᠠᠢᠬᠤ ᠳ᠋ᠤᠷ1692 ᠣᠨ ᠳ᠋ᠤ᠌ ᠭᠠᠯᠳᠠᠨ ᠊ᠢ ᠲᠣᠰᠴᠤ ᠴᠣᠬᠢᠬᠤ ᠳ᠋ᠤ᠌ 《 ᠬᠦᠴᠦᠯᠡᠭᠰᠡᠨ ᠦᠭᠡᠢ ᠪᠥᠭᠡᠳ ᠪᠠᠰᠠ ᠰᠢᠯᠲᠠᠭᠯᠠᠵᠤ ᠵᠣᠷᠢᠭ ᠢ᠋ᠶ᠋ᠠᠷ ᠭᠡᠳᠡᠷᠭᠦ ᠪᠤᠴᠠᠭᠰᠠᠨ ᠤ᠋ ᠤᠴᠢᠷ ᠲᠤᠷ 》 《 ᠶᠠᠯ᠎ᠠ ᠬᠡᠯᠡᠯᠴᠡᠵᠦ ᠬᠡᠷᠬᠢᠮ ᠊ᠢ ᠨᠢ ᠡᠪᠳᠡᠭᠡᠳ ᠲᠡᠭᠦᠨ ᠦ᠌ ᠠᠬ᠎ᠠ ᠯᠠᠰᠵᠠᠪ ( ᠯᠠᠰᠬᠢᠪ ) ᠲᠤᠷ ᠵᠠᠯᠭᠠᠮᠵᠢᠯᠠᠭᠤᠯᠪᠠᠢ 》 ( 《 ᠢᠯᠡᠳᠬᠡᠯ ᠱᠠᠰᠲᠢᠷ 》 ) ᠃1692 ᠣᠨ ᠳ᠋ᠤ᠌ ᠯᠠᠰᠬᠢᠪ ᠵᠠᠰᠠᠭ ᠪᠡᠢᠰᠡ ᠵᠠᠯᠭᠠᠪᠠ ᠃1698 ᠣᠨ ᠳ᠋ᠤ᠌ ᠨᠠᠰᠤ ᠪᠠᠷᠠᠪᠠ ᠃
③ ᠯᠠᠰᠬᠢᠪ ᠤ᠋ᠨ ᠶᠡᠬᠡ ᠬᠥᠪᠡᠭᠦᠨ ᠂ ᠭᠤᠷᠪᠠᠳᠤᠭᠠᠷ ᠤᠳᠠᠭ᠎ᠠ ᠵᠠᠯᠭᠠᠮᠵᠢᠯᠠᠭᠰᠠᠨ ᠵᠠᠰᠠᠭ ᠪᠡᠢᠰᠡ ᠃
④ ᠰᠦᠮᠢᠷ ᠮᠡᠷᠭᠡᠨ ᠪᠣᠯ ᠠᠯᠲᠠᠨ ᠬᠠᠭᠠᠨ ᠤ᠋ ᠬᠥᠪᠡᠭᠦᠨ ᠰᠡᠩᠭᠡ ᠳᠦᠭᠦᠷᠡᠩ ᠦ᠋ᠨ ᠬᠥᠪᠡᠭᠦᠨ ᠪᠤᠶᠤ ᠃ ᠡᠨᠳᠡ ᠠᠯᠲᠠᠨ ᠬᠠᠭᠠᠨ ᠤ᠋ ᠳᠡᠭᠦᠦ ᠭᠡᠰᠡᠨ ᠨᠢ ᠪᠤᠷᠤᠭᠤ ᠪᠣᠯᠪᠠ ᠃
⑤ ᠳᠠᠯᠠᠢ ᠯᠠᠮᠠ ᠶᠣᠨᠲᠠᠨ ᠵᠠᠮᠰᠤ (1589 —1617 ) ᠄ ᠮᠣᠩᠭᠣᠯ ᠬᠥᠮᠦᠨ ᠂ ᠳᠥᠷᠪᠡᠳᠦᠭᠡᠷ ᠳᠠᠯᠠᠢ ᠯᠠᠮᠠ ᠪᠤᠶᠤ ᠃ ᠭᠤᠷᠪᠠᠳᠤᠭᠠᠷ ᠳᠠᠯᠠᠢ ᠯᠠᠮᠠ ᠮᠣᠩᠭᠣᠯ ᠭᠠᠵᠠᠷ ᠢᠷᠡᠵᠦ ᠭᠤᠷᠪᠠᠨ ᠵᠢᠯ ᠪᠣᠯᠤᠭᠠᠳ ᠨᠠᠰᠤ ᠨᠥᠭᠴᠢᠭᠰᠡᠨ ᠦ᠌ ᠬᠣᠢᠨ᠎ᠠ ᠂1602 ᠣᠨ ᠳ᠋ᠤ᠌ ᠲᠥᠪᠡᠳ ᠦ᠋ᠨ ᠭᠤᠷᠪᠠᠨ ᠶᠡᠬᠡ ᠰᠦᠮ᠎ᠡ ᠶ᠋ᠢᠨ ᠲᠥᠯᠥᠭᠡᠯᠡᠭᠴᠢ ᠥᠪᠥᠷ ᠮᠣᠩᠭᠣᠯ ᠳ᠋ᠤ᠌ ᠢᠷᠡᠵᠦ ᠂ ᠭᠤᠷᠪᠠᠳᠤᠭᠠᠷ ᠳᠠᠯᠠᠢ ᠯᠠᠮᠠ ᠶ᠋ᠢᠨ 《 ᠬᠤᠪᠢᠯᠭᠠᠨ 》 ᠢ᠋ ᠡᠷᠢᠪᠡ ᠃ ᠢᠩᠭᠢᠭᠡᠳ ᠠᠯᠲᠠᠨ ᠬᠠᠭᠠᠨ ᠤ᠋ ᠬᠣᠢᠴᠢ ᠦᠶ᠎ᠡ ᠶ᠋ᠢᠨ ᠠᠴᠢ ᠰᠦᠮᠢᠷ ᠲᠠᠶᠢᠴᠢᠩ ᠤ᠋ᠨ ᠬᠥᠪᠡᠭᠦᠨ ᠶᠤᠨᠲᠤᠨ ᠵᠠᠮᠰᠤ ( ᠡᠬᠡ ᠨᠢ ᠪᠠᠷᠢᠬᠠᠨ ᠵᠤᠯᠠ ) ᠶ᠋ᠢ ᠭᠤᠷᠪᠠᠳᠤᠭᠠᠷ ᠳᠠᠯᠠᠢ ᠯᠠᠮᠠ ᠰᠣᠤᠠᠨᠠᠮᠵᠠᠮᠰᠤ ᠶ᠋ᠢᠨ 《 ᠬᠤᠪᠢᠯᠭᠠᠨ 》 ᠭᠡᠵᠦ ᠲᠠᠨᠢᠵᠤ ᠭᠡᠨ᠎ᠡ ᠃1602 ᠣᠨ ᠳ᠋ᠤ᠌ ᠶᠤᠨᠲᠤᠨ ᠵᠠᠮᠰᠤ ᠶ᠋ᠢ ᠳᠥᠷᠪᠡᠨ ᠨᠠᠰᠤᠲᠠᠢ ᠳ᠋ᠤ᠌ ᠳ᠋ᠤᠨᠢ ᠲᠥᠪᠡᠳ ᠡᠴᠡ ᠯᠠᠮᠠ ᠨᠠᠷ ᠢᠷᠡᠵᠦ ᠲᠥᠪᠡᠳ ᠲᠡᠭᠡᠨ ᠵᠠᠯᠠᠵᠤ ᠠᠪᠠᠴᠢᠵᠠᠢ ᠃ ᠲᠡᠭᠦᠨᠴᠡ ᠬᠣᠢᠰᠢ ᠮᠠᠨ ᠤ᠋ ᠮᠣᠩᠭᠣᠯ ᠤ᠋ᠨ ᠲᠡᠦᠬᠡ ᠶ᠋ᠢᠨ ᠲᠤᠯᠭᠤᠷ ᠪᠢᠴᠢᠭ ᠦ᠋ᠳ ᠲᠦ᠍ ᠳᠠᠯᠠᠢ ᠯᠠᠮᠠ ᠶ᠋ᠢᠨ ᠬᠤᠪᠢᠯᠭᠠᠨ ᠮᠣᠩᠭᠣᠯ ᠭᠠᠵᠠᠷ ᠮᠡᠨᠳᠦᠯᠡᠪᠡ ᠭᠡᠮᠡᠨ ᠶᠡᠬᠡᠳᠡ ᠲᠡᠮᠳᠡᠭᠯᠡᠬᠦ ᠪᠣᠯᠵᠤᠬᠤᠢ ᠃

