ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 3 (1)> Ертөнцийн гурав – Ш᠂ Буянтогтох эмхиохэн найруулав < Оршлын оронд – 3 (1)> ᠶᠢᠷᠲᠢᠨᠴᠦ ᠶ᠋ᠢᠨ ᠭᠤᠷᠪᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 3 (1)> Ертөнцийн гурав – Ш᠂ Буянтогтох эмхиохэн найруулав < Оршлын оронд – 3 (1)>

ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 3 (1)> Ертөнцийн гурав – Ш᠂ Буянтогтох эмхиохэн найруулав < Оршлын оронд – 3 (1)>

2023-04-28

297

ᠣᠷᠣᠰᠢᠯ᠎ ᠤᠨ ᠣᠷᠣᠨ ᠳᠤ - 3 (1)

                        《 ᠶᠢᠷᠲᠢᠨᠴᠦ ᠶ᠋ᠢᠨ ᠭᠤᠷᠪᠠ 》 ᠶ᠋ᠢᠨ ᠲᠤᠬᠠᠢ                                                                                                                — ᠣᠷᠣᠰᠢᠯ ᠤ᠋ᠨ ᠣᠷᠣᠨ ᠳ᠋ᠤ᠌     

                 ᠭᠤᠷᠪᠠ ᠂ 《 ᠶᠢᠷᠲᠢᠨᠴᠤ ᠶ᠋ᠢᠨ ᠭᠤᠷᠪᠠ 》 ᠶ᠋ᠢᠨ ᠡᠭᠦᠰᠦᠯ ᠬᠥᠭᠵᠢᠯ ᠦ᠋ᠨ ᠲᠤᠬᠠᠢ

       《 ᠠᠷᠠᠳ ᠦ᠋ᠨ ᠠᠮᠠᠨ ᠵᠣᠬᠢᠶᠠᠯ ᠊ᠢ ᠮᠡᠲᠡᠬᠦ ᠦᠭᠡᠢ ᠪᠡᠷ ᠵᠢᠩᠬᠢᠨᠢ ᠬᠥᠲᠡᠯᠮᠦᠷᠢᠴᠢᠨ ᠠᠷᠠᠳ ᠲᠦᠮᠡᠨ ᠪ ᠲᠡᠤᠬᠡ ᠶ᠋ᠢ ᠮᠡᠲᠡᠬᠦ ᠶ᠋ᠢᠨ ᠠᠷᠬ᠋᠎ᠠ ᠭᠡᠵᠦ ᠠᠯᠠᠬ᠋᠎ᠠ 》(1) ᠭᠡᠵᠦ ᠮ · ᠭᠣᠷᠺᠢ ᠬᠡᠯᠡᠵᠦ ᠥᠩᠭᠡᠷᠡᠵᠡᠢ ᠃ ᠡᠶ᠋ᠢᠮᠦ ᠪᠣᠯᠬᠣᠷ ᠬᠥᠲᠡᠯᠮᠦᠷᠢᠴᠢᠨ ᠠᠷᠠᠳ ᠲᠦᠮᠡᠨ ᠪ ᠵᠢᠩᠬᠢᠨᠢ ᠲᠡᠤᠬᠡ ᠶ᠋ᠢ ᠮᠡᠲᠡᠶ᠎ᠡ ᠭᠡᠪᠡᠯ ᠵᠠᠪᠠᠯ ᠲᠡᠲᠡᠨᠡᠷ ᠦ᠋ᠨ ᠵᠣᠬᠢᠶᠠᠨ  ᠪᠦᠲᠦᠭᠡᠭᠰᠡᠨ ᠠᠮᠠᠨ ᠵᠣᠬᠢᠶᠠᠯ ᠊ᠢ ᠨᠢ ᠨᠢᠬᠲᠠᠯᠠᠨ ᠰᠤᠲᠤᠯᠬᠤ  ᠬᠡᠷᠡᠭᠲᠡᠢ᠃ ᠠᠷᠠᠳ ᠦ᠋ᠨ ᠠᠮᠠᠨ ᠵᠣᠬᠢᠶᠠᠯ ᠊ᠢ ᠨᠢᠬᠲᠠᠯᠠᠨ ᠰᠤᠲᠤᠯᠪᠠᠯ ᠰᠠᠶᠢ ᠠᠷᠠᠳ ᠲᠦᠮᠡᠨ ᠪ ᠲᠤᠬᠠᠢ ᠶ᠋ᠢᠨ ᠦᠶ᠎ᠡ ᠶ᠋ᠢᠨ ᠲᠡᠤᠬᠡᠨ ᠪᠠᠶ᠋ᠢᠲᠠᠯ ᠊ᠢ ᠦᠨᠡᠨ ᠮᠦᠨ ᠶ᠋ᠢᠡᠷ ᠨᠢ ᠣᠯᠵᠤ ᠮᠡᠲᠡᠵᠦ ᠪᠣᠯᠤᠨ᠎ᠠ ᠃ ᠲᠡᠶ᠋ᠢᠮᠦ ᠶ᠋ᠢᠨ ᠲᠤᠯᠠᠲᠠ ᠪᠢᠲᠡ ᠮᠣᠩᠭᠣᠯ ᠠᠷᠠᠳ ᠦ᠋ᠨ ᠠᠮᠠᠨ ᠵᠣᠬᠢᠶᠠᠯ ᠦ᠋ᠨ ᠨᠢᠭᠡ ᠲᠥᠷᠦᠯ ᠪᠣᠯᠤᠭᠰᠠᠨ 《 ᠶᠢᠷᠲᠢᠨᠴᠤ ᠶ᠋ᠢᠨ ᠭᠤᠷᠪᠠ 》 ᠶ᠋ᠢᠨ ᠬᠡᠷᠬᠢᠨ ᠡᠭᠦᠰᠦᠨ  ᠪᠦᠷᠢᠯᠳᠦᠭᠰᠡᠨ ᠊ᠢ ᠮᠡᠲᠡᠶ᠎ᠡ ᠭᠡᠪᠡᠯ ᠂ ᠵᠠᠪᠠᠯ ᠲᠤᠬᠠᠢ ᠶ᠋ᠢᠨ ᠦᠶ᠎ᠡ ᠶ᠋ᠢᠨ ᠠᠷᠠᠳ ᠲᠦᠮᠡᠨ ᠪ ᠠᠮᠢᠲᠤᠷᠠᠯ ᠦ᠋ᠨ ᠵᠠᠩ ᠵᠠᠩᠰᠢᠯ ᠂ ᠱᠠᠰᠢᠨ ᠰᠢᠲᠦᠯᠭᠡ ᠲᠡᠢ ᠨᠢ ᠤᠶᠠᠯᠲᠤᠭᠤᠯᠠ  ᠰᠤᠲᠤᠯᠬᠤ  ᠬᠡᠷᠡᠭᠲᠡᠢ ᠃
        ᠮᠣᠩᠭᠣᠯᠴᠤᠳ ᠡᠷᠲᠡ ᠳᠡᠭᠡᠳᠦ ᠦᠶ᠎ᠡ ᠡᠴᠡ ᠪᠡᠨ ᠠᠪᠤᠭᠠᠳ ᠭᠤᠷᠪᠠ ᠪᠠᠷ  ᠨᠢᠭᠡᠴᠢᠯᠡᠭᠰᠡᠨ ᠲᠣᠬ᠋᠎ᠠ ᠶ᠋ᠢ ᠶᠡᠬᠡᠯ᠎ᠡ  ᠡᠷᠬᠢᠮᠯᠡᠳᠡᠭ ᠪᠢᠯᠡ ᠃ ᠵᠢᠱ᠌ᠢᠶᠡᠯᠡᠪᠡᠯ ᠄ 《 ᠡᠷ᠎ᠡ ᠶ᠋ᠢᠨ ᠭᠤᠷᠪᠠᠨ ᠨᠠᠭᠠᠲᠤᠮ 》 ᠭᠡᠵᠦ ᠮᠣᠩᠭᠣᠯᠴᠤᠳ ᠦ᠋ᠨ ᠵᠢᠯ ᠪᠦᠷᠢ ᠶ᠋ᠢᠨ ᠬᠦᠷ  ᠬᠥᠭᠵᠢᠶᠡᠨᠲᠦ ᠨᠠᠭᠠᠲᠤᠮ ᠦ᠋ᠨ ᠬᠤᠷᠠᠯ ᠳᠡᠭᠡᠷᠡᠬᠢ ᠲᠤᠲᠠᠭᠲᠠᠵᠤ ᠪᠣᠯᠣᠰᠢ ᠦᠭᠡᠢ ᠮᠠᠩᠯᠠᠶ᠋ᠢᠯᠠᠬᠤ ᠨᠠᠭᠠᠲᠤᠮ ᠪᠣᠯᠤᠨ᠎ᠠ ᠃ ᠡᠭᠦᠨᠴᠢᠯᠡᠨ ᠮᠣᠩᠭᠣᠯᠴᠤᠳ ᠶᠠᠮᠠᠷ ᠨᠢᠭᠡᠨ ᠬᠦᠨᠲᠦᠲᠦ ᠵᠣᠴᠢᠨ ᠪᠤᠶᠤ ᠬᠣᠷᠢᠮ ᠨᠠᠶ᠋ᠢᠷ ᠳᠡᠭᠡᠷ᠎ᠡ ᠭᠡᠶ᠋ᠢᠴᠢᠨ ᠵᠣᠴᠢᠨ ᠊ᠢ ᠠᠷᠢᠬᠢ ᠪᠠᠷ ᠵᠣᠴᠢᠯᠠᠬᠤ ᠳ᠋ᠠᠭᠠᠨ ᠵᠠᠪᠠᠯ ᠬᠣᠶ᠋ᠢᠨ᠎ᠠ ᠠ᠋ᠴᠠ ᠨᠢ ᠭᠤᠷᠪᠠᠨ ᠤᠲᠠᠬ᠋᠎ᠠ ᠪᠠᠷᠢᠬᠤ ᠶ᠋ᠢ  ᠡᠷᠬᠢᠮᠯᠡᠳᠡᠭ ᠃ ᠡᠭᠦᠨ ᠊ᠢ 《 ᠨᠠᠶ᠋ᠢᠷ ᠦ᠋ᠨ ᠭᠤᠷᠪᠠᠨ ᠬᠤᠨᠲᠠᠬ᠋᠎ᠠ 》 ᠭᠡᠳᠡᠭ ᠃
        ᠮᠣᠩᠭᠤᠯᠴᠤᠳ ᠬᠡᠤᠬᠡᠨ  ᠥᠭᠴᠦ ᠂ ᠪᠡᠷᠢ ᠪᠠᠭᠤᠯᠭᠠᠬᠤ ᠬᠣᠷᠢᠮ ᠨᠠᠶ᠋ᠢᠷ ᠳᠡᠭᠡᠷ᠎ᠡ ᠡᠷᠬᠡᠪᠰᠢ 《 ᠲᠦᠷᠦ ᠶ᠋ᠢᠨ ᠭᠤᠷᠪᠠᠨ ᠳᠠᠭᠤᠤ 》 ᠶ᠋ᠢ ᠳᠠᠭᠤᠯᠠᠳᠠᠭ ᠪᠢᠯᠡ ᠃ 《 ᠲᠦᠷᠦ ᠶ᠋ᠢᠨ ᠭᠤᠷᠪᠠᠨ ᠳᠠᠭᠤᠤ 》 ᠶ᠋ᠢ ᠳᠠᠭᠤᠯᠠᠬᠤ  ᠳ᠋ᠤ᠌ ᠭᠤᠷᠪᠠ ᠭᠤᠷᠪᠠ ᠪᠡᠷ ᠦᠶᠡᠯᠡᠨ ᠳᠠᠭᠤᠯᠠᠬᠤ ᠶᠣᠰᠣᠲᠠᠢ ᠃ ᠡᠨᠡ ᠨᠢ ᠡᠷᠲᠡᠨ ᠡᠴᠡ ᠲᠤᠭᠲᠠᠭᠰᠠᠨ ᠡᠪᠲᠡᠵᠦ ᠪᠣᠯᠣᠰᠢ ᠦᠭᠡᠢ ᠳᠥᠷᠢᠮ ᠮᠦᠨ ᠃ ᠮᠦᠨ ᠴᠤ᠌ ᠶᠠᠮᠠᠷ ᠨᠢᠭᠡᠨ ᠤᠴᠢᠷ ᠶᠠᠪᠤᠲᠠᠯ ᠊ᠢ ᠶᠠᠪᠤᠭᠲᠠᠭᠤᠯᠬᠤ ᠳ᠋ᠤ᠌ 《 ᠡᠷ᠎ᠡ ᠶ᠋ᠢᠨ ᠭᠤᠷᠪᠠᠨ ᠮᠠᠯᠵᠢᠶ᠎ᠠ 》 ᠭᠡᠮᠡᠨ  ᠬᠡᠯᠡᠯᠴᠡᠳᠡᠭ᠃
       ᠨᠢᠭᠡ ᠬᠥᠮᠦᠨ ᠲᠥᠷᠦᠭᠡᠳ ᠦᠬᠦᠲᠡᠯ᠎ᠡ ᠪᠡᠨ ᠭᠤᠷᠪᠠᠨ ᠶᠡᠬᠡ ᠬᠣᠷᠢᠮ ᠬᠢᠳᠡᠭ ᠭᠡᠨ᠎ᠡ ᠃ ᠡᠨᠡ ᠨᠢ ᠪᠣᠯᠪᠠᠴᠤ ᠲᠥᠷᠦᠭᠡᠳ ᠰᠠᠷ᠎ᠠ ᠳᠦᠭᠦᠷᠬᠦ ᠶᠡᠬᠡ ᠬᠣᠷᠢᠮ ᠂ ᠪᠡᠷᠢ ᠠᠪᠴᠤ ᠂ ᠬᠠᠷᠢ  ᠳ᠋ᠤ᠌ ᠮᠣᠷᠲᠠᠬᠤ ᠶᠡᠬᠡ ᠬᠣᠷᠢᠮ ᠂  ᠦᠬᠦᠭᠰᠡᠨ ᠪ ᠳᠠᠷᠠᠬ᠋᠎ᠠ ᠶᠠᠪᠤᠭᠲᠠᠬᠤ ᠪᠤᠶᠠᠨ ᠬᠢᠬᠦ ᠶᠡᠬᠡ ᠬᠣᠷᠢᠮ ᠵᠡᠷᠭᠡ ᠪᠣᠯᠤᠨ᠎ᠠ ᠃ ᠮᠣᠩᠭᠣᠯᠴᠤᠳ ᠡᠭᠦᠨ ᠊ᠢ ᠶᠡᠬᠡᠯ᠎ᠡ ᠡᠷᠬᠢᠮᠨᠡᠨ  ᠬᠦᠨᠳᠦᠳᠬᠡᠳᠡᠭ ᠪᠢᠯᠡ ᠃ ᠢᠯᠠᠩᠭᠤᠶ᠎ᠠ ᠂ ᠮᠣᠩᠭᠣᠯᠴᠤᠳ ᠠᠷᠢᠬᠢ ᠤᠤᠭᠤᠬᠤ ᠳ᠋ᠠᠭᠠᠨ ᠬᠤᠨᠲᠠᠭᠠᠨ  ᠳ᠋ᠤ᠌  ᠬᠢᠭᠰᠡᠨ ᠠᠷᠢᠬᠢ ᠶ᠋ᠢ ᠠᠮᠰᠠᠬᠤ ᠠ᠋ᠴᠠ ᠪᠠᠨ ᠡᠮᠦᠨ᠎ᠡ ᠪᠠᠷᠠᠭᠤᠨ ᠭᠠᠷ ᠦ᠋ᠨ ᠢᠲᠠᠮ ᠬᠤᠷᠤᠭᠤ ᠶ᠋ᠢᠨ ᠥᠨᠲᠡᠭᠡ ᠶ᠋ᠢ ᠬᠤᠨᠲᠠᠬ᠋᠎ᠠ ᠲᠠᠢ ᠠᠷᠢᠬᠢᠨ  ᠳ᠋ᠤ᠌ ᠭᠤᠷᠪᠠᠨᠲᠠ ᠲᠥᠷᠦᠵᠦ ᠭᠤᠷᠪᠠᠨᠲᠠ ᠢᠲᠠᠮᠯᠠᠨ ᠨᠢᠰᠤᠯᠠᠭᠰᠠᠨ ᠪ ᠰᠡᠭᠦᠯᠡᠷ ᠰᠠᠶᠢ ᠠᠷᠢᠬᠢ ‍ᠶ᠋ᠢ ᠡᠬᠢᠯᠡᠨ ᠤᠤᠭᠤᠳᠠᠭ ᠵᠤᠷᠰᠢᠯ ᠎ᠲᠠᠢ ᠪᠢᠯᠡ ᠃ ᠮᠣᠩᠭᠣᠯᠴᠤᠳ ᠥᠪᠡᠷ ‍ᠦᠨ ᠦᠬᠦᠭᠡᠳ ᠦᠨᠡᠨ ‍ᠦ ᠭᠠᠵᠠᠷ  ᠬᠦᠷᠦᠭᠰᠡᠨ ᠳᠡᠭᠡᠳᠦᠰ ᠎ᠲᠡᠭᠡᠨ ᠳᠤᠶᠢᠩ ᠲᠦᠯᠡᠰᠢ ᠰᠢᠲᠠᠭᠠᠵᠤ ᠥᠭᠬᠦ ᠪᠠ ᠲᠠᠬᠢᠯᠭ᠎ᠠ ᠰᠠᠴᠤᠯᠢ  ᠡᠷᠭᠦᠬᠦ ᠎ᠲᠡᠭᠡᠨ ᠭᠤᠷᠪᠠ ᠭᠤᠷᠪᠠ ᠎ᠪᠠᠷ ᠦᠶᠡᠯᠡᠨ ᠮᠥᠷᠭᠥᠳᠡᠭ ᠶᠣᠰᠣ ᠪᠣᠢ ᠃ ᠡᠨᠡ ᠨᠢ ᠪᠣᠯᠪᠠᠰᠤ ᠡᠷᠲᠡᠨ ‍ᠦ ᠪᠥᠬᠡ ᠮᠥᠷᠭᠥᠯ ‍ᠦᠨ ᠨᠥᠯᠥᠭᠡ ᠎ᠡᠴᠡ ᠪᠣᠢ ᠪᠣᠯᠤᠭᠰᠠᠨ ᠪᠠᠶ᠋ᠢᠨ᠎ᠠ ᠃ ᠮᠥᠨᠴᠥ ᠡᠭᠦᠨ ‍ᠦ ᠨᠥᠯᠥᠭᠡ ᠎ᠡᠴᠡ ᠪᠣᠯᠵᠤ ᠣᠷᠴᠢᠯᠠᠩ ᠶᠢᠷᠲᠢᠨᠴᠦ ‍ᠶ᠋ᠢ 《 ᠭᠤᠷᠪᠠᠨ ᠶᠢᠷᠲᠢᠨᠴᠦ 》 ᠪᠣᠯᠭᠠᠨ ᠠᠩᠭᠢᠯᠠᠨ ᠶᠠᠷᠢᠳᠠᠭ ᠃ ᠳᠠᠷᠤᠢ ᠳᠡᠭᠡᠳᠦ ᠶᠢᠷᠲᠢᠨᠴᠦ ᠂ ᠳᠤᠮᠳᠠ ᠶᠢᠷᠲᠢᠨᠴᠦ ᠂ ᠳᠣᠤᠷ᠎ᠠ ᠶᠢᠷᠲᠢᠨᠴᠦ ᠪᠣᠯᠤᠨ᠎ᠠ ᠃ ᠳᠡᠭᠡᠳᠦ ᠶᠢᠷᠲᠢᠨᠴᠦ ᠨᠢ ᠬᠤᠷᠮᠤᠰᠲᠠ ᠲᠡᠭᠷᠢ ‍ᠶ᠋ᠢᠨ ᠶᠢᠷᠲᠢᠨᠴᠦ ᠪᠥᠯᠥᠭᠡ ᠃ ᠳᠤᠮᠳᠠ ᠶᠢᠷᠲᠢᠨᠴᠦ ᠨᠢ ᠳᠠᠷᠤᠢ ᠬᠦᠮᠦᠨ ‍ᠦ ᠣᠷᠴᠢᠯᠠᠩ ᠃ ᠳᠣᠤᠷ᠎ᠠ ᠶᠢᠷᠲᠢᠨᠴᠦ ᠨᠢ ᠯᠤᠤᠰ ‍ᠤᠨ ᠣᠷᠳᠣᠨ ᠃ ᠡᠨᠡᠬᠦ ᠭᠤᠷᠪᠠᠨ ᠶᠢᠷᠲᠢᠨᠴᠦ ‍ᠶ᠋ᠢᠨ ᠡᠵᠡᠳ ᠰᠠᠬᠢᠭᠤᠯᠰᠤᠨ ‍ᠳᠤ ᠡᠷᠬᠡᠪᠰᠢ ᠢᠳᠡᠭᠡᠨ ‍ᠦ ᠳᠡᠭᠡᠵᠢ ᠂ ᠤᠮᠳᠠᠭᠠᠨ ‍ᠤ ᠲᠡᠷᠢᠭᠦᠨ ‍ᠢ ᠡᠷᠭᠦᠵᠦ ᠶᠠᠪᠤᠪᠠᠰᠤ ᠰᠠᠶ᠋ᠢᠨ ᠬᠡᠮᠡᠨ ᠶᠠᠷᠢᠯᠴᠠᠳᠠᠭ ᠃
        ᠮᠣᠩᠭᠣᠯᠴᠤᠳ ‍ᠤᠨ ᠡᠳᠦᠷ ᠲᠤᠲᠤᠮ ‍ᠤᠨ ᠠᠮᠢᠳᠤᠷᠠᠯ ᠳ᠋ᠠᠭᠠᠨ ᠬᠡᠷᠡᠭᠯᠡᠵᠦ ᠪᠠᠶ᠋ᠢᠭ᠎ᠠ ᠲᠤᠯᠭ᠎ᠠ ᠨᠢ᠎ ᠴᠤ᠌  ᠭᠤᠷᠪᠠᠨ ᠬᠥᠯ ᠎ᠲᠡᠢ ᠪᠥᠭᠡᠳ ᠡᠨᠡᠬᠦ ᠭᠤᠷᠪᠠᠨ ᠬᠥᠯ ᠨᠢ ᠲᠤᠯᠭ᠎ᠠ ‍ᠶ᠋ᠢᠨ ᠳᠡᠭᠡᠷᠡᠬᠢ ᠲᠣᠭᠣᠭ᠎ᠠ ᠂ ᠳᠡᠪᠦᠷ᠎ᠡ ‍ᠶ᠋ᠢ ᠲᠡᠭᠰᠢᠬᠡᠨ ᠪᠠᠶ᠋ᠢᠯᠠᠭᠠᠵᠤ ᠪᠠᠶ᠋ᠢᠬᠤ ᠨᠢ ᠮᠣᠩᠭᠣᠯᠴᠤᠳ ᠲᠤ ᠭᠦᠨ ᠰᠠᠭᠤᠭᠳᠠᠯ ᠎ᠲᠡᠢ ᠪᠢᠯᠡ ᠃ ᠴᠠᠭ ‍ᠢ ᠪᠠᠰᠠ 《 ᠥᠩᠭᠡᠷᠡᠭᠰᠡᠨ ᠴᠠᠭ ᠂ ᠣᠳᠣ ᠴᠠᠭ ᠂ ᠢᠷᠡᠭᠡᠳᠦᠢ ᠴᠠᠭ 》 ᠭᠡᠵᠦ ᠭᠤᠷᠪᠠ ᠬᠤᠪᠢᠶᠠᠳᠠᠭ ᠪᠠ ᠠᠯᠢᠪᠠ ᠬᠡᠷᠡᠭ ᠶᠠᠭᠤᠮ᠎ᠠ ‍ᠶ᠋ᠢᠨ ᠰᠠᠶ᠋ᠢᠨ ᠮᠠᠭᠤ ‍ᠶ᠋ᠢ ᠠᠩᠭᠢᠯᠠᠬᠤ ᠳ᠋ᠠᠭᠠᠨ ᠳᠡᠭᠡᠳᠦ ᠂ ᠳᠤᠮᠳᠠ ᠂ ᠠᠳᠠᠭ ᠡᠰᠡᠪᠡᠯ ᠲᠡᠷᠢᠭᠦᠨ ᠳᠤᠮᠳᠠ ᠂ ᠰᠡᠭᠦᠯ ᠬᠡᠮᠡᠨ ᠭᠤᠷᠪᠠ ᠬᠤᠪᠢᠶᠠᠳᠠᠭ ᠪᠢᠯᠡ ᠃ ᠮᠣᠩᠭᠣᠯᠴᠤᠳ ᠶᠠᠮᠠᠷ ᠨᠢᠭᠡᠨ ᠭᠡᠨᠡᠨ ᠶᠠᠪᠤᠳᠠᠯ ᠲᠣᠬᠢᠶᠠᠯᠳᠤᠨ ᠰᠣᠴᠢᠪᠠᠯ ᠳᠠᠷᠤᠢ ᠱᠠᠰᠢᠨ ᠰᠢᠲᠦᠯᠭᠡ ‍ᠶ᠋ᠢᠨ ᠨᠥᠯᠥᠭᠡ ᠎ᠡᠴᠡ ᠪᠣᠯᠵᠤ 《 ᠪᠤᠷᠬᠠᠨ ᠭᠤᠷᠪᠠᠨ ᠡᠷᠳᠡᠨᠢ 》(2) ᠡᠰᠡᠪᠡᠯ 《 ᠯᠠᠮᠠ ᠭᠤᠷᠪᠠᠨ ᠡᠷᠳᠡᠨᠢ 》 ᠭᠡᠵᠦ ᠨᠠᠮᠠᠨᠴᠢᠯᠠᠨ ᠰᠦᠰᠦᠭᠯᠡᠳᠡᠭ ᠪᠢᠯᠡ ᠃  ᠬᠦᠮᠦᠨ ᠠᠮᠢᠲᠠᠨ ᠠᠲᠤᠭᠤᠰᠤ ᠮᠠᠯ ᠊ᠢ ᠪᠠᠰᠠ ᠡᠷ᠎ᠡ ᠂ ᠡᠮ᠎ᠡ ᠂ ᠰᠠᠭᠠᠷᠮᠠᠭ ᠬᠡᠮᠡᠨ ᠬᠤᠪᠢᠶᠠᠲᠠᠭ ᠪᠠ ᠠᠲᠠᠯᠢ ᠶᠣᠰᠣ ᠪᠠᠷ ᠰᠡᠭᠦᠯ ᠦ᠋ᠨ ᠦᠶ᠎ᠡ  ᠳ᠋ᠤ᠌ ᠪᠣᠯᠤᠭᠰᠠᠨ  ᠦᠰᠦᠭ ᠪᠢᠴᠢᠭ᠌  ᠊ᠢ  ᠴᠤ ᠴᠢᠩᠬ᠋᠎ᠠ ᠂ ᠬᠥᠨᠲᠡᠢ ᠂ ᠰᠠᠭᠠᠷᠮᠠᠭ ᠬᠡᠮᠡᠨ ᠠᠩᠭᠢᠯᠠᠲᠠᠭ ᠃ ᠮᠣᠩᠭᠣᠯ ᠡᠮᠴᠢ  ᠡᠪᠡᠤᠠᠴᠢᠲᠡᠨ  ᠳ᠋ᠤ᠌ ᠡᠮ  ᠥᠭᠬᠦ  ᠳ᠋ᠡᠭᠡᠨ ᠲᠠᠯᠬ᠎ᠠ ᠡᠮ ᠊ᠢ ᠥᠷᠥᠭᠡᠰᠦᠨ ᠪᠠᠭᠯᠠᠬ᠋᠎ᠠ ᠪᠠᠷ ᠪᠠᠭᠯᠠᠵᠤ ᠂ ᠦᠷᠡᠯ ᠡᠮ ᠊ᠢ ᠥᠷᠥᠭᠡᠰᠦᠨ ᠲᠣᠬ᠋᠎ᠠ ᠪᠠᠷ  ᠥᠭᠳᠡᠭ ᠪᠥᠭᠡᠳ ᠮᠣᠩᠭᠣᠯ ᠠᠨᠠᠭᠠᠬᠤ ᠤᠬᠠᠭᠠᠨ  ᠳ᠋ᠤ᠌ ᠪᠠᠰᠠ 《 ᠬᠡᠢ ᠂ ᠰᠢᠷ᠎ᠠ ᠂ ᠪᠠᠤᠠᠬᠠᠨ 》 ( ᠵᠠᠷᠢᠮ ᠳ᠋ᠠᠭᠠᠨ 《 ᠭᠤᠷᠪᠠᠨ ᠭᠡᠮ 》 ᠭᠡᠲᠡᠭ᠋ ) ᠭᠤᠷᠪᠠ ᠪᠣᠯᠪᠠᠰᠤ ᠮᠠᠰᠢ ᠴᠢᠬᠤᠯᠠ ᠪᠢᠯᠡ ᠃《 ᠬᠡᠢ  — ᠰᠢᠷ᠎ᠠ  — ᠪᠠᠤᠠᠬᠠᠨ 》  ᠭᠡᠬᠦ ᠡᠨᠡ  ᠨᠢᠭᠡᠨ《 ᠭᠤᠷᠪᠠᠲᠤ ᠶ᠋ᠢᠨ ᠪᠦᠷᠢᠯᠲᠦᠬᠦᠨ 》 ᠭᠡᠰᠡᠨ ᠪᠣᠲᠠᠲᠤ ᠶᠢᠷᠲᠢᠨᠴᠦ ᠶ᠋ᠢᠨ ᠬᠠᠮᠤᠭ ᠦ᠋ᠨ ᠠᠩᠬᠠᠨ ᠪ ᠡᠭᠦᠰᠦᠯ ᠪᠣᠯᠵᠤ ᠪᠠᠶ᠋ᠢᠬᠤ 《 ᠣᠭᠲᠠᠷᠭᠤᠢ ᠂ ᠬᠡᠢ ᠂ ᠭᠠᠯ ᠤᠰᠤ ᠂ ᠰᠢᠷᠣᠢ 》 ᠶ᠋ᠢᠨ ᠳᠡᠭᠡᠳᠦ ᠬᠤᠷᠢᠶᠠᠩᠭᠤᠢ ᠮᠥᠨ ᠃ ᠣᠭᠲᠠᠷᠭᠤᠢ ᠮᠠᠬᠠᠪᠣᠳ ᠂ ᠬᠡᠢ ᠮᠠᠬᠠᠪᠣᠳ ᠬᠣᠶᠠᠷ ᠊ᠢ ᠬᠠᠮᠲᠤᠷᠠᠭᠤᠯᠤᠨ ᠬᠡᠢ ᠭᠡᠵᠦ ᠂ ᠭᠠᠯ ᠮᠠᠬᠠᠪᠣᠳ ᠊ᠢ ᠠᠰ ᠲᠤᠨᠢ ᠰᠢᠷ᠎ᠠ ᠭᠡᠵᠦ ᠂ ᠤᠰᠤᠨ ᠮᠠᠬᠠᠪᠣᠳ ᠪᠠ ᠰᠢᠷᠣᠢ ᠮᠠᠬᠠᠪᠣᠳ ᠬᠣᠶᠠᠷ ᠊ᠢ ᠨᠡᠶ᠋ᠢᠯᠡᠭᠦᠯᠦᠨ ᠪᠠᠤᠠᠬᠠᠨ ᠭᠡᠵᠦ ᠪᠣᠢ ᠪᠣᠯᠵᠤ  ᠪᠦᠷᠢᠯᠳᠦᠭᠰᠡᠨ ᠪᠠᠶ᠋ᠢᠨ᠎ᠠ ᠃ ᠡᠨᠡ ᠭᠤᠷᠪᠠ ᠶ᠋ᠢᠨ ᠠᠯᠢ ᠨᠢᠭᠡ ᠨᠢ  ᠴᠤ᠌ ᠳᠤᠲᠠᠭᠳᠠᠵᠤ ᠪᠣᠯᠣᠰᠢ ᠦᠭᠡᠢ ᠴᠢᠬᠤᠯᠠ ᠠᠵᠢ ᠃
      《 ᠬᠦᠮᠦᠨ ᠲᠥᠷᠥᠯᠬᠢᠲᠡᠨ ᠪ ᠠᠵᠤ  ᠲᠦᠷᠦᠬᠦᠢ ᠶ᠋ᠢ ᠠᠪᠴᠤ  ᠬᠡᠯᠡᠭᠰᠡᠨ ᠴᠤ᠌ ᠭᠤᠷᠪᠠᠲᠤ ᠶ᠋ᠢᠨ ᠪᠦᠷᠢᠯᠲᠦᠬᠦᠨ ᠪ ᠵᠢᠷᠤᠮ ᠶ᠋ᠢᠠᠷ ᠢᠯᠡᠷᠡᠵᠦ ᠪᠠᠶ᠋ᠢᠲᠠᠭ ᠃ ᠣᠯᠠᠨ ᠪ ᠮᠡᠲᠡᠭᠡᠵᠢ ᠪᠡᠷ ᠬᠦᠮᠦᠨ ᠲᠥᠷᠥᠯᠬᠢᠲᠡᠨ ᠪ ᠠᠮᠢᠲᠤᠷᠠᠯ ᠡᠷᠲᠡ ᠢᠵᠠᠭᠤᠷ ᠠ᠋ᠴᠠ ᠠᠪᠤᠭᠠᠳ ᠡᠲᠦᠭᠡ  ᠳ᠋ᠤ᠌ ᠬᠦᠷᠴᠦ ᠢᠷᠡᠲᠡᠯ᠎ᠡ ᠂ ᠢᠷᠡᠭᠡᠲᠦᠢ  ᠳ᠋ᠤ᠌ ᠴᠤ᠌ ᠭᠡᠰᠡᠨ ᠢᠲᠡᠬᠦᠢ ᠂ ᠡᠮᠦᠰᠬᠦᠢ ᠣᠷᠣᠰᠢᠨ ᠰᠠᠭᠤᠬᠤᠢ ᠡᠨᠡ ᠭᠤᠷᠪᠠ ᠡᠲᠤᠷ ᠲᠤᠷᠰᠢ ᠳᠤᠲᠠᠭᠳᠠᠵᠤ ᠪᠣᠯᠣᠰᠢ ᠦᠭᠡᠢ ᠪᠠᠶ᠋ᠢᠲᠠᠭ 》(3) ᠃
       《 ᠬᠦᠮᠦᠨ ᠪ ᠨᠡᠶ᠋ᠢᠭᠡᠮ ᠦ᠋ᠨ ᠬᠠᠮᠤᠭ ᠦ᠋ᠨ ᠪᠠᠬ᠋᠎ᠠ ᠨᠢᠭᠡᠴᠡ ᠪᠣᠯᠬᠤ ᠨᠢᠭᠡᠨ ᠭᠡᠷ ᠪᠦᠯᠢ ᠪᠡᠷ ᠠᠪᠴᠤ ᠬᠡᠯᠡᠭᠰᠡᠨ ᠴᠤ᠌ ᠡᠷ᠎ᠡ ᠂ ᠡᠮ᠎ᠡ ᠂ ᠬᠡᠦᠬᠡᠳ ᠰᠢᠤᠠᠬᠤᠨ ᠲᠠᠢ ᠪᠠᠨ ᠬᠠᠮᠲᠤᠷᠠᠭᠠᠳ < ᠭᠤᠷᠪᠠᠲᠤ ᠶ᠋ᠢᠨ ᠪᠦᠷᠢᠯᠲᠦᠬᠦᠨ > ᠶ᠋ᠢᠡᠷ  ᠣᠷᠣᠰᠢᠵᠤ ᠪᠠᠶ᠋ᠢᠲᠠᠭ ᠃ ᠬᠡᠷᠪᠡ ᠨᠢᠭᠡ  ᠡᠷᠡᠭᠲᠡᠢ ᠨᠢᠭᠡ ᠨᠠᠰᠤ ᠪᠠᠷ ᠶ᠋ᠢᠠᠨ ᠬᠡᠷᠬᠡᠢ ᠠᠪᠬᠤ ᠦᠭᠡᠢ ᠭᠠᠨᠢ ᠪᠡᠶ᠎ᠡ ᠪᠡᠷ ᠠᠮᠢᠲᠤᠷᠠᠬᠤ ᠪᠤᠶᠤ ᠨᠢᠭᠡ  ᠡᠮᠡᠭᠲᠡᠢ ᠨᠢᠭᠡ ᠨᠠᠰᠤ ᠪᠠᠷ ᠶ᠋ᠢᠠᠨ ᠬᠠᠷᠢ  ᠳ᠋ᠤ᠌ ᠣᠴᠢᠬᠤ ᠦᠭᠡᠢ ᠤᠪᠡᠰᠢᠨᠴᠨ ᠶ᠋ᠢᠨ ᠠᠮᠢᠲᠤᠷᠠᠯ  ᠶ᠋ᠢᠡᠷ  ᠠᠮᠢᠲᠤᠷᠠᠬᠤ ᠶᠤᠮ ᠪᠣᠯᠪᠠᠯ ᠴᠥᠮ ᠨᠡᠶ᠋ᠢᠭᠡᠮ ᠦ᠋ᠨ ᠬᠠᠮᠤᠭ ᠦ᠋ᠨ ᠪᠠᠬ᠋᠎ᠠ ᠨᠢᠭᠡᠴᠢ  — ᠭᠡᠷ ᠪᠦᠯᠢ ᠪᠣᠯᠵᠤ ᠪᠦᠷᠢᠤᠠᠬᠦ ᠪᠡᠷ ᠦᠭᠡᠢ ᠃ ᠲᠡᠷᠡᠴᠢᠯᠡᠨ ᠡᠷ᠎ᠡ ᠡᠮ᠎ᠡ ᠬᠣᠶᠠᠭᠤᠯᠠ ᠪᠠᠶ᠋ᠢᠬᠰᠠᠨ  ᠴᠤ᠌ ᠬᠡᠭᠦᠰᠡᠷ ᠪᠤᠶᠤ ᠡᠷᠡᠰᠦ ᠪᠠᠶ᠋ᠢᠵᠤ ᠂ ᠨᠠᠰᠤ ᠪᠠᠷ ᠶ᠋ᠢᠠᠨ ᠬᠡᠦᠬᠡᠳ ᠭᠠᠷᠬᠤ ᠦᠭᠡᠢ ᠪᠠᠰᠠ ᠬᠡᠦᠬᠡᠳ ᠡᠷᠭᠦᠵᠦ ᠲᠡᠵᠢᠭᠡᠬᠦ  ᠴᠤ᠌ ᠦᠭᠡᠢ ᠶᠤᠮ ᠪᠣᠯᠪᠠᠯ ᠪᠠᠰᠠ  ᠴᠤ᠌ ᠬᠣᠶ᠋ᠢᠴᠢ ᠶ᠋ᠢ ᠵᠠᠯᠭᠠᠮᠵᠢᠯᠠᠬᠤ ᠬᠦᠮᠦᠨ ᠦᠭᠡᠢ ᠂ ᠦᠨᠲᠦᠰᠦ ᠤᠭᠰᠠᠬ᠋᠎ᠠ ᠲᠠᠰᠤᠷᠬᠤ ᠪᠣᠯᠤᠨ᠎ᠠ 》(4) ᠃
       ᠤᠷᠤᠭ ᠪᠠᠷᠢᠯᠲᠤᠬᠤ ᠪᠠᠷ ᠠᠪᠴᠤ  ᠬᠡᠯᠡᠭᠰᠡᠨ ᠴᠤ᠌ ᠨᠡᠶ᠋ᠢᠭᠡᠮ ᠳᠡᠭᠡᠷ᠎ᠡ ᠵᠠᠭᠤᠢ ᠰᠠᠶ᠋ᠢᠨ ᠵᠠᠯᠠᠭᠤ ᠂ ᠬᠡᠭᠡᠨᠴᠢᠷ ᠭᠤᠸ᠋᠎ᠠ ᠬᠡᠦᠬᠡᠨ ᠠᠯᠢ ᠣᠯᠠᠨ ᠶ᠋ᠢᠠᠷ ᠪᠠᠶ᠋ᠢᠵᠤ ᠪᠠᠶ᠋ᠢᠨ᠎ᠠ ᠃ ᠭᠡᠪᠡᠴᠦ ᠡᠲᠡᠭᠡᠷ ᠦ᠋ᠨ ᠬᠣᠭᠣᠷᠣᠨᠲᠣ ᠡᠷᠬᠡᠪᠰᠢ ᠵᠠᠭᠤᠴᠢ ᠣᠷᠣᠵᠤ ᠤᠷᠤᠭ ᠦ᠋ᠨ ᠶᠠᠪᠤᠲᠠᠯ ᠊ᠢ  ᠪᠦᠲᠦᠭᠡᠳᠡᠭ ᠃ ᠮᠣᠩᠭᠣᠯᠴᠤᠳ ᠡᠨᠡ ᠶᠣᠰᠣ ᠶ᠋ᠢ ᠶᠡᠬᠡᠯ᠎ᠡ ᠬᠦᠨᠲᠦᠤᠠᠬᠡᠨ᠎ᠡ ᠃ ᠠᠮᠠᠨ ᠶᠠᠷᠢᠶᠠᠨ ᠳ᠋ᠤ 《 ᠪᠡᠷᠢ ᠭᠤᠶᠤᠬᠤ ᠬᠦᠮᠦᠨ ᠪᠡᠶ᠎ᠡ  ᠪᠠᠷ ᠶ᠋ᠢᠠᠨ ᠣᠴᠢᠵᠤ ᠪᠣᠯᠬᠤ ᠦᠭᠡᠢ ᠂ ᠬᠡᠦᠬᠡᠨ ᠬᠡᠯᠡᠯᠴᠡᠬᠦ ᠬᠦᠮᠦᠨ ᠬᠤᠪᠢ ᠪᠠᠷ ᠶ᠋ᠢᠠᠨ ᠶᠠᠪᠤᠵᠤ ᠪᠣᠯᠬᠤ ᠦᠭᠡᠢ 》(5) ᠃ ᠡᠷᠬᠡᠪᠰᠢ ᠪᠡᠶ᠎ᠡ ᠮᠡᠲᠦ ᠠᠬ᠎ᠠ ᠳᠡᠭᠦᠦ ᠠᠶ᠋ᠢᠯ ᠰᠠᠲᠤᠨ ᠶ᠋ᠢᠠᠨ ᠪᠤᠶᠤ ᠳᠣᠲᠣᠨᠣ ᠠᠨᠲᠠ ᠨᠠᠶ᠋ᠢᠵᠠ ᠪᠠᠨ ᠭᠤᠶᠤᠨ ᠤᠴᠢᠷ ᠶᠠᠪᠤᠲᠠᠯ ᠶ᠋ᠢᠠᠨ  ᠨᠠᠶ᠋ᠢᠲᠠᠨ ᠪᠦᠲᠦᠭᠯᠡᠭᠡᠲᠡᠭ᠋ ᠪᠢᠯᠡ ᠃
        ᠮᠣᠩᠭᠣᠯᠴᠤᠳ ᠶᠠᠷᠢᠶ᠎ᠠ ᠬᠡᠯᠡᠯᠴᠡᠭᠡᠨ ᠳ᠋ᠡᠭᠡᠨ ᠶᠡᠷᠦᠨᠢ ᠬᠡᠨ ᠬᠡᠨ ᠪ 《 ᠳᠡᠭᠡᠭᠰᠢ ᠪᠡᠨ ᠭᠤᠷᠪᠠᠨ ᠦᠶ᠎ᠡ ᠂ ᠳᠣᠷᠣᠭᠰᠢ ᠪᠠᠨ ᠭᠤᠷᠪᠠᠨ ᠦᠶ᠎ᠡ 》 ᠶ᠋ᠢ ᠪᠦᠷ ᠲᠠᠨᠢᠨ᠎ᠠ ᠭᠡᠬᠦ ᠪᠤᠶᠤ ᠶᠠᠮᠠᠷ ᠨᠢᠭᠡᠨ ᠰᠤᠷᠲᠠᠯ ᠰᠤᠷᠭᠠᠯ ᠶ᠋ᠢᠠᠷ ᠪᠠᠷᠤᠭᠲᠠᠢ ᠬᠥᠮᠦᠰ ᠊ᠢ ᠬᠡᠯᠡᠬᠦ ᠳ᠋ᠡᠭᠡᠨ《 ᠳᠡᠭᠡᠭᠰᠢ ᠪᠡᠨ ᠭᠤᠷᠪᠠᠨ ᠦᠶ᠎ᠡ ᠂ ᠳᠣᠷᠣᠭᠰᠢ ᠪᠠᠨ ᠭᠤᠷᠪᠠᠨ ᠦᠶ᠎ᠡ 》  ᠢᠯᠭᠠᠬᠤ ᠦᠭᠡᠢ ᠠᠮᠢᠲᠠᠨ ᠭᠡᠵᠦ  ᠶᠠᠷᠢᠲᠠᠭ ᠪᠠ ᠶᠠᠮᠠᠷ ᠨᠢᠭᠡᠨ ᠪᠠᠴᠢᠮ ᠤᠴᠢᠷ ᠊ᠢ ᠰᠢᠢᠤᠠᠪᠦᠷᠢᠯᠡᠬᠦ ᠭᠡᠪᠡᠯ ᠭᠤᠷᠪᠠ ᠲᠣᠭᠠᠯᠠᠬᠤ ᠪᠠᠷ ᠬᠡᠮᠵᠢᠶ᠎ᠡ ᠪᠠᠷᠢᠮᠵᠢᠶ᠎ᠠ ᠪᠣᠯᠭᠠᠨ ᠬᠢᠵᠠᠭᠠᠷᠯᠠᠲᠠᠭ ᠃ ᠪᠠᠰᠠ ᠴᠤ᠌ ᠶᠠᠮᠠᠷ ᠨᠢᠭᠡᠨ ᠬᠦᠨᠲᠦ ᠠᠵᠢᠯ ᠊ᠢ ᠣᠯᠠᠨ ᠬᠥᠮᠦᠰ ᠬᠠᠮᠲᠤ ᠪᠠᠷ ᠬᠦᠴᠦ ᠪᠡᠨ ᠨᠢᠭᠡᠤᠠᠬᠡᠨ ᠬᠢᠬᠦ  ᠳ᠋ᠡᠭᠡᠨ ᠪᠠᠰᠠᠴᠤ 《 ᠨᠢᠭᠡ ᠂ ᠬᠣᠶᠠᠷ ᠂ ᠭᠤᠷᠪᠠ 》 ᠬᠡᠮᠡᠨ ᠶᠡᠬᠡ ᠳᠠᠭᠤᠨ ᠶ᠋ᠢᠠᠷ ᠬᠡᠯᠡᠵᠦ ᠂ ᠣᠯᠠᠨ ᠪ ᠬᠦᠴᠦ ᠶ᠋ᠢ ᠨᠢᠭᠡᠤᠠᠬᠡᠲᠡᠭ ᠪᠢᠯᠡ ᠃ ᠬᠥᠮᠦᠨ ᠪ ᠠᠮᠢᠲᠤᠷᠠᠯ ᠦ᠋ᠨ ᠳᠤᠮᠳᠠ ᠭᠤᠷᠪᠠ ᠪᠠᠷ  ᠨᠢᠭᠡᠴᠢᠯᠡᠭᠰᠡᠨ ᠲᠣᠬ᠋᠎ᠠ ᠨᠢ ᠡᠶ᠋ᠢᠮᠦ ᠣᠯᠠᠨ ᠪᠥᠭᠡᠳ ᠡᠨᠡ ᠮᠡᠲᠦ ᠪᠡᠷ ᠴᠢᠬᠤᠯᠠᠴᠢᠯᠠᠨ ᠬᠦᠨᠲᠦᠤᠠᠬᠡᠲᠡᠭ ᠪᠢᠯᠡ ᠃ ᠮᠢᠨᠦ ᠦᠵᠡᠬᠦ ᠪᠡᠷ ᠮᠣᠩᠭᠣᠯ ᠠᠷᠠᠳ ᠦ᠋ᠨ ᠠᠮᠠᠨ ᠵᠣᠬᠢᠶᠠᠯ — 《 ᠶᠢᠷᠲᠢᠨᠴᠦ ᠶ᠋ᠢᠨ ᠭᠤᠷᠪᠠ 》 ᠶ᠋ᠢᠨ ᠡᠭᠦᠰᠦᠯ ᠂ ᠢᠷᠡᠯᠲᠡ ᠂ ᠪᠦᠷᠢᠯᠲᠦᠨ ᠲᠣᠭᠲᠠᠨᠢᠬᠰᠠᠨ ᠨᠢ ᠡᠭᠦᠨ ᠲᠡᠢ ᠰᠢᠭᠤᠳ ᠬᠠᠷᠢᠴᠠᠬ᠋᠎ᠠ ᠬᠣᠯᠪᠣᠬ᠋᠎ᠠ ᠲᠠᠢ ᠪᠥᠭᠡᠳ ᠡᠭᠦᠰᠦᠯ ᠂ ᠪᠦᠷᠢᠯᠲᠦᠯ ᠦ᠋ᠨ ᠬᠢᠨᠢ ᠬᠥᠷᠥᠰᠥ ᠰᠢᠷᠣᠢ ᠂ ᠨᠥᠬᠥᠴᠡᠯ ᠪᠣᠯᠤᠯᠴᠠᠬ᠋᠎ᠠ ᠨᠢ ᠪᠣᠯᠵᠤ  ᠥᠭᠴᠡᠢ ᠃ ᠡᠨᠡ ᠨᠢ ᠶᠠᠭ ᠯᠠ ᠤᠷᠠᠨ ᠵᠣᠬᠢᠶᠠᠯ ᠪᠣᠯ ᠠᠮᠢᠲᠤᠷᠠᠯ ᠦ᠋ᠨ ᠲᠤᠰᠬᠠᠯ ᠮᠥᠨ ᠂ ᠠᠮᠢᠲᠤᠷᠠᠯ ᠪᠣᠯ ᠤᠤᠠᠬ᠎ᠠ ᠵᠣᠬᠢᠶᠠᠯ ᠦ᠋ᠨ ᠡᠬᠡ ᠰᠤᠷᠪᠤᠯᠵᠢ ᠮᠥᠨ  ᠭᠡᠳᠡᠭ ᠲᠡᠢ ᠡᠭᠡᠭᠡ ᠠᠲᠠᠯᠢ ᠶᠣᠰᠣ  ᠠᠵᠢ ᠃ ᠡᠭᠦᠨ ᠲᠡᠢ ᠠᠲᠠᠯᠢ ᠪᠠᠷ ᠲᠤᠬᠠᠢ ᠶ᠋ᠢᠨ ᠦᠶ᠎ᠡ ᠶ᠋ᠢᠨ ᠮᠣᠩᠭᠣᠯᠴᠤᠳ ᠦ᠋ᠨ ᠠᠮᠢᠲᠤᠷᠠᠯ ᠦ᠋ᠨ ᠳᠤᠮᠳᠠ ᠭᠤᠷᠪᠠ ᠪᠠᠷ  ᠨᠢᠭᠡᠴᠢᠯᠡᠭᠰᠡᠨ ᠲᠣᠬ᠋᠎ᠠ ᠶ᠋ᠢ ᠲᠡᠷᠡ ᠮᠡᠲᠦ ᠴᠢᠬᠤᠯᠠᠴᠢᠯᠠᠵᠤ ᠪᠠᠶ᠋ᠢᠬᠰᠠᠨ ᠪ  ᠳ᠋ᠦ᠋ᠩ  ᠳ᠋ᠤ᠌ ᠰᠠᠶᠢ ᠭᠤᠷᠪᠠᠲᠤ ᠶ᠋ᠢᠨ ᠪᠦᠷᠢᠯᠲᠦᠬᠦᠨ ᠶ᠋ᠢᠡᠷ  ᠪᠦᠲᠦᠭᠰᠡᠨ ᠳᠡᠯᠡᠬᠡᠢ ᠳ᠋ᠠᠬᠢᠨ ᠪ ᠣᠯᠠᠨ ᠬᠡᠯᠡᠨ  ᠳ᠋ᠤ᠌ ᠬᠣᠪᠣᠷᠬᠠᠨ ᠪᠠᠶ᠋ᠢᠲᠠᠭ ᠂ ᠤᠯᠤᠰ ᠦ᠋ᠨ ᠳᠣᠲᠣᠭᠠᠳᠤ ᠭᠠᠲᠠᠭᠠᠲᠤ ᠶ᠋ᠢᠨ ᠡᠷᠲᠡᠮᠲᠡᠨ ᠮᠡᠷᠭᠡᠳ ᠦ᠋ᠨ ᠰᠣᠨᠢᠷᠬᠠᠯ ᠊ᠢ ᠲᠠᠲᠠᠭᠰᠠᠨ ᠮᠣᠩᠭᠣᠯᠴᠤᠳ ᠦ᠋ᠨ ᠣᠶᠤᠨ ᠪ ᠪᠦᠲᠦᠭᠡᠯ ᠂ ᠠᠷᠠᠳ ᠦ᠋ᠨ ᠠᠮᠠᠨ ᠢᠷᠠᠭᠤ ᠨᠠᠶ᠋ᠢᠷᠠᠭ — 《 ᠶᠢᠷᠲᠢᠨᠴᠦ ᠶ᠋ᠢᠨ ᠭᠤᠷᠪᠠ 》 ᠪᠤᠢ ᠪᠣᠯᠤᠭᠰᠠᠨ ᠪᠠᠶ᠋ᠢᠨ᠎ᠠ ᠃
        ᠬᠡᠷᠪᠡ ᠮᠣᠩᠭᠣᠯᠴᠤᠳ ᠲᠤᠬᠠᠢ ᠶ᠋ᠢᠨ ᠦᠶ᠎ᠡ  ᠳ᠋ᠤ᠌ ᠭᠤᠷᠪᠠ ᠪᠠᠷ  ᠨᠢᠭᠡᠴᠢᠯᠡᠭᠰᠡᠨ ᠲᠣᠬ᠋᠎ᠠ  ᠶ᠋ᠢ ᠳᠡᠮᠡᠢ ᠯᠡ ᠬᠦᠨᠲᠦᠤᠠᠬᠡᠨ  ᠴᠢᠬᠤᠯᠠᠴᠢᠯᠠᠵᠤ ᠪᠠᠶ᠋ᠢᠬᠰᠠᠨ ᠦᠭᠡᠢ ᠪᠣᠯ 《 ᠶᠢᠷᠲᠢᠨᠴᠦ ᠶ᠋ᠢᠨ ᠭᠤᠷᠪᠠ 》 ᠴᠤ᠌ ᠪᠠᠶ᠋ᠢᠬᠤᠶ᠎ᠠ ᠪᠡᠷᠬᠡ  ᠶᠤᠮ ᠃ ᠡᠨᠡ ᠨᠢ ᠶᠠᠭ ᠳᠡᠯᠡᠬᠡᠢ ᠶ᠋ᠢᠨ ᠤᠯᠤᠰ ᠦᠨᠲᠦᠰᠦᠲᠡᠨ ᠭᠤᠷᠪᠠ ᠪᠠᠷ  ᠨᠢᠭᠡᠴᠢᠯᠡᠭᠰᠡᠨ ᠲᠣᠬ᠋᠎ᠠ ᠶ᠋ᠢ ᠮᠣᠩᠭᠣᠯ ᠦᠨᠲᠦᠰᠦᠲᠡᠨ ᠲᠡᠢ ᠠᠲᠠᠯᠢᠤᠠᠬᠠᠪᠠᠯ ᠡᠲᠦᠷ ᠳᠣᠳᠣᠮ ᠦ᠋ᠨ ᠠᠮᠢᠲᠤᠷᠠᠯ ᠦ᠋ᠨ ᠳᠤᠮᠳᠠ ᠪᠠᠨ ᠲᠣᠯᠢᠮᠠᠭ ᠬᠡᠷᠡᠭᠯᠡᠨ ᠮᠡᠬᠦᠰ ᠴᠢᠬᠤᠯᠠᠴᠢᠯᠠᠬᠤ ᠪᠣᠯᠬᠣᠷ  ᠲᠡᠲᠡᠭᠡᠷ ᠦᠨᠲᠦᠰᠦᠲᠡᠨ  ᠳ᠋ᠤ᠌ ᠡᠶ᠋ᠢᠮᠦᠷᠬᠦ ᠬᠡᠯᠪᠡᠷᠢ ᠶ᠋ᠢᠨ ᠵᠣᠬᠢᠶᠠᠯ ᠪᠦᠲᠦᠭᠡᠯ ᠶᠡᠷᠦᠨᠢ ᠵᠣᠬᠢᠶᠠᠨ  ᠳᠡᠯᠭᠡᠷᠡᠭᠰᠡᠨ ᠶ᠋ᠢᠡᠷ ᠳᠤᠲᠠᠮᠠᠭ ᠪᠤᠶᠤ ᠳᠡᠯᠭᠡᠷᠡᠵᠦ ᠴᠢᠲᠠᠭᠰᠠᠨ ᠦᠭᠡᠢ ᠨᠢ ᠡᠨᠡ ᠶᠣᠰᠣ ᠪᠣᠯᠤᠨ᠎ᠠ ᠃
         

  

       ᠮᠣᠩᠭᠣᠯ ᠦᠨᠲᠦᠰᠦᠲᠡᠨ ᠪ ᠠᠷᠠᠳ ᠦ᠋ᠨ ᠠᠮᠠᠨ  ᠢᠷᠠᠭᠤ ᠨᠠᠶ᠋ᠢᠷᠠᠭ 《 ᠶᠢᠷᠲᠢᠨᠴᠦ ᠶ᠋ᠢᠨ ᠭᠤᠷᠪᠠ 》 ᠨᠢ ᠳᠡᠭᠡᠷᠡᠬᠢ  ᠬᠡᠯᠡᠭᠰᠡᠨ ᠶᠣᠰᠣᠭᠠᠷ ᠠᠷᠠᠳ ᠲᠦᠮᠡᠨ ᠪ ᠠᠵᠤ ᠠᠮᠢᠲᠤᠷᠠᠯ ᠂ ᠵᠠᠩ ᠵᠠᠩᠰᠢᠯ ᠂ ᠱᠠᠰᠢᠨ ᠰᠢᠲᠦᠯᠭᠡ ᠂ ᠰᠡᠤᠠᠬᠢᠬᠦᠢ ᠶ᠋ᠢᠨ ᠨᠥᠯᠥᠭᠡ ᠡᠴᠡ ᠪᠣᠯᠵᠤ ᠲᠡᠶ᠋ᠢᠮᠦᠷᠬᠦ ᠭᠤᠷᠪᠠᠨ ᠮᠥᠷᠲᠦ ᠭᠦᠨ ᠤᠬᠠᠭᠠᠨᠴᠢ ᠴᠢᠨᠠᠷ ᠲᠠᠢ ᠠᠮᠠᠨ ᠵᠣᠬᠢᠶᠠᠯ ᠡᠭᠦᠰᠦᠨ ᠪᠤᠢ ᠪᠣᠯᠵᠤ ᠴᠢᠲᠠᠵᠠᠢ ᠃ ᠶᠢᠷᠲᠢᠨᠴᠦ ᠳᠡᠭᠡᠷᠡᠬᠢ ᠲᠦᠮᠡᠨ ᠪᠣᠲᠠᠰ ᠪᠣᠯ ᠪᠦᠷ ᠴᠤ᠌ ᠲᠠᠰᠤᠷᠠᠰᠢ ᠦᠭᠡᠢ ᠬᠥᠲᠡᠯᠭᠡᠭᠡᠨ ᠬᠢᠵᠦ ᠬᠤᠪᠢᠷᠠᠵᠤ  ᠬᠥᠭᠵᠢᠵᠦ ᠪᠠᠶ᠋ᠢᠬᠤ ᠪᠣᠯᠬᠣᠷ ᠨᠡᠶ᠋ᠢᠭᠡᠮ ᠴᠤ᠌ ᠲᠠᠰᠤᠷᠠᠰᠢ ᠦᠭᠡᠢ ᠤᠷᠤᠭᠰᠢᠯᠠᠨ ᠲᠠᠪᠰᠢᠵᠤ ᠂ ᠪᠠᠯᠠᠷ ᠡᠷᠲᠡᠨ ᠪ ᠨᠡᠶ᠋ᠢᠭᠡᠮ ᠡᠴᠡ ᠪᠣᠭᠣᠯᠲᠤ ᠨᠡᠶ᠋ᠢᠭᠡᠮ ᠂ ᠪᠣᠭᠣᠯᠲᠤ ᠨᠡᠶ᠋ᠢᠭᠡᠮ ᠡᠴᠡ ᠹᠸᠤᠲᠠᠯ ᠦ᠋ᠨ ᠨᠡᠶ᠋ᠢᠭᠡᠮ ᠂ ᠹᠸᠤᠲᠠᠯ ᠦ᠋ᠨ ᠨᠡᠶ᠋ᠢᠭᠡᠮ ᠡᠴᠡ ᠬᠥᠷᠥᠩᠭᠡᠲᠦ ᠨᠡᠶ᠋ᠢᠭᠡᠮ ᠂ ᠬᠥᠷᠥᠩᠭᠡᠲᠦ ᠨᠡᠶ᠋ᠢᠭᠡᠮ ᠡᠴᠡ ᠨᠡᠶ᠋ᠢᠭᠡᠮ ᠵᠢᠷᠤᠮᠲᠤ ᠨᠡᠶ᠋ᠢᠭᠡᠮ  ᠳ᠋ᠤ᠌ ᠠᠯᠬᠤᠮ ᠠᠯᠬᠤᠮ ᠶ᠋ᠢᠠᠷ ᠲᠠᠪᠰᠢᠨ ᠣᠷᠣᠵᠤ ᠳᠠᠬᠢᠨ  ᠢᠳᠡᠭ ᠢᠳᠡᠭ ᠶ᠋ᠢᠡᠷ ᠡᠪ ᠬᠠᠮᠲᠤ ᠨᠡᠶ᠋ᠢᠭᠡᠮ  ᠳ᠋ᠤ᠌ ᠰᠢᠯᠵᠢᠨ ᠣᠷᠣᠬᠤ ᠨᠢ ᠵᠠᠶ᠋ᠢᠯᠠᠰᠢ ᠦᠭᠡᠢ ᠦᠨᠡᠨ ᠶᠣᠰᠣ ᠮᠥᠨ ᠃ ᠨᠡᠶ᠋ᠢᠭᠡᠮ ᠤᠷᠤᠭᠰᠢᠯᠠᠨ ᠠᠮᠢᠲᠤᠷᠠᠯ ᠳᠡᠭᠡᠭᠰᠢᠯᠡᠨ  ᠬᠥᠭᠵᠢᠬᠦ ᠶ᠋ᠢ ᠳᠠᠭᠠᠯᠳᠤᠨ ᠤᠤᠠᠬ᠎ᠠ  ᠰᠣᠶᠣᠯ ᠴᠤ᠌ ᠦᠤᠠᠲᠡᠷ  ᠬᠥᠭᠵᠢᠨ ᠴᠡᠴᠡᠭᠯᠡᠵᠦ  ᠢᠷᠡᠭᠰᠡᠨ ᠶᠤᠮ ᠃ ᠬᠥᠮᠦᠨ ᠲᠥᠷᠥᠯᠬᠢᠲᠡᠨ ᠴᠤ᠌ ᠦᠭᠡ ᠬᠡᠯᠡ ᠦᠰᠦᠭ ᠪᠢᠴᠢᠭ᠌  ᠦᠭᠡᠢ ᠪᠠᠶ᠋ᠢᠬᠰᠠᠨ ᠠ᠋ᠴᠠ ᠪᠠᠨ ᠪᠠᠶ᠋ᠢᠬᠤ ᠪᠣᠯᠤᠭᠰᠠᠨ ᠪᠠ ᠨᠢᠭᠡ ᠪᠠᠶ᠋ᠢᠬᠰᠠᠨ ᠠ᠋ᠴᠠ ᠪᠠᠨ ᠬᠣᠶᠠᠷ ᠪᠣᠯᠵᠤ ᠂ ᠬᠣᠶᠠᠷ ᠪᠠᠶ᠋ᠢᠬᠰᠠᠨ  ᠨᠢ ᠳᠥᠷᠪᠡ ᠪᠣᠯᠵᠤ ᠂ ᠴᠥᠭᠡᠨ ᠪᠠᠶ᠋ᠢᠬᠰᠠᠨ ᠠ᠋ᠴᠠ ᠪᠠᠨ ᠣᠯᠠᠨ ᠪᠣᠯᠵᠤ  ᠬᠥᠭᠵᠢᠭᠰᠡᠨ ᠨᠢ ᠶᠠᠭ ᠬᠥᠮᠦᠨ ᠲᠥᠷᠥᠯᠬᠢᠲᠡᠨ ᠪ  ᠬᠥᠭᠵᠢᠯᠲᠡ ᠶ᠋ᠢᠨ ᠶᠣᠰᠣ ᠲᠠᠢ ᠠᠲᠠᠯᠢ ᠶᠤᠮ ᠃  ᠢᠩᠭᠢᠵᠦ ᠤᠯᠠᠷᠢᠨ ᠬᠥᠭᠵᠢᠬᠦ ‍ᠶ᠋ᠢ ᠳᠠᠭᠠᠯᠳᠤᠨ 《 ᠶᠢᠷᠲᠢᠨᠴᠦ ‍ᠶ᠋ᠢᠨ ᠭᠤᠷᠪᠠ  》 ᠨᠢ ᠬᠥᠭᠵᠢᠯᠲᠡ ᠎ᠪᠠᠨ ᠣᠯᠵᠤ ᠂ ᠨᠢᠭᠡ ᠪᠠᠳᠠᠭ ᠪᠠᠶ᠋ᠢᠬᠰᠠᠨ ᠠ᠋ᠴᠠ ᠎ᠪᠠᠨ ᠬᠡᠳᠦᠨ ᠪᠠᠳᠠᠭ ᠪᠤᠢ ᠪᠣᠯᠵᠤ ᠂ ᠴᠥᠭᠡᠨ ᠪᠠᠶ᠋ᠢᠬᠰᠠᠨ  ᠠ᠋ᠴᠠ ᠎ᠪᠠᠨ ᠣᠯᠠᠨ ᠪᠣᠯᠤᠭᠰᠠᠨ ᠪᠠ ᠭᠤᠷᠪᠠᠨ ᠮᠥᠷ ‍ᠢᠶ᠋ᠠᠷ ᠪᠦᠷᠢᠯᠳᠦᠭᠰᠡᠨ ᠠ᠋ᠴᠠ ᠎ᠪᠠᠨ ᠳᠥᠷᠪᠡᠨ ᠮᠥᠷ ᠂ ᠲᠠᠪᠤᠨ ᠮᠥᠷ ᠂ ᠵᠢᠷᠭᠤᠭᠠᠨ ᠮᠥᠷ ᠂ ᠳᠣᠯᠣᠭᠠᠨ ᠮᠥᠷ ᠂ ᠨᠠᠢ᠍ᠮᠠᠨ ᠮᠥᠷ ᠂ ᠶᠢᠰᠦᠨ ᠮᠥᠷ ᠂ ᠠᠷᠪᠠᠨ ᠮᠥᠷ ᠂ ᠠᠷᠪᠠᠨ ᠬᠣᠶᠠᠷ ᠮᠥᠷ ᠁ ᠭᠡᠬᠦ ᠮᠡᠲᠦ ᠎ᠪᠡᠷ ᠣᠯᠠᠨ ᠮᠥᠷ ᠪᠠᠳᠠᠭ ᠪᠤᠢ ᠪᠣᠯᠵᠤ ᠤᠯᠠᠷᠢᠨ ᠬᠥᠭᠵᠢᠭᠰᠡᠨ ᠶᠤᠮ ᠃ ᠡᠭᠦᠨ ‍ᠤ ᠬᠥᠭᠵᠢᠯᠲᠡ ‍ᠶ᠋ᠢᠨ ᠵᠢᠮ᠎ᠡ ᠶᠣᠰᠣ ᠨᠢ ᠭᠡᠪᠡᠯ ᠂ ᠭᠤᠷᠪᠠᠨ ᠮᠥᠷ ‍ᠤᠨ ᠳᠡᠭᠡᠷ᠎ᠡ ᠨᠢ ᠨᠢᠭᠡ ᠮᠥᠷ ᠨᠡᠮᠡᠵᠦ ᠳᠥᠷᠪᠡᠨ ᠮᠥᠷ ᠂  ᠭᠤᠷᠪᠠᠨ ᠮᠥᠷ ‍ᠤᠨ ᠳᠡᠭᠡᠷ᠎ᠡ ᠨᠢ ᠬᠣᠶᠠᠷ ᠮᠥᠷ ᠨᠡᠮᠡᠵᠦ ᠲᠠᠪᠤᠨ ᠮᠥᠷ ᠭᠡᠬᠦᠴᠢᠯᠡᠨ ᠳᠠᠬᠢᠨ ᠵᠢᠷᠭᠤᠭ᠎ᠠ ᠂ ᠳᠣᠯᠣ ᠂ ᠨᠠᠢ᠍ᠮᠠ ᠂ ᠶᠢᠰᠦ ᠂ ᠠᠷᠪᠠ ᠂ ᠠᠷᠪᠠᠨ ᠬᠣᠶᠠᠷ ᠮᠥᠷ ᠪᠣᠯᠭᠠᠨ ᠬᠥᠭᠵᠢᠭᠦᠯᠦᠭᠰᠡᠨ ᠪᠠᠶ᠋ᠢᠨ᠎ᠠ ᠃ ᠳᠥᠷᠪᠡᠨ ᠮᠥᠷ ‍ᠢᠶ᠋ᠠᠷ ᠪᠦᠷᠢᠯᠳᠦᠭᠰᠡᠨ ᠪᠠᠷᠢᠮᠲᠠ ᠵᠢᠱ᠌ᠢᠶ᠎ᠡ ᠨᠡᠯᠢᠶᠡᠳ ᠣᠯᠠᠨ ᠪᠤᠢ ᠃ ᠡᠨᠡ ᠨᠢ ᠪᠣᠯᠪᠠᠰᠤ ᠮᠣᠩᠭᠣᠯᠴᠤᠳ ‍ᠤᠨ ᠵᠤᠶ᠋ᠢᠷᠢ ᠬᠣᠣᠰ ᠲᠣᠭ᠎ᠠ ‍ᠶ᠋ᠢ ᠡᠷᠬᠢᠮᠨᠡᠬᠦ ᠵᠠᠩᠰᠢᠯ ᠪᠠ ᠮᠣᠩᠭᠣᠯ ᠰᠢᠯᠦᠭ ‍ᠤᠨ ᠳᠥᠷᠪᠡᠨ ᠮᠥᠷ ‍ᠢᠶ᠋ᠠᠷ ᠪᠦᠷᠢᠯᠳᠦᠭᠰᠡᠨ ᠎ᠲᠠᠢ ᠰᠢᠭᠤᠳ ᠬᠣᠯᠪᠣᠭ᠎ᠠ ᠎ᠲᠠᠢ ᠶᠤᠮ ᠃ ᠳᠥᠷᠪᠡᠨ ᠮᠥᠷ ᠪᠤᠶᠤ ᠣᠯᠠᠨ ᠮᠥᠷ ᠎ᠲᠠᠢ ᠪᠣᠯᠵᠤ ᠬᠥᠭᠵᠢᠭᠰᠡᠨ ᠨᠢ ᠮᠣᠩᠭᠣᠯᠴᠤᠳ ‍ᠤᠨ ᠦᠰᠦᠭ ᠪᠢᠴᠢᠭ ᠎ᠲᠠᠢ ᠪᠣᠯᠵᠤ ᠂ ᠥᠷᠭᠡᠨ ‍ᠢᠶ᠋ᠠᠷ ᠬᠡᠷᠡᠭᠯᠡᠭᠰᠡᠨ ‍ᠤ ᠰᠡᠭᠦᠯᠡᠷ ᠰᠠᠶᠢ ᠪᠢᠴᠢᠭ ‍ᠤᠨ ᠬᠥᠮᠦᠰ ‍ᠤᠨ ᠭᠠᠷ ‍ᠤᠨ ᠡᠷᠳᠡᠮ ‍ᠢ ᠵᠢᠭᠠᠬᠠᠨ ᠬᠦᠷᠲᠡᠵᠦ ᠭᠤᠷᠪᠠᠨ ᠮᠥᠷᠲᠦ 《 ᠶᠢᠷᠲᠢᠨᠴᠦ ‍ᠶ᠋ᠢᠨ ᠭᠤᠷᠪᠠ 》 ᠨᠢ ᠳᠥᠷᠪᠡᠨ ᠮᠥᠷ ᠪᠤᠶᠤ ᠣᠯᠠᠨ ᠮᠥᠷ ᠪᠤᠢ ᠪᠣᠯᠵᠤ ᠬᠥᠭᠵᠢᠭᠰᠡᠨ ᠨᠢ ᠭᠣᠣᠯ ᠪᠣᠯᠤᠨ᠎ᠠ ᠃ ᠡᠨᠡ ᠨᠢ ᠠᠮᠠᠨ ᠵᠣᠬᠢᠶᠠᠯ ᠠ᠋ᠴᠠ ᠪᠢᠴᠢᠭ ‍ᠤᠨ ᠵᠣᠬᠢᠶᠠᠯ ᠲᠡᠰᠢ ᠬᠥᠭᠵᠢᠭᠰᠡᠨ ᠪᠠ ᠪᠢᠴᠢᠭ ‍ᠤᠨ ᠬᠥᠮᠦᠰ ‍ᠤᠨ ᠨᠥᠯᠥᠭᠡ ‍ᠶ᠋ᠢ ᠬᠦᠷᠲᠡᠭᠰᠡᠨ ᠨᠢ ᠲᠣᠪ ᠲᠣᠳᠣ ᠬᠠᠷᠠᠭᠳᠠᠵᠤ ᠪᠠᠶ᠋ᠢᠨ᠎ᠠ ᠃ ᠮᠥᠨ᠎ ᠴᠤ᠌ ᠮᠣᠩᠭᠣᠯᠴᠤᠳ ‍ᠦᠨ ᠲᠠᠪᠤᠨ ᠲᠠᠷᠢᠶ᠎ᠠ ᠂ ᠲᠠᠪᠤᠨ ᠬᠣᠰᠢᠭᠤ ᠮᠠᠯ ᠂ ᠶᠢᠰᠦᠨ ᠲᠩᠷᠢ ᠁ ᠭᠡᠬᠦ ᠮᠡᠲᠦ ‍ᠶ᠋ᠢᠨ ᠵᠠᠩ ᠵᠠᠩᠰᠢᠯ ᠪᠡ ᠭᠤᠷᠪᠠᠨ ᠰᠠᠷ᠎ᠠ ‍ᠶ᠋ᠢ ᠨᠢᠭᠡ ᠤᠯᠠᠷᠢᠯ ‍ᠳᠤ ᠂ ᠨᠢᠭᠡ ᠵᠢᠯ ‍ᠤᠨ ᠠᠷᠪᠠᠨ ᠬᠣᠶᠠᠷ ᠰᠠᠷ᠎ᠠ ‍ᠶ᠋ᠢ ᠳᠥᠷᠪᠡᠨ ᠤᠯᠠᠷᠢᠯ ‍ᠳᠤ ᠬᠤᠪᠢᠶᠠᠬᠤ ᠂  ᠠᠷᠪᠠᠨ ᠬᠣᠶᠠᠷ ᠵᠢᠯ ‍ᠤᠨ ᠶᠣᠰᠣ ᠂ ᠳᠥᠷᠪᠡᠨ ᠵᠦᠭ ᠨᠠᠢ᠍ᠮᠠᠨ ᠵᠣᠪᠬᠢᠰ ᠭᠡᠬᠦ ᠪᠤᠶᠤ ᠮᠠᠯ ‍ᠢ ᠳᠥᠷᠪᠡᠨ ᠨᠠᠰᠤ ᠥᠩᠭᠡᠷᠡᠮᠡᠭᠴᠡ ᠨᠠᠰᠤ ᠭᠦᠢᠴᠡᠭᠰᠡᠨ ᠭᠡᠵᠦ ᠦᠵᠡᠬᠦ ᠵᠡᠷᠭᠡ ᠶᠣᠰᠣ ᠤᠴᠢᠷ ᠎ᠲᠠᠢ ᠎ᠪᠠᠨ ᠪᠠᠰᠠ ᠬᠣᠯᠪᠣᠭ᠎ᠠ ᠬᠠᠷᠢᠴᠠᠭ᠎ᠠ ᠎ᠲᠠᠢ ᠶᠤᠮ ᠃ ᠡᠶ᠋ᠢᠮᠦ ᠪᠣᠯᠬᠣᠷ 《 ᠶᠢᠷᠲᠢᠨᠴᠦ ‍ᠶ᠋ᠢᠨ ᠭᠤᠷᠪᠠ 》 ᠭᠡᠳᠡᠭ ᠨᠢ ᠳᠡᠩᠳᠡ ᠭᠤᠷᠪᠠᠨ ᠮᠥᠷ ‍ᠢᠶ᠋ᠠᠷ ᠪᠦᠷᠢᠯᠳᠦᠭᠰᠡᠨ ᠪᠠᠶ᠋ᠢᠬᠤ ᠶᠣᠰᠣᠲᠠᠢ ᠭᠡᠰᠡᠨ ᠲᠣᠭᠲᠠᠮᠠᠯ ᠶᠠᠪᠤᠳᠠᠯ ᠤᠭᠲᠤ ᠪᠢᠰᠢ ᠃ ᠭᠡᠬᠦ ᠳ᠋ᠡᠭᠡᠨ ᠡᠨᠡ ᠨᠢ ᠵᠥᠪᠬᠡᠨ ᠭᠤᠷᠪᠠᠨ ᠮᠥᠷ ‍ᠤᠨ ᠲᠣᠭ᠎ᠠ ᠨᠢ ᠣᠯᠠᠨ ᠮᠥᠷ ᠪᠣᠯᠤᠭᠰᠠᠨ ᠭᠠᠳᠠᠷ ᠲᠠᠯ᠎ᠠ ‍ᠶ᠋ᠢᠨ ᠬᠡᠯᠪᠡᠷᠢ ‍ᠶ᠋ᠢᠨ ᠬᠤᠪᠢᠷᠠᠯᠲᠠ ᠭᠠᠷᠤᠭᠰᠠᠨ ᠠ᠋ᠴᠠ ᠪᠢᠰᠢ ᠂ ᠴᠢᠨᠠᠷ ‍ᠤᠨ ᠬᠤᠪᠢᠷᠠᠯᠲᠠ ᠭᠠᠷᠤᠭᠰᠠᠨ ᠦᠭᠡᠢ ᠠᠵᠢ ᠃
    《 ᠶᠢᠷᠲᠢᠨᠴᠦ ‍ᠶ᠋ᠢᠨ ᠭᠤᠷᠪᠠ 》 ᠨᠢ ᠡᠨᠡ ᠮᠡᠲᠦ ᠎ᠪᠠᠷ ᠭᠤᠷᠪᠠᠨ ᠮᠥᠷ ᠪᠠᠶ᠋ᠢᠬᠰᠠᠨ ᠠ᠋ᠴᠠ ᠎ᠪᠠᠨ ᠣᠯᠠᠨ ᠮᠥᠷ ᠪᠣᠯᠵᠤ ᠤᠯᠠᠷᠢᠨ ᠬᠥᠭᠵᠢᠭᠰᠡᠨ ‍ᠢᠶ᠋ᠠᠷ ᠦᠯᠦ ᠪᠠᠷᠠᠮ ᠬᠡᠯᠡᠬᠦ ᠬᠥᠮᠦᠨ ᠨᠢ ᠠᠳᠠᠯᠢ ᠦᠭᠡᠢ ᠪᠠ ᠲᠠᠷᠬᠠᠭᠰᠠᠨ ᠭᠠᠵᠠᠷ ᠣᠷᠣᠨ ᠨᠢ ᠠᠳᠠᠯᠢ ᠦᠭᠡᠢ ᠪᠣᠯᠬᠣᠷ ᠳᠠᠷᠬᠠᠨ ᠳᠡᠯᠭᠡᠷᠡᠬᠦ ᠳ᠋ᠡᠭᠡᠨ ᠬᠣᠭᠣᠷᠣ ᠬᠣᠭᠣᠷᠣᠨᠳᠣ ᠎ᠪᠠᠨ ᠡᠳᠦᠢ ᠲᠡᠳᠦᠢ ᠵᠥᠷᠢᠶ᠎ᠡ ᠭᠠᠷᠴᠤ ᠣᠷᠣᠨ ᠨᠤᠲᠤᠭ ‍ᠤᠨ ᠣᠨᠴᠠᠯᠢᠬ ᠎ᠲᠠᠭᠠᠨ ᠲᠣᠬᠢᠷᠠᠨ ᠲᠦᠭᠡᠨ ᠳᠡᠯᠭᠡᠷᠡᠭᠰᠡᠨ ᠪᠠᠶ᠋ᠢᠨ᠎ᠠ ᠃ ᠪᠢᠳᠡ  《 ᠶᠢᠷᠲᠢᠨᠴᠦ ‍ᠶ᠋ᠢᠨ ᠭᠤᠷᠪᠠ 》 ‍ᠶ᠋ᠢᠨ ᠬᠤᠪᠢᠷᠠᠨ ᠬᠥᠭᠵᠢᠵᠦ ᠲᠦᠭᠡᠨ ᠲᠠᠷᠬᠠᠭᠰᠠᠨ ᠪᠠᠶ᠋ᠢᠳᠠᠯ ‍ᠢ ᠪᠣᠳᠠᠲᠠᠢ ᠎ᠪᠠᠷ ᠵᠢᠱ᠌ᠢᠶᠡᠯᠡᠪᠡᠯ ᠣᠶ᠋ᠢᠯᠠᠭᠠᠬᠤ ‍ᠳᠤ ᠳᠥᠭᠥᠮ ᠶᠤᠮ ᠃