ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ – ᠠ11 Гангын урсгал – Чингис эзний алтан ургийн түүх Канкны урсгал нэрт бичиг оршив –А11 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ – ᠠ11 Гангын урсгал – Чингис эзний алтан ургийн түүх Канкны урсгал нэрт бичиг оршив –А11

ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ – ᠠ11 Гангын урсгал – Чингис эзний алтан ургийн түүх Канкны урсгал нэрт бичиг оршив –А11

ᠠᠩᠭᠢᠯᠠᠯ:ᠲᠡᠦᠬᠡ ᠰᠣᠶᠣᠯ
2023-04-28

345

ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ

ᠣᠷᠳᠣᠰ ᠤᠨ ᠨᠣᠶᠠᠳ ᠤᠨ ᠤᠭ


                  ᠣᠷᠳᠣᠰ① ᠤ᠋ᠨ ᠨᠣᠶᠠᠳ ᠤ᠋ᠨ ᠤᠭ 

    ᠲᠠᠶᠤᠨ ᠬᠠᠭᠠᠨ ᠤ᠋ ᠬᠣᠲᠠᠭᠠᠷ ᠬᠥᠪᠡᠭᠦᠨ ᠠᠷᠰᠤ ᠪᠣᠯᠣᠳ② ᠂ ᠲᠡᠭᠦᠨᠦ ᠶᠡᠬᠡ ᠬᠥᠪᠡᠭᠦᠨ ᠪᠣᠵᠢᠭᠡᠷ ᠨᠣᠶᠠᠨ ᠪᠣᠷᠪᠤᠭ ᠳᠣᠯᠣᠭᠠᠨ ᠲᠦᠮᠡᠨ ᠊ᠢ ᠳᠠᠷᠤᠭᠠᠯᠠᠪᠠ᠂ 

— — — — 
① 《 ᠮᠣᠩᠭᠣᠯ ᠤ᠋ᠨ ᠨᠡᠭᠦᠬᠦ ᠮᠠᠯᠵᠢᠯ ᠤ᠋ᠨ ᠲᠡᠮᠳᠡᠭᠯᠡᠯ 》 ᠳ᠋ᠦ᠍ᠷ ᠲᠡᠮᠳᠡᠭᠯᠡᠭᠰᠡᠨ ᠢᠨᠤ ᠄ 《 ᠣᠷᠳᠣᠰ ᠠᠶ᠋ᠢᠮᠠᠭ ᠠᠨᠤ ᠬᠥᠬᠡᠬᠣᠲᠠ ᠠ᠋ᠴᠠ ᠪᠠᠷᠠᠭᠤᠨᠰᠢ ᠬᠣᠶᠠᠷ ᠵᠠᠭᠤ ᠨᠠᠶᠠᠨ ᠲᠠᠪᠤᠨ ᠭᠠᠵᠠᠷ ᠪᠦᠬᠦᠢ ᠪᠣᠷᠣ ᠲᠣᠬᠣᠢ (河套 ) ᠳ᠋ᠤᠷ ᠠᠮᠤᠢ ᠃ ᠨᠡᠶ᠋ᠢᠰᠯᠡᠯ ᠬᠣᠲᠠᠨ ᠳ᠋ᠤᠷ ᠬᠦᠷᠴᠦ ᠢᠷᠡᠬᠦᠢ ᠢᠨᠤ ᠨᠢᠭᠡᠨ ᠮᠢᠩᠭᠠᠨ ᠨᠢᠭᠡᠨ ᠵᠠᠭᠤᠨ ᠭᠠᠵᠠᠷ ᠪᠤᠶᠤ ᠃ ᠵᠡᠭᠦᠨ ᠪᠠᠷᠠᠭᠤᠨ ᠤᠮᠠᠷ᠎ᠠ ᠭᠤᠷᠪᠠᠨ ᠵᠦᠭ ᠴᠥᠮ ᠬᠠᠲᠤᠨ ᠭᠣᠣᠯ ᠳ᠋ᠤᠷ ᠦᠩᠭᠡᠶ᠋ᠢᠵᠦᠬᠦᠢ ᠃ ᠵᠡᠭᠦᠨ ᠡᠲᠡᠭᠡᠳ ᠢᠨᠤ ᠬᠥᠬᠡᠬᠣᠲᠠᠨ ᠤ᠋ ᠲᠦᠮᠡᠳ ᠲᠣᠷ ᠵᠠᠬ᠎ᠠ ᠨᠡᠶ᠋ᠢᠯᠡᠵᠤ ᠪᠠᠷᠠᠭᠠᠳ ᠡᠲᠡᠭᠡᠳ ᠢᠨᠤ ᠬᠠᠯᠬ᠎ᠠ ᠳ᠋ᠤᠷ ᠵᠠᠬ᠎ᠠ ᠨᠡᠶ᠋ᠢᠯᠡᠵᠤᠬᠦᠢ᠂ ᠡᠮᠦᠨ᠎ᠡ ᠡᠲᠡᠭᠡᠳ ᠢᠨᠤ ᠱᠠᠨᠰᠢ ᠮᠣᠵᠢ ᠳ᠋ᠠᠬᠢ ᠤᠷᠲᠤ ᠴᠠᠭᠠᠨ ᠬᠡᠷᠡᠮ ᠳ᠋ᠦ᠍ᠷ ᠵᠠᠬ᠎ᠠ ᠨᠡᠶ᠋ᠢᠯᠡᠵᠤ ᠤᠮᠠᠷ᠎ᠠ ᠡᠲᠡᠭᠡᠳ ᠢᠨᠤ ᠤᠷᠠᠳ ᠲᠤᠷ ᠵᠠᠬ᠎ᠠ ᠨᠡᠶ᠋ᠢᠯᠡᠵᠤᠬᠦᠢ᠃ ᠤᠭ ᠠᠨᠤ ᠴᠢᠨ ᠤᠯᠤᠰ ᠊ᠤᠨ ᠰᠢᠨ ᠴᠢᠨ ᠊ᠦ ᠳᠤᠮᠳᠠ ᠭᠠᠵᠠᠷ ᠪᠠᠶ᠋ᠢᠵᠤ ᠾᠦᠨ ᠴᠣᠳ ᠲᠤᠷ ᠬᠠᠮᠢᠶᠠᠷᠤᠭᠳᠠᠵᠤᠬᠤᠢ᠃ ᠬᠠᠨ ᠡᠤ ᠲᠢ ᠬᠠᠭᠠᠨ ᠊ᠤ ᠶᠤᠸᠠᠨ ᠽᠦᠸᠧ  ᠶ᠋ᠢᠨ ᠬᠣᠶᠠᠳᠤᠭᠠᠷ ᠣᠨ( ᠣᠨ ᠲᠣᠭᠠᠯᠠᠯ ᠊ᠤᠨ ᠡᠮᠦᠨ᠎ᠡ127 ᠣᠨ) ᠳ᠋ᠤᠷ ᠽᠦᠸᠧ ᠹᠠᠩ ᠵᠢᠶᠦ᠋ᠨ ᠪᠠᠶ᠋ᠢᠭᠤᠯᠵᠤ ᠬᠤᠶ᠋ᠢᠲᠤ ᠬᠠᠨ ᠤᠯᠤᠰ ᠊ᠤᠨ ᠰᠡᠭᠦᠯ ᠳ᠋ᠦ᠍ᠷ ᠦᠭᠡᠢ ᠪᠣᠯᠭᠠᠵᠤᠬᠤᠢ ᠃ ᠵᠢᠨ ᠤᠯᠤᠰ ᠊ᠤᠨ ᠵᠦᠩ ᠵᠢᠶᠠ ᠣᠨ(307) ᠠ᠋ᠴᠠ ᠬᠤᠶ᠋ᠢᠰᠢ ᠡᠮᠦᠨᠡᠲᠦ ᠬᠤᠶ᠋ᠢᠲᠦ ᠵᠣᠣ ᠤᠯᠤᠰ᠂ ᠡᠮᠦᠨᠡᠲᠦ ᠬᠤᠶ᠋ᠢᠲᠤ ᠴᠢᠨ ᠤᠯᠤᠰ ᠊ᠤᠨ ᠨᠤᠲᠤᠭ ᠪᠤᠶᠤ᠃ ᠢ ᠱᠢ  ᠶ᠋ᠢᠨ ᠣᠨ(405) ᠤ᠋ ᠳᠤᠮᠳᠠᠴᠢ ᠪᠠᠷ ᠾᠧ ᠯᠢᠶᠠᠨ ᠪᠦᠸᠧ ᠪᠦᠸᠧ ᠡᠵᠡᠯᠡᠬᠦᠢ᠃ ᠤᠮᠠᠷᠠᠲᠤ ᠸᠧᠢ ᠤᠯᠤᠰ ᠊ᠤᠨ ᠦᠶ᠎ᠡ ᠳ᠋ᠦ᠍ᠷ ᠲᠦᠩ ᠸᠠᠨ ᠵᠸᠠ ᠶ᠋ᠢᠨ ᠨᠤᠲᠤᠭ ᠪᠣᠯᠵᠤ ᠬᠣᠶ᠋ᠢᠨ᠎ᠠ ᠠᠨᠤ ᠰᠢᠶᠠ ᠵᠧᠦ  ᠶ᠋ᠢᠨ ᠤᠷᠠᠲᠤ ᠬᠢᠵᠠᠭᠠᠷ ᠪᠣᠯᠵᠤᠬᠤᠢ᠃ ᠰᠦᠢ ᠤᠯᠤᠰ ᠊ᠤᠨ ᠦᠶ᠎ᠡ ᠳ᠋ᠦ᠍ᠷ ᠡᠨᠡ ᠭᠠᠵᠠᠷ᠎ᠠ᠂ ᠵᠡᠭᠦᠨ ᠳ᠋ᠦ᠍ᠷ ᠰᠧᠩ ᠵᠧᠦ ᠪᠠᠶ᠋ᠢᠭᠤᠯᠵᠤ ᠪᠠᠷᠠᠭᠤᠨ ᠳ᠋ᠤᠷ ᠹᠧᠩ ᠵᠧᠦ ᠪᠠᠶ᠋ᠢᠭᠤᠯᠵᠤᠬᠤᠢ᠃ ᠳ᠋ᠠ ᠶᠧ  ᠶ᠋ᠢᠨ ᠠᠩᠬᠠᠨ ᠣᠨ(605) ᠳ᠋ᠤᠷ ᠱᠸᠩ ᠵᠧᠦ ᠶ᠋ᠢ ᠡᠤ ᠶᠤᠸᠠᠨ ᠵᠢᠶᠦ᠋ᠨ ᠪᠣᠯᠭᠠᠵᠤ ᠬᠣᠶ᠋ᠢᠨ᠎ᠠ ᠠᠨᠤ ᠦᠭᠡᠢ ᠪᠣᠯᠭᠠᠵᠤᠬᠤᠢ᠃ ᠳᠠᠩ ᠤᠯᠤᠰ ᠊ᠤᠨ ᠵᠸᠨ ᠭᠤᠸᠠᠨ ᠊ᠤ ᠣᠨ(627 — 649) ᠦ᠌ ᠳᠤᠮᠳᠠᠴᠢ ᠪᠠᠷ ᠮᠥᠨ ᠱᠸᠩ᠂ ᠹᠧᠩ ᠬᠣᠶᠠᠷ ᠵᠧᠦ ᠶ᠋ᠢ ᠳᠠᠬᠢᠨ ᠪᠠᠶ᠋ᠢᠭᠤᠯᠵᠤᠬᠤᠢ᠃ ᠲᠢᠶᠠᠨ ᠪᠤᠤ ᠶ᠋ᠢᠨ ᠠᠩᠬᠠᠨ ᠣᠨ(742) ᠲᠤ᠌ ᠱᠸᠩ ᠵᠧᠦ ᠶ᠋ᠢ ᠢᠦᠢ ᠯᠢᠨ ᠵᠢᠶᠦ᠋ᠨ ᠪᠣᠯᠭᠠᠵᠤ᠂ ᠹᠧᠩ ᠵᠧᠦ ᠵᠢᠦ ᠶ᠋ᠢ ᠶᠤᠸᠠᠨ ᠵᠢᠶᠦ᠋ᠨ ᠪᠣᠯᠭᠠᠵᠤᠬᠤᠢ᠃ ᠴᠢᠶᠠᠨ ᠶᠤᠸᠠᠨ ᠊ᠤ ᠠᠩᠬᠠᠨ ᠣᠨ(758) ᠳ᠋ᠤᠷ ᠤᠭ ᠊ᠤᠨ ᠬᠠᠭᠤᠴᠢᠨ ᠨᠡᠷ᠎ᠡ ᠶ᠋ᠢ ᠴᠥᠮ ᠰᠡᠷᠭᠦᠭᠡᠵᠦᠬᠦᠢ᠃ ᠲᠡᠭᠦᠨ ᠊ᠦ ᠡᠮᠦᠨ᠎ᠡ ᠬᠢᠵᠠᠭᠠᠷ ᠲᠤᠷ ᠶᠢᠤ ᠵᠧᠦ ᠪᠠᠶ᠋ᠢᠵᠤ ᠴᠥᠮ ᠪᠣᠭᠣᠮᠲᠠ ᠢᠨ ᠳᠣᠲᠣᠭᠠᠳᠤ ᠵᠠᠮ ᠳ᠋ᠤᠷ ᠬᠠᠷᠢᠶᠠᠯᠠᠭᠳᠠᠮᠤᠢ᠃ ᠳᠠᠩ ᠤᠯᠤᠰ ᠊ᠤᠨ ᠰᠡᠭᠦᠯᠴᠢ ᠦᠶ᠎ᠡ ᠪᠡᠷ ᠲᠣᠪᠠ ᠼᠢ ᠬᠦᠩ᠂ ᠡᠨᠡ ᠭᠠᠵᠠᠷ ᠊ᠢ ᠳᠠᠷᠤᠭᠠᠯᠠᠵᠠᠢ᠃ ᠲᠠᠪᠤᠨ ᠲᠥᠷᠥ ᠡᠴᠡ ᠰᠥᠩ ᠤᠯᠤᠰ᠂ ᠠᠯᠲᠠᠨ ᠤᠯᠤᠰ ᠬᠦᠷᠲᠡᠯ᠎ᠡ ᠴᠥᠮ ᠲᠠᠩᠭᠤᠳ ᠲᠤᠷ ᠬᠠᠷᠢᠶᠠᠯᠠᠭᠳᠠᠮᠤᠢ᠃ ᠶᠤᠸᠠᠨ ᠤᠯᠤᠰ ᠲᠠᠩᠭᠤᠳ ᠊ᠢ ᠮᠥᠬᠥᠭᠡᠵᠦ ᠲᠠᠩᠭᠤᠳ᠂ ᠵᠦᠩ ᠰᠢᠩ ᠵᠡᠷᠭᠡ ᠵᠠᠮ ᠊ᠢ ᠪᠠᠶ᠋ᠢᠭᠤᠯᠤᠭᠰᠠᠨ ᠢ᠋ᠶ᠋ᠠᠨ ᠬᠣᠶ᠋ᠢᠨ᠎ᠠ ᠠᠨᠤ ᠦᠭᠡᠢ ᠪᠣᠯᠭᠠᠵᠤ ᠵᠡᠭᠦᠨᠰᠢ ᠳ᠋ᠦ᠍ᠷ ᠳ᠋ᠦ᠋ᠩ ᠱᠸᠩ᠂ ᠶᠦᠨ ᠨᠧᠢ ᠬᠣᠶᠠᠷ ᠵᠧᠦ ᠪᠣᠯᠤᠨ ᠶᠠᠨ ᠠᠨ᠂ ᠨᠢᠩ ᠰᠢᠶᠠ ᠵᠡᠷᠭᠡ ᠵᠠᠮ ᠳ᠋ᠤᠷ ᠬᠠᠷᠢᠶᠠᠯᠠᠭᠳᠠᠵᠠᠢ᠃ ᠮᠢᠩ ᠤᠯᠤᠰ ᠊ᠤᠨ ᠡᠬᠢᠨ ᠊ᠦ ᠦᠶ᠎ᠡ ᠪᠡᠷ ᠳ᠋ᠦ᠋ᠩ ᠱᠸᠩ ᠵᠡᠷᠭᠡ ᠵᠧᠦ ᠳ᠋ᠦ᠍ᠷ ᠴᠡᠷᠢᠭ ᠰᠠᠭᠤᠨ ᠲᠠᠷᠢᠶ᠎ᠠ ᠲᠠᠷᠢᠶᠠᠯᠠᠵᠤᠬᠤᠢ᠃ ᠲᠢᠶᠠᠨ ᠱᠦᠨ ᠊ᠦ ᠣᠨ(1457) ᠤ᠋ ᠦᠶ᠎ᠡ ᠪᠡᠷ ᠮᠣᠩᠭᠣᠯ ᠊ᠤᠨ ᠠᠯᠤᠴᠤ᠂ ᠮᠤᠤᠯᠢᠬᠠᠢ ᠨᠠᠷ ᠪᠣᠷᠣ ᠲᠣᠬᠣᠢ ᠳ᠋ᠤ᠌ ᠡᠬᠢᠯᠡᠨ ᠣᠷᠣᠪᠠ》 ᠬᠡᠮᠡᠵᠦᠬᠦᠢ᠃《 ᠢᠯᠡᠳᠬᠡᠯ ᠱᠠᠰᠲᠢᠷ》 ᠲᠤ᠌ ᠲᠡᠮᠳᠡᠭᠯᠡᠭᠰᠡᠨ ᠢᠨᠤ᠄《 ᠶᠤᠸᠠᠨ ᠤᠯᠤᠰ ᠊ᠤᠨ ᠲᠠᠶ᠋ᠢᠽᠤ ᠬᠠᠭᠠᠨ ᠊ᠤ ᠠᠷᠪᠠᠨ ᠵᠢᠷᠭᠤᠳᠤᠭᠠᠷ ᠦᠶ᠎ᠡ ᠢᠨ ᠠᠴᠢ ᠪᠠᠷᠰᠤ ᠪᠣᠯᠣᠳ ᠲᠤᠯᠭᠤᠷ ᠭᠣᠣᠯ ᠊ᠤᠨ ᠲᠤᠤᠯᠢ ᠶ᠋ᠢᠨ ᠭᠠᠵᠠᠷ ᠰᠠᠭᠤᠭᠠᠳ ᠣᠷᠳᠣᠰ ᠊ᠤᠨ ᠵᠢᠨᠦᠩ ᠪᠣᠯᠤᠭᠰᠠᠨ ᠪᠥᠯᠥᠭᠡ᠃ ᠡᠭᠦᠨ ᠊ᠦ ᠬᠥᠪᠡᠭᠦᠨ ᠭᠦᠨ ᠪᠢᠰᠢᠭᠲᠦ ᠮᠡᠷᠭᠡᠨ ᠵᠠᠯᠭᠠᠮᠵᠢᠯᠠᠵᠤ ᠶᠢᠰᠦᠨ ᠬᠥᠪᠡᠭᠦᠨ ᠲᠥᠷᠥᠭᠡᠳ ᠲᠤᠰ ᠲᠤᠰ ᠢ᠋ᠶ᠋ᠠᠷ ᠨᠤᠲᠤᠭᠯᠠᠨ ᠰᠠᠭᠤᠵᠤᠬᠤᠢ᠃ ᠡᠳᠦᠭᠡᠬᠢ ᠣᠷᠳᠣᠰ ᠊ᠤᠨ ᠳᠣᠯᠣᠭᠠᠨ ᠵᠠᠰᠠᠭ ᠠᠨᠤ ᠴᠥᠮ ᠲᠡᠭᠦᠨ ᠊ᠦ ᠦᠷ᠎ᠡ ᠮᠥᠨ ᠪᠤᠶᠤ》 ᠬᠡᠮᠡᠵᠡᠢ᠃ ᠴᠢᠩ ᠤᠯᠤᠰ ᠊ᠤᠨ ᠦᠶ᠎ᠡ ᠳ᠋ᠦ᠍ᠷ ᠣᠷᠳᠣᠰ ᠊ᠢ ᠳᠣᠯᠣᠭᠠᠨ ᠬᠣᠰᠢᠭᠤ ᠬᠤᠪᠢᠶᠠᠵᠤ ᠶᠡᠬᠡ ᠵᠣᠣ  ᠶ᠋ᠢᠨ ᠴᠢᠭᠤᠯᠭᠠᠨ ᠪᠣᠯᠭᠠᠵᠠᠢ᠃  
② ᠠᠷᠰᠤ ᠪᠣᠯᠣᠳ᠄ ᠳᠠᠶᠠᠨ ᠬᠠᠭᠠᠨ ᠊ᠤ ᠳᠥᠲᠥᠭᠡᠷ ᠬᠥᠪᠡᠭᠦᠨ᠂ ᠭᠤᠲᠠᠭᠠᠷ ᠬᠥᠪᠡᠭᠦᠨ ᠢᠨᠤ ᠪᠠᠷᠰᠤ ᠪᠣᠯᠣᠳ ᠪᠣᠯᠠᠢ᠃ 

ᠪᠠᠭ᠎ᠠ ᠬᠥᠪᠡᠭᠦᠨ ᠵᠢᠨᠦᠩ ᠲᠠᠶ᠋ᠢᠢᠢ ᠪᠣᠷᠪᠤᠭ ᠊ᠢ ᠳᠠᠷᠤᠭᠯᠠᠪᠠᠢ᠃ ᠳᠠᠶᠤᠨ ᠬᠠᠭᠠᠨ ᠊ᠤ ᠳᠥᠲᠥᠭᠡᠷ ᠬᠥᠪᠡᠭᠦᠨ ᠪᠠᠷᠠᠰᠤ ᠪᠣᠯᠣᠳ①᠂ ᠲᠡᠭᠦᠨᠤ ᠬᠥᠪᠡᠭᠦᠨ ᠮᠡᠷᠭᠡᠨ ᠬᠠᠷᠠ ᠵᠢᠨᠦᠩ② ᠲᠡᠭᠦᠨᠤ ᠠ᠋ᠴᠠ ᠬᠦᠮᠤᠯᠡ ᠵᠢᠨᠦᠩ③᠂ ᠬᠥᠪᠡᠭᠦᠨ ᠡᠴᠡ ᠠᠬᠠᠮᠠᠳ ᠠᠨᠤ᠂ ᠭᠦᠨ ᠪᠢᠯᠢᠭ ᠮᠡᠷᠭᠡᠨ ᠵᠢᠨᠦᠩ④ ᠣᠷᠳᠣᠰ ᠊ᠢ ᠳᠠᠷᠤᠭᠠᠯᠠᠪᠠᠢ᠂ ᠭᠤᠲᠠᠭᠠᠷ ᠬᠥᠪᠡᠭᠦᠨ ᠯᠠᠪᠤᠭ⑤ ᠲᠠᠶ᠋ᠢᠵᠢ ᠥᠰᠢᠨ ᠊ᠢ ᠳᠠᠷᠤᠭᠯᠠᠪᠠᠢ᠂ ᠳᠥᠲᠥᠭᠡᠷ ᠬᠥᠪᠡᠭᠦᠨ ᠠᠷᠠᠨ ᠲᠠᠶ᠋ᠢᠵᠢ⑥ ᠴᠠᠭᠠᠨ ᠲᠠᠲᠠᠷ ᠊ᠢ ᠳᠠᠷᠤᠭᠠᠯᠠᠪᠠᠢ ᠵᠢᠭᠤᠳᠤᠬᠠᠷ( ᠵᠢᠷᠭᠤᠳᠤᠭᠠᠷ) ᠬᠥᠪᠡᠭᠦᠨ ᠪᠣᠳᠠᠳᠠᠷ ᠳ᠋ᠤᠩ ᠶᠡᠬᠡ ᠶᠥᠩᠰᠢᠶᠠᠪᠤ ᠶ᠋ᠢ ᠳᠠᠷᠤᠭᠠᠯᠠᠪᠠᠢ᠃ ᠣᠷᠳᠣᠰ ᠨᠣᠶᠠᠳ ᠊ᠤᠨ ᠡᠳᠡᠨ ᠪᠣᠢ᠂

— — — — 
① ᠪᠠᠷᠰᠤ ᠪᠣᠯᠣᠳ(1484 — 1531)᠄ ᠳᠠᠶᠠᠨ ᠬᠠᠭᠠᠨ ᠊ᠤ ᠭᠤᠲᠠᠭᠠᠷ ᠬᠥᠪᠡᠭᠦᠨ᠃ ᠳᠠᠶᠠᠨ ᠬᠠᠭᠠᠨ ᠊ᠤ ᠦᠶ᠎ᠡ ᠳ᠋ᠦ᠍ ᠪᠠᠷᠰᠤ ᠪᠣᠯᠣᠳ ᠊ᠢ ᠪᠠᠷᠠᠭᠤᠨ ᠭᠤᠷᠪᠠᠨ ᠲᠦᠮᠡᠨ ᠳ᠋ᠦ᠍ ᠲᠣᠮᠢᠯᠠᠨ ᠶᠠᠪᠤᠭᠤᠯᠵᠤ ᠪᠠᠷᠠᠭᠤᠨ ᠭᠤᠷᠪᠠᠨ ᠲᠦᠮᠡᠨ ᠊ᠦ ᠵᠢᠨᠦᠩ ᠪᠣᠯᠭᠠᠪᠠ᠃ ᠮᠣᠩᠭᠣᠯ ᠊ᠤᠨ ᠵᠠᠷᠢᠮ ᠰᠤᠷᠪᠤᠯᠵᠢ ᠪᠢᠴᠢᠭ ᠲᠦ᠍ ᠪᠠᠷᠰᠤ ᠪᠣᠯᠣᠳ ᠊ᠢ ᠶᠣᠰᠣᠨ ᠪᠤᠰᠤ ᠪᠠᠷ ᠬᠠᠭᠠᠨ ᠰᠠᠭᠤᠯ᠎ᠠ ᠭᠡᠵᠦ ᠵᠢᠮᠡᠯᠡᠭᠰᠡᠨ ᠲᠡᠮᠳᠡᠭᠯᠡᠯ ᠪᠣᠢ᠃《 ᠠᠯᠲᠠᠨ ᠬᠠᠭᠠᠨ ᠊ᠤ ᠲᠣᠭᠣᠵᠢ》 ᠠ᠋ᠴᠠ ᠦᠵᠡᠪᠡᠯ᠂ ᠳᠠᠶᠠᠨ ᠬᠠᠭᠠᠨ ᠨᠠᠰᠤ ᠪᠠᠷᠠᠭᠰᠠᠨ ᠊ᠤ ᠬᠣᠶ᠋ᠢᠨ᠎ᠠ1517 ᠣᠨ ᠠ᠋ᠴᠠ1531 ᠣᠨ ᠬᠦᠷᠲᠡᠯ᠎ᠡ ᠪᠠᠷᠰᠤ ᠪᠣᠯᠣᠳ ᠬᠠᠭᠠᠨ ᠰᠠᠭᠤᠷᠢᠨ᠎ᠠ ᠪᠠᠶ᠋ᠢᠵᠠᠢ᠃ ᠭᠡᠲᠡᠯ᠎ᠡ ᠰᠠᠭᠠᠩ ᠰᠡᠴᠡᠨ ᠊ᠦ《 ᠡᠷᠳᠡᠨᠢ ᠶ᠋ᠢᠨ ᠲᠣᠪᠴᠢ》 ᠳ᠋ᠠᠭᠠᠨ ᠡᠨᠡ ᠤᠴᠢᠷ ᠊ᠢ ᠲᠡᠮᠳᠡᠭᠯᠡᠭᠰᠡᠨ ᠦᠭᠡᠢ ᠪᠡᠷ ᠳᠠᠶᠠᠨ ᠬᠠᠭᠠᠨ ᠊ᠢ《 ᠳᠠᠯᠠᠨ ᠳᠥᠷᠪᠡᠨ ᠵᠢᠯ ᠬᠠᠭᠠᠨ ᠣᠷᠣ ᠰᠠᠭᠤᠯ᠎ᠠ》 ᠭᠡᠵᠦ ᠲᠡᠮᠳᠡᠭᠯᠡᠭᠰᠡᠨ ᠨᠢ ᠬᠠᠴᠢᠨ ᠶᠤᠮ᠃ 
② ᠮᠡᠷᠭᠡᠨ ᠬᠠᠷ᠎ᠠ ᠵᠢᠨᠦᠩ᠄ ᠪᠠᠷᠰᠤ ᠪᠣᠯᠣᠳ ᠊ᠤᠨ ᠶᠡᠬᠡ ᠬᠥᠪᠡᠭᠦᠨ᠃ ᠮᠣᠩᠭᠣᠯ ᠰᠤᠷᠪᠤᠯᠵᠢ ᠪᠢᠴᠢᠭ ᠲᠣᠷ ᠮᠡᠷᠭᠡᠨ ᠬᠠᠷ᠎ᠠ ᠵᠢᠨᠦᠩ᠂ ᠬᠦᠮᠡᠯᠢ ᠵᠢᠨᠦᠩ᠂ ᠬᠦᠮᠡᠯ ᠵᠢᠨᠦᠩ᠂ ᠬᠦᠮᠤᠯᠠ ᠵᠢᠨᠦᠩ᠂ ᠭᠦᠨ ᠪᠢᠯᠢᠭ ᠮᠡᠷᠭᠡᠨ ᠵᠢᠨᠦᠩ ᠭᠡᠬᠦ ᠪᠠ《 ᠢᠯᠡᠳᠬᠡᠯ ᠱᠠᠰᠲᠢᠷ》 ᠲᠤ᠌ ᠭᠦᠨ ᠪᠢᠯᠢᠭᠲᠦ ᠮᠡᠷᠭᠡᠨ ᠵᠢᠨᠦᠩ ᠭᠡᠮᠡᠨ ᠠᠳᠠᠯᠢ ᠪᠤᠰᠤ ᠪᠠᠷ ᠪᠢᠴᠢᠳᠡᠭ ᠨᠢ ᠴᠥᠮ ᠨᠢᠭᠡ ᠯᠡ ᠬᠥᠮᠦᠨ ᠊ᠢ ᠬᠡᠯᠡᠵᠡᠢ᠃ 
③ ᠭᠦᠨ ᠪᠢᠯᠢᠭᠲᠦ ᠮᠡᠷᠭᠡᠨ ᠵᠢᠨᠦᠩ ᠊ᠢ ᠬᠡᠯᠡᠵᠡᠢ᠃ 
④ ᠲᠤᠰ ᠪᠦᠯᠦᠭ ᠊ᠤᠨ ᠲᠠᠶ᠋ᠢᠯᠤᠯᠭ᠎ᠠ② ᠶ᠋ᠢ ᠦᠵᠡ᠃ 
⑤ ᠯᠠᠪᠤᠭ᠄ ᠪᠠᠷᠰᠤ ᠪᠣᠯᠣᠳ ᠊ᠤᠨ ᠭᠤᠲᠠᠭᠠᠷ ᠬᠥᠪᠡᠭᠦᠨ᠃《 ᠡᠷᠳᠡᠨᠢ ᠶ᠋ᠢᠨ ᠲᠣᠪᠴᠢ》 ᠳ᠋ᠤ᠌《 ᠯᠠᠪᠤᠭ ᠲᠠᠶ᠋ᠢᠵᠢ ᠰᠢᠷᠠᠭᠴᠢᠨ ᠲᠠᠤᠯᠠᠢ ᠵᠢᠯ(1519) ᠲᠡᠢ᠂ ᠲᠦᠮᠡᠳ ᠊ᠦᠨ ᠦᠬᠦᠰᠢᠨ( ᠦᠦᠰᠢᠨ) ᠳᠡᠭᠡᠷ᠎ᠡ ᠰᠠᠭᠤᠵᠤᠬᠤᠢ》 ᠭᠡᠵᠡᠢ᠃ 
⑥ ᠠᠷᠠᠨ ᠲᠠᠶ᠋ᠢᠵᠢ᠄《 ᠰᠢᠷ᠎ᠠ ᠲᠣᠭᠣᠵᠢ》 ᠳ᠋ᠤ᠌ ᠪᠡᠶᠡᠨᠳᠠᠷᠠᠨ ᠠᠷᠢᠨ ᠲᠠᠶ᠋ᠢᠵᠢ ᠭᠡᠬᠦ᠂《 ᠡᠷᠳᠡᠨᠢ ᠶ᠋ᠢᠨ ᠲᠣᠪᠴᠢ》 ᠳ᠋ᠤ᠌《 ᠪᠠᠶᠠᠨᠳᠠᠷ᠎ᠠ ᠠᠷᠢᠨ ᠲᠠᠶ᠋ᠢᠵᠢ ᠰᠢᠮ ᠪᠡᠴᠢᠨ ᠵᠢᠯ ᠲᠡᠢ᠂ ᠴᠠᠬᠠᠷ ᠊ᠤᠨ ᠴᠠᠭᠠᠨ ᠲᠠᠲᠠᠷ( ᠲᠠᠲ᠋ᠠᠷ) ᠳᠡᠭᠡᠷ᠎ᠡ ᠰᠠᠭᠤᠵᠤᠬᠤᠢ》 ᠭᠡᠵᠡᠢ᠃ 
        

ᠭᠠᠩᠬ᠋᠎ᠠ ᠶ᠋ᠢᠨ ᠤᠷᠤᠰᠬᠠᠯ ( ᠪᠦᠬᠦ ᠨᠣᠮ ) Гангын урсгал ( бүх ном )