ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 2 > Ертөнцийн гурав – Ш᠂ Буянтогтох эмхиохэн найруулав < Оршлын оронд – 2 > ᠶᠢᠷᠲᠢᠨᠴᠦ ᠶ᠋ᠢᠨ ᠭᠤᠷᠪᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 2 > Ертөнцийн гурав – Ш᠂ Буянтогтох эмхиохэн найруулав < Оршлын оронд – 2 >

ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 2 > Ертөнцийн гурав – Ш᠂ Буянтогтох эмхиохэн найруулав < Оршлын оронд – 2 >

2023-04-27

455

ᠣᠷᠣᠰᠢᠯ ᠤᠨ ᠣᠷᠣᠨ ᠳᠤ – 2


                                    《 ᠶᠢᠷᠲᠢᠨᠴᠦ ᠶ᠋ᠢᠨ ᠭᠤᠷᠪᠠ 》 ᠶ᠋ᠢᠨ ᠲᠤᠬᠠᠢ                                                                                                                        — ᠣᠷᠣᠰᠢᠯ ᠤ᠋ᠨ ᠣᠷᠣᠨ ᠳ᠋ᠤ᠌              
         
             ᠬᠣᠶᠠᠷ ᠂ 《 ᠶᠢᠷᠲᠢᠨᠴᠦ ᠶ᠋ᠢᠨ ᠭᠤᠷᠪᠠ 》 ᠶ᠋ᠢ ᠡᠮᠬᠢᠳᠬᠡᠨ ᠰᠤᠳᠤᠯᠤᠭᠰᠠᠨ ᠲᠤᠬᠠᠢ         

      《 ᠶᠢᠷᠲᠢᠨᠴᠦ ᠶ᠋ᠢᠨ ᠭᠤᠷᠪᠠ 》 ᠨᠢ ᠮᠠᠨ ᠤ᠋ ᠮᠣᠩᠭᠣᠯ ᠦᠨᠳᠦᠰᠦᠲᠡᠨ ᠦ᠌ ᠳᠠᠯᠠᠢ ᠪᠠᠶᠠᠯᠢᠭ ᠠᠷᠠᠳ ᠤ᠋ᠨ ᠠᠮᠠᠨ ᠵᠣᠬᠢᠶᠠᠯ ᠤᠨ ᠳᠣᠲᠣᠷᠠᠬᠢ ᠬᠣᠪᠣᠷ ᠨᠠᠨᠳᠢᠨ ᠨᠢᠭᠡ ᠲᠥᠷᠥᠯ ᠦ᠋ᠨ ᠵᠣᠬᠢᠶᠠᠯ ᠮᠥᠨ ᠃ ᠡᠨᠡ ᠨᠢ ᠮᠠᠨ ᠤ᠋ ᠦᠨᠳᠦᠰᠦᠲᠡᠨ ᠦ᠌ ᠠᠷᠠᠳ ᠲᠦᠮᠡᠨ ᠦ᠌ ᠬᠡᠯᠡᠨ ᠦ᠌ ᠪᠠᠶᠠᠯᠢᠭ ᠤᠷᠠᠯᠢᠭ ᠤ᠋ᠨ ᠴᠢᠳᠠᠪᠤᠷᠢ ᠪᠠ ᠰᠡᠳᠬᠢᠬᠦᠢ ᠶ᠋ᠢᠨ ᠯᠤᠲᠤ ᠶᠡᠬᠡ ᠪᠡᠷ ᠬᠥᠭᠵᠢᠭᠰᠡᠨ ᠭᠡᠳᠡᠭ ᠊ᠢ ᠪᠣᠳᠠᠲᠠᠢ ᠬᠠᠷᠠᠭᠤᠯᠵᠤ ᠪᠠᠶ᠋ᠢᠨ᠎ᠠ ᠃   
      《 ᠶᠢᠷᠲᠢᠨᠴᠦ ᠶ᠋ᠢᠨ ᠭᠤᠷᠪᠠ 》 ᠶ᠋ᠢ ᠲᠡᠭᠦᠨ ᠦ᠌ ᠵᠣᠬᠢᠶᠠᠨ ᠪᠦᠲᠦᠭᠡᠭᠰᠡᠨ ᠮᠣᠩᠭᠣᠯᠴᠤᠳ ᠡᠮᠬᠢᠳᠬᠡᠨ ᠰᠤᠳᠤᠯᠤᠭᠰᠠᠨ ᠢ᠋ᠶ᠋ᠠᠷ ᠦᠯᠦ ᠪᠠᠷᠠᠮ ᠬᠠᠷᠢ ᠦᠨᠳᠦᠰᠦᠲᠡᠨ ᠪᠠ ᠭᠠᠳᠠᠭᠠᠳᠤ ᠶ᠋ᠢᠨ ᠮᠣᠩᠭᠣᠯᠴᠢ ᠡᠷᠳᠡᠮᠲᠡᠨ ᠨᠠᠷ ᠪᠠᠰᠠ ᠶᠡᠬᠡ ᠬᠡᠮᠵᠢᠶ᠎ᠡ ᠪᠡᠷ ᠡᠮᠬᠢᠳᠬᠡᠨ ᠰᠤᠳᠤᠯᠤᠭᠰᠠᠨ ᠪᠠᠶ᠋ᠢᠨ᠎ᠠ ᠃ ᠡᠨᠡᠬᠦ 《 ᠶᠢᠷᠲᠢᠨᠴᠦ ᠶ᠋ᠢᠨ ᠭᠤᠷᠪᠠ 》 ᠶ᠋ᠢᠨ ᠰᠤᠳᠤᠯᠭᠠᠨ ᠤ᠋ ᠲᠠᠯ᠎ᠠ ᠪᠠᠷ ᠮᠠᠨ ᠤ᠋ ᠤᠯᠤᠰ ᠤ᠋ᠨ ᠳᠣᠲᠣᠭᠠᠳᠤ ᠳ᠋ᠤ᠌ ᠠᠪᠴᠤ ᠦᠵᠡᠪᠡᠯ ( ᠭᠣᠣᠯ ᠨᠢ ᠥᠪᠥᠷ ᠮᠣᠩᠭᠣᠯ  ) ᠡᠨᠡ ᠲᠠᠯ᠎ᠠ ᠪᠠᠷ ᠪᠤᠰᠤᠳ ᠠ᠋ᠴᠠ ᠨᠡᠯᠢᠶᠡᠳ ᠬᠣᠵᠢᠭᠳᠠᠵᠤ ᠪᠠᠶ᠋ᠢᠨ᠎ᠠ ᠃ ᠡᠨᠡ ᠨᠢ ᠮᠠᠨᠤᠰ ᠤ᠋ᠨ ᠠᠷᠪᠠᠭᠠᠳ ᠵᠢᠯ ᠦ᠋ᠨ ᠲᠤᠷᠰᠢ 《 ᠬᠤᠪᠢᠰᠬᠠᠯ 》 ᠂ 《 ᠬᠥᠳᠡᠯᠭᠡᠭᠡᠨ 》 ᠭᠡᠳ ᠥᠭᠡᠷ᠎ᠡ ᠶᠠᠭᠤ ᠪᠦᠬᠦᠨ ᠊ᠢ ᠬᠠᠶᠠᠭᠠᠨ ᠳ᠋ᠤᠨᠢ ᠬᠠᠶᠠᠵᠤ ᠪᠠᠶ᠋ᠢᠬᠤ ᠳ᠋ᠤ᠌ ᠵᠥᠪᠯᠡᠯᠲᠦ ᠂ ᠹᠷᠠᠨᠼᠢ  ᠂ ᠪᠦᠭᠦᠳᠡ ᠨᠠᠶ᠋ᠢᠷᠠᠮᠲᠠᠬᠤ ᠮᠣᠩᠭᠣᠯ ᠠᠷᠠᠳ ᠤᠯᠤᠰ ᠵᠡᠷᠭᠡ ᠶ᠋ᠢᠨ ᠤᠯᠤᠰ ᠤ᠋ᠨ ᠰᠤᠳᠤᠯᠤᠭᠴᠢᠳ ᠡᠨᠡᠬᠦ ᠠᠵᠢᠯ ᠊ᠢ ᠨᠡᠯᠢᠶᠡᠳ ᠡᠷᠲᠡᠨ ᠡᠴᠡ ᠡᠬᠢᠯᠡᠭᠰᠡᠨ ᠪᠥᠭᠡᠳ ᠳᠠᠪᠠᠭᠤ ᠠᠮᠵᠢᠯᠲᠠ ᠣᠯᠤᠭᠠᠳ ᠪᠠᠶ᠋ᠢᠯ᠎ᠠ ᠃ ᠳᠣᠷᠣᠭᠰᠢᠳᠠ ᠤᠯᠤᠰ ᠤ᠋ᠨ ᠳᠣᠲᠣᠭᠠᠳᠤ ᠭᠠᠳᠠᠭᠠᠳᠤ ᠶ᠋ᠢᠨ ᠡᠷᠳᠡᠮᠲᠡᠳ ᠦ᠋ᠨ 《 ᠶᠢᠷᠲᠢᠨᠴᠦ ᠶ᠋ᠢᠨ ᠭᠤᠷᠪᠠ 》 ᠶ᠋ᠢ ᠡᠮᠬᠢᠳᠬᠡᠨ ᠰᠤᠳᠤᠯᠤᠭᠰᠠᠨ ᠪᠠᠶ᠋ᠢᠲᠠᠯ ᠊ᠢ ᠳᠤᠶ᠋ᠢᠮᠤᠴᠢᠯᠡᠨ ᠶᠠᠷᠢᠶ᠎ᠠ ᠃  

                1. ᠮᠣᠩᠭᠣᠯ ᠠᠷᠠᠳ ᠤᠯᠤᠰ ᠤ᠋ᠨ ᠡᠮᠬᠢᠳᠬᠡᠨ ᠰᠤᠳᠤᠯᠤᠭᠰᠠᠨ ᠲᠣᠢᠮᠤ      
      ᠮᠣᠩᠭᠣᠯ ᠤᠷᠠᠨ ᠵᠣᠬᠢᠶᠠᠯ ᠂ ᠠᠷᠠᠳ ᠤ᠋ᠨ ᠠᠮᠠᠨ ᠵᠣᠬᠢᠶᠠᠯ ᠰᠤᠳᠤᠯᠤᠭᠴᠢ ᠪ · ᠰᠣᠳᠨᠠᠮ ᠂ ᠨ · ᠳᠠᠮᠪᠠᠰᠥ᠋ᠷᠤᠩ ᠨᠠᠷ ᠡᠮᠬᠢᠳᠬᠡᠯ ᠥᠭᠦᠯᠡᠯ ᠨᠡᠶ᠋ᠢᠲᠡᠯᠡᠭᠦᠯᠬᠦ ᠳ᠋ᠡᠭᠡᠨ 《 ᠶᠢᠷᠲᠢᠨᠴᠦ ᠶ᠋ᠢᠨ ᠭᠤᠷᠪᠠ 》 ᠶ᠋ᠢ ᠵᠦᠢᠷ ᠰᠡᠴᠡᠨ ᠦᠭᠡᠨ ᠳ᠋ᠦ᠍ ᠬᠠᠮᠢᠶᠠᠷᠤᠭᠤᠯᠤᠭᠰᠠᠨ ᠪᠠᠶ᠋ᠢᠬᠤ ᠳ᠋ᠤ᠌ ᠂  ᠽ · ᠥᠯᠵᠡᠶ᠋ᠢᠬᠣᠲᠣᠭ ᠂ ᠫ · ᠬᠣᠷᠯᠣ ᠵᠡᠷᠭᠡ ᠶ᠋ᠢᠨ ᠰᠤᠳᠤᠯᠤᠭᠴᠢᠳ 《 ᠶᠢᠷᠲᠢᠨᠴᠦ ᠶ᠋ᠢᠨ ᠭᠤᠷᠪᠠ 》 ᠶ᠋ᠢ ᠦᠨᠳᠦᠰᠦᠨ ᠰᠢᠨᠵᠢ ᠪᠡᠷ ᠨᠢ ᠣᠨᠢᠰᠣᠭ᠎ᠠ ᠳᠠᠭᠠᠪᠤᠷᠢ ᠶ᠋ᠢᠨ ᠣᠨᠴᠣᠭᠣᠢ ᠬᠡᠯᠪᠡᠷᠢ ᠭᠡᠵᠦ ᠦᠵᠡᠵᠡᠢ᠃ ᠪᠠᠰᠠ ᠬᠠ‍ · ᠰᠠᠮᠫᠢᠯᠲᠠᠨᠲᠠᠪ ᠂ ᠯ · ᠲᠦᠳᠦᠪ ᠂ ᠵᠤᠤᠶᠠ ᠂ ᠶ · ᠪᠠᠭᠠᠲᠤᠷᠰᠥ᠋ᠬᠡ ᠂ ᠭᠣᠩᠭᠣᠷᠵᠠᠪ ᠨᠠᠷ ᠡᠭᠦᠨ ᠊ᠢ ᠪᠡᠶ᠎ᠡ ᠪᠡᠨ ᠳᠠᠭᠠᠭᠠᠭᠰᠠᠨ ᠣᠬᠣᠷ ᠬᠡᠯᠪᠡᠷᠢ ᠶ᠋ᠢᠨ ᠠᠮᠠᠨ ᠵᠣᠬᠢᠶᠠᠯ ᠭᠡᠵᠦ ᠦᠵᠡᠭᠰᠡᠨ ᠪᠠᠶ᠋ᠢᠨ᠎ᠠ ᠃   
      ᠪ · ᠰᠣᠳᠨᠠᠮ ᠠ᠋ᠴᠠ 《 ᠶᠢᠷᠲᠢᠨᠴᠦ ᠶ᠋ᠢᠨ ᠭᠤᠷᠪᠠ 》 ᠶ᠋ᠢ ᠰᠤᠳᠤᠯᠵᠤ ᠡᠮᠬᠢᠳᠬᠡᠬᠦ ᠠᠵᠢᠯ ᠊ᠢ ᠮᠠᠰᠢ ᠡᠷᠴᠢᠮᠲᠡᠢ ᠬᠢᠭᠰᠡᠨ ᠪᠠᠶ᠋ᠢᠨ᠎ᠠ ᠃ ᠲᠡᠷᠡ ᠬᠡᠲᠦᠶ᠋ᠢᠪᠡᠷ ᠰᠡᠴᠡᠨ ᠦᠭᠡ ᠪᠤᠶᠤ ᠰᠤᠷᠭᠠᠯ ᠦᠭᠡ ᠶ᠋ᠢᠨ ᠴᠢᠨᠠᠷ ᠲᠠᠢ ᠭᠡᠵᠦ ᠦᠵᠡᠭᠰᠡᠨ ᠪᠣᠯᠪᠠᠴᠤ ᠡᠭᠦᠨ ᠦ᠌ ᠲᠤᠬᠠᠢ ᠲᠤᠰᠬᠠᠢ ᠥᠭᠦᠯᠡᠯ ᠵᠣᠬᠢᠶᠠᠯ ᠪᠢᠴᠢᠵᠦ ᠦᠨᠡᠲᠦ ᠰᠠᠨᠠᠯ ᠢ᠋ᠶ᠋ᠠᠨ ᠳᠤᠷᠠᠳᠤᠭᠰᠠᠨ ᠪᠥᠭᠡᠳ ᠤᠳᠠᠭ᠎ᠠ ᠳᠠᠷᠠᠭ᠎ᠠ ᠶ᠋ᠢᠨ ᠬᠡᠪᠯᠡᠭᠦᠯᠦᠭᠰᠡᠨ ᠠᠮᠠᠨ ᠵᠣᠬᠢᠶᠠᠯ ᠤ᠋ᠨ ᠲᠡᠭᠦᠪᠦᠷᠢ ᠂ ᠢᠯᠠᠩᠭᠤᠶ᠎ᠠ ᠵᠦᠢᠷ ᠦᠭᠡ ᠶ᠋ᠢᠨ ᠲᠡᠭᠦᠪᠦᠷᠢ ᠨᠤᠭᠦᠳ ᠲᠡᠭᠡᠨ 《 ᠶᠢᠷᠲᠢᠨᠴᠦ ᠶ᠋ᠢᠨ ᠭᠤᠷᠪᠠ 》 ᠠ᠋ᠴᠠ ᠨᠡᠯᠢᠶᠡᠳ ᠊ᠢ ᠲᠡᠭᠦᠪᠦᠷᠢᠯᠡᠨ ᠣᠷᠣᠭᠤᠯᠤᠭᠰᠠᠨ ᠪᠠᠶ᠋ᠢᠨ᠎ᠠ ᠃  
      1935  ᠣᠨ ᠳ᠋ᠤ᠌ 《 ᠮᠣᠩᠭᠣᠯ ᠬᠡᠯᠡ ᠪᠢᠴᠢᠭ ᠊ᠢ ᠰᠠᠶ᠋ᠢᠵᠢᠷᠠᠭᠤᠯᠬᠤ ᠪᠣᠳᠣᠯᠭ᠎ᠠ ᠶ᠋ᠢᠨ ᠥᠭᠦᠯᠡᠯ 》 ᠭᠡᠳᠡᠭ ᠰᠡᠳᠬᠦᠯ ᠦ᠋ᠨ ᠶᠢᠰᠦᠳᠦᠭᠡᠷ ᠳᠡᠪᠲᠡᠷ ᠲᠦ᠍  ᠪ · ᠰᠣᠳᠨᠠᠮ ᠤ᠋ᠨ ᠬᠡᠪᠯᠡᠭᠦᠯᠦᠭᠰᠡᠨ 773 ᠵᠦᠢᠷ ᠦᠭᠡ ᠶ᠋ᠢᠨ ᠳᠣᠲᠣᠷ᠎ᠠ ᠭᠤᠷᠪᠠᠨ ᠬᠣᠯᠠ ᠂ ᠭᠤᠷᠪᠠᠨ  ᠰᠠᠢᠬᠠᠨ ᠂ ᠭᠤᠷᠪᠠᠨ ᠡᠷᠳᠡᠮ ᠂ ᠭᠤᠷᠪᠠᠨ ᠡᠷᠭᠢᠭᠦᠦ ᠂ ᠭᠤᠷᠪᠠᠨ ᠵᠥᠪ ᠂ ᠭᠤᠷᠪᠠᠨ ᠶᠠᠩᠰᠢᠶ᠎ᠠ ᠂ ᠭᠤᠷᠪᠠᠨ ᠶᠡᠬᠡ ᠂ ᠭᠤᠷᠪᠠᠨ  ᠰᠠᠢᠨ ᠂ ᠭᠤᠷᠪᠠᠨ ᠰᠢᠪᠰᠢᠭ ᠂ ᠭᠤᠷᠪᠠᠨ ᠬᠠᠷᠰᠢ ᠵᠡᠷᠭᠡ ᠬᠣᠷᠢ ᠰᠢᠬᠠᠮ 《 ᠶᠢᠷᠲᠢᠨᠴᠦ ᠶ᠋ᠢᠨ ᠭᠤᠷᠪᠠ 》 ᠣᠷᠣᠭᠰᠠᠨ ᠪᠢᠯᠡ ᠃ ᠲᠡᠭᠡᠬᠦ ᠳ᠋ᠡᠭᠡᠨ ᠶᠢᠷᠲᠢᠨᠴᠦ ᠶ᠋ᠢᠨ ᠭᠤᠷᠪᠠᠨ ᠶᠠᠩᠰᠢᠶ᠎ᠠ ᠂ ᠶᠢᠷᠲᠢᠨᠴᠦ ᠶ᠋ᠢᠨ ᠭᠤᠷᠪᠠᠨ  ᠰᠠᠢᠬᠠᠨ ᠂ ᠶᠢᠷᠲᠢᠨᠴᠦ ᠶ᠋ᠢᠨ ᠭᠤᠷᠪᠠᠨ ᠤᠯᠠᠭᠠᠨ ᠵᠡᠷᠭᠡ ᠨᠢ ᠶᠠᠭ ᠤᠭ ᠬᠡᠪ ᠢ᠋ᠶ᠋ᠡᠷ ᠢ᠋ᠶ᠋ᠡᠨ ᠣᠷᠣᠵᠠᠢ ᠃ ᠪᠤᠰᠤᠳ ᠶᠢᠷᠲᠢᠨᠴᠦ ᠶ᠋ᠢᠨ ᠭᠤᠷᠪᠠ ᠨᠤᠭᠤᠳ ᠊ᠢ ᠨᠡᠯᠢᠶᠡᠳ ᠰᠤᠨᠵᠤᠷᠠᠭᠰᠠᠨ ᠰᠢᠨᠵᠢᠲᠡᠢ ᠪᠠᠶ᠋ᠢᠨ᠎ᠠ ᠃   ᠲᠡᠭᠦᠨ ᠡᠴᠡ ᠭᠠᠳᠠᠨ᠎ᠠ ᠡᠮᠬᠢᠳᠬᠡᠭᠴᠢ ᠤᠭ ᠵᠤᠶ᠋ᠢᠷ ᠦᠭᠡ ‍ᠶ᠋ᠢᠨ ᠢ᠋ᠶ᠋ᠡᠨ ᠣᠷᠣᠰᠢᠯ ‍ᠳᠤ ᠮᠣᠩᠭᠣᠯ ᠠᠷᠠᠳ ᠤ᠋ᠨ ᠪᠣᠭᠣᠨᠢ ᠬᠡᠯᠪᠡᠷᠢ ‍ᠶ᠋ᠢᠨ ᠠᠮᠠᠨ ᠵᠣᠬᠢᠶᠠᠯ ᠤ᠋ᠨ ᠪᠠᠶ᠋ᠢᠭᠤᠯᠤᠮᠵᠢ ‍ᠶ᠋ᠢᠨ ᠲᠠᠯ᠎ᠠ ᠪᠠᠷ ᠦᠨᠡᠲᠡᠢ ᠰᠠᠨᠠᠯ ᠢ᠋ ᠳᠤᠷᠠᠳᠴᠠᠢ ᠃ 
      1956 ᠣᠨ ‍ᠳᠤ ᠂  ᠪ · ᠰᠣᠳᠨᠠᠮ 《 ᠮᠠᠯ ᠠᠵᠤ ᠠᠬᠤᠢ ᠲᠠᠢ ᠬᠣᠯᠪᠣᠭᠳᠠᠭᠰᠠᠨ ᠠᠷᠠᠳ ᠤ᠋ᠨ ᠠᠮᠠᠨ ᠵᠣᠬᠢᠶᠠᠯ 》 ᠭᠡᠳᠡᠭ ᠨᠣᠮ ᠢ᠋ ᠬᠡᠪᠯᠡᠭᠦᠯᠵᠡᠢ ᠃ ᠲᠤᠰ ᠨᠣᠮ ᠤ᠋ᠨ ᠵᠦᠢᠷ ᠦᠭᠡ ‍ᠶ᠋ᠢᠨ ᠬᠡᠰᠡᠭ ᠲᠦ᠍  《 ᠶᠢᠷᠲᠢᠨᠴᠦ ‍ᠶ᠋ᠢᠨ ᠭᠤᠷᠪᠠ 》 ᠠ᠋ᠴᠠ ᠬᠡᠳᠦᠨ ᠪᠠᠳᠠᠭ ᠢ᠋  ᠲᠡᠮᠳᠡᠭᠯᠡᠨ ᠣᠷᠣᠭᠤᠯᠤᠭᠰᠠᠨ ᠪᠠᠶ᠋ᠢᠵᠠᠢ ᠃ 《 ᠶᠢᠷᠲᠢᠨᠴᠦ ‍ᠶ᠋ᠢᠨ ᠭᠤᠷᠪᠠ ᠂  ᠳᠥᠷᠪᠡ ‍ᠶ᠋ᠢᠨ ᠲᠤᠬᠠᠢ 》(1)  ᠭᠡᠳᠡᠭ ᠥᠭᠦᠯᠡᠯ ᠳ᠋ᠡᠭᠡᠨ ᠡᠮᠦᠨᠡᠬᠢ  ᠣᠯᠳᠠᠭᠰᠠᠨ《 ᠶᠢᠷᠲᠢᠨᠴᠦ ‍ᠶ᠋ᠢᠨ ᠭᠤᠷᠪᠠ 》 ᠠ᠋ᠴᠠ ᠪᠦᠭᠦᠳᠡ ᠬᠤᠪᠢᠯᠪᠤᠷᠢ ᠲᠠᠢ ᠨᠢ ᠬᠠᠮᠲᠤ ᠬᠣᠷᠢᠨ ᠬᠡᠳᠦᠨ ᠪᠠᠳᠠᠭ ᠢ᠋ ᠵᠢᠱ᠌ᠢᠶ᠎ᠡ ᠪᠣᠯᠭᠠᠨ ᠲᠠᠨᠢᠯᠴᠠᠭᠤᠯᠪᠠ ᠃   
      ᠡᠷᠳᠡᠮᠲᠡᠨ ᠴ · ᠳᠠᠮᠳᠢᠨᠰᠦ᠋ᠷᠦᠩ ᠦ᠋ᠨ ᠨᠠᠶ᠋ᠢᠷᠠᠭᠤᠯᠤᠭᠰᠠᠨ 《 ᠮᠣᠩᠭᠣᠯ ᠤᠷᠠᠨ ᠵᠣᠬᠢᠶᠠᠯ ᠤ᠋ᠨ ᠳᠡᠭᠡᠵᠢ ᠵᠠᠭᠤᠨ ᠪᠢᠯᠢᠭ ᠣᠷᠣᠰᠢᠪᠠ 》 ᠭᠡᠳᠡᠭ ᠨᠣᠮ ᠳ᠋ᠠᠭᠠᠨ 《 ᠶᠢᠷᠲᠢᠨᠴᠦ ‍ᠶ᠋ᠢᠨ ᠭᠤᠷᠪᠠ  》 ᠶ᠋ᠢ ᠮᠥᠷᠳᠡᠨ ᠵᠣᠬᠢᠶᠠᠭᠰᠠᠨ ᠪᠠᠷᠢᠮᠲᠠ ᠵᠢᠱ᠌ᠢᠶ᠎ᠡ᠎ ᠡᠴᠡ ᠬᠣᠷᠢᠨ ᠳᠣᠯᠣᠭᠠᠨ ᠪᠠᠳᠠᠭ ᠢ᠋ ᠡᠮᠬᠢᠳᠬᠡᠨ ᠣᠷᠣᠭᠤᠯᠵᠠᠢ ᠃ 
       ᠬᠠ‍ ᠂ ᠰᠠᠨᠫᠢᠯᠲᠠᠨᠲᠠᠪ 《 ᠬᠡᠦᠬᠡᠳ ᠦ᠋ᠨ ᠠᠮᠠᠨ ᠵᠣᠬᠢᠶᠠᠯ ᠤ᠋ᠨ ᠤᠴᠢᠷ 》(2) ᠭᠡᠳᠡᠭ ᠨᠣᠮ ᠳ᠋ᠠᠭᠠᠨ 《 ᠶᠢᠷᠲᠢᠨᠴᠦ ‍ᠶ᠋ᠢᠨ ᠭᠤᠷᠪᠠ ᠨᠢ ᠣᠨᠢᠰᠣᠭ᠎ᠠ ᠵᠤᠶ᠋ᠢᠷ ᠦᠭᠡᠰ ᠦ᠋ᠨ ᠠᠯᠢᠨ ‍ᠳᠤ ᠴᠤ᠌ ᠬᠠᠮᠢᠶᠠᠷᠤᠨ ᠪᠠᠭᠲᠠᠬᠤ  ᠪᠤᠰᠤ ᠂ ᠬᠠᠷᠢᠨ ᠪᠡᠶ᠎ᠡ ᠪᠡᠨ ᠳᠠᠭᠠᠭᠠᠭᠰᠠᠨ ᠲᠥᠷᠥᠯ ᠮᠥᠨ 》 ᠭᠡᠵᠦ ᠦᠵᠡᠯᠲᠡ ᠪᠡᠨ ᠳᠤᠷᠠᠳᠬᠤ ‍ᠶ᠋ᠢᠨ  ᠳᠠᠭᠠᠤ《 ᠶᠢᠷᠲᠢᠨᠴᠦ ‍ᠶ᠋ᠢᠨ ᠭᠤᠷᠪᠠ 》 ᠠ᠋ᠴᠠ ᠠᠷᠪᠠᠨ ᠬᠣᠶᠠᠷ ᠪᠠᠳᠠᠭ ᠢ᠋ ᠵᠢᠱ᠌ᠢᠶ᠎ᠡ  ᠲᠡᠳᠡᠨ ᠲᠠᠶ᠋ᠢᠯᠪᠤᠷᠢ ᠬᠢᠭᠰᠡᠨ ᠪᠠᠶ᠋ᠢᠨ᠎ᠠ ᠃   
       1959 ᠣᠨ ‍ᠳᠤ ᠲᠠᠮᠪᠠᠰᠥ᠋ᠷᠦᠩ 《 ᠮᠣᠩᠭᠣᠯ ᠠᠷᠠᠳ ᠤ᠋ᠨ ᠵᠤᠶ᠋ᠢᠷ ᠦᠭᠡ 》 ᠭᠡᠳᠡᠭ ᠡᠮᠬᠢᠳᠬᠡᠯ ᠢ᠋ᠶ᠋ᠡᠨ ᠭᠡᠭᠡᠷᠡᠯ ᠦ᠋ᠨ ᠶᠠᠮᠤᠨ ᠤ᠋ ᠬᠡᠪᠯᠡᠯ ᠢ᠋ᠶ᠋ᠡᠷ ᠬᠡᠪᠯᠡᠭᠦᠯᠵᠡᠢ ᠃ ᠡᠨᠡ ᠡᠮᠬᠢᠳᠬᠡᠯ ᠦ᠋ᠨ ᠡᠴᠦᠰ ᠲᠦ᠍ ᠶᠢᠷᠲᠢᠨᠴᠦ ᠶ᠋ᠢᠨ ᠭᠤᠷᠪᠠᠨ ᠤᠯᠠᠭᠠᠨ ᠂ ᠶᠢᠷᠲᠢᠨᠴᠦ ᠶ᠋ᠢᠨ ᠭᠤᠷᠪᠠᠨ ᠴᠠᠭᠠᠨ ᠂ ᠶᠢᠷᠲᠢᠨᠴᠦ ᠶ᠋ᠢᠨ ᠭᠤᠷᠪᠠᠨ ᠬᠤᠷᠳᠤᠨ ᠂ ᠶᠢᠷᠲᠢᠨᠴᠦ ᠶ᠋ᠢᠨ ᠭᠤᠷᠪᠠᠨ ᠬᠠᠷ᠎ᠠ ᠂ ᠶᠢᠷᠲᠢᠨᠴᠦ ᠶ᠋ᠢᠨ ᠭᠤᠷᠪᠠᠨ ᠰᠢᠷᠦᠭᠦᠨ ᠭᠡᠬᠦ ᠮᠡᠲᠦ ᠠᠷᠪᠠ ᠭᠠᠷᠤᠢ ᠪᠠᠳᠠᠭ ᠊ᠢ ᠡᠮᠬᠢᠳᠬᠡᠨ ᠣᠷᠣᠭᠤᠯᠵᠠᠢ ᠃ 
       1960 ᠣᠨ ᠳ᠋ᠤ᠌ ᠂   ᠽ ᠂ ᠦᠯᠵᠡᠶ᠋ᠢᠬᠣᠲᠣᠭ ᠰᠤᠷᠭᠠᠨ ᠬᠥᠮᠦᠵᠢᠭᠦᠯᠬᠦ ᠠᠵᠢᠯ ᠤ᠋ᠨ ᠲᠣᠮᠢᠯᠠᠯ ᠢ᠋ᠶ᠋ᠠᠷ ᠬᠥᠪᠰᠥᠭᠥᠯ ᠂ ᠡᠮᠦᠨ᠎ᠡ ᠭᠣᠪᠢ ᠂ ᠰᠦᠬᠡᠪᠠᠭᠠᠲᠤᠷ ᠵᠡᠷᠭᠡ ᠠᠶ᠋ᠢᠮᠠᠭ ᠲᠤ᠌ ᠠᠵᠢᠯᠯᠠᠵᠤ ᠪᠠᠶ᠋ᠢᠬᠤ ᠦᠶ᠎ᠡ ᠪᠡᠷ ᠪᠠᠭᠰᠢ ᠰᠤᠷᠤᠭᠴᠢᠳ ᠂ ᠠᠷᠠᠳ ᠦ᠋ᠳ ᠲᠡᠢ ᠤᠴᠠᠷᠠᠨ ᠶᠠᠷᠢᠯᠴᠠᠬᠤ ᠲᠠᠰᠢᠷᠠᠮ ᠊ᠢ ᠠᠰᠢᠭᠯᠠᠨ 《 ᠶᠢᠷᠲᠢᠨᠴᠦ ᠶ᠋ᠢᠨ ᠭᠤᠷᠪᠠ 》 ᠶ᠋ᠢ ᠡᠮᠬᠢᠳᠬᠡᠵᠦ ᠡᠮᠦᠨᠡᠬᠢ ᠬᠥᠮᠦᠰ ᠦ᠋ᠨ ᠡᠮᠬᠢᠳᠬᠡᠯ ᠪᠠ ᠨᠣᠮ ᠳᠡᠪᠲᠡᠷ ᠳᠡᠭᠡᠷᠡᠬᠢ ᠡᠮᠬᠢᠳᠬᠡᠯ ᠊ᠢ ᠪᠦᠬᠦᠨ ᠊ᠢ ᠨᠡᠶ᠋ᠢᠯᠡᠭᠦᠯᠦᠨ《 ᠶᠢᠷᠲᠢᠨᠴᠦ ᠶ᠋ᠢᠨ ᠭᠤᠷᠪᠠ 》 ᠭᠡᠮᠡᠨ1961 ᠣᠨ ᠳ᠋ᠤ᠌ ᠬᠡᠪᠯᠡᠭᠦᠯᠦᠨ ᠨᠡᠶ᠋ᠢᠲᠡᠯᠡᠭᠦᠯᠵᠡᠢ ᠃ ᠮᠥᠨᠴᠦ ᠡᠮᠬᠢᠳᠬᠡᠯ ᠦ᠋ᠨ ᠡᠮᠦᠨ᠎ᠡ ᠨᠢ 《 ᠶᠢᠷᠲᠢᠨᠴᠦ ᠶ᠋ᠢᠨ ᠭᠤᠷᠪᠠ 》 ᠶ᠋ᠢᠨ ᠲᠤᠬᠠᠢ ᠨᠢᠭᠡᠨ ᠢᠵᠢ ᠥᠭᠦᠯᠡᠯ ᠪᠢᠢᠴᠭᠰᠡᠨ ᠪᠠᠶ᠋ᠢᠨ᠎ᠠ ᠃ ᠲᠤᠰ ᠡᠮᠬᠢᠳᠬᠡᠯ ᠦ᠋ᠨ ᠳᠣᠲᠣᠷ᠎ᠠ ᠬᠣᠶᠠᠷ ᠮᠥᠷ᠂ ᠭᠤᠷᠪᠠᠨ ᠮᠥᠷ ᠂ ᠳᠥᠷᠪᠡᠨ ᠮᠥᠷ ᠶᠢᠰᠦᠨ ᠮᠥᠷ ᠲᠡᠢ ᠪᠠᠷᠢᠮᠲᠠ ᠶ᠋ᠢ ᠣᠷᠣᠭᠤᠯᠤᠭᠰᠠᠨ ᠪᠥᠭᠡᠳ  ᠪᠦᠭᠦᠳᠡ ᠬᠤᠪᠢᠯᠪᠤᠷᠢ ᠲᠠᠢ ᠪᠠᠨ ᠬᠠᠮᠲᠤ138 ᠵᠤᠷᠪᠤᠰ ᠣᠷᠣᠭᠰᠠᠨ ᠪᠠᠶ᠋ᠢᠨ᠎ᠠ ᠃ 《 ᠬᠠᠮᠤᠭ ᠤ᠋ᠨ ᠣᠯᠠᠨ ᠪᠠᠷᠢᠮᠲᠠ ᠴᠤᠭᠯᠠᠭᠤᠯᠵᠤ ᠨᠡᠢᠲᠡᠯᠡᠭᠰᠡᠨ ᠨᠢ  ᠽ ᠂ ᠦᠯᠵᠡᠶ᠋ᠢᠬᠣᠲᠣᠭ ᠤ᠋ᠨ ᠵᠣᠬᠢᠶᠠᠯ ᠪᠣᠯᠤᠨ᠎ᠠ 》(3) ᠭᠡᠵᠦ  ᠪ · ᠰᠣᠳᠨᠠᠮ ᠶᠠᠷᠢᠭᠰᠠᠨ ᠪᠠᠶ᠋ᠢᠨ᠎ᠠ ᠃   
       《1961 ᠣᠨ ᠤ᠋ ᠡᠬᠢ ᠪᠡᠷ ᠳᠤᠮᠳᠠᠭᠣᠪᠢ ᠠᠶ᠋ᠢᠮᠠᠭ ᠤ᠋ᠨ ᠲᠥᠪ ᠦ᠋ᠨ ᠳᠤᠮᠳᠠᠳᠤ ᠰᠤᠷᠭᠠᠭᠤᠯᠢ ᠶ᠋ᠢᠨ ᠪᠠᠭᠰᠢ ᠵᠤᠤᠵᠨ《 ᠶᠢᠷᠲᠢᠨᠴᠦ ᠶ᠋ᠢᠨ ᠭᠤᠷᠪᠠ  》 ᠭᠡᠰᠡᠨ ᠭᠠᠷ ᠪᠢᠴᠢᠮᠡᠯ ᠰᠡᠳᠬᠦᠯ ᠬᠡᠪᠯᠡᠭᠦᠯᠦᠭᠰᠡᠨ ᠦ᠌ ᠳᠣᠲᠣᠷ᠎ᠠ《 ᠶᠢᠷᠲᠢᠨᠴᠦ ᠶ᠋ᠢᠨ ᠭᠤᠷᠪᠠ 》 ᠬᠣᠷᠢ ᠶᠢᠰᠦᠨ ᠵᠤᠷᠪᠤᠰ ᠣᠷᠣᠭᠰᠠᠨ ᠪᠥᠭᠡᠳ ᠡᠭᠦᠨ ᠦ᠌ ᠳᠣᠲᠣᠷ᠎ᠠ ᠨᠢ ᠤᠷᠢᠳ ᠡᠮᠦᠨ᠎ᠡ ᠬᠡᠪᠯᠡᠭᠳᠡᠭᠡ ᠦᠭᠡᠢ ᠭᠤᠷᠪᠠᠨ ᠪᠤᠵᠠᠷ ᠂  ᠭᠤᠷᠪᠠᠨ ᠬᠡᠯᠲᠡᠭᠡᠢ ᠂ ᠭᠤᠷᠪᠠᠨ ᠢᠴᠢᠩᠭᠦᠷᠢ ᠵᠡᠷᠭᠡ ᠣᠷᠣᠵᠠᠢ 》(4)  ᠃《 ᠰᠡᠭᠦᠯ ᠦ᠋ᠨ ᠵᠢᠯ ᠦ᠋ᠳ ᠲᠦ᠍ < ᠬᠥᠮᠦᠵᠢᠯ ᠵᠠᠩᠰᠢᠯ( ᠮᠠᠲᠠᠷ)> ᠰᠡᠳᠬᠦᠯ ᠂< ᠰᠣᠶᠣᠯ ᠤ᠋ᠨ ᠳᠣᠪᠲᠣᠯᠭᠠᠨ> ᠰᠣᠨᠢᠨ ᠪᠣᠯᠤᠨ  ᠰᠠᠢᠨ ᠳᠤᠷ᠎ᠠ ᠶ᠋ᠢᠨ ᠤᠷᠠᠨ ᠰᠠᠶ᠋ᠢᠬᠠᠭᠴᠢᠳ ᠤ᠋ᠨ ᠲᠤᠬᠠᠯᠠᠯᠲᠠ ᠶ᠋ᠢᠨ  ᠬᠥᠲᠥᠯᠪᠦᠷᠢ ᠵᠡᠷᠭᠡ ᠬᠡᠪᠯᠡᠯ ᠳ᠋ᠦ᠍ < ᠶᠢᠷᠲᠢᠨᠴᠦ ᠶ᠋ᠢᠨ ᠭᠤᠷᠪᠠ> ᠨᠡᠯᠢᠶᠡᠳ ᠣᠷᠣᠬᠤ ᠪᠣᠯᠵᠠᠢ ᠃ ᠡᠳᠡᠭᠡᠷ ᠬᠡᠪᠯᠡᠯ ᠳ᠋ᠦ᠍ ᠤᠷᠢᠳᠤ ᠵᠣᠬᠢᠶᠠᠭᠳᠠᠭᠰᠠᠨ ᠶᠢᠷᠲᠢᠨᠴᠦ ᠶ᠋ᠢᠨ ᠭᠤᠷᠪᠠ ᠶ᠋ᠢ ᠳᠠᠭᠤᠷᠢᠶᠠᠨ ᠰᠢᠨ᠎ᠡ ᠪᠡᠷ ᠵᠣᠬᠢᠶᠠᠭᠰᠠᠨ ᠵᠦᠢᠯ ᠴᠥᠭᠡᠨ ᠦᠭᠡᠢ ᠪᠠᠶ᠋ᠢᠨ᠎ᠠ ᠃ ᠰᠤᠷᠭᠠᠯ ᠤ᠋ᠨ ᠡᠮᠬᠢᠳᠬᠡᠯ ᠂ ᠰᠤᠷᠭᠠᠭᠤᠯᠢ ᠨᠤᠭᠤᠳ ᠤ᠋ᠨ ᠬᠠᠨ᠎ᠠ ᠶ᠋ᠢᠨ ᠬᠡᠪᠯᠡᠯ ᠂ ᠣᠷᠣᠨ ᠨᠤᠲᠤᠭ ᠤ᠋ᠨ ᠰᠣᠨᠢᠨ ᠵᠡᠷᠭᠡ ᠳ᠋ᠦ᠍ ᠣᠷᠣᠭᠰᠠᠨ ᠭᠤᠷᠪᠠ ᠨᠤᠭᠤᠳ ᠨᠡᠯᠢᠶᠡᠳ ᠪᠠᠶ᠋ᠢᠨ᠎ᠠ ᠃ ᠰᠦᠬᠡᠪᠠᠭᠠᠲᠤᠷ ᠠᠶ᠋ᠢᠮᠠᠭ ᠤ᠋ᠨ ᠵᠣᠳᠣᠯ ᠰᠤᠮᠤ ᠨᠢᠭᠡᠳᠦᠯ ᠦ᠋ᠨ ᠠᠷᠠᠳ ᠪᠥᠭᠡᠳ ᠣᠳᠣ ᠬᠤᠳᠠᠯᠳᠤᠭᠠᠨ ᠤ᠋ ᠰᠤᠷᠭᠠᠭᠤᠯᠢ ᠳ᠋ᠤ᠌ ᠰᠤᠷᠤᠯᠴᠠᠵᠤ ᠪᠠᠶ᠋ᠢᠬ᠋᠎ᠠ ᠶ ᠂ ᠪᠠᠭᠠᠲᠤᠷᠰᠥ᠋ᠭᠡ  ᠂ ᠭᠣᠪᠢᠨᠯᠠᠲᠠᠢ ᠠᠶ᠋ᠢᠮᠠᠭ ᠤ᠋ᠨ ᠳᠤᠮᠳᠠᠳᠤ ᠰᠤᠷᠭᠠᠭᠤᠯᠢ ᠶ᠋ᠢᠨ ᠪᠠᠭᠰᠢ ᠭᠣᠩᠭᠣᠷᠵᠠᠪ ᠨᠠᠷ < ᠶᠢᠷᠲᠢᠨᠴᠦ ᠶ᠋ᠢᠨ ᠭᠤᠷᠪᠠ> ᠶ᠋ᠢ ᠪᠠᠰᠠ ᠴᠤᠭᠯᠠᠭᠤᠯᠤᠭᠰᠠᠨ ᠪᠠᠶ᠋ᠢᠨ᠎ᠠ 》(5) ᠭᠡᠵᠦ  ᠽ ᠂ ᠦᠯᠵᠡᠶ᠋ᠢᠬᠣᠲᠣᠭ ᠥᠭᠦᠯᠡᠯ ᠳ᠋ᠡᠭᠡᠨ ᠲᠣᠳᠣᠷᠬᠠᠢ ᠶᠠᠷᠢᠭᠰᠠᠨ ᠪᠢᠯᠡ ᠃  
       ᠮ ᠂ ᠲᠦᠳᠦᠪ ᠦ᠋ᠨ  ᠪᠢᠴᠢᠭᠰᠡᠨ《 ᠮᠣᠩᠭᠣᠯ ᠤᠷᠠᠨ ᠵᠣᠬᠢᠶᠠᠯ ᠤ᠋ᠨ ᠦᠨᠳᠦᠰᠦᠨ ᠪᠣᠯᠤᠨ ᠨᠡᠢᠲᠡᠯᠢᠭ ᠰᠢᠨᠵᠢ 》 ᠭᠡᠳᠡᠭ ᠤᠷᠲᠤ ᠥᠭᠦᠯᠡᠯ ᠦ᠋ᠨ ᠳᠣᠲᠣᠷ᠎ᠠ 《 ᠶᠢᠷᠲᠢᠨᠴᠦ ᠶ᠋ᠢᠨ ᠭᠤᠷᠪᠠ 》 ᠶ᠋ᠢᠨ ᠲᠤᠬᠠᠢ 《 ᠭᠤᠷᠪᠠᠯ 》 ᠭᠡᠳᠡᠭ ᠨᠡᠷ᠎ᠡ ᠪᠡᠷ ᠴᠤᠬᠤᠰ ᠳᠤᠷᠠᠳᠤᠨ  ᠥᠩᠭᠡᠷᠡᠭᠰᠡᠨ ᠪᠠᠶ᠋ᠢᠨ᠎ᠠ ᠂ ᠡᠳᠡᠭᠡᠷ ᠨᠢ ᠪᠦᠭᠦᠳᠡ ᠨᠠᠶ᠋ᠢᠷᠠᠮᠲᠠᠬᠤ ᠮᠣᠩᠭᠣᠯ ᠠᠷᠠᠳ ᠤᠯᠤᠰ ᠤ᠋ᠨ《 ᠶᠢᠷᠲᠢᠨᠴᠦ ᠶ᠋ᠢᠨ ᠭᠤᠷᠪᠠ   》 ᠶ᠋ᠢᠨ ᠲᠠᠯ᠎ᠠ ᠪᠠᠷ ᠰᠤᠳᠤᠯᠵᠤ ᠪᠠᠶ᠋ᠢᠬ᠋᠎ᠠ ᠲᠣᠢᠮᠤ ᠪᠠᠶ᠋ᠢᠲᠠᠯ ᠪᠣᠯᠤᠨ᠎ᠠ ᠃ ᠭᠡᠪᠡᠴᠦ ᠬᠤᠪᠢ ᠬᠥᠮᠦᠨ ᠦ᠌ ᠮᠡᠳᠡᠯᠭᠡ ᠨᠢᠮᠭᠡᠨ᠂ ᠮᠠᠲ᠋ᠧᠷᠢᠶᠠᠯ ᠬᠣᠮᠰᠠ ᠠ᠋ᠴᠠ ᠪᠣᠯᠵᠤ ᠮᠣᠩᠭᠣᠯ ᠠᠷᠠᠳ ᠤᠯᠤᠰ ᠤ᠋ᠨ《 ᠶᠢᠷᠲᠢᠨᠴᠦ ᠶ᠋ᠢᠨ ᠭᠤᠷᠪᠠ 》 ᠶ᠋ᠢ ᠡᠮᠬᠢᠳᠬᠡᠨ ᠰᠤᠳᠤᠯᠵᠤ ᠪᠠᠶ᠋ᠢᠬ᠋᠎ᠠ ᠪᠠᠶ᠋ᠢᠲᠠᠯ ᠊ᠢ ᠲᠡᠷᠡ ᠪᠦᠬᠦᠨ ᠢ᠋ᠶ᠋ᠡᠷ ᠨᠢ ᠬᠠᠷᠠᠭᠤᠯᠤᠨ ᠲᠤᠰᠬᠠᠵᠤ ᠴᠢᠳᠠᠭᠰᠠᠨ ᠦᠭᠡᠢ ᠨᠢ ᠮᠡᠳᠡᠭᠡᠵᠢ ᠶ᠋ᠢᠨ ᠬᠡᠷᠡᠭ ! ᠲᠡᠶ᠋ᠢᠮᠦ  ᠪᠣᠯᠬᠣᠷ ᠳᠡᠭᠡᠷᠡᠬᠢ ᠶᠠᠷᠢᠭᠰᠠᠨ ᠨᠢ ᠪᠦᠷᠢᠨ ᠲᠡᠭᠦᠯᠳᠡᠷ ᠪᠤᠰᠤ ᠶᠤᠮ ᠃ 
      
             2. ᠬᠠᠷᠢ ᠦᠨᠳᠦᠰᠦᠲᠡᠨ ᠂ ᠭᠠᠳᠠᠭᠠᠳᠤ ᠤᠯᠤᠰ ᠤ᠋ᠨ ᠡᠮᠬᠢᠳᠬᠡᠨ ᠰᠤᠳᠤᠯᠤᠭᠰᠠᠨ ᠲᠣᠢᠮᠤ 
       ᠬᠠᠷᠢ ᠦᠨᠳᠦᠰᠦᠲᠡᠨ ᠂ ᠭᠠᠳᠠᠭᠠᠳᠤ ᠤᠯᠤᠰ ᠤ᠋ᠨ ᠡᠷᠳᠡᠮᠲᠡᠳ 《 ᠶᠢᠷᠲᠢᠨᠴᠦ ᠶ᠋ᠢᠨ ᠭᠤᠷᠪᠠ 》 ᠶ᠋ᠢ ᠬᠢᠷᠢ ᠵᠡᠷᠭᠡ ᠰᠤᠳᠤᠯᠵᠤ ᠪᠠᠶ᠋ᠢᠬ᠋᠎ᠠ ᠲᠤᠬᠠᠢ ᠵᠥᠪᠬᠡᠨ ᠥᠪᠡᠷᠦᠨ ᠣᠯᠵᠤ ᠦᠵᠡᠭᠰᠡᠨ ᠮᠠᠲ᠋ᠧᠷᠢᠶᠠᠯ ᠪᠠ ᠭᠠᠷ  ᠲᠤ᠌ ᠥᠷᠥᠲᠡᠭᠰᠡᠨ ᠦᠨᠳᠦᠰᠦᠯᠡᠯ ᠪᠠᠷᠢᠮᠲᠠ ᠵᠢᠴᠢ ᠮᠣᠩᠭᠣᠯ ᠠᠷᠠᠳ ᠤᠯᠤᠰ ᠤ᠋ᠨ   ᠽ· ᠥᠯᠵᠡᠶ᠋ᠢᠬᠣᠲᠣᠭ ᠂  ᠪ · ᠰᠣᠳᠨᠠᠮ ᠨᠠᠷ ᠤ᠋ᠨ ᠥᠭᠦᠯᠡᠯ ᠳ᠋ᠦ᠍ ᠦᠭᠦᠯᠡᠭᠰᠡᠨ ᠊ᠢ ᠳᠠᠮ ᠢ᠋ᠶ᠋ᠠᠷ ᠠᠰᠢᠭᠯᠠᠨ ᠮᠡᠳᠡᠭᠰᠡᠨ ᠬᠡᠮᠵᠢᠶ᠎ᠡ ᠂ ᠣᠶ᠋ᠢᠯᠠᠭᠠᠭᠰᠠᠨ ᠴᠢᠨᠡᠭᠡ ᠪᠡᠷ ᠢ᠋ᠶ᠋ᠡᠨ ᠶᠠᠷᠢᠶ᠎ᠠ ᠃  
       ᠭᠠᠳᠠᠭᠠᠳᠤ ᠤᠯᠤᠰ ᠂ ᠬᠠᠷᠢ ᠦᠨᠳᠦᠰᠦᠲᠡᠨ ᠦ᠌ 《 ᠶᠢᠷᠲᠢᠨᠴᠦ ᠶ᠋ᠢᠨ ᠭᠤᠷᠪᠠ 》 ᠶ᠋ᠢ ᠡᠮᠬᠢᠳᠬᠡᠨ ᠰᠤᠳᠤᠯᠵᠤ ᠪᠠᠶ᠋ᠢᠬ᠋᠎ᠠ ᠪᠠᠶ᠋ᠢᠲᠠᠯ ᠊ᠢ  ᠽ ᠂ ᠥᠯᠵᠡᠶ᠋ᠢᠬᠣᠲᠣᠭ ᠥᠭᠦᠯᠡᠯ ᠳ᠋ᠡᠭᠡᠨ ᠶᠠᠷᠢᠬᠤ ᠳ᠋ᠠᠭᠠᠨ ᠄ 《 ᠭᠠᠳᠠᠭᠠᠳᠤ ᠶ᠋ᠢᠨ ᠡᠷᠳᠡᠮᠲᠡᠨ< ᠶᠢᠷᠲᠢᠨᠴᠦ ᠶ᠋ᠢᠨ ᠭᠤᠷᠪᠠ> ᠶ᠋ᠢ ᠰᠤᠳᠤᠯᠬᠤ ᠢᠯᠠᠩᠭᠤᠶ᠎ᠠ ᠲᠡᠭᠦᠪᠦᠷᠢ ᠳ᠋ᠦ᠍ ᠣᠷᠣᠭᠤᠯᠤᠨ ᠬᠡᠪᠯᠡᠭᠰᠡᠨ ᠨᠢ ᠨᠡᠯᠢᠶᠡᠳ ᠣᠯᠠᠨ ᠪᠠᠶ᠋ᠢᠨ᠎ᠠ ᠃ ᠲᠡᠭᠦᠨ ᠦ᠌ ᠳᠣᠲᠣᠷ᠎ᠠ ᠠ᠋ᠴᠠ ᠵᠥᠪᠯᠡᠯᠲᠦ ᠶ᠋ᠢᠨ ᠡᠷᠳᠡᠮᠲᠡᠳ ᠴᠤᠭᠯᠠᠭᠤᠯᠵᠤ ᠰᠤᠳᠤᠯᠬᠤ ᠲᠠᠯ᠎ᠠ ᠪᠠᠷ ᠲᠡᠷᠢᠭᠦᠯᠡᠵᠦ ᠪᠠᠶ᠋ᠢᠨ᠎ᠠ 》(6) ᠂ ᠵᠥᠪᠯᠡᠯᠲᠦ ᠬᠣᠯᠪᠣᠭᠠᠲᠤ ᠤᠯᠤᠰ ᠤ᠋ᠨ ᠮᠣᠩᠭᠣᠯᠴᠢ ᠡᠷᠳᠡᠮᠲᠡᠨ ᠦ᠌ ᠂  ᠨ ᠂ ᠺ᠊ᠯᠢᠤᠸᠸᠨ1946 ᠣᠨ ᠤ᠋ ᠮᠣᠩᠭᠣᠯ ᠤᠯᠤᠰ ᠤ᠋ᠨ ᠶᠡᠬᠡ ᠰᠤᠷᠭᠠᠭᠤᠯᠢ ᠶ᠋ᠢᠨ ᠡᠷᠳᠡᠮ ᠦ᠋ᠨ ᠲᠡᠮᠳᠡᠭᠯᠡᠯ ᠭᠡᠳᠡᠭ ᠴᠤᠪᠤᠷᠠᠯ ᠪᠢᠴᠢᠭ ᠦ᠋ᠨ ᠬᠣᠶᠠᠳᠤᠭᠠᠷ ᠪᠣᠳᠢ ᠶ᠋ᠢᠨ ᠨᠢᠭᠡᠳᠦᠭᠡᠷ ᠭᠠᠷᠭᠠᠯᠭ᠎ᠠ ᠳ᠋ᠤ᠌ < ᠶᠢᠷᠲᠢᠨᠴᠦ ᠶ᠋ᠢᠨ  ᠭᠤᠷᠪᠠᠨ> ᠭᠡᠳᠡᠭ ᠰᠤᠳᠤᠯᠤᠯᠭ᠎ᠠ ᠪᠠ ᠲᠡᠭᠦᠪᠦᠷᠢ ᠬᠡᠪᠯᠡᠭᠦᠯᠵᠡᠢ ᠃ ᠡᠨᠡ ᠰᠢᠨᠵᠢᠯᠡᠭᠡᠨ ᠳ᠋ᠦ᠍ ᠶᠢᠷᠲᠢᠨᠴᠦ ᠶ᠋ᠢᠨ ᠭᠤᠷᠪᠠ ᠨᠢ ᠮᠣᠩᠭᠣᠯ ᠠᠷᠠᠳ ᠤ᠋ᠨ ᠠᠮᠠᠨ ᠵᠣᠬᠢᠶᠠᠯ ᠣᠨᠢᠰᠣᠭ᠎ᠠ ᠶ᠋ᠢᠨ ᠵᠦᠢᠯ ᠪᠣᠯᠬᠤ ᠶ᠋ᠢᠨ ᠬᠠᠮᠲᠤ ᠪᠠᠷ < ᠪᠠᠷᠠᠭᠤᠨ ᠡᠸᠦ᠋ᠷᠤᠫᠡ ᠶ᠋ᠢᠨ ᠠᠮᠠᠨ ᠵᠣᠬᠢᠶᠠᠯ ᠳ᠋ᠤ᠌ ᠪᠠᠶ᠋ᠢᠬᠤ ᠦᠭᠡᠢ> ᠮᠣᠩᠭᠣᠯ ᠤ᠋ᠨ ᠥᠪᠡᠷᠮᠢᠴᠡ ᠠᠮᠠᠨ ᠵᠣᠬᠢᠶᠠᠯ ᠮᠥᠨ ᠭᠡᠵᠦ ᠵᠢᠭᠠᠵᠤ ᠭᠠᠷᠭᠠᠭᠰᠠᠨ ᠠ᠋ᠴᠠ ᠭᠠᠳᠠᠨ᠎ᠠ ᠪᠠᠰᠠ ᠥᠪᠡᠷ ᠦ᠋ᠨ ᠴᠤᠭᠯᠠᠭᠤᠯᠭ᠎ᠠ ᠠ᠋ᠴᠠ ᠪᠠᠨ ᠦᠨᠳᠦᠰᠦᠯᠡᠨ ᠴᠣᠬᠣᠮ ᠶᠠᠮᠠᠷ ᠰᠢᠭ᠋ ᠦᠭᠡᠨ ᠳ᠋ᠦ᠍  ᠪᠠᠶ᠋ᠢᠵᠤ ᠪᠣᠯᠬᠤ ᠶ᠋ᠢ ᠲᠣᠲᠣᠷᠬᠠᠶ᠋ᠢᠯᠠᠵᠠᠢ ᠃ ᠡᠭᠦᠨ ᠡᠴᠡ ᠭᠠᠳᠠᠨ᠎ᠠ ᠶᠠᠭᠠᠬᠢᠭᠠᠳ ᠵᠠᠪᠠᠯ ᠭᠤᠷᠪᠠ ᠪᠠᠶ᠋ᠢᠲᠠᠭ ᠂ ᠭᠤᠷᠪᠠ ᠨᠢ ᠮᠣᠩᠭᠣᠯ ᠠᠷᠠᠳ ᠤ᠋ᠨ ᠠᠮᠠᠨ ᠵᠣᠬᠢᠶᠠᠯ ᠤ᠋ᠨ ᠳᠣᠲᠣᠷ᠎ᠠ ᠬᠢᠷᠢ ᠵᠡᠷᠭᠡ ᠲᠣᠬᠢᠶᠠᠯᠳᠤᠳᠠᠭ ᠲᠣᠭ᠎ᠠ ᠪᠣᠯᠬᠤ ᠲᠠᠯ᠎ᠠ ᠪᠠᠷ ᠰᠣᠨᠢᠷᠬᠠᠯᠲᠠᠢ ᠰᠢᠨᠵᠢᠯᠡᠯᠭᠡ ᠳ᠋ᠦ᠋ᠩᠨᠡᠯᠲᠡ ᠬᠢᠵᠡᠢ 》(7) ᠭᠡᠵᠦ ᠵᠥᠪᠯᠡᠯᠲᠦ ᠶ᠋ᠢᠨ ᠡᠷᠳᠡᠮᠲᠡᠨ ᠦ᠌ ᠰᠤᠳᠤᠯᠵᠤ ᠪᠠᠶ᠋ᠢᠬ᠋᠎ᠠ ᠶ᠋ᠢ ᠪᠣᠳᠠᠲᠠᠢ ᠳᠤᠷᠠᠳᠤᠭᠰᠠᠨ ᠪᠠᠶ᠋ᠢᠨ᠎ᠠ ᠃  
       ᠡᠭᠦᠨ ᠦ᠌ ᠲᠤᠬᠠᠢ  ᠪ · ᠰᠣᠳᠨᠠᠮ ᠥᠭᠦᠯᠡᠬᠦ ᠳ᠋ᠡᠭᠡᠨ ᠄ 《 ᠮᠣᠩᠭᠣᠯ ᠬᠡᠯᠡ ᠳ᠋ᠦ᠍ ᠪᠠᠶ᠋ᠢᠲᠠᠭ ᠡᠨᠡ ᠬᠣᠯᠪᠣᠭ᠎ᠠ ᠦᠭᠡᠰ ᠊ᠢ < ᠶᠢᠷᠲᠢᠨᠴᠦ ᠶ᠋ᠢᠨ ᠭᠤᠷᠪᠠᠨ ᠣᠨᠢᠰᠣᠭ᠎ᠠ> ᠪᠤᠶᠤ < ᠶᠢᠷᠲᠢᠨᠴᠦ ᠶ᠋ᠢᠨ ᠭᠤᠷᠪᠠ> ᠭᠡᠰᠡᠨ ᠨᠡᠷ᠎ᠡ ᠪᠡᠷ1894 ᠣᠨ ᠤ᠋ ᠣᠷᠴᠢᠮ ᠮ ᠂ ᠬ ᠂ ᠬᠠᠩᠭᠠᠯᠤᠸ ᠂ 1946  ᠣᠨ ᠳ᠋ᠤ᠌ ᠸ ᠂ ᠨ ᠂   ᠺ᠊ᠯᠢᠤᠸᠸᠨ ᠂ 1957 ᠣᠨ ᠳ᠋ᠤ᠌ ᠮ ᠂ ᠫ ᠂ ᠬᠠᠮᠭᠠᠨᠤᠸ ᠨᠠᠷ ᠴᠤᠭᠯᠠᠭᠤᠯᠤᠨ ᠰᠤᠳᠤᠯᠵᠤ ᠨᠡᠶ᠋ᠢᠲᠡᠯᠡᠭᠦᠯᠵᠦ ᠪᠠᠶ᠋ᠢᠬᠰᠠᠨ ᠪᠠᠶ᠋ᠢᠨ᠎ᠠ ᠃ ᠬᠠᠮᠤᠭ ᠤ᠋ᠨ ᠣᠯᠠᠨ ᠪᠠᠷᠢᠮᠲᠠ ᠴᠤᠭᠯᠠᠭᠤᠯᠵᠤ ᠨᠡᠢᠲᠡᠯᠡᠭᠦᠯᠦᠭᠰᠡᠨ ᠨᠢ ᠸ ᠂ ᠨ ᠂  ᠺ᠊ᠯᠢᠤᠸᠸᠨ ᠪᠣᠯᠤᠨ᠎ᠠ ᠃ ᠲᠡᠷᠡ 25 ᠶ᠋ᠢ ᠣᠯᠵᠤ ᠨᠡᠢᠲᠡᠯᠡᠭᠦᠯᠦᠭᠰᠡᠨ ᠪᠠᠶ᠋ᠢᠨ᠎ᠠ 》(8) ᠭᠡᠵᠡᠢ ᠃  
      ᠪᠤᠷᠢᠶᠠᠳ ᠤ᠋ᠨ ᠡᠷᠳᠡᠮᠲᠡᠨ ᠮ ᠂ ᠫ ᠂ ᠬᠠᠮᠭᠠᠨᠤᠸ 1957 ᠣᠨ ᠳ᠋ᠤ᠌ ᠤᠯᠠᠭᠠᠨ — ᠦᠳᠡ ᠬᠣᠲᠠᠨ ᠳ᠋ᠤ᠌ ᠬᠡᠪᠯᠡᠭᠦᠯᠦᠭᠰᠡᠨ 《 ᠪᠤᠷᠢᠶᠠᠳ ᠠᠷᠠᠳ ᠤ᠋ᠨ ᠪᠣᠭᠣᠨᠢ ᠬᠡᠯᠪᠡᠷᠢ ᠶ᠋ᠢᠨ ᠰᠢᠯᠦᠭ ᠦ᠋ᠨ  ᠵᠣᠬᠢᠶᠠᠯ 》 ᠭᠡᠳᠡᠭ ᠨᠣᠮ ᠳ᠋ᠠᠭᠠᠨ ᠪᠤᠷᠢᠶᠠᠳ ᠤ᠋ᠨ ᠣᠨᠢᠰᠣᠭ᠎ᠠ ᠭᠡᠵᠦ ᠪᠦᠯᠦᠭ ᠭᠠᠷᠭᠠᠬᠤ ᠶ᠋ᠢᠨ ᠬᠠᠮᠲᠤ ᠮᠣᠩᠭᠣᠯ ᠤ᠋ᠨ 《 ᠶᠢᠷᠲᠢᠨᠴᠦ ᠶ᠋ᠢᠨ ᠭᠤᠷᠪᠠ 》 ᠶ᠋ᠢ 《 ᠳᠠᠭᠠᠪᠤᠷᠢ ᠭᠤᠷᠪᠠᠯᠵᠢᠨ 》 ᠭᠡᠰᠡᠨ ᠵᠢᠵᠢᠭ ᠭᠠᠷᠴᠠᠭ ᠲᠠᠢ ᠪᠠᠷ ᠪᠢᠴᠢᠵᠡᠢ ᠃ ᠡᠨᠡ ᠡᠷᠳᠡᠮᠲᠡᠨ ᠮᠣᠩᠭᠣᠯ ᠠᠷᠠᠳ ᠤ᠋ᠨ ᠠᠮᠠᠨ ᠵᠣᠬᠢᠶᠠᠯ — ᠶᠢᠷᠲᠢᠨᠴᠦ ᠶ᠋ᠢᠨ ᠭᠤᠷᠪᠠ ᠶ᠋ᠢ 《 ᠠᠯᠢ ᠨᠢᠭᠡ ᠰᠢᠨᠵᠢ ᠪᠡᠷ ᠢ᠋ᠶ᠋ᠡᠨ ᠨᠢᠭᠡᠳᠦᠭᠰᠡᠨ ᠭᠤᠷᠪᠠᠨ ᠣᠶ᠋ᠢᠯᠠᠭᠠᠯᠲᠠ ᠂ ᠬᠡᠯᠪᠡᠷᠢ ᠶᠠᠭᠤᠮᠠᠨ ᠤ᠋ ᠨᠢᠭᠡᠳᠦᠯ 》 (9)  ᠭᠡᠵᠦ ᠲᠣᠳᠣᠷᠬᠠᠶ᠋ᠢᠯᠠᠵᠠᠢ ᠃ ᠡᠨᠡ ᠰᠢᠨᠵᠢᠭᠴᠢ ᠲᠡᠭᠦᠨ ᠢ᠋ ᠲᠣᠭᠠᠨ ᠤ᠋ ᠣᠨᠢᠰᠣᠭ᠎ᠠ ‍ᠶ᠋ᠢᠨ ᠨᠢᠭᠡ ᠵᠦᠢᠯ ᠭᠡᠬᠦ ‍ᠶ᠋ᠢᠨ ᠬᠠᠮᠲᠤ ᠪᠠᠷ 《 ᠶᠢᠷᠲᠢᠨᠴᠦ ‍ᠶ᠋ᠢᠨ ᠭᠤᠷᠪᠠ 》 ‍ᠶ᠋ᠢᠨ ᠲᠤᠬᠠᠢ ᠬᠡᠯᠡᠭᠰᠡᠨ ᠨᠢ ᠄  《1. ᠪᠦᠬᠦᠯᠢ ᠪᠦᠲᠦᠨ ᠪᠦᠯᠦᠭ ᠭᠤᠷᠪᠠ ᠪᠣᠯ ᠪᠣᠳᠠᠲᠤ ᠠᠬᠤᠢ ‍ᠶ᠋ᠢᠨ ᠵᠠᠷᠢᠮ ᠨᠢᠭᠡᠨ ᠦᠵᠡᠭᠳᠡᠯ ᠢ᠋ ᠡᠷᠡᠰ ᠦᠭᠡᠶ᠋ᠢᠰᠬᠡᠭᠰᠡᠨ ᠬᠠᠷᠰᠢ ᠬᠠᠨᠳᠤᠯᠭ᠎ᠠ ‍ᠶ᠋ᠢ ᠢᠯᠡᠷᠬᠡᠶ᠋ᠢᠯᠡᠭᠰᠡᠨ ᠰᠡᠳᠦᠪ ᠦ᠋ᠳ ᠢ᠋ ᠲᠤᠰᠬᠠᠨ ᠦᠵᠡᠭᠦᠯᠦᠨ᠎ᠡ ( ᠭᠤᠷᠪᠠᠨ ᠬᠠᠷᠰᠢ ᠂ ᠭᠤᠷᠪᠠᠨ ᠢᠴᠢᠭᠦᠷᠢ ᠂ ᠭᠤᠷᠪᠠᠨ ᠰᠢᠷᠦᠭᠦᠨ ᠂ ᠭᠤᠷᠪᠠᠨ ᠭᠠᠯᠵᠠᠭᠤ ᠂ ᠭᠤᠷᠪᠠᠨ ᠪᠠᠷᠳᠠᠮ ᠂ ᠭᠤᠷᠪᠠᠨ ᠪᠣᠬᠢᠷ ᠂ ᠭᠤᠷᠪᠠᠨ ᠪᠡᠶ᠎ᠡ ᠪᠡᠨ ᠢᠳᠡᠳᠡᠭ ) ᠃ 2. ᠥᠭᠡᠷ᠎ᠡ ᠨᠢᠭᠡ ᠬᠡᠰᠡᠭ ᠭᠤᠷᠪᠠ ᠨᠤᠭᠤᠳ ᠲᠤ᠌ ᠳᠤᠲᠠᠭᠳᠠᠯ ᠮᠡᠲᠦ ᠪᠡᠷ ᠳᠦᠷᠰᠦᠯᠡᠭᠳᠡᠵᠦ ᠪᠤᠷᠤᠭᠤᠰᠢᠯᠲᠠᠢ ᠵᠦᠢᠯ ᠦ᠋ᠳ ᠢ᠋ ᠢᠯᠡᠷᠬᠡᠶ᠋ᠢᠯᠡᠭᠰᠡᠨ ᠰᠡᠳᠦᠪ ᠦ᠋ᠳ ᠲᠤᠰᠬᠠᠯ ᠢ᠋ᠶ᠋ᠠᠨ ᠣᠯᠵᠠᠢ ( ᠭᠤᠷᠪᠠᠨ ᠳᠤᠲᠠᠮᠠᠭ ᠂ ᠭᠤᠷᠪᠠᠨ ᠬᠠᠵᠠ ᠂ ᠭᠤᠷᠪᠠᠨ ᠰᠤᠯᠠ ᠂ ᠭᠤᠷᠪᠠᠨ ᠲᠡᠨᠡᠭ ᠂ ᠭᠤᠷᠪᠠᠨ ᠲᠤᠰᠠ ᠦᠭᠡᠢ ᠂ ᠭᠤᠷᠪᠠᠨ ᠳᠦᠯᠡᠢ ) ᠭᠡᠬᠦ ᠮᠡᠲᠦ ᠃ 3. ᠲᠠᠭᠠᠯᠠᠮᠵᠢᠲᠠᠢ ᠰᠡᠳᠬᠢᠯ ᠲᠡᠢ ᠬᠣᠯᠪᠣᠭᠳᠠᠭᠰᠠᠨ ᠭᠠᠶ᠋ᠢᠬᠠᠬᠤ ᠂ ᠳᠣᠭᠳᠣᠯᠬᠤ ᠬᠠᠷᠢᠴᠠᠭ᠎ᠠ ‍ᠶ᠋ᠢ ᠢᠯᠡᠷᠬᠡᠶ᠋ᠢᠯᠡᠬᠦ ᠰᠡᠳᠦᠪ ᠦ᠋ᠳ ᠢ᠋ ᠳᠤᠰᠬᠠᠭᠰᠠᠨ ᠭᠤᠷᠪᠠ ᠨᠤᠭᠤᠳ  ᠬᠠᠮᠤᠭ ᠤ᠋ᠨ ᠶᠡᠬᠡ ᠪᠡᠷ ᠳᠡᠯᠭᠡᠷᠡᠵᠡᠢ ( ᠭᠤᠷᠪᠠᠨ ᠴᠡᠪᠡᠷ ᠂ ᠭᠤᠷᠪᠠᠨ ᠨᠠᠶ᠋ᠢᠳᠠᠪᠤᠷᠢᠲᠠᠢ ᠂ ᠭᠤᠷᠪᠠᠨ ᠬᠥᠭᠡᠷᠦᠬᠦᠨ ᠂ ᠭᠤᠷᠪᠠᠨ ᠢᠨᠠᠭ ᠂ ᠭᠤᠷᠪᠠᠨ ᠭᠠᠶ᠋ᠢᠬᠠᠯ ) ᠃ 4. ᠥᠩᠭᠡ ‍ᠶ᠋ᠢᠨ ᠲᠤᠬᠠᠢ ᠭᠤᠷᠪᠠ ᠮᠣᠩᠭᠣᠯ ᠤ᠋ᠨ < ᠶᠢᠷᠲᠢᠨᠴᠦ ‍ᠶ᠋ᠢᠨ ᠭᠤᠷᠪᠠ > ‍ᠳᠤ ᠡᠯᠪᠡᠭ ᠪᠠᠶ᠋ᠢᠨ᠎ᠠ  ( ᠭᠤᠷᠪᠠᠨ ᠤᠯᠠᠭᠠᠨ ᠂ ᠭᠤᠷᠪᠠᠨ ᠬᠠᠷ᠎ᠠ ᠂ ᠭᠤᠷᠪᠠᠨ ᠨᠣᠭᠣᠭᠠᠨ ᠂ ᠭᠤᠷᠪᠠᠨ ᠬᠥᠬᠡ )  ᠭᠡᠬᠦ ᠮᠡᠲᠦ ᠃ 5. ᠡᠯᠳᠡᠪ ᠤᠬᠠᠭᠳᠠᠬᠤᠨ ᠪᠣᠯᠤᠨ ᠰᠡᠳᠦᠪ ᠲᠦ᠍ ᠬᠣᠯᠪᠣᠭᠳᠠᠭᠰᠠᠨ < ᠶᠢᠷᠲᠢᠨᠴᠦ ‍ᠶ᠋ᠢᠨ ᠭᠤᠷᠪᠠ > ᠡᠯᠪᠡᠭ ᠪᠠᠶ᠋ᠢᠨ᠎ᠠ ( ᠭᠤᠷᠪᠠᠨ ᠬᠤᠷᠳᠤᠨ ᠂ ᠭᠤᠷᠪᠠᠨ ᠬᠣᠯᠠ ᠂ ᠭᠤᠷᠪᠠᠨ ᠬᠣᠭᠣᠰᠣᠨ ᠂ ᠭᠤᠷᠪᠠᠨ ᠪᠡᠷᠬᠡ ᠂ ᠭᠤᠷᠪᠠᠨ ᠣᠯᠠᠨ ) ᠭᠡᠵᠦ ᠮᠣᠩᠭᠣᠯ ᠤ᠋ᠨ ᠭᠤᠷᠪᠠ ‍ᠶ᠋ᠢ ᠲᠠᠪᠤᠨ ᠬᠡᠰᠡᠭ ᠪᠣᠯᠭᠠᠨ ᠠᠩᠭᠢᠯᠠᠵᠠᠢ 》(10) ᠃ 
      《 ᠡᠷᠳᠡᠮᠲᠡᠨ ᠮ · ᠫᠠ‍ . ᠬᠠᠮᠭᠠᠨᠤᠸ ᠡᠨᠡ ᠵᠣᠬᠢᠶᠠᠯ ᠳ᠋ᠠᠭᠠᠨ < ᠶᠢᠷᠲᠢᠨᠴᠦ ‍ᠶ᠋ᠢᠨ ᠭᠤᠷᠪᠠ > ‍ᠳᠤ ᠠᠷᠠᠳ ᠲᠦᠮᠡᠨ ᠦ᠌ ᠠᠮᠢᠳᠤᠷᠠᠯ ᠲᠡᠮᠡᠴᠡᠯ ᠬᠡᠷᠬᠢᠨ ᠶᠠᠭᠠᠬᠢᠵᠤ ᠲᠤᠰᠬᠠᠯ ᠢ᠋ᠶ᠋ᠠᠨ ᠣᠯᠤᠭᠰᠠᠨ ᠲᠠᠯ᠎ᠠ ‍ᠶ᠋ᠢ ᠲᠣᠳᠣᠷᠬᠠᠶ᠋ᠢᠯᠠᠬᠤ ‍ᠶ᠋ᠢᠨ ᠬᠠᠮᠲᠤ ᠪᠠᠷ ᠣᠷᠣᠰ ᠂ ᠪᠤᠷᠢᠶᠠᠳ ᠤ᠋ᠨ ᠡᠷᠳᠡᠮᠲᠡᠨ ᠂ ᠰᠣᠨᠢᠷᠬᠠᠭᠴᠢᠳ ᠤ᠋ᠨ ᠲᠡᠭᠦᠭᠰᠡᠨ ᠂ ᠴᠤᠭᠯᠠᠭᠤᠯᠤᠭᠰᠠᠨ ᠪᠠᠶ᠋ᠢᠳᠠᠯ ᠢ᠋ ᠥᠭᠦᠯᠡᠵᠡᠢ ᠃ ᠡᠨᠡ ᠡᠷᠳᠡᠮᠲᠡᠨ ᠦ᠌ ᠰᠢᠨᠵᠢᠯᠡᠭᠡ ᠪᠢᠳᠡᠨ ‍ᠳᠤ ᠦᠨᠡᠲᠡᠢ ᠰᠠᠢᠨ ᠬᠡᠷᠡᠭᠯᠡᠭᠳᠡᠬᠦᠨ ᠪᠣᠯᠵᠤ ᠦᠭᠬᠦᠯ᠎ᠡ ᠃ ᠲᠡᠭᠦᠨ ᠡᠴᠡ ᠭᠠᠳᠠᠨ᠎ᠠ ᠡᠨᠡ ᠨᠣᠮ ᠢ᠋ ᠤᠩᠰᠢᠬᠤ ‍ᠳᠤ < ᠬᠠᠪᠤᠷ ᠤ᠋ᠨ ᠭᠡᠷᠡᠯ > < ᠴᠡᠴᠡᠭᠯᠡᠨ ᠪᠦᠬᠦᠢ ᠨᠣᠭᠣᠭ᠎ᠠ > ᠭᠡᠳᠡᠭ ᠵᠣᠬᠢᠶᠠᠯ ᠢ᠋ᠶ᠋ᠠᠷ ᠢ᠋ᠶ᠋ᠠᠨ ᠪᠢᠳᠡᠨ ‍ᠳᠤ ᠬᠡᠳᠦᠶ᠋ᠢᠨ ᠲᠠᠨᠢᠯ ᠢᠯᠢᠶᠡ  · ᠨᠢᠺᠤᠯᠠᠶᠸᠸᠢᠴᠢ ᠂ ᠮᠠᠳᠠᠰᠤᠨ ᠤ᠋ ᠲᠡᠭᠦᠪᠦᠷᠢ ‍ᠶ᠋ᠢᠨ ᠲᠥᠯᠥᠪ ᠪᠠᠶ᠋ᠢᠳᠠᠯ ᠲᠠᠢ ᠲᠠᠨᠢᠯᠴᠠᠭᠤᠯᠤᠯ᠎ᠠ ᠃ ᠢᠯᠢᠶᠡ · ᠨᠢᠺᠤᠯᠠᠶᠸᠸᠢᠴᠢ · ᠮᠠᠳᠠᠰᠤᠨ ᠳᠠᠯᠠ ᠭᠠᠷᠤᠢ ‍ᠶ᠋ᠢ ᠴᠤᠭᠯᠠᠭᠤᠯᠤᠭᠰᠠᠨ ᠪᠠᠶ᠋ᠢᠭ᠎ᠠ ᠶᠤᠮ ᠪᠠᠶ᠋ᠢᠨ᠎ᠠ    》(11) ᠭᠡᠵᠦ ᠽ · ᠥᠯᠵᠡᠶ᠋ᠢᠬᠤᠲᠤᠭ ᠥᠭᠦᠯᠡᠯ ᠳ᠋ᠡᠭᠡᠨ ᠳᠤᠷᠠᠳᠤᠭᠰᠠᠨ ᠪᠠᠶ᠋ᠢᠨ᠎ᠠ ᠃   

      ᠡᠭᠦᠨ ᠡᠴᠡ ᠭᠠᠳᠠᠨ᠎ᠠ ᠹᠷᠠᠨᠼᠢ ‍ᠶ᠋ᠢᠨ ᠮᠣᠩᠭᠣᠯᠴᠢ ᠡᠷᠳᠡᠮᠲᠡᠨ ᠠ‍ · ᠮᠤᠰᠲ᠋ᠸᠷᠲ᠋ ᠠᠪᠤᠭᠠᠢ ᠬᠣᠷᠢᠳᠤᠭᠠᠷ ᠵᠠᠭᠤᠨ ᠤ᠋ ᠡᠬᠢᠨ ᠦ᠌ ᠦᠶ᠎ᠡ ᠪᠡᠷ ᠣᠷᠳᠣᠰ ᠨᠤᠲᠤᠭ ᠠ᠋ᠴᠠ ᠡᠮᠬᠢᠳᠬᠡᠭᠰᠡᠨ 《 ᠠᠷᠵᠠᠢ ᠪᠤᠷᠵᠠᠢ ᠬᠠᠭᠠᠨ 》 ᠭᠡᠳᠡᠭ ᠮᠣᠩᠭᠣᠯ ᠠᠮᠠᠨ ᠵᠣᠬᠢᠶᠠᠯ ᠤ᠋ᠨ ᠲᠡᠭᠦᠪᠦᠷᠢ ‍ᠶ᠋ᠢ ᠭᠠᠯᠢᠭ ᠦᠰᠦᠭ ᠢ᠋ᠶ᠋ᠡᠷ ᠲᠡᠮᠳᠡᠭᠯᠡᠵᠦ ᠂ 1937 ᠣᠨ ‍ᠳᠤ ᠪᠡᠭᠡᠵᠢᠩ ᠳ᠋ᠡᠬᠢ ᠺᠠᠲ᠋ᠣᠯᠢᠭ ᠱᠠᠰᠢᠨ ᠤ᠋ ᠶᠡᠬᠡ ᠰᠤᠷᠭᠠᠭᠤᠯᠢ ‍ᠶ᠋ᠢᠨ ᠬᠡᠪᠯᠡᠯ ᠦ᠋ᠨ ᠬᠣᠷᠢᠶ᠎ᠠ ‍ᠳᠤ ᠬᠡᠪᠯᠡᠭᠦᠯᠪᠡ ᠃ ᠲᠡᠭᠦᠨ ᠦ᠌ ᠲᠤᠰ ᠵᠣᠬᠢᠶᠠᠯ ‍ᠳᠤ ᠮᠣᠩᠭᠣᠯ ᠤ᠋ᠨ 《 ᠶᠢᠷᠲᠢᠨᠴᠦ ‍ᠶ᠋ᠢᠨ ᠭᠤᠷᠪᠠ 》 ‍ᠶ᠋ᠢᠨ ᠬᠣᠶᠠᠷ ᠂ ᠭᠤᠷᠪᠠ ᠂ ᠳᠥᠷᠪᠡᠨ ᠮᠥᠷ ᠦ᠋ᠨ ᠵᠢᠱ᠌ᠢᠶ᠎ᠡ ᠪᠠᠷᠢᠮᠲᠠ ᠨᠡᠯᠢᠶᠡᠳ ᠬᠡᠳᠦᠨ ᠪᠠᠳᠠᠭ ᠣᠷᠣᠭᠰᠠᠨ ᠪᠠᠶ᠋ᠢᠨ᠎ᠠ ᠃ ᠵᠢᠱ᠌ᠢᠶᠡᠯᠡᠪᠡᠯ ᠄  
      《 ᠠ‍  ᠄ ᠶᠢᠷᠲᠢᠨᠴᠦ ‍ᠶ᠋ᠢᠨ ᠳᠥᠷᠪᠡᠨ ᠤᠯᠠᠭᠠᠨ ᠶᠠᠭᠤ ᠪᠣᠢ ? 
          ᠡ‍  ᠄ ᠵᠠᠭᠤᠨ ᠲᠦᠮᠡᠨ ᠦ᠌ ᠵᠠᠯᠠᠭ᠎ᠠ ᠨᠢ ᠤᠯᠠᠭᠠᠨ
                ᠵᠠᠭᠤᠳᠠᠭ ᠨᠣᠬᠠᠢ ‍ᠶ᠋ᠢᠨ ᠨᠢᠳᠦ ᠨᠢ ᠤᠯᠠᠭᠠᠨ 
                ᠵᠢᠪᠡᠷᠲᠦ ᠲᠩᠷᠢ ‍ᠶ᠋ᠢᠨ ᠢᠷᠣᠭᠠᠯ ᠤᠯᠠᠭᠠᠨ 
                ᠵᠢᠷᠭᠠᠯᠲᠤ ᠬᠥᠮᠦᠨ ᠦ᠌ ᠬᠠᠴᠠᠷ ᠤᠯᠠᠭᠠᠨ ᠃ 
          ᠠ‍ ᠄ ᠶᠢᠷᠲᠢᠨᠴᠦ ᠶ᠋ᠢᠨ ᠳᠥᠷᠪᠡᠨ ᠰᠤᠯᠠ ᠶᠠᠭᠤ ᠪᠣᠢ ? 
          ᠡ‍ ᠄ ᠬᠠᠵᠠᠭᠠᠷ ᠦᠭᠡᠢ ᠮᠣᠷᠢ ᠰᠤᠯᠠ 
               ᠬᠠᠳᠠᠮ ᠦᠭᠡᠢ ᠪᠡᠷᠢ ᠰᠤᠯᠠ 
               ᠳᠠᠪᠤᠰᠤ ᠦᠭᠡᠢ ᠴᠠᠢ ᠰᠤᠯᠠ  
               ᠳᠠᠪᠠᠷᠬᠠᠢ ᠦᠭᠡᠢ ᠬᠤᠭᠤᠷ ᠰᠤᠯᠠ ᠃ 
          ᠠ‍ ᠄ ᠶᠢᠷᠲᠢᠨᠴᠦ ᠶ᠋ᠢᠨ ᠳᠥᠷᠪᠡᠨ ᠳᠡᠭᠦᠦ ᠶᠠᠭᠤ ᠪᠣᠢ ? 
          ᠡ‍  ᠄ ᠪᠠᠶᠠᠨ ᠬᠥᠮᠦᠨ ᠨᠣᠶᠠᠨ ᠬᠥᠮᠦᠨ ᠦ᠌ ᠳᠡᠭᠦᠦ 
                ᠦᠭᠡᠶ᠋ᠢᠭᠦᠦ ᠬᠥᠮᠦᠨ ᠦᠬᠦᠭᠰᠡᠨ ᠬᠥᠮᠦᠨ ᠦ᠌ ᠳᠡᠭᠦᠦ 
                ᠤᠨᠲᠠᠯᠠᠭ᠎ᠠ ᠦᠬᠦᠬᠦ ᠶ᠋ᠢᠨ ᠳᠡᠭᠦᠦ 
                ᠬᠤᠳᠠᠯᠴᠢ ᠬᠤᠯᠠᠭᠠᠶ᠋ᠢᠴᠢ ᠶ᠋ᠢᠨ ᠳᠡᠭᠦᠦ ᠃ 
          ᠠ‍ ᠄ ᠶᠢᠷᠲᠢᠨᠴᠦ ᠶ᠋ᠢᠨ ᠳᠥᠷᠪᠡᠨ ᠰᠢᠷᠦᠭᠦᠨ ᠶᠠᠭᠤ ᠪᠣᠢ ? 
          ᠡ‍  ᠄ ᠲᠡᠮᠦᠷ ᠲᠦ᠍ ᠬᠠᠤᠷᠠᠢ ᠰᠢᠷᠦᠭᠦᠨ 
                ᠲᠥᠷᠥᠯ ᠳ᠋ᠦ᠍ ᠨᠣᠬᠠᠢ ᠰᠢᠷᠦᠭᠦᠨ  
                ᠲᠥᠷᠥ ᠳ᠋ᠦ᠍ ᠡᠯᠴᠢ ᠰᠢᠷᠦᠭᠦᠨ 
                ᠳᠥᠭᠥᠮ ᠳ᠋ᠦ᠍ ᠵᠠᠷᠠᠭ᠎ᠠ ᠰᠢᠷᠦᠭᠦᠨ(2) ᠃  
ᠭᠡᠬᠦ ᠮᠡᠲᠦ ᠪᠡᠷ ᠲᠡᠮᠳᠡᠭᠯᠡᠵᠦ ᠪᠣᠢ ᠃ ᠡᠨᠡ ᠨᠢ ᠳᠠᠷᠤᠢ ᠮᠠᠨ ᠤ᠋ ᠣᠷᠣᠨ ᠳ᠋ᠤ᠌ 《 ᠶᠢᠷᠲᠢᠨᠴᠦ ᠶ᠋ᠢᠨ ᠭᠤᠷᠪᠠ 》 ᠶ᠋ᠢᠨ ᠳᠠᠷᠬᠠᠨ ᠳᠡᠯᠭᠡᠷᠡᠭᠰᠡᠨ ᠤᠯᠠ ᠮᠥᠷ ᠪᠣᠯᠤᠨ᠎ᠠ ᠃ 
       ᠠ‍ ·   ᠮᠤᠰᠲ᠋ᠸᠷᠲ᠋ ( ᠬᠢᠲᠠᠳ ᠨᠡᠷ᠎ᠡ ᠨᠢ ᠲᠢᠶᠠᠨ ᠴᠢᠩ ᠪᠦᠸᠧ ) ᠪᠣᠯ ᠹᠷᠠᠨᠼᠢ ᠶ᠋ᠢᠨ ᠶᠡᠬᠡ ᠰᠤᠷᠭᠠᠭᠤᠯᠢ ᠲᠡᠭᠦᠰᠦᠭᠰᠡᠨ ᠪᠸᠯᠬᠢ ᠶ᠋ᠢᠨ ᠴᠡᠴᠡᠨ ᠢᠷᠭᠡᠨ ᠪᠢᠯᠡ ᠃ ᠺᠠᠲ᠋ᠣᠯᠢᠭ ᠱᠠᠰᠢᠨ ᠳᠤᠮᠳᠠᠳᠤ ᠤᠯᠤᠰ ᠲᠤ᠌ ᠨᠡᠪᠲᠡᠷᠡᠨ ᠣᠷᠣᠵᠤ ᠢᠷᠡᠭᠰᠡᠨ ᠤ᠋ ᠳᠠᠷᠠᠭ᠎ᠠ ᠳᠤᠮᠳᠠᠳᠤ ᠤᠯᠤᠰ ᠤ᠋ᠨ ᠥᠪᠥᠷ ᠮᠣᠩᠭᠣᠯ ᠂ ᠬᠥᠬᠡᠨᠠᠭᠤᠷ ᠂ ᠭᠠᠨᠰᠦ ᠶ᠋ᠢᠨ ᠮᠣᠩᠭᠣᠯ ᠨᠤᠲᠤᠭ ᠢ᠋ᠶ᠋ᠠᠷ ᠣᠯᠠᠨ ᠤᠳᠠᠭ᠎ᠠ ᠶᠠᠪᠤᠵᠤ1906—1925 ᠣᠨ ᠳ᠋ᠤ᠌ ᠣᠳᠣ ᠶ᠋ᠢᠨ ᠥᠪᠥᠷ ᠮᠣᠩᠭᠣᠯ ᠤ᠋ᠨ ᠶᠡᠬᠡ ᠵᠣᠣ ᠠᠶ᠋ᠢᠮᠠᠭ ᠤ᠋ᠨ ᠣᠲᠣᠭ ᠤ᠋ᠨ ᠡᠮᠦᠨᠡᠲᠦ ᠬᠤᠰᠢᠭᠤᠨ ᠤ᠋ ᠪᠣᠷᠣᠪᠠᠯᠭᠠᠰᠤ ᠳ᠋ᠤ᠌ ᠺᠠᠲ᠋ᠣᠯᠢᠭ ᠱᠠᠰᠢᠨ ᠊ᠢ ᠳᠡᠯᠭᠡᠷᠡᠭᠦᠯᠵᠦ ᠪᠠᠶ᠋ᠢᠵᠠᠢ ᠃ ᠬᠣᠷᠢᠭᠠᠳ ᠵᠢᠯ ᠦ᠋ᠨ ᠳᠣᠲᠣᠷ᠎ᠠ ᠮᠣᠩᠭᠣᠯᠴᠤᠳ ᠠ᠋ᠴᠠ ᠲᠤᠶ᠋ᠢᠯ ᠤ᠋ᠨ ᠡᠯᠪᠡᠭ ᠪᠠᠶᠠᠯᠢᠭ ᠮᠣᠩᠭᠣᠯ ᠦᠭᠡ ᠶ᠋ᠢᠨ ᠮᠠᠲ᠋ᠧᠷᠢᠶᠠᠯ ᠊ᠢ ᠣᠯᠵᠤ ᠴᠤᠭᠯᠠᠭᠤᠯᠤᠭᠰᠠᠨ ᠤ᠋ ᠳᠠᠷᠠᠭ᠎ᠠ ᠪᠡᠭᠡᠵᠢᠩ ᠳ᠋ᠦ᠍ ᠣᠯᠠᠨ ᠵᠢᠯ ᠰᠠᠭᠤᠵᠤ ᠪᠠᠶ᠋ᠢᠭᠠᠳ ᠡᠮᠬᠢᠳᠬᠡᠨ ᠨᠠᠶ᠋ᠢᠷᠠᠭᠤᠯᠬᠤ ᠠᠵᠢᠯ ᠊ᠢ ᠭᠦᠢᠴᠡᠳᠬᠡᠵᠡᠢ ᠃ ᠴᠢᠯᠦᠭᠡᠯᠡᠭᠳᠡᠭᠰᠡᠨ ᠦ᠌ ᠳᠠᠷᠠᠭ᠎ᠠ ᠤᠯᠤᠰ ᠲᠠᠭᠠᠨ ᠪᠤᠴᠠᠵᠤ ᠬᠣᠵᠢᠮ ᠨᠢ ᠮᠣᠩᠭᠣᠯᠴᠢ ᠡᠷᠳᠡᠮᠲᠡᠨ ᠢ᠋ᠶ᠋ᠡᠷ ᠠᠮᠧᠷᠢᠺᠠ ᠳ᠋ᠤ᠌ ᠤᠷᠢᠭᠳᠠᠨ ᠣᠴᠢᠵᠤ ᠮᠣᠩᠭᠣᠯ ᠤ᠋ᠨ ᠲᠤᠬᠠᠢ ᠮᠠᠰᠢ ᠠᠷᠪᠢᠨ ᠵᠣᠬᠢᠶᠠᠯ ᠪᠢᠴᠢᠭᠡᠳ1971 ᠣᠨ ᠳ᠋ᠤ᠌ ᠨᠠᠰᠤ ᠪᠠᠷᠠᠪᠠ ᠃ ᠲᠡᠷᠡ ᠮᠣᠩᠭᠣᠯ ᠤ᠋ᠨ ᠲᠤᠬᠠᠢ ᠰᠤᠳᠤᠯᠭᠠᠨ ᠤ᠋ ᠪᠦᠲᠦᠭᠡᠯ ᠣᠯᠠᠨ ᠭᠠᠷᠭᠠᠭᠰᠠᠨ ᠢ᠋ᠶ᠋ᠠᠷ ᠢ᠋ᠶ᠋ᠠᠨ ᠳᠡᠯᠡᠬᠡᠢ ᠳ᠋ᠦ᠍ ᠠᠯᠳᠠᠷᠰᠢᠭᠰᠠᠨ ᠮᠣᠩᠭᠣᠯᠴᠢ ᠡᠷᠳᠡᠮᠲᠡᠨ ᠪᠣᠯᠵᠤ ᠂ ᠵᠣᠬᠢᠶᠠᠯ ᠪᠦᠲᠦᠭᠡᠯ ᠨᠢ ᠪᠦᠬᠦ ᠳᠡᠯᠡᠬᠡᠢ ᠶ᠋ᠢᠨ ᠮᠣᠩᠭᠣᠯ ᠤ᠋ᠨ ᠰᠤᠳᠤᠯᠤᠯ ᠤ᠋ᠨ ᠴᠢᠬᠤᠯᠠ ᠥᠪ ᠲᠦ᠍ ᠣᠷᠣᠯ᠎ᠠ ᠃ 《 ᠠᠷᠵᠠᠢ ᠪᠤᠷᠵᠠᠢ ᠬᠠᠭᠠᠨ 》 ᠭᠡᠰᠡᠨ ᠡᠨᠡᠬᠦ ᠣᠷᠳᠣᠰ ᠠᠮᠠᠨ ᠵᠣᠬᠢᠶᠠᠯ ᠨᠢ ᠲᠡᠭᠦᠨ ᠦ᠌ ᠨᠡᠯᠢᠶᠡᠳ ᠲᠣᠮᠣ ᠪᠦᠲᠦᠭᠡᠯ ᠦ᠋ᠨ ᠨᠢᠭᠡ ᠨᠢ ᠪᠣᠯᠤᠨ᠎ᠠ ᠃ ᠡᠨᠡ ᠨᠢ ᠳᠠᠷᠤᠢ ᠲᠡᠭᠦᠨ ᠦ᠌ 《 ᠶᠢᠷᠲᠢᠨᠴᠦ ᠶ᠋ᠢᠨ ᠭᠤᠷᠪᠠ 》 ᠶ᠋ᠢ ᠪᠠᠰᠠ ᠨᠢᠳᠦ ᠬᠠᠶᠠᠨ ᠡᠮᠬᠢᠳᠬᠡᠬᠦ ᠠᠵᠢᠯ ᠬᠢᠭᠰᠡᠨ  ᠭᠡᠳᠡᠭ ᠢ᠋  ᠭᠡᠷᠡᠴᠢᠯᠡᠵᠦ ᠪᠠᠶ᠋ᠢᠨ᠎ᠠ ᠃ 
       ᠳᠡᠭᠡᠷᠡᠬᠢ ᠶᠠᠷᠢᠭᠰᠠᠨ ᠠ᠋ᠴᠠ  ᠪᠢᠳᠡ ᠭᠠᠳᠠᠭᠠᠳᠤ ᠤᠯᠤᠰ ᠂ ᠬᠠᠷᠢ ᠦᠨᠳᠦᠰᠦᠲᠡᠨ ᠪᠠᠰᠠ ᠡᠨᠡ ᠮᠡᠲᠦ ᠪᠡᠷ ᠮᠣᠩᠭᠣᠯ ᠠᠷᠠᠳ ᠤ᠋ᠨ ᠠᠮᠠᠨ ᠵᠣᠬᠢᠶᠠᠯ ᠤ᠋ᠨ ᠪᠡᠶ᠎ᠡ ᠪᠡᠨ ᠳᠠᠭᠠᠭᠠᠭᠰᠠᠨ ᠨᠢᠭᠡ ᠲᠥᠷᠥᠯ ᠪᠣᠯᠵᠤ ᠪᠠᠶ᠋ᠢᠭ᠎ᠠ ᠬᠣᠪᠣᠷ ᠨᠠᠨᠳᠢᠨ ᠰᠣᠶᠣᠯ ᠤ᠋ᠨ ᠥᠪ — 《 ᠶᠢᠷᠲᠢᠨᠴᠦ ‍ᠶ᠋ᠢᠨ ᠭᠤᠷᠪᠠ 》 ‍ᠶ᠋ᠢ ᠶᠡᠬᠡᠯ᠎ᠡ ᠬᠦᠨᠳᠦᠳᠬᠡᠨ ᠰᠤᠳᠤᠯᠵᠤ ᠪᠠᠶ᠋ᠢᠳᠠᠭ ᠭᠡᠰᠡᠨ ᠢ᠋ ᠣᠯᠵᠤ ᠮᠡᠳᠡᠵᠦ ᠪᠣᠯᠤᠨ᠎ᠠ ᠃ ᠭᠡᠪᠡᠴᠦ ᠲᠡᠳᠡᠨᠡᠷ ᠦ᠋ᠨ ᠮᠣᠩᠭᠣᠯ ᠦᠨᠳᠦᠰᠦᠲᠡᠨ ᠦ᠌ ᠠᠷᠠᠳ ᠤ᠋ᠨ ᠠᠮᠠᠨ ᠵᠣᠬᠢᠶᠠᠯ ᠤ᠋ᠨ ᠲᠤᠬᠠᠢ ᠮᠡᠳᠡᠯᠭᠡ ᠪᠡᠷ ᠢᠪᠴᠤᠤ ᠪᠣᠯᠬᠣᠷ  ᠂ ᠵᠥᠪᠬᠡᠨ 《 ᠶᠢᠷᠲᠢᠨᠴᠦ ‍ᠶ᠋ᠢᠨ ᠭᠤᠷᠪᠠᠨ Ⅹ Ⅹ Ⅹ ᠭᠡᠳᠡᠭ ᠶᠠᠭᠤ ᠪᠣᠢ ? 》 ᠭᠡᠵᠦ ᠠᠰᠠᠭᠤᠬᠤ ᠬᠡᠯᠪᠡᠷᠢ ᠪᠡᠷ ᠨᠢ 《 ᠶᠢᠷᠲᠢᠨᠴᠦ ‍ᠶ᠋ᠢᠨ ᠭᠤᠷᠪᠠᠨ ᠣᠨᠢᠰᠣᠭ᠎ᠠ 》 ᠂ 《 ᠳᠠᠭᠠᠪᠤᠷᠢ ᠭᠤᠷᠪᠠᠯᠵᠢᠨ 》 ᠭᠡᠬᠦ ᠪᠤᠶᠤ ᠣᠨᠢᠰᠣᠭ᠎ᠠ ‍ᠶ᠋ᠢᠨ ᠨᠢᠭᠡ ᠲᠥᠷᠥᠯ ᠭᠡᠵᠦ ᠦᠵᠡᠭᠰᠡᠨ ᠨᠢ ᠪᠤᠷᠤᠭᠤ ᠪᠠᠶ᠋ᠢᠨ᠎ᠠ ᠃ ᠡᠨᠡ ᠨᠢ ᠳᠠᠷᠤᠢ ᠭᠠᠳᠠᠭᠠᠳᠤ ‍ᠶ᠋ᠢᠨ ᠰᠤᠳᠤᠯᠭᠠᠨ ᠤ᠋ ᠲᠣᠢᠮᠤ ᠪᠠᠶ᠋ᠢᠳᠠᠯ ᠪᠣᠯᠤᠨ᠎ᠠ ᠃   

             3 . ᠮᠠᠨ ᠤ᠋ ᠤᠯᠤᠰ ᠤ᠋ᠨ ᠳᠣᠲᠣᠭᠠᠳᠤ ‍ᠶ᠋ᠢᠨ  ᠡᠮᠬᠢᠳᠬᠡᠨ ᠰᠤᠳᠤᠯᠤᠭᠰᠠᠨ ᠲᠣᠢᠮᠤ  
       ᠮᠠᠨ ᠤ᠋ ᠤᠯᠤᠰ ᠤ᠋ᠨ ᠳᠣᠲᠣᠭᠠᠳᠤ ( ᠥᠪᠥᠷ ᠮᠣᠩᠭᠣᠯ ᠢ᠋ᠶ᠋ᠠᠷ ᠭᠣᠣᠯᠯᠠᠵᠤ ᠪᠤᠰᠤᠳ ᠮᠣᠩᠭᠣᠯ ᠣᠷᠣᠨ ᠴᠤ᠌ ᠪᠠᠭᠲᠠᠨ᠎ᠠ ) ‍ᠶ᠋ᠢᠨ ᠡᠷᠳᠡᠮᠲᠡᠨ ᠰᠤᠳᠤᠯᠭᠠᠲᠠᠨ ᠨᠠᠷ ᠤ᠋ᠨ 《 ᠶᠢᠷᠲᠢᠨᠴᠦ ‍ᠶ᠋ᠢᠨ ᠭᠤᠷᠪᠠ 》 ‍ᠶ᠋ᠢ ᠡᠮᠬᠢᠳᠬᠡᠨ ᠰᠤᠳᠤᠯᠤᠭᠰᠠᠨ ᠪᠠᠶ᠋ᠢᠳᠠᠯ ᠢ᠋ ᠲᠣᠶ᠋ᠢᠮᠣᠴᠢᠯᠠᠨ ᠶᠠᠷᠢᠪᠠᠯ ᠳᠣᠣᠷᠠᠬᠢ ᠮᠡᠲᠦ ᠪᠠᠶ᠋ᠢᠨ᠎ᠠ ᠃ 《 ᠶᠢᠷᠲᠢᠨᠴᠦ ‍ᠶ᠋ᠢᠨ ᠭᠤᠷᠪᠠ 》 ‍ᠶ᠋ᠢ ᠡᠮᠬᠢᠳᠬᠡᠨ ᠰᠤᠳᠤᠯᠬᠤ ᠠᠵᠢᠯ ᠨᠢ  ᠡᠷᠲᠡᠨ ᠡᠴᠡ ᠣᠳᠣ ‍ᠳᠤ ᠲᠤᠯᠲᠠᠯ᠎ᠠ ᠲᠠᠰᠤᠭ ᠪᠤᠰᠠᠭ ᠡᠳᠦᠢ ᠲᠡᠳᠦᠢ ᠶᠠᠪᠤᠭᠳᠠᠭᠰᠠᠨ ᠪᠣᠯᠪᠠᠴᠤ ᠵᠢᠩᠬᠢᠨᠢ ᠬᠥᠭᠵᠢᠯᠲᠡ ᠪᠡᠨ ᠣᠯᠵᠤ ᠵᠣᠬᠢᠬᠤ ᠬᠡᠮᠵᠢᠶᠡᠨ ᠦ᠌ ᠠᠮᠵᠢᠯᠲᠠ ᠣᠯᠵᠤ ᠳᠡᠶ᠋ᠢᠯᠦᠭᠡᠳᠦᠢ ᠪᠣᠯᠬᠣᠷ ᠡᠨᠡ ᠲᠠᠯ᠎ᠠ ‍ᠶ᠋ᠢᠨ ᠠᠵᠢᠯ ᠨᠢ ᠠᠨᠠᠶ᠋ᠢᠬᠠᠨ ᠪᠠᠶ᠋ᠢᠨ᠎ᠠ ᠃  
       ᠮᠢᠨᠦ ᠦᠵᠡᠭᠰᠡᠨ ᠲᠣᠭ᠎ᠠ ᠲᠠᠢ ᠬᠡᠳᠦᠨ ᠨᠣᠮ ᠳᠡᠪᠲᠡᠷ ᠢ᠋ ᠦᠨᠳᠦᠰᠦᠯᠡᠪᠡᠯ ᠡᠭᠦᠨ ᠦ᠌ ᠲᠤᠬᠠᠢ ᠰᠤᠳᠤᠯᠵᠤ ᠪᠠᠶ᠋ᠢᠭ᠎ᠠ ᠬᠥᠮᠦᠰ ᠲᠤᠩ ᠬᠣᠪᠣᠷᠬᠠᠨ ᠬᠠᠷᠠᠭᠳᠠᠨ᠎ᠠ ᠃ ᠣᠷᠴᠢᠮ ᠤ᠋ᠨ ᠬᠡᠳᠦᠨ ᠵᠢᠯ ᠦ᠋ᠨ ᠰᠣᠨᠢᠨ ᠰᠡᠳᠬᠦᠯ ᠊ᠢ ᠨᠠᠷᠢᠪᠴᠢᠯᠠᠨ ᠦᠵᠡᠬᠦᠶ᠎ᠡ 《 ᠶᠢᠷᠲᠢᠨᠴᠦ ᠶ᠋ᠢᠨ ᠭᠤᠷᠪᠠ 》 ᠶ᠋ᠢᠨ ᠲᠤᠬᠠᠢ ᠡᠮᠬᠢᠳᠬᠡᠯ ᠬᠠᠶᠠ ᠦᠵᠡᠭᠳᠡᠬᠦ ᠪᠣᠯᠪᠠᠴᠤ《 ᠶᠢᠷᠲᠢᠨᠴᠦ ᠶ᠋ᠢᠨ ᠭᠤᠷᠪᠠ 》 ᠶ᠋ᠢ ᠣᠨᠣᠯ ᠤ᠋ᠨ ᠲᠠᠯ᠎ᠠ ᠪᠠᠷ ᠰᠤᠳᠤᠯᠤᠭᠰᠠᠨ ᠥᠭᠦᠯᠡᠯ ᠵᠣᠬᠢᠶᠠᠯ ᠨᠢ ᠶᠣᠰᠣᠲᠠᠢ ᠯᠠ ᠡᠳᠦᠷ ᠦ᠋ᠨ ᠣᠳᠣ ᠂ ᠡᠪᠦᠯ ᠦ᠋ᠨ ᠴᠡᠴᠡᠭ ᠂ ᠰᠥᠨᠢ ᠶ᠋ᠢᠨ ᠰᠣᠯᠣᠩᠭ᠎ᠠ ᠪᠠᠶ᠋ᠢᠨ᠎ᠠ ᠃ ᠡᠨᠡ ᠨᠢ ᠮᠣᠩᠭᠣᠯ ᠤᠳᠬ᠎ᠠ ᠵᠣᠬᠢᠶᠠᠯ ᠤ᠋ᠨ ᠰᠤᠳᠤᠯᠤᠯ ᠤ᠋ᠨ ᠲᠠᠯ᠎ᠠ ᠪᠠᠷ ᠬᠢ ᠨᠢᠭᠡᠨ ᠶᠡᠬᠡ ᠨᠥᠬᠥᠪᠥᠷᠢᠯᠡᠵᠦ ᠳᠡᠶ᠋ᠢᠯᠦᠭᠡᠳᠦᠢ ᠬᠣᠴᠣᠷᠤᠭᠳᠠᠨ ᠬᠠᠶᠠᠭᠳᠠᠭᠰᠠᠨ ᠬᠡᠰᠡᠭ ᠪᠦᠯᠦᠭ ᠪᠣᠯᠬᠤ ᠶ᠋ᠢ ᠪᠢᠳᠡ ᠣᠯᠠᠨ ᠢ᠋ᠶ᠋ᠠᠷ ᠢ᠋ᠶ᠋ᠠᠨ ᠮᠡᠳᠡᠪᠡᠰᠦ ᠵᠣᠬᠢᠨ᠎ᠠ ᠃  
       ᠤᠯᠤᠰ ᠤ᠋ᠨ ᠳᠣᠲᠣᠭᠠᠳᠤ ᠳ᠋ᠤ᠌ 《 ᠶᠢᠷᠲᠢᠨᠴᠦ ᠶ᠋ᠢᠨ ᠭᠤᠷᠪᠠ 》 ᠶ᠋ᠢ ᠣᠨᠣᠯ ᠤ᠋ᠨ ᠲᠠᠯ᠎ᠠ ᠪᠠᠷ ᠦᠭᠦᠯᠡᠭᠰᠡᠨ ᠊ᠢ ᠶᠠᠷᠢᠪᠠᠯ ᠶᠠᠭᠤᠨ ᠤ᠋ ᠤᠷᠢᠳ ᠨᠥᠬᠥᠷ ᠮᠠᠨᠳᠤᠬᠤ ᠶ᠋ᠢ ᠳᠤᠷᠠᠳᠬᠤ ᠪᠣᠯᠤᠨ᠎ᠠ ᠃ ᠮᠠᠨᠳᠤᠬᠤ ᠭᠤᠸᠠᠢ1981 ᠣᠨ ᠳ᠋ᠤ᠌ ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠪᠠᠷ ᠬᠡᠪᠯᠡᠭᠦᠯᠦᠭᠰᠡᠨ《 ᠮᠣᠩᠭᠣᠯ ᠠᠷᠠᠳ ᠤ᠋ᠨ ᠠᠮᠠᠨ ᠵᠣᠬᠢᠶᠠᠯ ᠤ᠋ᠨ ᠲᠣᠢᠮᠤ 》 ᠭᠡᠳᠡᠭ ᠨᠣᠮ ᠳ᠋ᠠᠭᠠᠨ《 ᠶᠢᠷᠲᠢᠨᠴᠦ ᠶ᠋ᠢᠨ ᠭᠤᠷᠪᠠ 》 ᠶ᠋ᠢᠨ ᠲᠤᠬᠠᠢ ᠨᠢᠭᠡ ᠪᠦᠯᠦᠭ ᠪᠣᠯᠭᠠᠨ ᠶᠠᠷᠢᠵᠤ ᠥᠭᠦᠯᠡᠯ ᠦ᠋ᠨ ᠳᠣᠲᠣᠷ᠎ᠠ ᠪᠠᠨ《 ᠶᠢᠷᠲᠢᠨᠴᠦ ᠶ᠋ᠢᠨ ᠭᠤᠷᠪᠠ 》 ᠪᠣᠯ ᠮᠣᠩᠭᠣᠯ ᠠᠷᠠᠳ ᠤ᠋ᠨ ᠠᠮᠠᠨ ᠵᠣᠬᠢᠶᠠᠯ ᠤ᠋ᠨ ᠨᠢᠭᠡ ᠲᠥᠷᠥᠯ ᠪᠣᠯᠬᠤ ᠶ᠋ᠢ ᠪᠠᠲᠤᠯᠠᠭᠰᠠᠨ ᠪᠥᠭᠡᠳ ᠲᠡᠭᠦᠨ ᠦ᠌ ᠥᠪᠡᠷᠮᠢᠴᠡ ᠣᠨᠴᠠᠯᠢᠭ ᠵᠡᠷᠭᠡ ᠲᠠᠯ᠎ᠠ ᠪᠠᠷ ᠦᠨᠡᠲᠦ ᠰᠠᠨᠠᠯ ᠳᠤᠷᠠᠳᠴᠤ ᠂《 ᠶᠢᠷᠲᠢᠨᠴᠦ ᠶ᠋ᠢᠨ ᠭᠤᠷᠪᠠ 》 ᠶ᠋ᠢ  ᠭᠤᠷᠪᠠᠨ ᠮᠥᠷ ᠲᠡᠢ ᠡᠴᠡ 12 ᠪᠠᠳᠠᠭ ᠂ ᠳᠥᠷᠪᠡᠨ ᠮᠥᠷ ᠲᠡᠢ ᠡᠴᠡ 9 ᠪᠠᠳᠠᠭ ᠂ ᠠᠷᠪᠠᠨ ᠮᠥᠷ ᠲᠡᠢ ᠡᠴᠡ 1 ᠪᠠᠳᠠᠭ ᠊ᠢ ᠵᠢᠱ᠌ᠢᠶ᠎ᠡ ᠪᠣᠯᠭᠠᠨ ᠦᠵᠡᠭᠦᠯᠬᠦ ᠶ᠋ᠢᠨ ᠳᠠᠭᠠᠤ ᠪᠤᠰᠤᠳ ᠣᠯᠠᠨ ᠮᠥᠷ ᠨᠢ ᠪᠦᠷ《 ᠶᠢᠷᠲᠢᠨᠴᠦ ᠶ᠋ᠢᠨ ᠭᠤᠷᠪᠠ 》 ᠠ᠋ᠴᠠ ᠤᠯᠠᠷᠢᠵᠤ ᠬᠥᠭᠵᠢᠭᠰᠡᠨ ᠭᠡᠵᠡᠢ ᠃ ᠲᠡᠭᠦᠨ ᠦ᠌ ᠥᠭᠦᠯᠡᠯ ᠳ᠋ᠡᠭᠡᠨ ᠶᠠᠷᠢᠭᠰᠠᠨ ᠊ᠢ ᠡᠨᠳᠡ ᠰᠢᠨᠵᠢᠯᠡᠪᠡᠯ ᠄ 《 ᠳᠥᠷᠪᠡᠨ ᠮᠥᠷ ᠲᠡᠢ ᠪᠠᠶ᠋ᠢᠬᠰᠠᠨ ᠴᠤ᠌ ᠲᠡᠷᠡ ᠂ ᠵᠢᠷᠭᠤᠭᠠᠨ ᠮᠥᠷ ᠲᠡᠢ ᠪᠠᠶ᠋ᠢᠬᠰᠠᠨ ᠴᠤ᠌ ᠲᠡᠷᠡ ᠂ ᠮᠥᠷ ᠦ᠋ᠨ ᠲᠣᠭ᠎ᠠ ᠨᠢ ᠠᠳᠠᠯᠢ ᠦᠭᠡᠢ ᠡᠴᠡ ᠪᠢᠰᠢ ᠲᠡᠳᠡᠭᠡᠷ ᠦ᠋ᠨ ᠪᠦᠲᠦᠴᠡ ᠵᠣᠬᠢᠶᠠᠮᠵᠢ ᠠ᠋ᠴᠠ ᠠᠪᠤᠭᠠᠳ ᠬᠡᠯᠡ ᠬᠡᠯᠡᠯᠭᠡ ᠬᠦᠷᠲᠡᠯ᠎ᠡ ᠪᠦᠷ ᠠᠳᠠᠯᠢᠬᠠᠨ ᠪᠠᠶ᠋ᠢᠨ᠎ᠠ ᠃ ᠥᠭᠡᠷ᠎ᠡ ᠪᠡᠷ ᠬᠡᠯᠡᠪᠡᠯ ᠮᠥᠷ ᠬᠤᠪᠢᠶᠠᠭᠰᠠᠨ ᠨᠢ ᠠᠳᠠᠯᠢ ᠦᠭᠡᠢ ᠡᠴᠡ ᠪᠢᠰᠢ ᠮᠥᠨ ᠴᠢᠨᠠᠷ ᠳᠡᠭᠡᠷ᠎ᠡ ᠪᠡᠨ ᠠᠳᠠᠯᠢ ᠪᠠᠶ᠋ᠢᠨ᠎ᠠ ᠃ 
        《 ᠠᠭᠯᠠᠭ ᠠᠭᠤᠯᠠᠨ ᠳ᠋ᠤ᠌ ᠮᠣᠳᠣ ᠴᠢᠮᠡᠭ  
           ᠠᠭᠤᠳᠠᠮ ᠲᠠᠯ᠎ᠠ ᠳ᠋ᠤ᠌ ᠮᠠᠯ ᠴᠢᠮᠡᠭ 
           ᠡᠷᠳᠡᠨᠢ ᠶ᠋ᠢᠨ ᠴᠢᠯᠠᠭᠤ ᠠᠭᠤᠯᠠᠨ ᠳ᠋ᠤ᠌ ᠴᠢᠮᠡᠭ 
           ᠡᠶᠡᠯᠳᠡᠭ ᠵᠠᠩ ᠬᠥᠮᠦᠨ ᠦ᠌ ᠴᠢᠮᠡᠭ 
           ᠬᠣᠨᠢᠴᠢᠨ ᠬᠥᠮᠦᠨ ᠳ᠋ᠦ᠍ ᠤᠷᠭ᠎ᠠ ᠴᠢᠮᠡᠭ 
           ᠬᠣᠷᠢᠮᠴᠢ ᠬᠥᠮᠦᠨ ᠳ᠋ᠦ᠍ ᠬᠤᠪᠴᠠᠰᠤ ᠴᠢᠮᠡᠭ 
           ᠰᠠᠢᠬᠠᠨ ᠬᠡᠦᠬᠡᠨ ᠭᠡᠷ ᠦ᠋ᠨ ᠴᠢᠮᠡᠭ 
           ᠰᠠᠭᠰᠠᠭᠠᠷ ᠮᠣᠳᠣ ᠠᠭᠤᠯᠠᠨ ᠤ᠋ ᠴᠢᠮᠡᠭ 
           ᠲᠡᠮᠡᠭᠡ ᠭᠣᠪᠢ ᠶ᠋ᠢᠨ ᠴᠢᠮᠡᠭ 
           ᠲᠡᠷᠭᠡ ᠬᠣᠲᠠᠨ ᠤ᠋ ᠴᠢᠮᠡᠭ ᠃ 》
      ᠡᠨᠳᠡ ᠨᠡᠶ᠋ᠢᠲᠡ ᠠᠷᠪᠠᠨ <  ᠴᠢᠮᠡᠭ > ᠪᠠᠶ᠋ᠢᠨ᠎ᠠ ᠃ ᠡᠳᠡᠭᠡᠷ ᠊ᠢ ᠬᠣᠶᠠᠷ ᠬᠣᠶᠠᠷ ᠮᠥᠷ ᠢ᠋ᠶ᠋ᠡᠷ ᠵᠢᠭᠰᠠᠭᠠᠪᠠᠯ <  ᠶᠢᠷᠲᠢᠨᠴᠦ ᠶ᠋ᠢᠨ ᠭᠤᠷᠪᠠ  > ᠪᠣᠯᠴᠢᠬᠣ  ᠪᠢᠰᠢᠦ ? ᠡᠶ᠋ᠢᠮᠦ ᠡᠴᠡ ᠬᠡᠳᠦᠨ ᠮᠥᠷ ᠲᠡᠢ ᠪᠠᠶ᠋ᠢᠬᠰᠠᠨ ᠴᠤ᠌ ᠰᠢᠨᠵᠢ ᠴᠢᠨᠠᠷ ᠢ᠋ᠶ᠋ᠠᠷ ᠠᠳᠠᠯᠢ ᠲᠤᠯᠠ ᠲᠡᠳᠡᠭᠡᠷ ᠊ᠢ ᠪᠢᠳᠡ ᠨᠢᠭᠡ ᠶᠠᠭᠤᠮ᠎ᠠ ᠪᠠᠷ ᠦᠵᠡᠬᠦ ᠶᠣᠰᠣᠲᠠᠢ ᠃ ᠡᠨᠡ ᠡᠭᠦᠳᠡᠨ ᠡᠴᠡ ᠲᠡᠳᠡᠭᠡᠷ ᠊ᠢ ᠪᠦᠷ <ᠶᠢᠷᠲᠢᠨᠴᠦ ᠶ᠋ᠢᠨ ᠭᠤᠷᠪᠠ  > ᠭᠡᠰᠡᠨ ᠪᠢᠯᠡ 》(14) ᠭᠡᠬᠦ ᠮᠡᠲᠦ ᠪᠡᠷ ᠥᠪᠡᠷᠦᠨ ᠦᠵᠡᠯᠲᠡ ᠪᠡᠨ ᠳᠤᠷᠠᠳᠴᠠᠢ ᠃ ᠡᠭᠦᠨ ᠡᠴᠡ ᠭᠠᠳᠠᠨ᠎ᠠ ᠂ ᠮᠠᠨᠳᠤᠬᠤ ᠭᠤᠸᠠᠢ ᠥᠪᠥᠷ ᠮᠣᠩᠭᠣᠯ ᠤ᠋ᠨ ᠡᠳᠦᠷ ᠦ᠋ᠨ ᠰᠣᠨᠢᠨ ᠤ᠋ 80 ᠣᠨ ᠤ᠋ 3 ᠰᠠᠷᠠᠶ᠋ᠢᠨ 18 ᠤ᠋ ᠡᠳᠦᠷ ᠦ᠋ᠨ ᠰᠣᠨᠢᠨ ᠳ᠋ᠤ᠌ 《 ᠶᠢᠷᠲᠢᠨᠴᠦ ᠶ᠋ᠢᠨ ᠭᠤᠷᠪᠠ ᠶ᠋ᠢᠨ ᠲᠤᠬᠠᠢ 》 ᠭᠡᠳᠡᠭ ᠣᠬᠣᠷ ᠥᠭᠦᠯᠡᠯ ᠊ᠢ ᠨᠡᠢᠲᠡᠯᠡᠭᠰᠡᠨ ᠪᠠᠶ᠋ᠢᠨ᠎ᠠ ᠃ 
       ᠡᠭᠦᠨ ᠡᠴᠡ ᠭᠠᠳᠠᠨ᠎ᠠ 《 ᠥᠪᠥᠷ ᠮᠣᠩᠭᠣᠯ ᠤ᠋ᠨ ᠨᠡᠶ᠋ᠢᠭᠡᠮ ᠦ᠋ᠨ ᠰᠢᠨᠵᠢᠯᠡᠬᠦ ᠤᠬᠠᠭᠠᠨ 》 ᠰᠡᠳᠬᠦᠯ ᠦ᠋ᠨ 80  ᠣᠨ ᠤ᠋ 2—3 ᠳ᠋ᠤᠭᠠᠷ ᠬᠤᠭᠤᠴᠠᠭ᠎ᠠ ᠳ᠋ᠤ᠌ ᠨᠡᠢᠲᠡᠯᠡᠭᠰᠡᠨ ᠣᠳ ᠂ ᠡᠷᠳᠡᠨᠢ ᠭᠤᠸᠠᠢ ᠶ᠋ᠢᠨ 《 ᠭᠤᠷᠪᠠᠲᠤ ᠶ᠋ᠢᠨ ᠪᠦᠷᠢᠯᠳᠦᠬᠦᠨ ᠦ᠌ ᠤᠯᠠᠷᠢᠬᠤᠢ ᠣᠨᠣᠯ ᠊ᠢ ᠲᠤᠷᠰᠢᠨ ᠥᠭᠦᠯᠡᠬᠦ ᠨᠢ 》 ᠭᠡᠳᠡᠭ ᠥᠭᠦᠯᠡᠯ ᠦ᠋ᠨ ᠳᠣᠲᠣᠷ᠎ᠠ 《 ᠶᠢᠷᠲᠢᠨᠴᠦ ᠶ᠋ᠢᠨ ᠭᠤᠷᠪᠠ 》 ᠬᠡᠮᠡᠬᠦ ᠨᠢᠭᠡᠨ ᠲᠥᠷᠥᠯ ᠦ᠋ᠨ ᠵᠣᠬᠢᠶᠠᠯ ᠪᠠᠶ᠋ᠢᠬᠤ ᠶ᠋ᠢ ᠳᠤᠷᠠᠳᠬᠤ ᠶ᠋ᠢᠨ ᠳᠠᠭᠠᠤ ᠲᠠᠪᠤᠨ ᠪᠠᠳᠠᠭ ᠊ᠢ ᠵᠢᠱ᠌ᠢᠶ᠎ᠡ ᠪᠣᠯᠭᠠᠨ ᠣᠷᠣᠭᠤᠯᠤᠭᠰᠠᠨ ᠪᠠᠶ᠋ᠢᠨ᠎ᠠ ᠃ 《 ᠶᠢᠷᠲᠢᠨᠴᠦ ᠶ᠋ᠢᠨ ᠭᠤᠷᠪᠠ 》 ᠶ᠋ᠢᠨ ᠲᠤᠬᠠᠢ ᠰᠢᠨᠵᠢᠯᠡᠨ ᠰᠤᠳᠤᠯᠤᠭᠰᠠᠨ ᠥᠭᠦᠯᠡᠯ ᠵᠣᠬᠢᠶᠠᠯ ᠨᠢ ᠪᠠᠷᠤᠭ ᠡᠨᠡᠬᠡᠨ ᠯᠡ ᠪᠠᠶ᠋ᠢᠨ᠎ᠠ ᠃ 
     《 ᠶᠢᠷᠲᠢᠨᠴᠦ ᠶ᠋ᠢᠨ ᠭᠤᠷᠪᠠ 》 ᠨᠢ ᠮᠣᠩᠭᠣᠯ ᠠᠷᠠᠳ ᠤ᠋ᠨ ᠠᠮᠠᠨ ᠵᠣᠬᠢᠶᠠᠯ ᠤ᠋ᠨ ᠨᠢᠭᠡ ᠲᠥᠷᠥᠯ ᠪᠣᠯᠤᠭᠰᠠᠨ ᠤ᠋ ᠬᠤᠪᠢ ᠳ᠋ᠤ᠌ ᠰᠤᠷᠭᠠᠨ ᠬᠥᠮᠦᠵᠢᠭᠦᠯᠬᠦ ᠂ ᠮᠡᠳᠡᠯᠭᠡ ᠤᠯᠠᠮᠵᠢᠯᠠᠬᠤ ᠦᠢᠯᠡᠳᠦᠯ ᠲᠡᠢ ᠪᠡᠷ ᠦᠯᠦ ᠪᠠᠷᠠᠮ ᠪᠢᠯᠬᠠᠮ᠎ᠠ ᠪᠠᠶᠠᠯᠢᠭ ᠭᠦᠨ ᠤᠬᠠᠭᠠᠨ ᠤ᠋ ᠦᠵᠡᠯ ᠰᠠᠨᠠᠭ᠎ᠠ ᠠᠬᠤᠭᠤᠯᠵᠤ ᠪᠠᠶ᠋ᠢᠬ᠋᠎ᠠ ᠶ᠋ᠢᠨ ᠤᠴᠢᠷ ᠂ ᠥᠴᠦᠬᠡᠨ ᠪᠢ 80  ᠣᠨ ᠠ᠋ᠴᠠ ᠡᠬᠢᠯᠡᠨ ᠰᠤᠷᠤᠯᠭ᠎ᠠ ᠶ᠋ᠢᠨ ᠴᠢᠯᠥᠭᠡ ᠪᠠ ᠡᠪᠦᠯ ᠵᠤᠨ ᠤ᠋ ᠠᠮᠠᠷᠠᠯᠲᠠ ᠶ᠋ᠢ ᠠᠰᠢᠭᠯᠠᠨ ᠬᠥᠳᠡᠭᠡ ᠨᠤᠲᠤᠭ ᠢ᠋ᠶ᠋ᠠᠷ ᠲᠣᠭᠣᠷᠢᠨ ᠰᠤᠷᠪᠤᠯᠵᠢᠯᠠᠵᠤ ᠲᠡᠮᠳᠡᠭᠯᠡᠨ ᠡᠮᠬᠢᠳᠬᠡᠭᠡᠳ 83  ᠣᠨ ᠪᠣᠯᠲᠠᠯ᠎ᠠ ᠪᠦᠭᠦᠳᠡ 700  ᠭᠠᠷᠤᠢ ᠪᠠᠳᠠᠭ ᠬᠦᠷᠦᠭᠰᠡᠨ ᠦ᠌ ᠳ᠋ᠦ᠋ᠩ ᠳ᠋ᠦ᠍ ᠪᠦᠬᠦᠨ ᠊ᠢ ᠡᠮᠬᠢᠯᠡᠨ ᠵᠢᠭᠰᠠᠭᠠᠵᠤ 《 ᠶᠢᠷᠲᠢᠨᠴᠦ ᠶ᠋ᠢᠨ ᠭᠤᠷᠪᠠ  ᠪᠠ ᠲᠡᠭᠦᠨ ᠦ᠌ ᠭᠦᠨ ᠤᠬᠠᠭᠠᠨ ᠤ᠋ ᠦᠵᠡᠯ ᠰᠠᠨᠠᠭᠠᠨ ᠤ᠋ ᠲᠤᠬᠠᠢ 》 ᠭᠡᠳᠡᠭ ᠥᠭᠦᠯᠡᠯ ᠊ᠢ ᠪᠢᠴᠢᠭᠰᠡᠨ ᠪᠠᠶ᠋ᠢᠨ᠎ᠠ ᠃ 
       83  ᠣᠨ ᠤ᠋  4 ᠰᠠᠷ᠎ᠠ ᠳ᠋ᠤ᠌ ᠥᠪᠥᠷ ᠮᠣᠩᠭᠣᠯ ᠤ᠋ᠨ ᠨᠡᠶ᠋ᠢᠭᠡᠮ ᠦ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠦ᠋ᠨ ᠮᠣᠩᠭᠣᠯ ᠦᠨᠳᠦᠰᠦᠲᠡᠨ ᠦ᠌ ᠭᠦᠨ ᠤᠬᠠᠭᠠᠨ ᠪᠠ ᠨᠡᠶ᠋ᠢᠭᠡᠮ ᠦ᠋ᠨ ᠦᠵᠡᠯ ᠰᠠᠨᠠᠭᠠᠨ ᠤ᠋ ᠲᠡᠦᠬᠡ ᠰᠤᠳᠤᠯᠬᠤ ᠭᠠᠵᠠᠷ ᠤ᠋ᠨ ᠡᠷᠳᠡᠮᠲᠡᠨ ᠪᠠᠭᠰᠢ ᠨᠠᠷ ᠤ᠋ᠨ ᠬᠢᠨᠠᠯᠲᠠ ᠪᠠᠷ ᠳᠠᠮᠵᠢᠨ ᠂ ᠲᠡᠳᠡᠨᠡᠷ ᠦ᠋ᠨ ᠵᠥᠪᠰᠢᠶᠡᠷᠡᠯ ᠪᠠ ᠨᠠᠶ᠋ᠢᠲᠠᠯᠬ᠋᠎ᠠ ᠪᠠᠷ ᠲᠣᠰᠣᠨ  ᠪᠡᠷ ᠢ᠋ᠶ᠋ᠠᠷ ᠳᠠᠷᠤᠮᠠᠯᠯᠠᠨ ᠳᠡᠪᠲᠡᠷᠯᠡᠵᠦ 83 ᠣᠨ ᠤ᠋ 5 ᠰᠠᠷ᠎ᠠ ᠳ᠋ᠤ᠌ ᠬᠥᠬᠡᠬᠣᠲᠠᠨ᠎ᠠ ᠪᠣᠯᠤᠭᠰᠠᠨ ᠮᠣᠩᠭᠣᠯ ᠦᠨᠳᠦᠰᠦᠲᠡᠨ ᠦ᠌ ᠭᠦᠨ ᠤᠬᠠᠭᠠᠨ ᠤ᠋ ᠰᠤᠳᠤᠯᠤᠯ ᠤ᠋ᠨ ᠬᠤᠷᠠᠯ ᠳ᠋ᠤ᠌ ᠳᠡᠪᠰᠢᠭᠦᠯᠦᠨ ᠣᠷᠣᠯᠴᠠᠭᠰᠠᠨ ᠪᠠᠶ᠋ᠢᠨ᠎ᠠ ᠃ ᠲᠡᠭᠡᠭᠡᠳ ᠡᠷᠳᠡᠮᠲᠡᠨ ᠨᠠᠷ ᠤ᠋ᠨ ᠡᠭᠦᠨ ᠡᠴᠡ ᠬᠣᠵᠢᠮ ᠤ᠋ᠨ 《 ᠶᠢᠷᠲᠢᠨᠴᠦ ᠶ᠋ᠢᠨ ᠭᠤᠷᠪᠠ 》 ᠶ᠋ᠢᠨ ᠲᠤᠬᠠᠢ ᠪᠦᠬᠦ ᠲᠠᠯ᠎ᠠ ᠪᠠᠷ ᠭᠦᠨᠵᠡᠭᠡᠢ ᠡᠮᠬᠢᠳᠬᠡᠨ ᠰᠤᠳᠤᠯᠬᠤ ᠳ᠋ᠤᠨᠢ ᠮᠠᠲ᠋ᠧᠷᠢᠶᠠᠯ ᠊ᠢ ᠬᠤᠷᠠᠮᠳᠤᠭᠤᠯᠤᠨ ᠂ ᠠᠰᠢᠭ ᠲᠠᠢ ᠲᠠᠯ᠎ᠠ ᠰᠠᠢᠨ ᠨᠥᠬᠥᠴᠡᠯ ᠊ᠢ ᠪᠦᠷᠢᠯᠳᠦᠭᠦᠯᠦᠨ ᠥᠭᠰᠦᠭᠡᠢ ᠭᠡᠳᠡᠭ ᠴᠠᠶ᠋ᠢᠯᠭᠠᠨ ᠰᠡᠳᠬᠢᠯ ᠦ᠋ᠨ ᠡᠭᠦᠳᠡᠨ ᠡᠴᠡ ᠡᠷᠭᠦᠨ ᠵᠣᠷᠢᠭᠤᠯᠪᠠ ᠃ ᠭᠡᠪᠡᠴᠦ ᠴᠠᠭ ᠤ᠋ᠨ ᠬᠠᠷᠠᠭ᠎ᠠ ᠠ᠋ᠴᠠ ᠪᠣᠯᠵᠤ ᠲᠡᠷᠡᠬᠦ ᠳᠠᠷᠤᠮᠠᠯ ᠤ᠋ᠨ ᠳᠣᠲᠣᠷ᠎ᠠ ᠠᠯᠳᠠᠭ᠎ᠠ ᠪᠤᠷᠤᠭᠤ ᠣᠯᠠᠨ ᠭᠠᠷᠤᠭᠰᠠᠨ ᠨᠢ ᠦᠨᠡᠨᠲᠡᠢ ᠃ ᠥᠨᠥ ᠪᠢ ᠡᠨᠡᠬᠦ ᠨᠢᠭᠡ ᠵᠢᠯ  ᠭᠠᠷᠤᠢ ᠶ᠋ᠢᠨ ᠲᠤᠷᠰᠢ ᠡᠮᠬᠢᠳᠬᠡᠨ ᠣᠯᠤᠭᠰᠠᠨ ᠵᠢᠱ᠌ᠢᠶ᠎ᠡ ᠪᠠᠷᠢᠮᠲᠠ ᠪᠠᠨ ᠡᠮᠦᠨᠡᠬᠢ ᠳᠠᠷᠤᠮᠠᠯ ᠡᠮᠬᠢᠳᠬᠡᠯ ᠲᠡᠢ ᠨᠡᠶ᠋ᠢᠯᠡᠭᠦᠯᠦᠨ ᠠᠯᠳᠠᠭ᠎ᠠ ᠪᠤᠷᠤᠭᠤ ᠶ᠋ᠢ ᠨᠢ ᠵᠠᠰᠠᠵᠤ ᠠᠶ᠋ᠢᠮᠠᠭ ᠪᠦᠯᠦᠭ ᠬᠤᠪᠢᠶᠠᠨ ᠳᠠᠬᠢᠨᠲᠠ ᠰᠡᠢᠷᠡᠭᠦᠯᠦᠭᠰᠡᠨ ᠦ᠌ ᠳ᠋ᠦ᠋ᠩ ᠳ᠋ᠦ᠍ ᠪᠦᠬᠦ ᠬᠤᠪᠢᠯᠪᠤᠷᠢ ᠲᠠᠢ ᠪᠠᠨ ᠮᠢᠩᠭ᠎ᠠ ᠳᠥᠷᠪᠡᠨ ᠵᠠᠭᠤᠨ ᠪᠠᠳᠠᠭ ᠰᠢᠬᠠᠮ ᠪᠣᠯᠤᠭᠰᠠᠨ ᠪᠠᠶ᠋ᠢᠨ᠎ᠠ ᠃ ᠲᠡᠭᠡᠭᠡᠳ ᠡᠮᠦᠨ᠎ᠡ ᠨᠢ ᠡᠶ᠋ᠢᠮᠦ ᠨᠢᠭᠡᠨ ᠥᠭᠦᠯᠡᠯ ᠢ᠋ᠶ᠋ᠡᠷ ᠣᠷᠣᠰᠢᠯ ᠪᠣᠯᠭᠠᠪᠠ ᠃ ᠡᠨᠡ ᠨᠢ ᠳᠠᠷᠤᠢ ᠥᠴᠦᠬᠡᠨ ᠮᠢᠨᠦ ᠡᠮᠬᠢᠳᠬᠡᠭᠰᠡᠨ ᠪᠦᠳᠦᠭᠦᠪᠴᠢ ᠪᠠᠶ᠋ᠢᠲᠠᠯ ᠪᠣᠯᠤᠨ᠎ᠠ ᠃  
      《 ᠶᠢᠷᠲᠢᠨᠴᠦ ᠶ᠋ᠢᠨ ᠭᠤᠷᠪᠠ 》 ᠨᠢ ᠣᠨᠣᠯ ᠤ᠋ᠨ ᠲᠠᠯ᠎ᠠ ᠪᠠᠷ ᠳᠡᠮᠡᠢ ᠣᠯᠠᠨ ᠰᠤᠳᠤᠯᠤᠭᠳᠠᠭᠰᠠᠨ ᠦᠭᠡᠢ ᠪᠣᠯᠪᠠᠴᠤ ᠲᠠᠪᠢᠭᠠᠳ ᠣᠨ ᠠ᠋ᠴᠠ ᠣᠳᠣ  ᠪᠣᠯᠲᠠᠯᠠᠬᠢ ᠰᠣᠨᠢᠨ ᠰᠡᠳᠬᠦᠯ ᠳᠡᠭᠡᠷ᠎ᠡ ᠲᠡᠭᠦᠨ ᠦ᠌ ᠵᠢᠱ᠌ᠢᠶ᠎ᠡ ᠪᠠᠷᠢᠮᠲᠠ ᠬᠡᠳᠦ ᠬᠡᠳᠦᠨ ᠪᠠᠳᠠᠭ ᠢ᠋ᠶ᠋ᠠᠷ ᠲᠠᠰᠤᠷᠠᠯᠲᠠ ᠦᠭᠡᠢ ᠡᠮᠬᠢᠳᠬᠡᠨ ᠨᠡᠢᠲᠡᠯᠡᠭᠳᠡᠭᠰᠡᠭᠡᠷ ᠢᠷᠡᠵᠡᠢ ᠃  
       1957 ᠣᠨ ᠤ᠋10 ᠳ᠋ᠤᠭᠠᠷ ᠬᠤᠭᠤᠴᠠᠭᠠᠨ ᠤ᠋ 《  ᠥᠨᠢᠷ ᠴᠡᠴᠡᠭ 》 ᠰᠡᠳᠬᠦᠯ ᠳᠡᠭᠡᠷ᠎ᠡ ᠨᠥᠬᠥᠷ ᠲ ᠂ ᠰᠠᠶ᠋ᠢᠨᠪᠠᠶᠠᠷ 《 ᠵᠦᠢᠷ ᠦᠭᠡ 》 ᠭᠡᠳᠡᠭ ᠭᠠᠷᠴᠠᠭ ᠢ᠋ᠶ᠋ᠠᠷ 《 ᠳᠥᠷᠪᠡᠨ ᠰᠢᠷᠦᠭᠦᠨ  》 《 ᠳᠥᠷᠪᠡᠨ ᠳᠣᠯᠭᠢᠨ 》 ᠢ᠋ ᠨᠡᠶ᠋ᠢᠲᠡᠯᠡᠭᠰᠡᠨ ᠪᠠᠶ᠋ᠢᠨ᠎ᠠ ᠃ 1958 ᠣᠨ ᠤ᠋ 4 ᠳ᠋ᠦ᠍ᠭᠡᠷ ᠬᠤᠭᠤᠴᠠᠭᠠᠨ ᠤ᠋ 《 ᠥᠨᠢᠷ ᠴᠡᠴᠡᠭ 》 ᠰᠡᠳᠬᠦᠯ ᠳᠡᠭᠡᠷ᠎ᠡ ᠨᠥᠬᠥᠷ ᠮᠠᠵᠢᠬ ᠠ᠋ᠴᠠ 《 ᠶᠢᠷᠲᠢᠨᠴᠦ ‍ᠶ᠋ᠢᠨ ᠭᠤᠷᠪᠠ 》 ‍ᠶ᠋ᠢ ᠡᠮᠬᠢᠳᠬᠡᠭᠡᠳ 《 ᠬᠠᠭᠤᠴᠢᠳ ᠤ᠋ᠨ ᠰᠤᠷᠭᠠᠯ 》 ᠭᠡᠳᠡᠭ ᠨᠡᠷ᠎ᠡ ᠪᠡᠷ 《 ᠳᠥᠷᠪᠡᠨ ᠵᠥᠪ 》 ᠂ 《 ᠳᠥᠷᠪᠡᠨ ᠲᠠᠷᠬᠠᠬᠤ 》 ᠭᠡᠬᠦ ᠮᠡᠲᠦ ᠶ᠋ᠢᠨ ᠬᠡᠳᠦᠨ ᠪᠠᠳᠠᠭ ᠨᠡᠶ᠋ᠢᠲᠡᠯᠡᠵᠡᠢ ᠃ 
        1980 ᠣᠨ ᠤ᠋ 1 ᠳ᠋ᠦ᠍ᠭᠡᠷ ᠬᠤᠭᠤᠴᠠᠭᠠᠨ ᠤ᠋ 《 ᠠᠯᠲᠠᠨ ᠭᠠᠨᠳᠠᠷᠢ 》 ᠰᠡᠳᠬᠦᠯ ᠪᠠ1980 ᠣᠨ ᠤ᠋ 2 ᠳ᠋ᠤᠭᠠᠷ ᠬᠤᠭᠤᠴᠠᠭᠠᠨ ᠤ᠋ 《 ᠪᠤᠭᠤᠲᠤ ‍ᠶ᠋ᠢᠨ ᠣᠴᠢ 》 ᠰᠡᠳᠬᠦᠯ ᠳᠡᠭᠡᠷ᠎ᠡ ᠶᠡᠬᠡ ᠵᠣᠣ ᠠᠶ᠋ᠢᠮᠠᠭ ᠤ᠋ᠨ ᠣᠲᠣᠭ ᠬᠤᠰᠢᠭᠤᠨ ᠤ᠋ ᠮᠣᠩᠭᠣᠯ ᠬᠡᠯᠡ ᠪᠢᠴᠢᠭ ᠦ᠋ᠨ ᠠᠯᠪᠠᠨ ᠭᠡᠷ ᠡᠴᠡ ᠡᠮᠬᠢᠳᠬᠡᠨ ᠨᠠᠶ᠋ᠢᠷᠠᠭᠤᠯᠤᠭᠰᠠᠨ 《 ᠶᠢᠷᠲᠢᠨᠴᠦ ‍ᠶ᠋ᠢᠨ ᠳᠥᠷᠪᠡ 》 ᠭᠡᠳᠡᠭ ᠨᠡᠷ᠎ᠡ ᠪᠡᠷ 27 ᠪᠠᠳᠠᠭ ᠨᠡᠶ᠋ᠢᠲᠡᠯᠡᠭᠦᠯᠦᠭᠰᠡᠨ ᠪᠠ 81 ᠣᠨ ᠤ᠋ 1 ᠳ᠋ᠦ᠍ᠭᠡᠷ ᠬᠤᠭᠤᠴᠠᠭ᠎ᠠ ‍ᠶ᠋ᠢᠨ 《 ᠠᠯᠲᠠᠨ ᠭᠠᠨᠳᠠᠷᠢ 》 ‍ᠳᠤ ᠨᠥᠬᠥᠷ  ᠵ ᠂ ᠮᠠᠭᠰᠤᠷᠵᠠᠪ ᠠ᠋ᠴᠠ 《 ᠳᠥᠷᠪᠡᠨ ᠮᠥᠷ ᠦ᠋ᠨ ᠳᠤᠨᠳᠠ ᠵᠦᠢᠷᠯᠡᠯ 》 ᠭᠡᠮᠡᠨ10 ᠪᠠᠳᠠᠭ ᠢ᠋ ᠡᠮᠬᠢᠳᠬᠡᠨ ᠨᠡᠶ᠋ᠢᠲᠡᠯᠡᠪᠡ ᠃ 
      《 ᠬᠤᠨ ᠭᠠᠯᠠᠭᠤ 》 ᠰᠡᠳᠬᠦᠯ ᠦ᠋ᠨ80 ᠣᠨ ᠤ᠋ 6 ᠳ᠋ᠤᠭᠠᠷ ᠬᠤᠭᠤᠴᠠᠭᠠᠨ ‍ᠳᠤ 《 ᠶᠢᠷᠲᠢᠨᠴᠦ ‍ᠶ᠋ᠢᠨ ᠭᠤᠷᠪᠠ 》 ᠭᠡᠮᠡᠨ13 ᠪᠠᠳᠠᠭ ᠢ᠋ ᠨᠡᠶ᠋ᠢᠲᠡᠯᠡᠪᠡ ᠃ 
       ᠬᠥᠬᠡᠨᠠᠭᠤᠷ ᠮᠣᠵᠢ ‍ᠶ᠋ᠢᠨ ᠬᠠᠢ ᠰᠢ ᠵᠧᠦ ‍ᠶ᠋ᠢᠨ ᠣᠯᠠᠨ ᠲᠦᠮᠡᠨ ᠦ᠌ ᠰᠣᠶᠣᠯ ᠤᠷᠠᠯᠢᠭ ᠤ᠋ᠨ ᠭᠡᠷ ᠡᠴᠡ ᠡᠷᠬᠢᠯᠡᠨ ᠨᠠᠶ᠋ᠢᠷᠠᠭᠤᠯᠵᠤ ᠪᠠᠶ᠋ᠢᠭ᠎ᠠ 《 ᠴᠡᠴᠡᠭᠲᠦ ᠴᠠᠶ᠋ᠢᠳᠠᠮ 》 ᠰᠡᠳᠬᠦᠯ ᠦ᠋ᠨ81 ᠣᠨ ᠤ᠋ 4 ᠳ᠋ᠦ᠍ᠭᠡᠷ ᠬᠤᠭᠤᠴᠠᠭᠠᠨ ‍ᠳᠤ ᠨᠥᠬᠥᠷ ᡀ ᠂ ᠲᠠᠮᠪᠠ 《 ᠶᠢᠷᠲᠢᠨᠴᠦ ‍ᠶ᠋ᠢᠨ ᠭᠤᠷᠪᠠ 》 ᠭᠡᠳᠡᠭ ᠨᠡᠷ᠎ᠡ ᠪᠡᠷ 8 ᠪᠠᠳᠠᠭ ᠨᠡᠶ᠋ᠢᠲᠡᠯᠡᠵᠡᠢ ᠃ ᠡᠭᠦᠨ ᠦ᠌ ᠳᠣᠲᠣᠷ᠎ᠠ ᠭᠤᠷᠪᠠᠨ ᠪᠠᠳᠠᠭ ᠨᠢ ᠪᠦᠷ《 ᠬᠠᠷ᠎ᠠ 》 ᠪᠣᠯᠤᠨ᠎ᠠ ᠃ ᠲᠤᠰ ᠰᠡᠳᠬᠦᠯ ᠦ᠋ᠨ 82 ᠣᠨ ᠤ᠋ 2 ᠳ᠋ᠤᠭᠠᠷ ᠬᠤᠭᠤᠴᠠᠭ᠎ᠠ ‍ᠳᠤ ᠨᠥᠬᠥᠷ ᠲᠢᠶᠠᠨ ᠯᠠᠢ 《 ᠭᠤᠷᠪᠠᠯᠠᠯ ᠵᠦᠢᠷᠯᠡᠯ 》 ᠭᠡᠳᠡᠭ ᠨᠡᠷ᠎ᠡ ᠪᠡᠷ 《 ᠶᠢᠷᠲᠢᠨᠴᠦ ‍ᠶ᠋ᠢᠨ ᠭᠤᠷᠪᠠ 》 ‍ᠶ᠋ᠢ 6 ᠪᠠᠳᠠᠭ ᠨᠡᠶ᠋ᠢᠲᠡᠯᠡᠭᠦᠯᠵᠡᠢ ᠃ ᠮᠥᠨᠴᠦ ᠲᠤᠰ ᠬᠤᠭᠤᠴᠠᠭ᠎ᠠ ‍ᠳᠤ ᠨᠥᠬᠥᠷ ᠴᠦᠯᠲᠦᠮ ᠡᠴᠡ ᠨᠠᠰᠤᠲᠠᠨ ᠵᠤᠩᠳᠤᠢ ‍ᠶ᠋ᠢᠨ ᠳᠠᠭᠤᠯᠠᠭᠰᠠᠨ 《 ᠶᠢᠷᠲᠢᠨᠴᠦ ‍ᠶ᠋ᠢᠨ ᠭᠤᠷᠪᠠᠨ ᠵᠢᠭᠰᠢᠭᠦᠷᠢᠲᠡᠢ 》 ‍ᠶ᠋ᠢ 5 ᠪᠠᠳᠠᠭ ᠡᠮᠬᠢᠳᠬᠡᠭᠰᠡᠨ ᠪᠠᠶ᠋ᠢᠨ᠎ᠠ ᠃ 
       1982 ᠣᠨ ᠤ᠋ 5 ᠳ᠋ᠤᠭᠠᠷ ᠬᠤᠭᠤᠴᠠᠭᠠᠨ ᠤ᠋ 《 ᠵᠢᠷᠢᠮ ᠦ᠋ᠨ ᠤᠷᠠᠨ ᠵᠣᠬᠢᠶᠠᠯ 》 ᠰᠡᠳᠬᠦᠯ ᠦ᠋ᠨ ᠣᠶᠤᠨ ᠳᠠᠯᠠᠢ ᠪᠤᠯᠤᠩ ‍ᠳᠤ ᠠᠮᠤᠷᠪᠤᠶᠠᠨ ᠤ᠋ ᠲᠣᠭᠲᠠᠬᠤ ‍ᠶ᠋ᠢᠨ ᠡᠮᠬᠢᠳᠬᠡᠭᠰᠡᠨ 《 ᠶᠢᠷᠲᠢᠨᠴᠦ ‍ᠶ᠋ᠢᠨ ᠭᠤᠷᠪᠠ 》 ‍ᠶ᠋ᠢ 22 ᠪᠠᠳᠠᠭ ᠨᠡᠶ᠋ᠢᠲᠡᠯᠡᠭᠰᠡᠨ ᠪᠠᠶ᠋ᠢᠨ᠎ᠠ ᠃ 
       ᠡᠭᠦᠨ ᠡᠴᠡ ᠭᠠᠳᠠᠨ᠎ᠠ 《 ᠰᠢᠯᠢ ‍ᠶ᠋ᠢᠨ ᠭᠣᠣᠯ 》 ᠰᠡᠳᠬᠦᠯ ᠦ᠋ᠨ 82 ᠣᠨ ᠤ᠋ 2 ᠳ᠋ᠤᠭᠠᠷ ᠬᠤᠭᠤᠴᠠᠭ᠎ᠠ ‍ᠳᠤ ᠨᠥᠬᠥᠷ  ᠡ‍ ᠂ ᠢᠶᠣᠨ ᠠ᠋ᠴᠠ 《 ᠭᠤᠷᠪᠠᠨ ᠬᠠᠷᠠᠩᠭᠤᠢ 》 ᠂ 《 ᠭᠤᠷᠪᠠᠨ  ᠰᠠᠢᠬᠠᠨ 》 ᠂ 《 ᠭᠤᠷᠪᠠᠨ ᠬᠠᠶ᠋ᠢᠷᠠᠬᠠᠨ 》 ᠵᠡᠷᠭᠡ ᠭᠤᠷᠪᠠᠨ ᠪᠠᠳᠠᠭ 《 ᠶᠢᠷᠲᠢᠨᠴᠦ ‍ᠶ᠋ᠢᠨ ᠭᠤᠷᠪᠠ 》 ‍ᠶ᠋ᠢ ᠨᠡᠶ᠋ᠢᠲᠡᠯᠡᠵᠡᠢ ᠃ ᠮᠥᠨᠴᠦ 《 ᠣᠶᠤᠨ ᠲᠦᠯᠬᠢᠭᠦᠷ 》 ( ᠰᠢᠯᠢ ‍ᠶ᠋ᠢᠨ ᠭᠣᠣᠯ ᠤ᠋ᠨ ) 《 ᠥᠪᠥᠷ ᠮᠣᠩᠭᠣᠯ ᠤ᠋ᠨ ᠨᠤᠲᠤᠭ ᠤᠰᠤ 》 ᠂ 《 ᠥᠪᠥᠷ ᠮᠣᠩᠭᠣᠯ ᠤ᠋ᠨ ᠡᠳᠦᠷ ᠦ᠋ᠨ ᠰᠣᠨᠢᠨ 》 ᠵᠡᠷᠭᠡ ‍ᠶ᠋ᠢᠨ ᠰᠣᠨᠢᠨ ᠰᠡᠳᠬᠦᠯ ᠳᠡᠭᠡᠷ᠎ᠡ ᠭᠠᠭᠴᠠ ᠬᠣᠶᠠᠷ ᠪᠠᠳᠠᠭ ᠢ᠋ᠶ᠋ᠠᠷ ᠨᠡᠶ᠋ᠢᠲᠡᠯᠡᠭᠳᠡᠵᠦ ᠥᠩᠭᠡᠷᠡᠵᠡᠢ ᠃ ᠭᠡᠪᠡᠴᠦ ᠳᠡᠭᠡᠷᠡᠬᠢ ᠶᠠᠷᠢᠭᠰᠠᠨ ᠲᠡᠳᠡᠭᠡᠷ ᠨᠡᠶ᠋ᠢᠲᠡᠯᠡᠭᠳᠡᠭᠰᠡᠨ ᠡᠮᠬᠢᠳᠬᠡᠯ ᠦ᠋ᠨ ᠣᠯᠠᠩᠬᠢ ᠨᠢ ᠪᠦᠷ ᠬᠠᠷᠢᠯᠴᠠᠨ ᠠᠳᠠᠯᠢ ᠪᠠᠶ᠋ᠢᠨ᠎ᠠ ᠃ 


ᠲᠠᠶ᠋ᠢᠯᠪᠤᠷᠢ    
     (1) (3) ᠤ᠋ ᠂ ᠰᠣᠳᠨᠠᠮ ᠤ᠋ᠨ 《 ᠶᠢᠷᠲᠢᠨᠴᠦ ‍ᠶ᠋ᠢᠨ ᠭᠤᠷᠪᠠ ᠳᠥᠷᠪᠡ ‍ᠶ᠋ᠢᠨ ᠲᠤᠬᠠᠢ 》
     (2)    ᠬᠠ‍ ᠂ ᠰᠠᠮᠫᠢᠯᠳᠠᠨᠳᠠᠪ ᠤ᠋ᠨ 《 ᠬᠡᠦᠬᠡᠳ ᠦ᠋ᠨ ᠠᠮᠠᠨ ᠵᠣᠬᠢᠶᠠᠯ ᠤ᠋ᠨ ᠤᠴᠢᠷ 》 ᠭᠡᠳᠡᠭ ᠨᠣᠮ ‍ᠳᠤ ᠃
       (4)(5)(6)(7)   ᠰᠢᠯᠢ ᠶ᠋ᠢᠨ ᠭᠣᠣᠯ ᠦ᠋ᠨ 《 ᠣᠶᠤᠨ ᠳᠦᠯᠬᠢᠭᠦᠷ 》 ᠎ᠲᠤ᠌ ᠃  
     (8)                ᠪ · ᠰᠤᠤᠠᠨᠠᠮ ᠦ᠋ᠨ 《 ᠶᠢᠷᠲᠢᠨᠴᠤ ᠶ᠋ᠢᠨ ᠭᠤᠷᠪᠠ   ᠳᠦᠷᠪᠡ ᠶ᠋ᠢᠨ ᠲᠤᠬᠠᠢ 》 ᠃
     (9)       (10)  ᠪᠤᠷᠢᠶᠠᠳ ᠦ᠋ᠨ ᠮ · ᠫ · ᠬᠠᠮᠭᠠᠨᠤᠸ ᠶ᠋ᠢᠨ 《 ᠪᠤᠷᠢᠶᠠᠳ ᠠᠷᠠᠳ ᠦ᠋ᠨ ᠪᠣᠭᠣᠨᠢ ᠬᠡᠯᠪᠡᠷᠢ ᠶ᠋ᠢᠨ ᠰᠢᠯᠦᠭ ᠦ᠋ᠨ ᠵᠣᠬᠢᠶᠠᠯ 》 ‍ᠳᠤ 
     (11)              ᠽ · ᠥᠯᠵᠡᠶ᠋ᠢᠬᠤᠲᠤᠭ ᠦ᠋ᠨ 《 ᠶᠢᠷᠲᠢᠨᠴᠤ ᠶ᠋ᠢᠨ ᠭᠤᠷᠪᠠ 》 ‍ᠳᠤ  ᠃
     (12)      (13) 《  ᠠᠷᠵᠠᠢ ᠪᠤᠷᠵᠠᠢ ᠬᠠᠭᠠᠨ 》 ᠭᠡᠮᠡᠬᠦ ᠨᠣᠮ ᠦ᠋ᠨ ᠳᠣᠣᠷᠠᠳᠤ ᠳᠡᠪᠲᠡᠷ ᠦ᠋ᠨ 682 ᠨᠢᠭᠤᠷ ᠲᠤ ᠃
     (14)              ᠮᠠᠨᠲᠤᠬᠤ ᠶ᠋ᠢᠨ ᠨᠠᠶ᠋ᠢᠷᠠᠭᠤᠯᠤᠭᠰᠠᠨ 《 ᠮᠣᠩᠭᠣᠯ ᠠᠷᠠᠳ ᠦ᠋ᠨ ᠠᠮᠠᠨ ᠵᠣᠬᠢᠶᠠᠯ ᠦ᠋ᠨ ᠲᠣᠶ᠋ᠢᠮᠤ 》 ‍ᠳᠤ  ᠃  


  ᠦᠰᠦᠭ ᠠᠮᠢᠯᠠᠭᠤᠯᠤᠭᠰᠠᠨ ᠨᠢ ᠄   ᠣᠶᠣᠨᠲᠤᠨᠠᠯ ᠂ ᠳ᠋ᠦ᠋ᠩ ᠹᠸᠩ ᠂ ᠬᠠᠷᠠᠨᠤᠳ · ᠲᠤᠶᠠᠭ᠎ᠠ  ᠂ ᠮᠢᠩᠭᠠᠳ · ᠴᠢᠮᠡᠭ ᠂  ᠬᠠᠳᠠᠴᠢ · ᠤᠷᠠᠨ᠎ᠠ
                ᠬᠢᠨᠠᠭᠴᠢ ᠄   ᠬᠠᠷᠠᠨᠤᠳ · ᠲᠤᠶᠠᠭ᠎ᠠ  ᠂  ᠮᠢᠩᠭᠠᠳ · ᠴᠢᠮᠡᠭ