ᠮᠢᠨᠦ ᠡᠵᠢ ᠭᠠᠭᠴᠠᠬᠠᠨ ᠨᠢᠳᠦ ᠲᠡᠢ-ᠥᠭᠦᠯᠡᠯᠭᠡМиний Ээж Ганцхан Нүдтэй-өгүүллэг ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠡᠵᠢ ᠭᠠᠭᠴᠠᠬᠠᠨ ᠨᠢᠳᠦ ᠲᠡᠢ-ᠥᠭᠦᠯᠡᠯᠭᠡМиний Ээж Ганцхан Нүдтэй-өгүүллэг

ᠮᠢᠨᠦ ᠡᠵᠢ ᠭᠠᠭᠴᠠᠬᠠᠨ ᠨᠢᠳᠦ ᠲᠡᠢ-ᠥᠭᠦᠯᠡᠯᠭᠡМиний Ээж Ганцхан Нүдтэй-өгүүллэг

2023-04-27

1200

ᠮᠢᠨᠦ ᠡᠵᠢ ᠭᠠᠭᠴᠠᠬᠠᠨ ᠨᠢᠳᠦ ᠲᠡᠢ

  ᠮᠢᠨᠦ ᠡᠵᠢ ᠭᠠᠭᠴᠠᠬᠠᠨ ᠨᠢᠳᠦ ᠲᠡᠢ ᠂ ᠲᠡᠶ᠋ᠢᠮᠦ ᠤᠴᠢᠷ ᠠ᠋ᠴᠠ ᠪᠢ ᠡᠵᠢ ᠶ᠋ᠢ ᠪᠡᠨ ᠦᠵᠡᠨ ᠶᠠᠳᠠᠳᠠᠭ ᠃ ᠡᠵᠢ ᠮᠠᠨᠢ ᠰᠤᠷᠭᠠᠭᠤᠯᠢ ᠶ᠋ᠢᠨ ᠭᠤᠸᠠᠩᠰᠠᠨ ᠳ᠋ᠤ᠌ ᠠᠵᠢᠯᠯᠠᠵᠤ ᠭᠡᠷ ᠪᠦᠯᠢ ᠳ᠋ᠦ᠍ ᠪᠡᠨ ᠲᠤᠰᠠ ᠪᠣᠯᠳᠠᠭ ᠪᠠᠶ᠋ᠢᠯ᠎ᠠ ᠃

ᠨᠠᠮ᠎ᠠ ᠶ᠋ᠢ ᠳᠤᠮᠳᠠᠳᠤ ᠰᠤᠷᠭᠠᠭᠤᠯᠢ ᠳ᠋ᠤ᠌ ᠪᠠᠶ᠋ᠢᠬᠤ ᠳ᠋ᠤ᠌ ᠡᠵᠢ ᠮᠠᠨᠢ ᠨᠠᠳᠠ ᠳᠡᠭᠡᠷ᠎ᠡ ᠬᠦᠷᠴᠦ ᠢᠷᠡᠭᠡᠳ ᠄ ᠮᠢᠨᠦ ᠬᠦᠦ ᠥᠯᠥᠰᠴᠦ ᠪᠠᠶ᠋ᠢᠨ᠎ᠠ ‍ᠤᠤ ? ᠭᠡᠵᠦ ᠠᠰᠠᠭᠤᠭᠰᠠᠨ ᠶᠤᠮ ᠃ ᠡᠨᠡ ᠦᠭᠡᠨ ᠳ᠋ᠦ᠍ ᠨᠢ ᠪᠢ ᠠᠭᠤᠷᠯᠠᠭ᠎ᠠ ᠦᠭᠡᠢ ᠴᠦ᠍ ᠡᠵᠢ ᠶ᠋ᠢᠨ ᠮᠠᠭᠤᠬᠠᠢ ᠴᠢᠷᠠᠢ ᠨᠠᠮ᠎ᠠ ᠶ᠋ᠢ ᠦᠨᠡᠬᠡᠷ ᠪᠠᠴᠢᠮᠳᠠᠭᠤᠯᠵᠤ ᠪᠠᠶ᠋ᠢᠯ᠎ᠠ ᠃ ᠬᠡᠩ ! ᠮᠢᠨᠦ ᠬᠦᠦ ᠴᠦ᠍ ᠪᠠᠶ᠋ᠢᠬᠤ ᠳᠠ ᠶᠠᠭᠠᠬᠢᠬᠤᠪ ᠳᠠ ᠭᠡᠵᠦ ᠪᠣᠳᠣᠭᠠᠳ ᠮᠠᠭᠤᠬᠠᠢ ᠬᠠᠷᠠᠴᠢᠬᠠᠭᠠᠳ ᠠᠰᠠᠭᠤᠯᠲᠠᠨ ᠳ᠋ᠤᠨᠢ ᠬᠠᠷᠢᠭᠤᠯᠬᠤ ᠦᠭᠡᠢ ᠭᠦᠶᠦᠭᠡᠳ ᠶᠠᠪᠤᠴᠢᠬᠠᠭᠰᠠᠨ ᠶᠤᠮ ᠃ ᠮᠠᠷᠭᠠᠰᠢ ᠨᠢ ᠮᠠᠨ ᠤ᠋ ᠨᠥᠬᠥᠭᠡ ᠠᠩᠭᠢ ᠶ᠋ᠢᠨ ᠬᠡᠦᠬᠡᠳ ᠄ ᠠ᠋᠂ ᠴᠢᠨᠦ ᠡᠵᠢ ᠴᠢᠨᠢ ᠥᠷᠥᠭᠡᠰᠦᠨ ᠨᠢᠳᠦ ᠲᠠᠢ ᠶᠤᠮ ᠪᠠᠶ᠋ᠢᠨ᠎ᠠ ᠯᠠ ᠭᠡᠵᠦ ᠠᠩᠭᠢ ᠪᠠᠷ ᠳᠦᠭᠦᠷᠡᠩ ᠬᠠᠰᠬᠢᠷᠬᠤ ᠳ᠋ᠤ᠌ ᠥᠪᠡᠷ ᠊ᠢ ᠪᠡᠨ ᠦᠨᠡᠬᠡᠷ ᠦᠵᠡᠨ ᠶᠠᠳᠠᠵᠤ ᠪᠢᠯᠡ ᠃ ᠶᠠᠭᠠᠬᠢᠭᠠᠳ ? ᠶᠠᠭᠠᠬᠢᠭᠠᠳ ᠵᠠᠪᠠᠯ ᠪᠢ ᠭᠡᠵᠦ ᠭᠡᠮᠡᠨ ᠪᠣᠳᠣᠭᠰᠠᠭᠠᠷ ᠭᠡᠷ ᠤᠷᠤᠭᠤ ᠪᠠᠨ ᠵᠦᠭᠯᠡᠬᠦ ᠳ᠋ᠦ᠍ ᠪᠡᠨ ᠡᠵᠢ ᠶ᠋ᠢ ᠪᠡᠨ ᠪᠦᠷ ᠴᠦ᠍ ᠢᠯᠡᠭᠦᠦ ᠦᠵᠡᠨ ᠶᠠᠳᠠᠪᠠ ᠃ ᠭᠡᠷ ᠲᠦ᠍ ᠪᠡᠨ ᠣᠷᠣᠵᠤ ᠢᠷᠡᠭᠡᠳ ᠰᠢᠭᠤᠳ ᠄ ᠲᠠ ᠶᠠᠭᠠᠬᠢᠭᠠᠳ ᠵᠦᠭᠡᠷ ᠦᠬᠦᠭᠡᠳ ᠥᠭᠴᠦ ᠪᠣᠯᠳᠠᠭ ᠦᠭᠡᠢ ᠶᠦ᠍ᠮ ᠪᠣᠢ ? ᠭᠡᠵᠦ ᠡᠵᠢ ᠡᠴᠡ ᠪᠡᠨ ᠠᠰᠠᠭᠤᠯ᠎ᠠ ᠃ ᠡᠵᠢ ᠶᠠᠭᠤ ᠴᠤ᠌ ᠬᠠᠷᠢᠭᠤᠯᠤᠭᠰᠠᠨ ᠦᠭᠡᠢ ᠃ ᠪᠢ ᠡᠨᠡ ᠦᠭᠡᠨ ᠦ᠌ ᠪᠡᠨ ᠬᠠᠷᠢᠭᠤᠯᠲᠠ ᠶ᠋ᠢ ᠠᠪᠬᠤ ᠭᠡᠵᠦ ᠬᠡᠰᠡᠭ ᠲᠡᠭᠦᠨ ᠊ᠢ ᠬᠠᠷᠠᠵᠤ ᠵᠣᠭᠰᠣᠯ᠎ᠠ ᠃ ᠤᠴᠢᠷ ᠨᠢ ᠪᠢ ᠠᠭᠤᠷ ᠬᠢᠯᠢᠩ ᠢ᠋ᠶ᠋ᠡᠷ ᠰᠢᠳᠡᠵᠦ ᠪᠠᠶ᠋ᠢᠬᠰᠠᠨ ᠪᠣᠯᠬᠣᠷ ᠡᠵᠢ ᠶ᠋ᠢ ᠪᠡᠨ ᠶᠠᠮᠠᠷ ᠬᠦᠨᠳᠦ ᠬᠡᠴᠡᠭᠦᠦ ᠪᠠᠶ᠋ᠢᠲᠠᠯ ᠳ᠋ᠤ᠌ ᠣᠷᠣᠭᠤᠯᠵᠤ ᠪᠠᠶ᠋ᠢᠭ᠎ᠠ ᠲᠤᠬᠠᠢ ᠣᠭᠲᠣᠬᠠᠨ ᠴᠤ᠌ ᠪᠣᠳᠣᠭ᠎ᠠ ᠦᠭᠡᠢ ᠃ ᠡᠨᠡ ᠴᠠᠭ ᠠ᠋ᠴᠠ ᠬᠣᠶ᠋ᠢᠰᠢ ᠪᠢ ᠡᠵᠢ ᠲᠡᠢ ᠪᠡᠨ ᠶᠠᠷᠢᠬᠤ ᠪᠠᠨ ᠪᠣᠯᠢᠵᠤ ᠵᠥᠪᠬᠡᠨ ᠮᠠᠰᠢ ᠰᠢᠷᠭᠠᠭᠤ ᠰᠤᠷᠤᠯᠴᠠᠵᠤ ᠡᠬᠢᠯᠡᠭᠰᠡᠨ ᠃ ᠠᠮᠵᠢᠯᠲᠠ ᠲᠠᠢ ᠰᠤᠷᠤᠯᠴᠠᠭᠰᠠᠨ ᠪᠣᠯᠬᠣᠷ ᠭᠠᠶ᠋ᠢᠭᠤᠢ ᠰᠠᠢᠨ ᠮᠡᠷᠭᠡᠵᠢᠯ ᠡᠵᠡᠮᠰᠢᠵᠦ ᠭᠡᠷ ᠪᠦᠯᠢ ᠲᠡᠢ ᠴᠦ᠍ ᠪᠣᠯᠤᠯ᠎ᠠ ᠃ ᠥᠭᠡᠷ᠎ᠡ ᠬᠣᠲᠠ ᠳ᠋ᠤ᠌ ᠪᠠᠶ᠋ᠢᠰᠢᠩ ᠬᠤᠳᠠᠯᠳᠤᠨ ᠠᠪᠴᠤ ᠬᠡᠦᠬᠡᠳ ᠲᠡᠢ ᠴᠦ᠍ ᠪᠣᠯᠪᠠ ᠃ ᠮᠢᠨᠦ ᠠᠵᠠ ᠵᠢᠷᠭᠠᠯ ᠲᠠᠢ ᠠᠮᠢᠳᠤᠷᠠᠯ ᠤ᠋ᠨ ᠮᠢᠨᠢ ᠤᠳᠬ᠎ᠠ ᠤᠴᠢᠷ ᠡᠬᠡᠨᠡᠷ ᠬᠡᠦᠬᠡᠳ ᠦ᠋ᠳ ᠮᠢᠨᠢ ᠪᠣᠯᠤᠭᠰᠠᠨ ᠪᠠᠶ᠋ᠢᠯ᠎ᠠ ᠃ ᠬᠠᠷᠢᠨ ᠡᠵᠢ ᠮᠢᠨᠢ ᠠᠴᠢ ᠬᠡᠦᠬᠡᠳ ᠦ᠋ᠳ ᠢ᠋ᠶ᠋ᠡᠨ ᠭᠠᠭᠴᠠ ᠴᠤ᠌ ᠤᠳᠠᠭ᠎ᠠ ᠬᠠᠷᠠᠵᠤ ᠪᠠᠶ᠋ᠢᠭ᠎ᠠ ᠦᠭᠡᠢ ᠶ᠋ᠢᠨ ᠳᠡᠭᠡᠷ᠎ᠡ ᠰᠡᠭᠦᠯ ᠦ᠋ᠨ ᠬᠡᠳᠦᠨ ᠵᠢᠯ ᠨᠠᠮ᠎ᠠ ᠶ᠋ᠢ ᠴᠦ᠍ ᠣᠯᠵᠤ ᠬᠠᠷᠠᠭ᠎ᠠ ᠦᠭᠡᠢ ᠪᠢᠯᠡ ᠃ ᠭᠡᠲᠡᠯ᠎ᠡ ᠨᠢᠭᠡᠨ ᠡᠳᠦᠷ ᠡᠵᠢ ᠮᠢᠨᠢ ᠨᠠᠳᠠ ᠳᠡᠭᠡᠷ᠎ᠡ ᠵᠣᠴᠢᠯᠠᠵᠤ ᠢᠷᠡᠪᠡ ᠃ ᠡᠵᠢ ᠬᠠᠭᠠᠯᠭᠠᠨ ᠤ᠋ ᠳᠡᠷᠭᠡᠳᠡ ᠵᠣᠭᠰᠣᠴᠢᠬᠠᠭᠰᠠᠨ ᠬᠡᠦᠬᠡᠳ ᠦ᠋ᠳ ᠡᠵᠢ ᠶ᠋ᠢ ᠬᠠᠷᠠᠭᠠᠳ ᠢᠨᠢᠶᠡᠯᠳᠦᠨ ᠵᠣᠭᠰᠣᠨ᠎ᠠ ᠃ ᠪᠢ ᠤᠷᠢᠯᠭ᠎ᠠ ᠦᠭᠡᠢ ᠵᠣᠴᠢᠨ ᠠ᠋ᠴᠠ ᠲᠦᠪᠡᠭᠰᠢᠶᠡᠵᠦ ᠂ ᠪᠠᠰᠠ ᠠᠭᠤᠷᠰᠠᠨ᠎ᠠ ᠃ ᠲᠠ ᠶᠠᠭᠠᠬᠢᠬᠤ ᠭᠡᠵᠦ ᠢᠷᠡᠵᠦ ᠪᠠᠶ᠋ᠢᠭ᠎ᠠ ᠶᠤᠮ ᠪᠣᠢ ? ᠶᠠᠭᠠᠬᠢᠭᠠᠳ ᠬᠡᠦᠬᠡᠳ ᠦ᠋ᠳ ᠊ᠢ ᠮᠢᠨᠢ ᠠᠶᠤᠯᠭᠠᠭᠠᠳ ᠪᠠᠶ᠋ᠢᠭ᠎ᠠ ᠶᠤᠮ ᠪᠣᠢ ? ᠪᠤᠰᠢᠭᠤᠬᠠᠨ ᠡᠨᠳᠡ ᠡᠴᠡ ᠶᠠᠪᠤᠵᠤ ᠦᠵᠡ! ᠭᠡᠮᠡᠨ ᠬᠠᠰᠬᠢᠷᠬᠤ ᠰᠢᠬᠠᠭᠤ ᠬᠡᠯᠡᠪᠡ ᠃ ᠢᠩᠭᠢᠵᠦ ᠬᠡᠯᠡᠭᠦᠯᠴᠢᠬᠡᠭᠡᠳ ᠡᠵᠢ ᠄ ᠠᠭᠤᠴᠢᠯᠠᠭᠠᠷᠠᠢ! ᠪᠢ ᠠᠶ᠋ᠢᠯ ᠠᠨᠳᠠᠭᠤᠷᠠᠭᠰᠠᠨ ᠪᠣᠯᠤᠯᠲᠠᠢ ᠂ ᠨᠠᠮ᠎ᠠ ᠶ᠋ᠢ ᠦᠨᠡᠬᠡᠷ ᠠᠭᠤᠴᠢᠯᠠᠭᠠᠷᠠᠢ! ᠭᠡᠮᠡᠨ ᠡᠷᠭᠢᠨ ᠠᠯᠬᠤᠬᠤ ᠳ᠋ᠤ᠌ ᠪᠠᠨ ᠥᠷᠥᠭᠡᠰᠦᠨ ᠨᠢᠳᠦᠨ ᠳ᠋ᠦ᠍ ᠪᠡᠨ ᠨᠢᠯᠪᠤᠰᠤ ᠮᠡᠯᠲᠡᠭᠡᠨᠡᠭᠦᠯᠵᠦ ᠪᠠᠶ᠋ᠢᠬᠰᠠᠨ ᠶᠤᠮ ᠃ ᠡᠵᠢ ᠰᠡᠭᠦᠯ ᠦ᠋ᠨ ᠬᠡᠳᠦᠨ ᠵᠢᠯ ᠥᠲᠡᠯᠵᠦ ᠬᠥᠭᠰᠢᠷᠡᠵᠡᠢ ᠃ ᠥᠷᠥᠭᠡᠰᠦᠨ ᠨᠢᠳᠦ ᠲᠡᠢ ᠳᠡᠭᠡᠷ᠎ᠡ ᠨᠢ ᠨᠢᠷᠤᠭᠤ ᠨᠢ ᠪᠠᠰᠠ ᠪᠥᠭᠲᠥᠶ᠋ᠢᠴᠢᠬᠡᠵᠡᠢ ᠃

ᠡᠭᠦᠨ ᠡᠴᠡ ᠬᠣᠶ᠋ᠢᠰᠢ ᠬᠡᠳᠦᠨ ᠵᠢᠯ ᠦ᠋ᠨ ᠳᠠᠷᠠᠭ᠎ᠠ ᠳᠤᠮᠳᠠᠳᠤ ᠰᠤᠷᠭᠠᠭᠤᠯᠢ ᠶ᠋ᠢᠨ ᠠᠭᠤᠯᠵᠠᠯᠲᠠ ᠪᠣᠯᠵᠤ ᠪᠢ ᠡᠬᠡᠨᠡᠷ ᠲᠦ᠍ ᠪᠡᠨ ᠥᠭᠡᠷ᠎ᠡ ᠬᠣᠲᠠ ᠳ᠋ᠤ᠌ ᠲᠣᠮᠢᠯᠠᠯᠲᠠ ᠪᠠᠷ ᠠᠵᠢᠯᠯᠠᠨ᠎ᠠ ᠭᠡᠵᠦ ᠬᠤᠳᠠᠯ ᠢ᠋ᠶ᠋ᠠᠷ ᠬᠡᠯᠡᠭᠡᠳ ᠲᠥᠷᠥᠭᠰᠡᠨ ᠬᠣᠲᠠ ᠳ᠋ᠤ᠌ ᠪᠠᠨ ᠣᠴᠢᠯ᠎ᠠ ᠃ ᠠᠭᠤᠯᠵᠠᠯᠲᠠ ᠶ᠋ᠢᠨ ᠳᠠᠷᠠᠭ᠎ᠠ ᠰᠣᠨᠢᠭᠤᠴᠢ ᠵᠠᠩ ᠬᠥᠳᠡᠯᠵᠦ ᠂ ᠬᠠᠭᠤᠴᠢᠨ ᠮᠠᠭᠤ ᠭᠡᠷ ᠲᠦ᠍ ᠪᠡᠨ ᠣᠴᠢᠪᠠ ᠃ ᠬᠥᠷᠰᠢ ᠮᠠᠨᠢ ᠡᠵᠢ ᠶ᠋ᠢ ᠨᠠᠰᠤ ᠪᠠᠷᠠᠭᠰᠠᠨ ᠭᠡᠵᠦ ᠨᠠᠳᠠ ᠳ᠋ᠤ᠌ ᠳᠣᠭᠣᠯᠭᠠᠭᠰᠠᠨ ᠃ ᠪᠢ ᠡᠭᠦᠨ ᠊ᠢ ᠰᠣᠨᠣᠰᠤᠭᠠᠳ ᠭᠠᠭᠴᠠ ᠴᠤ᠌ ᠳᠤᠰᠤᠯ ᠨᠢᠯᠪᠤᠰᠤ ᠤᠨᠠᠭᠠᠭ᠎ᠠ ᠦᠭᠡᠢ ᠃ ᠬᠠᠷᠢᠨ ᠡᠵᠢ ᠶ᠋ᠢᠨ ᠨᠠᠳᠠ ᠳ᠋ᠤ᠌ ᠪᠢᠴᠢᠭᠰᠡᠨ ᠵᠠᠬᠢᠳᠠᠯ ᠊ᠢ ᠬᠥᠷᠰᠢ ᠡᠴᠡ ᠠᠪᠴᠤ ᠤᠩᠰᠢᠬᠤ ᠳ᠋ᠤ᠌ ᠪᠠᠨ ᠪᠠᠶ᠋ᠢᠵᠤ ᠪᠣᠯᠤᠮ᠎ᠠ ᠦᠭᠡᠢ ᠠᠯᠳᠠᠭ᠎ᠠ ᠬᠢᠭᠰᠡᠨ ᠢ᠋ᠶ᠋ᠡᠨ ᠤᠬᠠᠭᠠᠷᠠᠭᠰᠠᠨ ᠶᠤᠮ ᠃ ᠲᠡᠷᠡ ᠵᠠᠬᠢᠶ᠎ᠠ ᠳ᠋ᠤ᠌ ᠄ ᠬᠠᠶ᠋ᠢᠷᠠᠲᠤ ᠬᠦᠦ ᠮᠢᠨᠢ! ᠪᠢ ᠴᠢᠮ᠎ᠠ ᠶ᠋ᠢ ᠪᠡᠨ ᠪᠣᠳᠣᠭ᠎ᠠ ᠦᠭᠡᠢ ᠡᠳᠦᠷ ᠂ ᠵᠡᠭᠦᠳᠦᠯᠡᠭᠡ ᠦᠭᠡᠢ ᠰᠥᠨᠢ ᠭᠡᠵᠦ ᠪᠠᠶ᠋ᠢᠭ᠎ᠠ ᠦᠭᠡᠢ ᠂ ᠭᠡᠷ ᠲᠦ᠍ ᠴᠢᠨᠢ ᠣᠴᠢᠵᠤ ᠬᠡᠦᠬᠡᠳ ᠦ᠋ᠳ ᠊ᠢ ᠴᠢᠨᠢ ᠠᠶᠤᠯᠭᠠᠭᠰᠠᠨ ᠳ᠋ᠤ᠌ ᠪᠠᠨ ᠮᠠᠰᠢ ᠶᠡᠬᠡ ᠬᠠᠷᠠᠮᠰᠠᠵᠤ ᠪᠠᠶ᠋ᠢᠨ᠎ᠠ ᠃ ᠣᠯᠠᠨ ᠵᠢᠯ ᠦ᠋ᠨ ᠳᠠᠷᠠᠭ᠎ᠠ ᠬᠦᠦ ᠪᠡᠨ ᠬᠠᠷᠠᠬᠤ ᠳ᠋ᠤ᠌ ᠰᠠᠢᠬᠠᠨ ᠪᠠᠶ᠋ᠢᠬᠰᠠᠨ ᠴᠤ᠌ ᠬᠠᠷᠠᠮᠰᠠᠯᠲᠠᠢ ᠨᠢ ᠥᠷᠥᠭᠡᠰᠦᠨ ᠭᠠᠭᠴᠠ ᠨᠢᠳᠦᠨ ᠦ᠌ ᠮᠢᠨᠢ ᠬᠠᠷᠠᠭ᠎ᠠ ᠶᠡᠬᠡ ᠮᠠᠭᠤᠳᠠᠭᠰᠠᠨ ᠪᠣᠯᠬᠣᠷ ᠴᠢᠮ᠎ᠠ ᠪᠠᠨ ᠬᠡᠷᠬᠢᠨ ᠥᠭᠡᠷᠡᠴᠢᠯᠡᠭᠲᠡᠭᠰᠡᠨ ᠊ᠢ ᠬᠠᠷᠠᠵᠤ ᠴᠢᠳᠠᠭ᠎ᠠ ᠦᠭᠡᠢ ᠃ ᠬᠦᠦ ᠮᠢᠨᠢ ᠂ ᠴᠢ ᠵᠢᠵᠢᠭᠬᠡᠨ ᠪᠠᠶ᠋ᠢᠬᠤ ᠳ᠋ᠤ᠌ ᠪᠠᠨ ᠣᠰᠣᠯᠳᠠᠵᠤ ᠥᠷᠥᠭᠡᠰᠦᠨ ᠨᠢᠳᠦ ᠪᠡᠨ ᠠᠯᠳᠠᠭᠰᠠᠨ ᠃ ᠡᠵᠢ ᠨᠢ ᠬᠦᠦ ᠪᠡᠨ ᠥᠷᠥᠭᠡᠰᠦᠨ ᠨᠢᠳᠦ ᠲᠡᠢ ᠡᠨᠡ ᠣᠷᠴᠢᠯᠠᠩ ᠊ᠢ ᠲᠤᠭᠤᠯᠬᠤ ᠶ᠋ᠢ ᠲᠡᠪᠴᠢᠵᠦ ᠴᠢᠳᠠᠭ᠎ᠠ ᠦᠭᠡᠢ ᠤᠴᠢᠷ ᠠ᠋ᠴᠠ ᠥᠪᠡᠷ ᠦ᠋ᠨ ᠢ᠋ᠶ᠋ᠡᠨ ᠨᠢᠳᠦ ᠶ᠋ᠢ ᠦᠭᠭᠦᠭᠰᠡᠨ ᠶᠦ᠍ᠮ ᠃ ᠬᠠᠶ᠋ᠢᠷᠠᠲᠤ ᠬᠦᠦ ᠮᠢᠨᠢ ᠂ ᠴᠢ ᠬᠣᠷᠸ᠋᠎ᠠ ᠶᠢᠷᠲᠢᠨᠴᠦ ᠶ᠋ᠢ ᠡᠵᠢ ᠶ᠋ᠢᠨ ᠢ᠋ᠶ᠋ᠡᠨ ᠨᠢᠳᠦ ᠪᠡᠷ ᠬᠠᠷᠠᠵᠤ ᠂ ᠡᠵᠢ ᠨᠢ ᠬᠦᠦ ᠳ᠋ᠦ᠍ ᠪᠡᠨ ᠶᠠᠮᠠᠷ ᠬᠠᠶ᠋ᠢᠷᠠᠲᠠᠢ ᠪᠠᠶ᠋ᠢᠬᠰᠠᠨ ᠊ᠢ ᠰᠠᠨᠠᠵᠤ ᠶᠠᠪᠤᠭᠠᠷᠠᠢ! ᠴᠢᠨᠦ ᠡᠵᠢ ᠭᠡᠰᠡᠨ ᠪᠠᠶ᠋ᠢᠯ᠎ᠠ ᠃ ᠡᠨᠡ ᠵᠠᠬᠢᠳᠠᠯ ᠊ᠢ ᠤᠩᠰᠢᠭᠠᠳ ᠪᠢ ᠬᠡᠵᠢᠶ᠎ᠡ ᠴᠦ᠍ ᠤᠬᠢᠯᠠᠵᠤ ᠪᠠᠶ᠋ᠢᠭ᠎ᠠ ᠦᠭᠡᠢ ᠪᠡᠷ ᠢ᠋ᠶ᠋ᠡᠨ ᠤᠬᠢᠯᠠᠭᠰᠠᠨ ᠃ ᠲᠡᠶ᠋ᠢᠮᠦ ᠡᠴᠡ —

ᠡᠨᠡ ᠨᠢᠯᠪᠤᠰᠤ ᠡᠵᠢ ᠶ᠋ᠢᠨ ᠮᠢᠨᠢ ᠨᠠᠳᠠ ᠳ᠋ᠤ᠌ ᠭᠣᠮᠣᠳᠠᠭᠰᠠᠨ ᠭᠣᠮᠣᠳᠠᠯ ᠤ᠋ᠨ ᠨᠢᠯᠪᠤᠰᠤ ᠪᠠᠶ᠋ᠢᠬᠰᠠᠨ ᠭᠡᠳᠡᠭ ᠲᠦ᠍ ᠪᠢ ᠢᠲᠡᠭᠡᠳᠡᠭ᠃

ᠨᠡᠭᠦᠳᠡᠯ ᠦ᠋ᠨ ᠰᠢᠪᠠᠭᠤᠳ ᠤ᠋ᠨ ᠬᠣᠶ᠋ᠢᠨ᠎ᠠ ᠠ᠋ᠴᠠ ᠭᠤᠨᠢᠬᠤ ᠬᠥᠮᠦᠨ ᠣᠯᠠᠨ ᠴᠤ᠌

ᠨᠢᠳᠦᠨ ᠡᠴᠡ ᠳᠠᠯᠳᠠ ᠭᠠᠭᠴᠠᠬᠠᠨ ᠡᠵᠢ ᠮᠢᠨᠢ ᠯᠡ ᠨᠠᠮ᠎ᠠ ᠶ᠋ᠢ ᠪᠣᠳᠣᠨ᠎ᠠ ᠃

ᠡᠨᠡ ᠣᠷᠴᠢᠯᠠᠩ ᠢ᠋ᠶ᠋ᠠᠷ ᠳᠦᠭᠦᠷᠡᠩ ᠡᠵᠢ ᠠ᠋ ᠭᠡᠵᠦ ᠬᠠᠰᠬᠢᠷᠪᠠᠯ

ᠡᠵᠢ ᠮᠢᠨᠢ ᠯᠡ ᠭᠠᠭᠴᠠᠭᠠᠷ ᠮᠢᠨᠦ ᠳᠠᠭᠤ ᠶ᠋ᠢ ᠲᠠᠨᠢᠨ᠎ᠠ ᠪᠠᠶ᠋ᠢᠬᠤ ᠳᠠ !

 

   ᠦᠰᠦᠭ ᠬᠠᠲᠠᠭᠰᠠᠨ ᠨᠢ ᠄ᠮᠥᠩᠭᠦᠨᠴᠡᠴᠡᠭ

   ᠦᠰᠦᠭ ᠠᠮᠢᠯᠠᠭᠤᠯᠤᠭᠰᠠᠨ ᠨᠢ ᠄ᠮᠥᠩᠭᠦᠨᠴᠡᠴᠡᠭ

   ᠬᠢᠨᠠᠭᠴᠢ ᠪᠠᠭᠰᠢ ᠄ᠮᠥᠴᠢᠷ