ᠿᠦᠨ ᠲᠦ᠋ ᠶ᠋ᠢᠨ ᠪᠠᠬ᠋᠎ᠠ ᠨᠠᠰᠤ ( ᠬᠡᠯᠡ ᠪᠢᠴᠢᠭ – ᠶᠢᠰᠦᠳᠦᠭᠡᠷ ᠳᠡᠪᠲᠡᠷ)-ᠯᠦ᠍ ᠰᠢᠶᠦ᠋ᠨ Рүн түгийн бага нас( Хэл бичиг – Есдүгээр дэвтэр)-Лү Шүнь
ᠿᠦᠨ ᠲᠦ᠋ ᠶ᠋ᠢᠨ ᠪᠠᠬ᠋᠎ᠠ ᠨᠠᠰᠤ
ᠯᠦ᠍ ᠰᠢᠶᠦ᠋ᠨ
ᠴᠡᠯᠮᠡᠭ ᠬᠥᠬᠡ ᠣᠭᠲᠠᠷᠭᠤᠢ ᠳ᠋ᠤ᠌ ᠠᠯᠲᠠᠨ ᠰᠢᠷ᠎ᠠ ᠥᠩᠭᠡᠲᠦ ᠲᠡᠷᠭᠡᠯ ᠰᠠᠷᠠᠨ ᠮᠡᠯᠲᠡᠶ᠋ᠢᠭᠡᠳ ᠂ ᠲᠡᠭᠦᠨ ᠪ ᠳᠣᠣᠷ᠎ᠠ ᠳᠠᠯᠠᠢ ᠶ᠋ᠢᠨ ᠡᠷᠬᠢ ᠶ᠋ᠢᠨ ᠡᠯᠡᠰᠦᠨ ᠳᠡᠭᠡᠷ᠎ᠡ ᠨᠢᠲᠦ ᠠᠯᠲᠠᠮᠠ ᠦᠷᠭᠦᠯᠵᠢᠯᠡᠭᠰᠡᠨ ᠳᠠᠷᠪᠤᠰ ᠦ᠋ᠨ ᠲᠠᠷᠢᠶ᠎ᠠ ᠨᠣᠭᠤᠭᠠᠷᠠᠨ ᠬᠠᠷᠠᠭᠲᠠᠨ᠎ᠠ ᠃ ᠲᠡᠷᠡ ᠲᠠᠷᠢᠶᠠᠨ ᠳᠣᠮᠲᠠ ᠬᠦᠵᠦᠭᠦᠨ ᠳ᠋ᠡᠭᠡᠨ ᠮᠥᠩᠭᠥᠨ ᠣᠨᠢᠰᠣ ᠵᠡᠭᠦᠭᠰᠡᠨ ᠠᠷᠪᠠᠨ ᠨᠢᠭᠡ ᠬᠣᠶᠠᠷ ᠨᠠᠰᠤᠲᠠᠢ ᠬᠦᠦ ᠭᠠᠷ ᠲᠠᠭᠠᠨ ᠭᠠᠩ ᠰᠡᠷᠡᠭᠡ ᠪᠠᠷᠢᠭᠠᠳ ᠂ ᠨᠢᠭᠡᠨ ᠲᠣᠷᠤᠭᠤ ᠭᠡᠭᠴᠢ ᠠᠮᠢᠲᠠᠨ ᠊ᠢ ᠪᠦᠬᠦ ᠴᠢᠲᠠᠯ ᠶ᠋ᠢᠠᠷ ᠶ᠋ᠢᠠᠨ ᠬᠠᠤᠠᠬᠤᠬᠤ ᠳ᠋ᠤ᠌ ᠥᠨᠥ ᠲᠣᠷᠤᠭᠤ ᠭᠡᠲᠡᠷᠭᠦ ᠪᠤᠯᠲᠠᠨ ᠰᠠᠯᠲᠠᠭᠠᠨ ᠲᠣᠭᠤᠤᠷ ᠨᠢ ᠲᠤᠲᠠᠭᠠᠪᠠ ᠃
ᠡᠨᠡ ᠬᠦᠦ ᠪᠣᠯ ᠿᠦᠨ ᠲᠦ᠋ ᠶᠤᠮ ᠃ ᠪᠢ ᠲᠡᠭᠦᠨ ᠲᠡᠢ ᠠᠷᠪᠠᠨ ᠬᠡᠲᠦᠲᠡᠢ ᠳ᠋ᠡᠭᠡᠨ ᠲᠠᠨᠢᠯᠴᠠᠭᠰᠠᠨ ᠪᠥᠭᠡᠳ ᠣᠲᠣ ᠠ᠋ᠴᠠ ᠭᠤᠴᠢᠭᠠᠳ ᠵᠢᠯ ᠦ᠋ᠨ ᠡᠮᠦᠨᠡᠬᠢ ᠬᠡᠷᠡᠭ ᠪᠢᠯᠡ ᠃ ᠲᠡᠷᠡ ᠦᠶ᠎ᠡ ᠳ᠋ᠤ᠌ ᠮᠢᠨᠦ ᠠᠪᠤ ᠪᠠᠰᠠ ᠠᠮᠢᠲᠤ ᠪᠠᠶ᠋ᠢᠬᠰᠠᠨ ᠪᠥᠭᠡᠳ ᠭᠡᠷ ᠦ᠋ᠨ ᠠᠵᠤ ᠠᠮᠢᠲᠤᠷᠠᠯ ᠴᠦ᠍ ᠵᠦᠭᠡᠷ ᠰᠠᠶ᠋ᠢᠨ ᠪᠠᠶ᠋ᠢᠬᠰᠠᠨ ᠲᠤᠯᠠ ᠪᠢ ᠪᠦᠷ ᠯᠡ ᠨᠢᠭᠡ ᠠᠭᠡ ※ (1) ᠪᠠᠶ᠋ᠢᠬᠰᠠᠨ ᠶᠤᠮ ᠂ ᠣᠩᠭᠣᠳ ᠦ᠋ᠨ ᠶᠡᠬᠡ ᠲᠠᠬᠢᠯᠬ᠋ᠠ ※(2) ᠶ᠋ᠢᠨ ᠡᠭᠡᠯᠵᠢ ᠲᠡᠷᠡ ᠵᠢᠯ ᠮᠠᠨᠠᠢ ᠳ᠋ᠤ᠌ ᠲᠠᠭᠠᠷᠠᠭᠰᠠᠨ ᠪᠠᠶ᠋ᠢᠯ᠎ᠠ ᠃ ᠡᠨᠡ ᠲᠠᠬᠢᠯᠬ᠋ᠠ ᠨᠢ ᠭᠤᠴᠢᠨ ᠬᠡᠲᠦᠨ ᠵᠢᠯ ᠪᠣᠯᠤᠭᠠᠳ ᠨᠢᠭᠡ ᠡᠭᠡᠯᠵᠢ ᠲᠣᠬᠢᠶᠠᠯᠲᠤᠲᠠᠭ ᠭᠡᠬᠦ ᠲᠤᠯᠠ ᠶᠡᠬᠡ ᠯᠡ ᠡᠷᠬᠢᠮᠨᠡᠨ ᠬᠦᠨᠳᠦᠳᠬᠡᠳᠡᠭ ᠪᠠᠶ᠋ᠢᠯ᠎ᠠ ᠃ ᠴᠠᠭᠠᠨ ᠰᠠᠷ᠎ᠠ ᠳ᠋ᠠᠭᠠᠨ ᠡᠪᠦᠭᠡᠳ ᠦ᠋ᠨ ᠬᠥᠷᠥᠭ ᠊ᠢ ᠳᠠᠬᠢᠳᠠᠭ ᠪᠥᠭᠡᠳ ᠲᠠᠬᠢᠯᠬ᠋ᠠ ᠶ᠋ᠢᠨ ᠰᠢᠭᠦᠰᠦ ᠴᠣᠩᠬᠣᠷ ᠴᠦ᠍ ᠮᠠᠰᠢ ᠡᠯᠪᠡᠭ ᠂ ᠲᠠᠬᠢᠯᠬ᠋ᠠ ᠶ᠋ᠢᠨ ᠰᠠᠪᠠ ᠰᠠᠭᠠᠯᠢ ᠴᠦ᠍ ᠶᠡᠬᠡ ᠯᠡ ᠦᠨᠡᠲᠡᠢ ᠨᠠᠷᠢᠨ ᠵᠦᠢᠯᠡᠰ ᠪᠠᠶ᠋ᠢᠲᠠᠭ ᠂ ᠲᠠᠬᠢᠯᠬ᠋ᠠ ᠳ᠋ᠤ᠌ ᠣᠯᠠᠨ ᠴᠦ᠍ ᠬᠥᠮᠦᠨ ᠴᠤᠭᠯᠠᠲᠠᠭ ᠲᠤᠯᠠ ᠲᠠᠬᠢᠯᠬ᠋ᠠ ᠶ᠋ᠢᠨ ᠬᠡᠷᠡᠭᠰᠡᠯ ᠊ᠢ ᠬᠤᠯᠠᠭᠠᠢ ᠳ᠋ᠤ᠌ ᠠᠯᠲᠠᠬᠤ ᠡᠴᠡ ᠰᠡᠷᠡᠮᠵᠢᠯᠡᠬᠦ ᠬᠡᠷᠡᠭᠲᠡᠢ ᠪᠠᠶ᠋ᠢᠯ᠎ᠠ ᠃ ᠭᠡᠲᠡᠯ᠎ᠡ ᠮᠠᠨᠠᠢ ᠳ᠋ᠤ᠌ ᠭᠠᠭᠴᠠᠬᠠᠨ ᠰᠠᠷ᠎ᠠ ᠶ᠋ᠢᠨ ᠬᠦᠴᠦ ( ᠥᠪᠡᠷ ᠶ᠋ᠢᠡᠨ ᠲᠠᠷᠢᠶ᠎ᠠ ᠲᠠᠷᠢᠵᠤ ᠂ ᠭᠠᠭᠴᠠ ᠬᠦ ᠵᠢᠯ ᠴᠠᠭᠠᠨ ᠰᠠᠷ᠎ᠠ ᠂ ᠪᠠᠶᠠᠷ ᠨᠠᠶ᠋ᠢᠷ ᠦ᠋ᠨ ᠡᠲᠦᠷ ᠪᠤᠶᠤ ᠲᠦᠷᠢᠶᠡᠰᠦ ᠬᠣᠷᠢᠶᠠᠬᠤ ᠦᠶ᠎ᠡ ᠳ᠋ᠤ᠌ ᠳᠣᠭᠲᠠᠮᠠᠯ ᠬᠥᠮᠦᠨ ᠳ᠋ᠤ᠌ ᠠᠵᠢᠯ ᠬᠢᠵᠦ ᠥᠭᠳᠡᠭ ᠬᠥᠲᠡᠯᠮᠦᠷᠢ ᠬᠦᠴᠦ ᠶ᠋ᠢ ᠰᠠᠷ᠎ᠠ ᠶ᠋ᠢᠨ ᠬᠦᠴᠦ ᠭᠡᠳᠡᠭ ) ᠪᠠᠶ᠋ᠢᠬᠰᠠᠨ ᠪᠥᠭᠡᠳ ᠠᠵᠢᠯ ᠨᠢ ᠲᠤᠩ ᠶᠠᠭᠠᠷᠠᠯᠲᠠᠢ ᠪᠣᠯᠤᠭᠰᠠᠨ ᠲᠤᠯᠠ ᠬᠦᠦ ᠪᠡᠨ ᠠᠪᠴᠢᠷᠠᠵᠤ ᠳᠠᠬᠢᠯᠬ᠋ᠠ ᠶ᠋ᠢᠨ ᠬᠡᠷᠡᠭᠰᠡᠯ ᠊ᠢ ᠬᠠᠷᠠᠭᠤᠯᠪᠠᠯ ᠶᠠᠮᠠᠷ ᠪᠤᠢ ᠭᠡᠵᠦ ᠠᠪᠤ ᠳ᠋ᠤ᠌ ᠬᠡᠯᠡᠵᠡᠢ ᠃
ᠠᠪᠤ ᠵᠦᠪᠰᠢᠶᠡᠷᠡᠪᠡ ᠃ ᠪᠢ ᠴᠦ ᠶᠡᠬᠡ ᠪᠠᠶᠠᠷᠯᠠᠯ᠎ᠠ ᠃ ᠤᠴᠢᠷ ᠨᠢ ᠿᠦᠨ ᠲᠦ᠋ ᠭᠡᠭᠴᠢ ᠨᠡᠷ᠎ᠡ ᠶ᠋ᠢ ᠬᠡᠲᠦᠶ᠋ᠢᠨᠡᠢ ᠰᠣᠨᠣᠰᠤᠭᠰᠠᠨ ᠪᠥᠭᠡᠳ ᠨᠠᠲᠠ ᠲᠠᠢ ᠨᠠᠰᠤ ᠬᠣᠷᠠᠭ ᠂ ᠦᠨᠲᠦᠷ ᠵᠢᠯ ᠲᠥᠷᠥᠭᠰᠡᠨ ᠂ ᠲᠠᠪᠤᠨ ᠮᠠᠬᠠᠪᠣᠳ ᠡᠴᠡ ᠰᠢᠷᠣᠢ ᠲᠤᠲᠠᠭᠤ ᠤᠴᠢᠷ ᠂ ᠠᠪᠤ ᠨᠢ ᠿᠦᠨ ᠲᠦ᠋ ᠭᠡᠵᠦ ᠨᠡᠷᠡᠯᠡᠭᠰᠡᠨ ᠊ᠢ ᠪᠢ ᠮᠡᠲᠡᠨ᠎ᠡ ᠃ ᠿᠦᠨ ᠲᠦ᠋ ᠪᠣᠯ ᠤᠷᠠᠬ᠎ᠠ ᠲᠣᠣᠷ ᠲᠠᠯᠪᠢᠵᠤ ᠪᠣᠯᠵᠣᠮᠣᠷ ᠰᠢᠪᠠᠤᠬᠠᠢ ᠰᠠᠢᠨ ᠪᠠᠷᠢᠲᠠᠭ ᠬᠡᠦᠬᠡᠳ ᠶᠤᠮ ᠃
ᠪᠢ ᠴᠠᠭᠠᠨ ᠰᠠᠷ᠎ᠠ ᠪᠣᠯᠬᠤ ᠶ᠋ᠢ ᠲᠡᠰᠴᠦ ᠶᠠᠲᠠᠨ ᠬᠦᠯᠢᠶᠡᠪᠡ ᠃ ᠴᠠᠭᠠᠨ ᠰᠠᠷ᠎ᠠ ᠪᠣᠯᠵᠤ ᠿᠦᠨ ᠲᠦ᠋ ᠴᠦ᠍ ᠬᠦᠷᠦᠭᠡᠳ ᠢᠷᠡᠯ᠎ᠡ ᠃ ᠠᠷᠠᠢ ᠭᠡᠵᠦ ᠵᠢᠯ ᠦ᠋ᠨ ᠡᠴᠦᠰ ᠪᠣᠯᠬᠤ ᠳ᠋ᠤ᠌ ᠨᠢᠭᠡ ᠡᠲᠦᠷ ᠿᠦᠨ ᠲᠦ᠋ ᠢᠷᠡᠭᠰᠡᠨ ᠭᠡᠵᠦ ᠡᠵᠢ ᠨᠠᠲᠠ ᠳ᠋ᠤ᠌ ᠬᠡᠯᠡᠵᠦ ᠥᠭᠭᠦᠭᠰᠡᠨ ᠪᠢᠯᠡ ᠃ ᠪᠢ ᠲᠡᠭᠦᠨ ᠊ᠢ ᠦᠵᠡᠬᠦ ᠪᠡᠷ ᠳᠡᠪᠬᠡᠷᠦᠨ ᠭᠦᠶᠦᠵᠦ ᠣᠴᠢᠪᠠᠯ ᠂ ᠲᠡᠷᠡ ᠭᠠᠯ ᠲᠣᠭᠣᠭᠠᠨ ᠪ ᠥᠷᠥᠭᠡᠨ ᠳ᠋ᠤ᠌ ᠰᠠᠭᠤᠵᠤ ᠪᠠᠶ᠋ᠢᠵᠠᠢ ᠃ ᠪᠣᠮᠪᠣᠭᠣᠷ ᠪᠣᠷᠣ ᠴᠢᠷᠠᠢ ᠲᠠᠢ ᠂ ᠪᠢᠴᠢᠬᠠᠨ ᠢᠰᠡᠭᠡᠢ ᠮᠠᠯᠠᠭᠠᠢ ᠡᠮᠦᠰᠦᠭᠡᠳ ᠂ ᠭᠢᠯᠠᠯᠵᠠᠭᠰᠠᠨ ᠰᠠᠶ᠋ᠢᠬᠠᠨ ᠮᠥᠩᠭᠥᠨ ᠣᠨᠢᠰᠣ ᠵᠡᠭᠦᠭᠰᠡᠨ ᠬᠦᠦ ᠪᠠᠶ᠋ᠢᠯ᠎ᠠ ᠃ ᠠᠪᠤ ᠨᠢ ᠲᠡᠭᠦᠨ ᠳ᠋ᠤ᠌ ᠦᠯᠡᠮᠵᠢ ᠬᠠᠶ᠋ᠢᠷᠠᠲᠠᠢ ᠭᠡᠭᠴᠢ ᠶ᠋ᠢ ᠡᠭᠦᠨ ᠡᠴᠡ ᠮᠠᠲᠠᠵᠤ ᠪᠣᠯᠬᠤ ᠪᠠᠶ᠋ᠢᠪᠠ ᠃ ᠲᠡᠭᠦᠨ ᠊ᠢ ᠦᠬᠦᠵᠦ ᠭᠡᠭᠡᠭᠲᠡᠬᠦ ᠡᠴᠡ ᠠᠶᠤᠵᠤ ᠪᠤᠷᠬᠠᠨ ᠪ ᠡᠮᠦᠨ᠎ᠡ ᠵᠠᠯᠪᠠᠷᠢᠨ ᠳᠠᠭᠠᠳᠬᠠᠵᠤ ᠣᠨᠢᠰᠣ ᠪᠠᠷ ᠪᠠᠷᠢᠵᠤ ᠣᠨᠢᠰᠤᠯᠠᠭᠰᠠᠨ ᠨᠢ ᠡᠨᠡ ᠪᠠᠶ᠋ᠢᠵᠠᠢ ᠃ ᠲᠡᠷᠡ ᠬᠦᠦ ᠬᠥᠮᠦᠨ ᠡᠴᠡ ᠪᠥᠱᠦᠭᠦᠷᠬᠡᠬᠦ ᠪᠣᠯᠪᠠᠴᠤ ᠨᠠᠲᠠ ᠠ᠋ᠴᠠ ᠶᠡᠷᠦ ᠳ᠋ᠡᠭᠡᠨ ᠪᠥᠱᠦᠭᠦᠷᠭᠡᠬᠦ ᠦᠭᠡᠢ ᠂ ᠥᠭᠡᠷ᠎ᠡ ᠬᠥᠮᠦᠨ ᠦᠭᠡᠢ ᠪᠣᠯᠣᠮᠠᠭᠴᠠ ᠨᠠᠲᠠ ᠲᠠᠢ ᠬᠡᠯᠡᠯᠴᠡᠬᠦ ᠲᠤᠯᠠ ᠬᠣᠶᠠᠭᠤᠯᠠ ᠬᠠᠭᠠᠰ ᠡᠲᠦᠷ ᠪᠣᠯᠣᠯ ᠦᠭᠡᠢ ᠪᠠᠷ ᠰᠠᠢᠬᠠᠨ ᠲᠠᠨᠢᠯᠴᠠᠵᠠᠢ ᠃
ᠪᠢᠲᠡ ᠲᠡᠷᠡ ᠦᠶ᠎ᠡ ᠳ᠋ᠤ᠌ ᠴᠤᠬᠤᠮ ᠶᠠᠭᠤ ᠶᠠᠭᠤ ᠶᠠᠷᠢᠯᠴᠠᠭᠰᠠᠨ ᠶ᠋ᠢᠠᠨ ᠪᠦᠷ ᠮᠠᠷᠲᠠᠴᠢᠬᠠᠭᠰᠠᠨ ᠪᠥᠭᠡᠳ ᠭᠠᠭᠴᠠ ᠬᠦ ᠿᠦᠨ ᠲᠦ᠋ ᠬᠣᠲᠠᠨ ᠳ᠋ᠤ᠌ ᠣᠷᠣᠵᠤ ᠢᠷᠡᠭᠡᠳ ᠤᠷᠢᠳ ᠡᠮᠦᠨ᠎ᠡ ᠶᠡᠷᠦ ᠣᠯᠵᠤ ᠦᠵᠡᠭᠡᠲᠦᠢ ᠣᠯᠠᠨ ᠶᠠᠭᠤᠮ᠎ᠠ ᠦᠵᠡᠯ᠎ᠡ ᠭᠡᠵᠦ ᠶᠡᠬᠡ ᠪᠠᠶᠠᠷᠯᠠᠵᠤ ᠪᠠᠶ᠋ᠢᠬᠰᠠᠨ ᠊ᠢ ᠯᠠ ᠮᠠᠷᠲᠠᠭᠠᠲᠤᠢ ᠪᠠᠶ᠋ᠢᠨ᠎ᠠ ᠃ ᠮᠠᠷᠭᠠᠰᠢ ᠨᠢ ᠪᠢ ᠲᠡᠭᠦᠨ ᠶ᠋ᠢᠡᠷ ᠪᠣᠯᠵᠣᠮᠣᠷ ᠪᠠᠷᠢᠭᠤᠯᠬᠤ ᠭᠡᠪᠡ ᠃
《 ᠣᠲᠣ ᠪᠣᠯᠬᠤ ᠦᠭᠡᠢ ᠃ ᠶᠡᠬᠡ ᠴᠠᠰᠤ ᠣᠷᠣᠪᠠᠯ ᠪᠣᠯᠤᠨ᠎ᠠ ᠃ ᠮᠠᠨ ᠪ ᠲᠡᠨᠲᠡᠬᠢ ᠶ᠋ᠢᠨ ᠡᠯᠡᠰᠦᠨ ᠭᠠᠵᠠᠷ ᠴᠠᠰᠤ ᠣᠷᠣᠪᠠᠯ ᠪᠢ ᠭᠡᠰᠡᠭ ᠭᠠᠵᠠᠷ ᠦ᠋ᠨ ᠴᠠᠰᠤ ᠶ᠋ᠢ ᠱᠦᠭᠦᠷᠲᠡᠵᠦ ᠂ ᠲᠣᠮᠣ ᠬᠤᠯᠤᠰᠤᠨ ᠰᠠᠶ᠋ᠢᠯᠤᠤᠷ ᠊ᠢ ᠬᠥᠮᠥᠷᠢᠵᠦ ᠪᠣᠭᠣᠨᠢ ᠮᠣᠲᠣ ᠪᠠᠷ ᠢᠷᠮᠡᠭ ᠊ᠢ ᠨᠢ ᠲᠤᠯᠵᠤ ᠬᠥᠨᠲᠡᠶ᠋ᠢᠯᠡᠭᠡᠳ ᠲᠣᠣᠷ᠎ᠡ ᠨᠢ ᠴᠣᠣᠬᠠᠯ ᠰᠠᠴᠤᠵᠤ ᠣᠷᠬᠢᠲᠠᠭ ᠶᠤᠮ ᠃ ᠪᠣᠯᠵᠣᠮᠣᠷ ᠲᠡᠷᠡ ᠴᠣᠣᠬᠠᠯ ᠊ᠢ ᠢᠲᠡᠬᠦ ᠪᠡᠷ ᠢᠷᠡᠬᠦ ᠳ᠋ᠤᠨᠢ ᠪᠢ ᠪᠣᠭᠣᠨᠢ ᠮᠣᠲᠣᠨ ᠠ᠋ᠴᠠ ᠤᠶᠠᠭᠰᠠᠨ ᠰᠢᠵᠢᠮ ᠊ᠢ ᠬᠣᠯᠠ ᠠ᠋ᠴᠠ ᠣᠭᠵᠣᠮ ᠲᠠᠲᠠᠪᠠᠯ ᠂ ᠪᠣᠯᠵᠣᠮᠣᠷ ᠦ᠋ᠳ ᠬᠤᠯᠤᠰᠤᠨ ᠰᠠᠶ᠋ᠢᠯᠤᠤᠷ ᠲᠤ ᠬᠥᠮᠥᠷᠢᠭᠳᠡᠳᠡᠭ ᠶᠤᠮ ᠃ ᠰᠡᠭᠰᠡᠭᠡᠷ ᠰᠢᠪᠠᠭᠤ ᠂ ᠬᠣᠭᠣᠯᠠᠶ᠋ᠢᠲᠦ ᠪᠣᠯᠵᠣᠮᠣᠷ ᠂ ᠬᠥᠬᠥᠭᠡ ᠪᠥᠬᠡ ᠁ ᠶᠠᠭᠤ ᠴᠤ ᠪᠦᠷ ᠪᠠᠷᠢᠬᠲᠠᠨᠠ ᠃ 》
ᠢᠩᠭᠢᠭᠡᠳ ᠪᠢ ᠪᠠᠰᠠ ᠴᠠᠰᠤ ᠣᠷᠣᠬᠤ ᠶ᠋ᠢ ᠬᠦᠰᠡᠳᠡᠭ ᠪᠠᠶ᠋ᠢᠯ᠎ᠠ ᠃
ᠿᠦᠨ ᠲᠦ᠋ ᠨᠠᠲᠠ ᠄ 《 ᠣᠲᠣ ᠲᠤᠩ ᠬᠥᠢᠲᠡᠨ ᠪᠠᠶ᠋ᠢᠨ᠎ᠠ ᠃ ᠴᠢ ᠵᠤᠨ ᠮᠠᠨ ᠪ ᠲᠡᠨᠲᠡ ᠣᠴᠢ ᠃ ᠪᠢᠲᠡ ᠡᠲᠦᠷ ᠲᠡᠭᠡᠨ ᠳᠠᠯᠠᠢ ᠶ᠋ᠢᠨ ᠡᠷᠬᠢ ᠳᠡᠭᠡᠷ᠎ᠡ ᠣᠴᠢᠵᠤ ᠡᠮᠡᠭᠡᠨ ᠬᠤᠮᠤᠰᠤ ᠲᠡᠭᠦᠶ᠎ᠡ ᠃ ᠤᠯᠠᠭᠠᠨ ᠨᠣᠭᠣᠭᠠᠨ ᠴᠦᠮ ᠪᠠᠶ᠋ᠢᠨ᠎ᠠ ᠃ ᠴᠢᠤᠠᠬᠥᠷ ᠠᠶᠤᠭᠴᠢ ※(3) ᠴᠦ᠍ ᠪᠠᠶ᠋ᠢᠨ᠎ᠠ · ᠠᠷᠢᠶᠠᠪᠠᠯᠤ ᠶ᠋ᠢᠨ ᠮᠣᠲᠣᠷ ᠴᠦ᠍ ᠪᠠᠶ᠋ᠢᠨ᠎ᠠ ᠃ ᠦᠲᠡᠰᠢ ᠳ᠋ᠡᠭᠡᠨ ᠪᠢ ᠠᠪᠤ ᠲᠠᠢ ᠲᠠᠷᠪᠤᠰ ᠮᠠᠨᠠᠬᠤ ᠪᠡᠷ ᠣᠴᠢᠲᠠᠭ ᠂ ᠴᠢ ᠪᠠᠰᠠ ᠣᠴᠢ 》 ᠭᠡᠪᠡ ᠃
《ᠬᠤᠯᠠᠭᠠᠢ ᠳ᠋ᠤ᠌ ᠠᠯᠲᠠᠭᠤᠵᠠᠢ ᠭᠡᠵᠦ ᠮᠠᠨᠠᠲᠠᠭ ᠤᠤ ? 》
《 ᠦᠭᠡᠢ · ᠵᠠᠮ ᠦ᠋ᠨ ᠬᠥᠮᠦᠨ ᠴᠠᠩᠭᠠᠭᠠᠳ ᠨᠢᠭᠡ ᠳᠠᠷᠪᠤᠰ ᠢᠲᠡᠬᠦ ᠶ᠋ᠢ ᠮᠠᠨ ᠪ ᠲᠡᠨᠲᠡ ᠬᠤᠯᠠᠭᠠᠢ ᠳ᠋ᠤ᠌ ᠪᠣᠲᠣᠲᠠᠭ ᠦᠭᠡᠢ · ᠬᠠᠷᠢᠨ ᠭᠠᠩᠭᠢᠰᠤ · ᠵᠠᠷᠠᠬ᠋ᠠ · ᠲᠣᠷᠤᠭᠤ ᠵᠡᠷᠭᠡ ᠠᠮᠢᠲᠠᠳ ᠦ᠋ᠨ ᠰᠦᠢᠤᠠᠭᠡᠭᠦ ᠶ᠋ᠢ ᠰᠡᠷᠭᠡᠢᠯᠡᠳᠡᠭ ᠶᠤᠮ ᠃ ᠰᠠᠷᠠᠨ ᠪ ᠭᠡᠷᠡᠯ ᠳᠣᠣᠷ᠎ᠠ ᠬᠠᠷ ᠬᠠᠷ ᠭᠡᠵᠦ ᠴᠢᠮᠡᠭᠡ ᠭᠠᠷᠴᠤ ᠪᠠᠶ᠋ᠢᠪᠠᠯ · ᠲᠣᠷᠤᠭᠤ ᠢᠷᠡᠵᠦ ᠲᠠᠷᠪᠤᠰ ᠬᠡᠮᠡᠯᠢᠵᠦ ᠪᠠᠶ᠋ᠢᠬᠤ ᠨᠢ ᠲᠡᠷᠡ ᠃ ᠴᠢᠩᠭᠢᠪᠡᠯ ᠰᠡᠷᠡᠭᠡ ᠪᠡᠨ ᠪᠠᠷᠢᠭᠠᠳ ᠰᠡᠮᠬᠡᠨ ᠠᠯᠬᠤᠭᠰᠠᠭᠠᠷ ᠁ 》 ᠪᠢ ᠲᠡᠷᠡ ᠦᠶ᠎ᠡ ᠳ᠋ᠤ᠌ ᠲᠣᠷᠤᠭᠤ ᠭᠡᠭᠴᠢ ᠴᠣᠬᠣᠮ ᠶᠠᠮᠠᠷ ᠠᠮᠢᠲᠠᠨ ᠪᠣᠯᠬᠤ ᠶ᠋ᠢ ᠮᠡᠲᠡᠬᠦ ᠦᠭᠡᠢ — ᠣᠲᠣ ᠴᠦ᠍ ᠭᠡᠰᠡᠨ ᠮᠡᠲᠡᠬᠦ ᠦᠭᠡᠢ — ᠪᠢᠴᠢᠬᠠᠨ ᠨᠣᠬᠠᠢ ᠮᠡᠲᠦ ᠪᠥᠭᠡᠳ ᠶᠡᠬᠡ ᠯᠡ ᠬᠡᠲᠡᠷ ᠲᠣᠭᠰᠢᠨ ᠠᠮᠢᠲᠠᠨ ᠪᠠᠶ᠋ᠢᠬᠤ ᠡ ᠭᠡᠵᠦ ᠰᠠᠨᠠᠵᠤ ᠪᠠᠶ᠋ᠢᠪᠠ ᠃
《 ᠬᠥᠮᠦᠨ ᠊ᠢ ᠬᠠᠵᠠᠬᠤ ᠦᠭᠡᠢ ᠤᠤ ᠲᠡᠷᠡ ? 》
《 ᠰᠡᠷᠡᠭᠡ ᠪᠠᠶ᠋ᠢᠬᠤ ᠶᠤᠮ ᠴᠢᠨᠢ ᠃ ᠠᠯᠬᠤᠵᠤ ᠣᠴᠢᠭᠠᠳ ᠲᠣᠷᠤᠭᠤ ᠪᠠᠶ᠋ᠢᠪᠠᠯ ᠯᠠ ᠬᠠᠤᠠᠬᠤᠬᠤ ᠬᠡᠷᠡᠭᠲᠡᠢ᠃ ᠶᠡᠬᠡ ᠰᠣᠷᠭᠣᠭ ᠠᠮᠢᠲᠠᠨ ᠰᠢᠦ · ᠡᠷᠭᠢᠵᠦ ᠪᠤᠯᠲᠠᠭᠠᠳ ᠯᠠ ᠰᠠᠯᠲᠠᠭᠠᠨ ᠲᠣᠭᠤᠤᠷ ᠴᠢᠨᠢ ᠳᠤᠲᠠᠭᠠᠴᠢᠬᠠᠨᠠ ᠃ ᠳᠤᠰᠤ ᠰᠢᠭ᠋ ᠭᠢᠯᠠᠯᠵᠠᠭᠰᠠᠨ ᠦᠰᠦ ᠲᠡᠢ ᠁ 》
ᠳᠡᠯᠡᠬᠡᠢ ᠳᠡᠭᠡᠷ᠎ᠡ ᠪᠠᠰᠠ ᠥᠴᠢᠨᠡᠨ ᠣᠯᠠᠨ ᠬᠠᠴᠢᠨ ᠰᠣᠨᠢᠨ ᠶᠠᠪᠤᠲᠠᠯ ᠦ᠋ᠳ ᠪᠠᠶ᠋ᠢᠲᠠᠭ ᠶᠤᠮ ᠪᠠᠶ᠋ᠢᠨ᠎ᠠ ᠃ ᠳᠠᠯᠠᠢ ᠶ᠋ᠢᠨ ᠡᠷᠬᠢ ᠳᠡᠭᠡᠷ᠎ᠡ ᠪᠠᠷᠤᠭ ᠲᠠᠪᠤᠨ ᠥᠩᠭᠡ ᠶ᠋ᠢᠨ ᠡᠮᠡᠭᠡᠨ ᠬᠤᠮᠤᠰᠤ ᠪᠠᠶ᠋ᠢᠲᠠᠭ ᠭᠡᠨ᠎ᠡ ᠃ ᠲᠠᠷᠪᠤᠰ ᠴᠦ᠍ ᠪᠠᠰᠠ ᠡᠶ᠋ᠢᠮᠦ ᠠᠶᠤᠮᠰᠢᠬᠲᠤ ᠥᠩᠭᠡᠷᠡᠯᠲᠡ ᠲᠡᠢ ᠭᠡᠨ᠎ᠡ ᠃ ᠤᠷᠢᠲᠤ ᠨᠢ ᠪᠢ ᠵᠢᠮᠢᠰ ᠦ᠋ᠨ ᠳᠡᠯᠭᠡᠬᠦᠢ ᠳᠡᠭᠡᠷ᠎ᠡ ᠯᠠ ᠬᠤᠲᠠᠯᠲᠤᠲᠠᠭ ᠭᠡᠵᠦ ᠰᠠᠨᠠᠵᠤ ᠪᠠᠶ᠋ᠢᠬᠰᠠᠨ ᠶᠤᠮ ᠃
《 ᠮᠠᠨ ᠪ ᠲᠡᠨᠲᠡᠬᠢ ᠶ᠋ᠢᠨ ᠡᠯᠡᠰᠦᠨ ᠭᠠᠵᠠᠷ ᠳᠠᠯᠠᠢ ᠶ᠋ᠢᠨ ᠳᠦᠯᠬᠢᠯᠳᠡ ᠪᠣᠯᠬᠤ ᠦᠶ᠎ᠡ ᠳ᠋ᠤ᠌ ᠮᠡᠯᠡᠬᠡᠢ ᠮᠡᠲᠦ ᠬᠣᠶᠠᠷ ᠬᠥᠯ ᠲᠡᠢ ᠳᠡᠪᠬᠡᠷᠭᠡ ᠵᠢᠭᠠᠰᠤ ᠵᠥᠩᠲᠡᠭᠡᠨ ᠪᠤᠢ ᠪᠣᠯᠵᠤ ᠳᠡᠪᠬᠡᠷᠴᠦ ᠯᠠ ᠪᠠᠶ᠋ᠢᠲᠠᠭ ᠶᠤᠮ ᠁ 》
ᠠ ! ᠿᠦᠨ ᠲᠦ᠋ ᠮᠢᠨᠦ ᠡᠩ ᠦ᠋ᠨ ᠨᠥᠬᠥᠳ ᠦ᠋ᠨ ᠦᠯᠦ ᠮᠡᠲᠡᠬᠦ ᠰᠣᠨᠢᠨ ᠰᠠᠶ᠋ᠢᠬᠠᠨ ᠶᠠᠭᠤᠮ᠎ᠠ ᠶ᠋ᠢ ᠴᠠᠭᠯᠠᠰᠢ ᠦᠭᠡᠢ ᠣᠯᠠᠨ ᠮᠡᠳᠡᠳᠡᠭ ᠶᠤᠮ ᠪᠠᠶ᠋ᠢᠨ᠎ᠠ ᠃ ᠲᠡᠲᠡ ᠶᠠᠪᠤᠲᠠᠯ ᠤᠴᠢᠷ ᠊ᠢ ᠦᠯᠦ ᠮᠡᠲᠡᠨ᠎ᠡ ᠃ ᠿᠦᠨ ᠲᠦ᠋ ᠶ᠋ᠢ ᠳᠠᠯᠠᠢ ᠶ᠋ᠢᠨ ᠡᠷᠬᠢ ᠳᠡᠭᠡᠷ᠎ᠡ ᠪᠠᠶ᠋ᠢᠬᠤ ᠳ᠋ᠤ᠌ ᠲᠡᠲᠡ ᠴᠥᠮ ᠨᠠᠲᠠ ᠲᠠᠢ ᠠᠲᠠᠯᠢ ᠥᠨᠲᠥᠷ ᠬᠦᠷᠢᠶᠡᠨ ᠪ ᠪᠡᠨ ᠳᠡᠭᠡᠷ᠎ᠡ ᠪᠠᠶ᠋ᠢᠬ᠋᠎ᠠ ᠳᠥᠷᠪᠡᠯᠵᠢᠨ ᠲᠩᠷᠢ ᠡᠴᠡ ᠥᠭᠡᠷ᠎ᠡ ᠶᠠᠭᠤᠮ᠎ᠠ ᠦᠵᠡᠭᠰᠡᠨ ᠦᠭᠡᠢ ᠤᠯᠤᠰ ᠶᠤᠮ ᠃
ᠬᠠᠷᠠᠮᠰᠠᠯᠲᠠᠢ ᠨᠢ ᠴᠠᠭᠠᠨ ᠰᠠᠷ᠎ᠠ ᠥᠩᠭᠡᠷᠡᠵᠦ ᠿᠦᠨ ᠲᠦ᠋ ᠬᠠᠷᠢᠬᠤ ᠪᠣᠯᠤᠯ᠎ᠠ ᠃ ᠪᠢ ᠰᠠᠨᠲᠤᠷᠴᠤ ᠶᠡᠬᠡ ᠪᠡᠷ ᠤᠬᠢᠯᠠᠪᠠ ᠃ ᠲᠡᠷᠡ ᠬᠦᠦ ᠴᠦ᠍ ᠭᠠᠯ ᠲᠣᠭᠣᠭᠠᠨ ᠪ ᠥᠷᠥᠭᠡᠨ ᠳ᠋ᠤ᠌ ᠰᠢᠷᠭᠤᠵᠤ · ᠤᠬᠢᠯᠠᠭᠠᠳ ᠶᠡᠷᠦ ᠭᠠᠷᠴᠤ ᠢᠷᠡᠬᠦ ᠦᠭᠡᠢ ᠪᠠᠶ᠋ᠢᠪᠠ ᠃ ᠭᠡᠰᠡᠨ ᠴᠦ᠍ ᠠᠪᠤ ᠨᠢ ᠠᠷᠬ᠋᠎ᠠ ᠦᠭᠡᠢ ᠳᠠᠭᠠᠭᠤᠯᠤᠭᠠᠳ ᠶᠠᠪᠤᠴᠢᠬᠠᠪᠠ ᠃ ᠳᠠᠷᠠᠬ᠋᠎ᠠ ᠨᠢ ᠲᠡᠷᠡ ᠪᠠᠰᠠ ᠠᠪᠤ ᠪᠠᠷ ᠶ᠋ᠢᠠᠨ ᠨᠢᠭᠡ ᠪᠣᠭᠣᠲᠠᠯ ᠡᠮᠡᠭᠡᠨ ᠬᠤᠮᠤᠰᠤ · ᠬᠡᠲᠦᠨ ᠰᠢᠷᠬᠡᠭ ᠭᠣᠶᠣ ᠰᠠᠶ᠋ᠢᠬᠠᠨ ᠰᠢᠪᠠᠭᠤᠨ ᠪ ᠥᠲᠥ ᠨᠠᠲᠠ ᠢᠯᠡᠭᠡᠵᠦ ᠪᠢᠯᠡ ᠃ ᠪᠢ ᠴᠦ᠍ ᠲᠡᠭᠦᠨ ᠳ᠋ᠤ᠌ ᠨᠢᠭᠡ ᠬᠣᠶᠠᠷ ᠤᠲᠠᠬ᠋᠎ᠠ ᠶᠠᠭᠤᠮ᠎ᠠ ᠢᠯᠡᠭᠡᠭᠰᠡᠨ ᠶᠤᠮ ᠃ ᠲᠡᠭᠦᠨ ᠡᠴᠡ ᠬᠣᠶ᠋ᠢᠰᠢ ᠣᠲᠣ ᠪᠣᠯᠲᠠᠯ᠎ᠠ ᠳᠠᠬᠢᠵᠤ ᠤᠴᠠᠷᠠᠭᠠᠲᠤᠢ ᠃
ᠵᠡᠭᠦᠯᠲᠡ
※(1) ᠠᠭᠡ — ᠨᠣᠶᠠᠳ ᠪᠠᠶᠠᠳ ᠦ᠋ᠨ ᠬᠡᠦᠬᠡᠳ ᠊ᠢ ᠬᠠᠭᠤᠴᠢᠨ ᠳᠤ ᠠᠭᠡ ᠭᠡᠳᠡᠭ ᠃
※(2) ᠣᠩᠭᠣᠳ ᠦ᠋ᠨ ᠶᠡᠬᠡ ᠳᠠᠬᠢᠯᠬ᠋ᠠ — ᠡᠨᠡ ᠪᠣᠯ ᠨᠢᠭᠡ ᠵᠤᠶ᠋ᠢᠯ ᠦ᠋ᠨ ᠥᠪᠡᠳᠡᠭᠰᠢ ᠶᠡᠬᠡ ᠪᠠᠶᠠᠷ ᠶᠣᠰᠣᠯᠠᠯ ᠮᠥᠨ · ᠡᠨᠡ ᠶᠣᠰᠣᠯᠠᠯ ᠊ᠢ ᠭᠡᠷ ᠭᠡᠷ ᠡᠭᠡᠯᠵᠢᠯᠡᠨ ᠬᠢᠳᠡᠭ ᠲᠤᠯᠠ ᠡᠭᠡᠯᠵᠢ ᠲᠠᠭᠠᠷᠠᠭᠰᠠᠨ ᠭᠡᠵᠡᠢ ᠃
※(3) ᠴᠢᠤᠠᠬᠥᠷ ᠠᠶᠤᠭᠴᠢ — ᠲᠣᠣᠷᠠᠬᠢ ᠠᠷᠢᠶᠠᠪᠠᠯᠤ ᠶ᠋ᠢᠨ ᠮᠣᠲᠣᠷ ᠲᠠᠢ ᠨᠢᠭᠡ ᠯᠠ ᠠᠲᠠᠯᠢ ᠴᠥᠮ ᠨᠢᠭᠡ ᠵᠤᠶ᠋ᠢᠯ ᠦ᠋ᠨ ᠭᠢᠰᠤᠬ᠋ᠠ ᠶ᠋ᠢᠨ ᠨᠡᠷ᠎ᠡ ᠪᠣᠯᠤᠨ᠎ᠠ ᠃
ᠢᠷᠡᠯᠲᠡ ᠄
ᠲᠠᠪᠤᠨ ᠵᠢᠯ ᠦᠨ ᠲᠦᠷᠢᠮᠳᠦ ᠪᠠᠭ᠎ᠠ ᠰᠤᠷᠭᠠᠭᠤᠯᠢ ᠳᠤ ᠦᠵᠡᠬᠦ
ᠬᠡᠯᠡ ᠪᠢᠴᠢᠭ ᠶᠢᠰᠦᠳᠦᠭᠡᠷ ᠲᠡᠪᠳᠡᠷ ※
ᠦᠪᠦᠷ ᠮᠤᠩᠭᠤᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶ᠎ᠠ ᠨᠠᠢᠢᠷᠠᠭᠤᠯᠤᠨ ᠬᠡᠪᠯᠡᠭᠦᠯᠪᠡ
ᠦᠪᠦᠷ ᠮᠤᠩᠭᠤᠯ ᠤᠨ ᠰᠢᠨᠬᠤᠸᠠ ᠨᠤᠮ ᠤᠨ ᠲᠡᠯᠭᠡᠭᠦᠷ ᠲᠠᠷᠬᠠᠭᠠᠪᠠ
ᠦᠪᠦᠷ ᠮᠤᠩᠭᠤᠯ ᠤᠨ ᠮᠤᠩᠭᠤᠯ ᠪᠢᠴᠢᠭ ᠬᠡᠪᠯᠠᠬᠦ ᠦᠢᠯᠡᠳᠪᠦᠷᠢ ᠬᠡᠪᠯᠡᠪᠡ
1981 ᠤᠨ ᠤ 5 ᠰᠠᠷ᠎ᠠ ᠳᠤ ᠬᠤᠶᠠᠳᠤᠭᠠᠷ ᠬᠡᠪ ᠢ ᠬᠢᠪᠡ
1984 ᠤᠨ ᠤ 4 ᠰᠠᠷ᠎ᠠ ᠳᠤ ᠲᠦᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃
ᠦᠰᠦᠭ ᠠᠮᠢᠯᠠᠭᠤᠯᠤᠬᠴᠢ ᠄ ᠦᠵᠢᠶᠡᠳ · ᠡᠷᠳᠡᠨᠢᠴᠡᠴᠡᠭ
ᠬᠢᠨᠠᠬᠴᠢ ᠄ ᠣᠤᠠᠬᠠᠨᠰᠣ᠎ᠠ ᠂ ᠲᠣ᠋ · ᠨᠠᠨᠲᠢᠨ
2023.3.11
