1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠩᠭᠡᠷᠢᠨᠴᠢᠨСэнгэринчен

ᠰᠡᠩᠭᠡᠷᠢᠨᠴᠢᠨСэнгэринчен

ᠠᠩᠭᠢᠯᠠᠯ:ᠴᠤᠤᠲᠤ ᠬᠥᠮᠥᠰ
2023-12-30

4105

ᠰᠡᠩᠭᠡᠷᠢᠨᠴᠢᠨ ᠊ᠤ ᠲᠡᠤᠬᠡ ᠵᠢ ᠣᠩᠰᠢᠬᠤ᠃

ᠰᠡᠩᠭᠡᠷᠢᠨᠴᠢᠨ ᠊ᠤ ᠢᠷᠠᠭᠤ ᠠᠯᠳᠠᠷ  ᠡᠭᠦᠷᠢᠲᠡ ᠳᠤᠷᠠᠰᠴᠤ ᠶᠠᠪᠤᠶ᠎ᠠ

    ᠰᠡᠩᠭᠡ ᠨᠢ ᠲᠥᠪᠡᠳ ᠢ᠋ᠶ᠋ᠡᠷ 《ᠠᠷᠰᠯᠠᠨ》᠂ ᠷᠢᠨᠴᠢᠨ ᠨᠢ ᠲᠥᠪᠡᠳ ᠢ᠋ᠶ᠋ᠡᠷ 《ᠡᠷᠳᠡᠨᠢ》ᠭᠡᠰᠡᠨ ᠤᠳᠬ᠎ᠠ ᠲᠠᠢ᠃ ᠥᠪᠥᠷ ᠮᠣᠩᠭᠣᠯ ᠤ᠋ᠨ ᠬᠣᠷᠴᠢᠨ ᠵᠡᠭᠦᠨ ᠬᠣᠢᠲᠤ ᠬᠤᠰᠢᠭᠤᠨ ᠤ᠋ ᠬᠥᠮᠦᠨ᠃ ᠪᠣᠷᠵᠢᠭᠢᠨ ᠨᠢ ᠮᠣᠩᠭᠣᠯ ᠤᠭᠰᠠᠭᠠᠨ ᠢ᠋ᠶ᠋ᠠᠷ ᠴᠢᠩᠭᠢᠰ ᠬᠠᠭᠠᠨ ᠤ᠋ ᠳᠡᠭᠦᠦ ᠬᠠᠰᠠᠷ ᠤ᠋ᠨ ᠤᠳᠤᠮ ᠤ᠋ᠨ 26 ᠳ᠋ᠤᠭᠠᠷ ᠦᠶ᠎ᠡ ᠶ᠋ᠢᠨ ᠬᠥᠮᠦᠨ ᠶᠤᠮ᠃
    ᠮᠣᠩᠭᠣᠯ ᠢ᠋ᠶ᠋ᠠᠷ ᠰᠡᠩᠭᠡᠷᠢᠨᠴᠢᠨ᠂ ᠰᠡᠩᠭᠡᠷᠢᠨᠼᠡᠨ᠂ ᠰᠡᠩᠬᠡᠷᠡᠩᠴᠠᠨ᠂ ᠮᠠᠨᠵᠤ ᠪᠠᠷ ᠰᡝᠩᡤᡝᡵᡳᠨᠴᡳ ᠂ ᠮᠠᠨᠵᠤ ᠴᠢᠩ ᠦ᠋ᠨ ᠴᠡᠷᠢᠭ ᠦ᠋ᠨ ᠨᠣᠶᠠᠨ᠃ 1811 ᠣᠨ ᠤ᠋ 4 ᠳ᠋ᠦ᠍ᠭᠡᠷ ᠰᠠᠷ᠎ᠠ ᠶ᠋ᠢᠨ 24 ᠳ᠋ᠦ᠍ ᠲᠥᠷᠥᠵᠦ᠂ 1865 ᠣᠨ ᠤ᠋ 5 ᠳ᠋ᠤᠭᠠᠷ ᠰᠠᠷ᠎ᠠ ᠶ᠋ᠢᠨ 18 ᠳ᠋ᠤ᠌ ᠨᠠᠰᠤ ᠪᠠᠷᠠᠵᠠᠢ᠃