ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –9 > Гангын урсгал – Чингис  эзний алтан ургийн түүх  Канкны урсгал нэрт бичиг о ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –9 > Гангын урсгал – Чингис  эзний алтан ургийн түүх  Канкны урсгал нэрт бичиг о

ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –9 > Гангын урсгал – Чингис  эзний алтан ургийн түүх  Канкны урсгал нэрт бичиг о

ᠠᠩᠭᠢᠯᠠᠯ:ᠲᠡᠦᠬᠡ ᠰᠣᠶᠣᠯ
2023-04-26

484

ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ

ᠪᠠᠷᠠᠭᠤᠨ ᠦᠵᠦᠮᠦᠴᠢᠨ ᠦ ᠨᠣᠶᠠᠳ ᠤᠨ ᠤᠭ

 
            ᠪᠠᠷᠠᠬᠤᠨ ᠦᠵᠦᠮᠦᠴᠢᠨ① ᠨᠣᠶᠠᠳ ᠤ᠋ᠨ ᠤᠭ 

     ᠬᠦᠳᠡᠩ ᠬᠠᠭᠠᠨ ᠤ᠋ ᠬᠤᠲᠠᠬᠠᠷ ᠳᠡᠭᠦᠦ ᠣᠩᠬᠣᠨ ᠲᠤᠷᠬᠠᠯ ᠨᠣᠶᠠᠨ ᠦᠵᠦᠮᠦᠴᠢᠨ ᠡᠷᠭᠢᠭᠦᠳ ᠬᠣᠶᠠᠷ ᠊ᠢ ᠳᠠᠷᠣᠭᠯᠠᠭᠰᠠᠨ ᠂ ᠲᠡᠭᠦᠨ ᠦ᠌ ᠬᠥᠪᠡᠭᠦᠨ ᠵᠢᠷᠬᠤᠬ᠎ᠠ ᠂ ᠢᠷᠡᠬᠦ ᠪᠠᠭᠠᠲᠤᠷ ᠨᠣᠶᠠᠨ ᠂ ᠪᠠᠶ᠋ᠢᠰᠢ ᠪᠢᠩᠲᠦ ᠨᠣᠶᠠᠨ ᠪᠠᠶᠠᠰᠬᠠᠯ ᠡᠷᠳᠡᠨᠢ ᠬᠤᠰᠢᠬᠤᠴᠢ ᠦᠷ᠎ᠡ ᠦᠭᠡᠢ ᠨᠠᠶᠠᠨᠲᠠᠢ ᠢᠯᠲᠠᠩ ᠨᠣᠶᠠᠨ ᠂ ᠵᠠᠩᠭᠢ  

— — — —
① 《 ᠮᠣᠩᠭᠣᠯ ᠤ᠋ᠨ ᠨᠡᠭᠦᠬᠦ ᠮᠠᠯᠵᠢᠯ ᠤ᠋ᠨ ᠲᠡᠮᠳᠡᠭᠯᠡᠯ 》 ᠳ᠋ᠦ᠍ᠷ ᠲᠡᠮᠳᠡᠭᠯᠡᠭᠰᠡᠨ ᠢᠨᠤ ᠄ 《 ᠦᠵᠦᠮᠦᠴᠢᠨ ᠠᠶ᠋ᠢᠮᠠᠭ ᠠᠨᠤ ᠮᠤᠯᠳᠤᠱᠢ ᠬᠠᠭᠠᠯᠭ᠎ᠠ ( 古北口) ᠠ᠋ᠴᠠ ᠵᠡᠭᠦᠨ ᠬᠣᠶ᠋ᠢᠰᠢ ᠶᠢᠰᠦᠨ ᠵᠠᠭᠤ ᠬᠣᠷᠢᠨ ᠭᠤᠷᠪᠠᠨ ᠭᠠᠵᠠᠷ ᠲᠤᠷ ᠬᠥᠷᠥᠮᠦᠢ ᠃ ᠨᠠᠶ᠋ᠢᠰᠯᠠᠯ ᠬᠣᠲᠠᠨ ᠳ᠋ᠤᠷ ᠬᠦᠷᠴᠦ ᠢᠷᠡᠬᠦ ᠢᠨᠤ ᠨᠢᠭᠡᠨ ᠮᠢᠩᠭᠠᠨ ᠨᠢᠭᠡᠨ ᠵᠠᠭᠤᠨ ᠵᠢᠷᠠᠨ ᠭᠤᠷᠪᠠᠨ ᠭᠠᠵᠠᠷ ᠂ ᠵᠡᠭᠦᠨ ᠪᠠᠷᠠᠭᠤᠨ ᠬᠠᠷᠢᠯᠴᠠᠨ ᠠᠯᠤᠰᠯᠠᠭᠰᠠᠨ ᠠᠨᠤ ᠭᠤᠷᠪᠠᠨ ᠵᠠᠭᠤ ᠵᠢᠷᠠᠨ ᠭᠠᠵᠠᠷ ᠂ ᠡᠮᠦᠨ᠎ᠡ ᠤᠮᠠᠷ᠎ᠠ ᠬᠠᠷᠢᠯᠴᠠᠨ ᠠᠯᠤᠰᠯᠠᠭᠰᠠᠨ ᠠᠨᠤ ᠳᠥᠷᠪᠡᠨ ᠵᠠᠭᠤ ᠬᠣᠷᠢᠨ ᠲᠠᠪᠤᠨ ᠭᠠᠵᠠᠷ ᠠᠵᠤᠭᠤ ᠃ ᠵᠡᠭᠦᠨ ᠡᠲᠡᠭᠡᠳ ᠢᠨᠤ ᠰᠤᠮᠤᠨ ᠤ᠋ ᠵᠠᠬ᠎ᠠ ᠳ᠋ᠤᠷ ᠨᠡᠶ᠋ᠢᠯᠡᠵᠦᠬᠦᠢ ᠂ ᠪᠠᠷᠠᠭᠤᠨ ᠡᠲᠡᠭᠡᠳ ᠢᠨᠤ ᠬᠠᠬᠤᠴᠢᠳ ᠲᠤᠷ ᠵᠠᠬ᠎ᠠ ᠨᠡᠶ᠋ᠢᠯᠡᠵᠦᠭᠦᠢ ᠂ ᠡᠮᠦᠨ᠎ᠡ ᠡᠲᠡᠭᠡᠳ ᠢᠨᠤ ᠪᠠᠭᠠᠷᠢᠨ ᠳ᠋ᠤᠷ ᠵᠠᠬ᠎ᠠ ᠨᠡᠶ᠋ᠢᠯᠡᠵᠦᠬᠦᠢ ᠂ ᠤᠮᠠᠷ᠎ᠠ ᠡᠲᠡᠭᠡᠳ ᠢᠨᠤ ᠭᠣᠪᠢ ᠳ᠋ᠤᠷ ᠵᠠᠬ᠎ᠠ ᠨᠡᠶ᠋ᠢᠯᠡᠵᠦᠭᠦᠢ ᠃ ᠯᠢᠶᠣᠤ ᠤᠯᠤᠰ ᠤ᠋ᠨ ᠦᠶ᠎ᠡ ᠳ᠋ᠡᠬᠢ ᠳᠡᠭᠡᠳᠦ ᠨᠡᠶ᠋ᠢᠰᠯᠡᠯ ᠱᠠᠩ ᠵᠢᠩ ᠦ᠋ᠨ ᠵᠠᠮ ᠤ᠋ᠨ ᠬᠣᠶ᠋ᠢᠲᠤ ᠬᠢᠵᠠᠭᠠᠷ ᠪᠤᠶᠤ ᠂ ᠠᠯᠲᠠᠨ ᠤᠯᠤᠰ ᠤ᠋ᠨ ᠦᠶ᠎ᠡ ᠳ᠋ᠦ᠍ᠷ ᠪᠡᠭᠡᠵᠢᠩ ᠦ᠋ᠨ ᠵᠠᠮ ᠂ ᠶᠤᠸᠠᠨ ᠤᠯᠤᠰ ᠤ᠋ᠨ ᠦᠶ᠎ᠡ ᠳ᠋ᠦ᠍ᠷ ᠱᠠᠩᠳᠤ ᠶ᠋ᠢᠨ ᠵᠠᠮ ᠳ᠋ᠤᠷ ᠲᠤᠰ ᠲᠤᠰ ᠬᠠᠷᠢᠶᠠᠯᠠᠭᠳᠠᠨ ᠠᠭᠰᠠᠨ ᠢ᠋ᠶ᠋ᠠᠨ ᠮᠢᠩ ᠤᠯᠤᠰ ᠤ᠋ᠨ ᠦᠶ᠎ᠡ ᠳ᠋ᠦ᠍ᠷ ᠮᠣᠩᠭᠣᠯ ᠳ᠋ᠤᠷ ᠣᠷᠣᠪᠠᠢ ᠃ ᠶᠤᠸᠠᠨ ᠳᠠᠶ᠋ᠢᠽᠤ ᠶ᠋ᠢᠨ ᠠᠷᠪᠠᠨ ᠵᠢᠷᠭᠤᠳᠤᠭᠠᠷ ᠦᠶ᠎ᠡ ᠶ᠋ᠢᠨ ᠠᠴᠢ ᠲᠥᠷᠥ ᠪᠣᠯᠣᠳ ᠢ᠋ᠶ᠋ᠠᠷ ᠬᠠᠩᠭᠠᠢ ᠠᠭᠤᠯᠠᠨ ᠤ᠋ ᠲᠡᠨᠳᠡ ᠡᠴᠡ ᠭᠣᠪᠢ ᠶ᠋ᠢᠨ ᠡᠮᠦᠨ᠎ᠡ ᠳ᠋ᠦ᠍ᠷ ᠨᠡᠭᠦᠨ ᠮᠠᠯᠵᠢᠭᠰᠠᠨ ᠠ᠋ᠴᠠ ᠬᠥᠪᠡᠭᠦᠨ ᠪᠣᠳᠢ ᠠᠯᠠᠭ ᠵᠠᠯᠭᠠᠮᠵᠢᠯᠠᠪᠠᠢ ᠃ ᠲᠡᠭᠦᠨ ᠦ᠌ ᠭᠤᠲᠠᠭᠠᠷ ᠬᠥᠪᠡᠭᠦᠨ ᠣᠩᠭᠣᠨ ᠲᠤᠷᠬᠠᠯ ᠤ᠋ᠨ ᠦᠶ᠎ᠡ ᠳ᠋ᠦ᠍ᠷ ᠥᠪᠡᠷᠦᠨ ᠬᠠᠷᠢᠶᠠᠲᠤ ᠠᠶ᠋ᠢᠮᠠᠭ ᠶᠤᠭᠠᠨ ᠦᠵᠦᠮᠦᠴᠢᠨ ᠭᠡᠮᠡᠨ ᠨᠡᠷᠡᠶ᠋ᠢᠤᠠᠴᠦᠬᠦᠢ 》 ᠭᠡᠵᠡᠢ ᠃ ᠴᠢᠩ ᠤᠯᠤᠰ ᠤ᠋ᠨ ᠦᠶ᠎ᠡ ᠳ᠋ᠦ᠍ᠷ ᠦᠵᠦᠮᠦᠴᠢᠨ ᠢᠨᠤ ᠬᠣᠶᠠᠷ ᠬᠣᠰᠢᠭᠤ ᠬᠤᠪᠢᠶᠠᠭᠳᠠᠨ ᠰᠢᠯᠢ ᠶ᠋ᠢᠨ ᠭᠣᠣᠯ ᠴᠢᠭᠤᠯᠭᠠᠨ ᠳ᠋ᠤᠷ ᠪᠠᠭᠲᠠᠯᠤᠭ᠎ᠠ ᠃ 

ᠳᠠᠷᠬᠠᠨ ᠨᠣᠶᠠᠨ ᠂ ᠳᠣᠷᠵᠢ ᠰᠡᠴᠡᠨ ᠵᠢᠨᠦᠩ① ᠪᠤᠶᠤ ᠂ ᠢᠷᠡᠬᠦ ᠪᠠᠭᠠᠲᠤᠷ ᠨᠣᠶᠠᠨ ᠤ᠋ ᠵᠢᠷᠭᠤᠭᠠᠨ ᠬᠥᠪᠡᠭᠦᠨ ᠰᠡᠷᠡᠩ ᠲᠥᠷᠥ ᠶ᠋ᠢᠨ ᠨᠣᠶᠠᠨ ᠪᠠᠶ᠋ᠢᠯᠠ② ᠂ ᠦᠯᠢᠢ ᠮᠡᠷᠭᠡᠨ ᠳᠠᠶ᠋ᠢᠴᠢᠩ ᠡᠩᠬᠡ ᠲᠡᠢ ᠪᠠᠭᠠᠲᠤᠷ ᠂ ᠡᠷᠬᠡ ᠯᠤᠩ ᠲᠠᠶ᠋ᠢᠵᠢ ᠂ ᠰᠦᠯᠢᠭ ᠨᠣᠶᠠᠨ ᠰᠠᠪᠤᠨ ᠨᠣᠶᠠᠨ ᠪᠤᠶᠤ ᠰᠡᠷᠡᠩ ᠡᠷᠳᠡᠨᠢ ᠪᠠᠶ᠋ᠢᠯᠠ ᠶ᠋ᠢᠨ ᠬᠥᠪᠡᠭᠦᠨ ᠡᠷᠬᠡ ᠬᠢᠲᠠᠳ ᠪᠠᠶ᠋ᠢᠯᠠ ᠂ ᠲᠡᠭᠦᠨ ᠦ᠌ ᠬᠥᠪᠡᠭᠦᠨ ᠮᠣᠣᠯᠢᠬᠠᠢ ᠪᠠᠶ᠋ᠢᠯᠠ ᠂ ᠪᠠᠶ᠋ᠢᠰᠢ ᠪᠢᠩᠲᠦ ᠨᠣᠶᠠᠨ ᠤ᠋ ᠦᠷ᠎ᠡ ᠪᠠᠷᠠᠭᠤᠨ ᠦᠵᠦᠮᠦᠴᠢᠨ ᠬᠣᠶᠠᠷ ᠣᠣᠰᠠᠴᠢᠨ ( ᠯᠣᠣᠰᠠᠴᠢᠨ )③ ᠤ᠋ ᠠᠶ᠋ᠢᠮᠠᠭ ᠤ᠋ᠨ ᠨᠣᠶᠠᠳ ᠪᠣᠢ ᠃ ᠦᠵᠦᠮᠦᠴᠢᠨ ᠨᠣᠶᠠᠳ ᠤ᠋ᠨ ᠤᠭ ᠨᠠᠶᠠᠨᠲᠤ ᠢᠯᠡᠲᠡᠩ ᠨᠣᠶᠠᠨ ᠤ᠋ ᠦᠷ᠎ᠡ ᠰᠢᠷᠬᠤᠳ ᠤ᠋ᠨ ᠨᠣᠶᠠᠨ ᠵᠠᠩᠭᠢ ᠳᠠᠷᠬᠠᠨ ᠨᠣᠶᠠᠨ ᠤ᠋ ᠦᠷ᠎ᠡ ᠲᠤᠨᠪᠠᠳ④  

— — — — 
① ᠳᠣᠷᠵᠢ ᠰᠡᠴᠡᠨ ᠵᠢᠨᠦᠩ ᠄ ᠦᠵᠦᠮᠦᠴᠢᠨ ᠪᠠᠷᠠᠭᠤᠨ ᠭᠠᠷᠤᠨ ᠬᠤᠰᠢᠭᠤᠨ ᠤ᠋ ᠵᠠᠰᠠᠭ ᠸᠠᠩ ᠃ ᠴᠠᠬᠠᠷ ᠲᠤ᠌ ᠪᠦᠬᠦᠢ ᠳ᠋ᠦ᠍ᠷ ᠵᠢᠨᠦᠩ ᠴᠣᠯᠠ ᠲᠠᠢ ᠪᠠᠶ᠋ᠢᠪᠠ ᠃ ᠯᠢᠭᠳᠡᠨ ᠬᠠᠭᠠᠨ ᠤ᠋ ᠦᠶ᠎ᠡ ᠳ᠋ᠦ᠍ ᠴᠠᠬᠠᠷ ᠠ᠋ᠴᠠ ᠰᠠᠯᠤᠨ ᠬᠠᠷᠢᠶᠠᠲᠤ ᠠᠶ᠋ᠢᠮᠠᠭ ᠢ᠋ᠶ᠋ᠠᠨ ᠠᠪᠴᠤ ᠬᠠᠯᠬ᠎ᠠ ᠶ᠋ᠢᠨ ᠰᠡᠴᠡᠨ ᠬᠠᠨ ᠱᠣᠣᠯᠢ ᠶ᠋ᠢ ᠲᠦᠰᠢᠪᠡ ᠃1637 ᠣᠨ ᠳ᠋ᠤ᠌ ᠮᠠᠨᠵᠤ ᠴᠢᠩ ᠳ᠋ᠦ᠍ ᠣᠷᠣᠵᠤ ᠥᠭᠭᠦᠨ 1641 ᠣᠨ ᠵᠠᠰᠠᠭ ᠬᠣᠱᠣᠢ ᠴᠢᠨ ᠸᠠᠩ ᠡᠷᠭᠦᠮᠵᠢᠯᠡᠭᠳᠡᠨ ᠵᠢᠨᠦᠩ ᠴᠣᠯᠠ ᠶ᠋ᠢ ᠨᠢ ᠦᠯᠡᠳᠡᠭᠡᠵᠡᠢ ᠃ ᠡᠶᠡᠪᠡᠷ ᠵᠠᠰᠠᠭᠴᠢ ᠶ᠋ᠢᠨ ᠭᠤᠲᠠᠠᠭᠠᠷ ᠣᠨ (1646 ) ᠳ᠋ᠤ᠌ ᠨᠠᠰᠤ ᠪᠠᠷᠠᠪᠠ ᠃ ᠬᠥᠪᠡᠭᠦᠨ ᠢᠨᠤ ᠡᠷᠲᠡ ᠬᠣᠴᠣᠷᠤᠭᠰᠠᠨ ᠠ᠋ᠴᠠ ᠲᠡᠭᠦᠨ ᠦ᠌ ᠣᠮᠪᠠᠯ ᠴᠠᠭᠠᠨ ᠪᠠᠪᠠᠢ ᠵᠠᠯᠭᠠᠮᠵᠢᠯᠠᠪᠠ ᠃ 
② ᠰᠡᠷᠡᠩ ᠲᠥᠷᠥ ᠶ᠋ᠢᠨ ᠨᠣᠶᠠᠨ ᠪᠠᠶ᠋ᠢᠯᠠ ᠄ ᠦᠵᠦᠮᠦᠴᠢᠨ ᠵᠡᠭᠦᠨ ᠭᠠᠷᠤᠨ ᠬᠤᠰᠢᠭᠤᠨ ᠤ᠋ ᠵᠠᠰᠠᠭ ᠸᠠᠩ ᠃ ᠪᠠᠰᠠ ᠡᠷᠳᠡᠨᠢ ᠲᠠᠶ᠋ᠢᠵᠢ ᠭᠡᠬᠦ ᠴᠣᠯᠠ ᠲᠠᠢ ᠃ ᠳᠡᠭᠡᠳᠦ ᠡᠷᠳᠡᠮᠲᠦ ᠶ᠋ᠢᠨ ᠬᠣᠶᠠᠳᠤᠭᠠᠷ ᠣᠨ (1637 ) ᠳ᠋ᠤ᠌ ᠮᠠᠨᠵᠤ ᠴᠢᠩ ᠳ᠋ᠦ᠍ ᠮᠠᠨᠵᠤ ᠴᠢᠩ ᠳ᠋ᠦ᠍ ᠣᠷᠣᠵᠤ ᠥᠭᠭᠦᠨ ᠡᠶᠡᠪᠡᠷ ᠵᠠᠰᠠᠭᠴᠢ ᠶ᠋ᠢᠨ ᠭᠤᠲᠠᠠᠭᠠᠷ ᠣᠨ (1646 ) ᠳ᠋ᠤ᠌ ᠵᠠᠰᠠᠭ ᠲᠥᠷᠥ ᠶ᠋ᠢᠨ ᠪᠠᠶ᠋ᠢᠯᠠ ᠡᠷᠭᠦᠮᠵᠢᠯᠡᠭᠳᠡᠪᠡᠢ ᠃ ᠡᠩᠬᠡ ᠠᠮᠤᠭᠤᠯᠠᠩ ᠤ᠋ᠨ ᠠᠷᠪᠠᠳᠤᠭᠠᠷ ᠣᠨ (1671 ) ᠳ᠋ᠦ᠍ ᠨᠠᠰᠤ ᠪᠠᠷᠠᠪᠠ ᠃ 
③ ᠬᠣᠶᠠᠷ ᠣᠣᠰᠠᠴᠢᠨ ᠄ ᠬᠣᠶᠠᠷ ᠯᠣᠣᠰᠠᠴᠢᠨ ᠪᠤᠶᠤ ᠃ ᠦᠵᠦᠮᠦᠴᠢᠨ ᠬᠤᠰᠢᠭᠤᠨ ᠳ᠋ᠤ᠌ ᠪᠠᠭᠲᠠᠭᠰᠠᠨ ᠯᠣᠣᠰᠠᠴᠢᠨ ᠬᠣᠶᠠᠷ ᠰᠤᠮᠤ ᠶ᠋ᠢ ᠬᠡᠯᠡᠵᠦ ᠪᠣᠢ ᠃ ᠡᠷᠲᠡ ᠳ᠋ᠡᠭᠡᠨ ᠯᠣᠣᠰᠠᠴᠢᠨ ᠠᠶ᠋ᠢᠮᠠᠭ ᠭᠡᠵᠦ ᠬᠡᠯᠡᠵᠦ ᠪᠠᠶ᠋ᠢᠵᠠᠢ ᠃ 
④ ᠲᠤᠨᠪᠠᠳ ᠄ ᠪᠠᠰᠠ ᠲᠠᠪᠠᠳ ᠭᠡᠵᠦ ᠪᠢᠴᠢᠳᠡᠭ ᠃ 《 ᠪᠣᠯᠣᠷ ᠡᠷᠢᠭᠡ 》 ᠳ᠋ᠦ᠍ 《 ᠣᠩᠭᠣᠨ ᠳᠤᠷᠠᠯ ( ᠲᠣᠷᠬᠠᠯ ) ᠨᠣᠶᠠᠨ ᠤ᠋ ᠲᠠᠪᠤᠳᠤᠭᠠᠷ ᠬᠥᠪᠡᠭᠦᠨ ᠵᠠᠩᠭᠢ ᠳᠠᠷᠬᠠᠨ ᠨᠣᠶᠠᠨ ᠤ᠋ ᠦᠷ᠎ᠡ ᠲᠠᠪᠠᠳ ᠤ᠋ᠨ ᠨᠣᠶᠠᠳ ᠪᠣᠢ 》 ᠭᠡᠵᠡᠢ ᠃ 

 ᠦ᠌ ᠨᠣᠶᠠᠳ ᠪᠤᠶᠤ ᠃ ᠬᠣᠱᠣᠢ ᠴᠢᠨ ᠸᠠᠩ① ᠮᠣᠩᠭᠣᠯ ᠲᠥᠷᠥ ᠶ᠋ᠢᠨ ᠵᠢᠨᠦᠩ ᠬᠡᠮᠡᠭᠴᠢ ᠮᠥᠨ ᠳᠣᠷᠵᠢ ᠶ᠋ᠢᠨ ᠲᠠᠪᠤᠨ ᠬᠥᠪᠡᠭᠦᠨ ᠰᠠᠪᠳᠠᠨ ᠬᠠᠭᠠᠨ ᠂ ᠮᠡᠷᠭᠡᠨ ᠴᠥᠭᠡᠬᠦᠷ ᠨᠣᠶᠠᠨ ᠴᠤᠶ᠋ᠢᠰᠤᠩᠭᠡ ᠂ ᠠᠴᠢᠲᠤ ᠬᠣᠩ ᠲᠠᠶ᠋ᠢᠵᠢ ᠂ ᠴᠣᠩᠬᠣ ᠲᠠᠶ᠋ᠢᠶᠢ ᠂ ᠴᠡᠭᠡᠨ ᠲᠠᠶ᠋ᠢᠶᠢ ᠪᠤᠶᠤ ᠵᠢᠨᠦᠩ ᠰᠡᠴᠡᠨ ᠴᠢᠨ ᠸᠠᠩ ᠬᠡᠷᠡᠭ ᠪᠣᠯᠤᠭᠰᠠᠨ ᠬᠣᠶ᠋ᠢᠨ᠎ᠠ ᠂ ᠠᠴᠢᠲᠤ ᠬᠣᠩ ᠲᠠᠶ᠋ᠢᠵᠢ ᠤᠷᠢᠳᠠ ᠬᠣᠴᠣᠷᠤᠭᠰᠠᠨ ᠢ᠋ᠶ᠋ᠠᠷ ᠂ ᠲᠡᠭᠦᠨᠦ ᠤᠭ ᠲᠤ᠌ ᠠᠴᠢ ᠢᠨᠤ ᠰᠡᠴᠡᠨ ᠴᠢᠨ ᠸᠠᠩ ᠴᠠᠭᠠᠨ ᠪᠠᠪᠠᠭ ᠃② ᠵᠠᠯᠭᠠᠮᠵᠢᠯᠠᠪᠠᠢ ᠂ ᠪᠠᠪᠠᠭ ᠸᠠᠩ ᠤ᠋ᠨ ᠵᠢᠷᠭᠤᠭᠠᠨ ᠬᠥᠪᠡᠭᠦᠨ ᠬᠣᠯᠠᠲᠤ ᠲᠠᠶ᠋ᠢᠵᠢ ᠂ ᠰᠤᠲᠢ ᠰᠡᠴᠡᠨ ᠴᠢᠨ ᠸᠠᠩ③ ᠂ ᠰᠣᠮᠠᠲᠠᠢ ᠲᠠᠶ᠋ᠢᠵᠢ ᠂ ᠰᠣᠪᠣᠲᠠᠢ ᠲᠠᠶ᠋ᠢᠵᠢ ᠂ ᠦᠷ᠎ᠡ ᠦᠭᠡᠢ ᠂ ᠣᠲᠠᠷᠢ ᠬᠦᠩ④ ᠂ ᠠᠲᠠᠷᠢ ᠲᠠᠶ᠋ᠢᠶᠢ ᠦᠵᠦᠮᠦᠴᠢᠨ ᠦ᠌ ᠨᠣᠶᠠᠨ ᠡᠳᠡᠨ ᠪᠣᠢ ᠃  

— — — — 
① ᠬᠣᠱᠣᠢ ᠄ ᠮᠠᠨᠵᠤ ᠦᠭᠡ ᠂ ᠬᠣᠣᠰ ᠂ ᠳᠠᠪᠬᠤᠷ ᠭᠡᠰᠡᠨ ᠤᠳᠬ᠎ᠠ ᠲᠠᠢ ᠃ ᠬᠢᠲᠠᠳ ᠢ᠋ᠶ᠋ᠠᠷ 《和硕 》 ᠭᠡᠵᠦ ᠲᠡᠮᠲᠡᠭᠯᠡᠳᠡᠭ ᠃ ᠴᠢᠩ ᠤᠯᠤᠰ ᠤ᠋ᠨ ᠦᠶ᠎ᠡ ᠳ᠋ᠦ᠍ ᠴᠢᠨ ᠸᠠᠩ ᠤ᠋ᠨ ᠣᠨ ᠤ᠋ ᠫᠦᠩᠯᠦ ᠨᠢ ᠬᠣᠶᠠᠷ ᠮᠢᠩᠭᠠᠨ ᠯᠠᠩ ᠮᠥᠩᠭᠥ ᠪᠠᠶ᠋ᠢᠬᠤ ᠳ᠋ᠤ᠌ ᠬᠣᠱᠣᠢ ᠴᠢᠨ ᠸᠠᠩ ᠡᠷᠭᠦᠮᠵᠢᠯᠡᠭᠳᠡᠭᠰᠡᠭᠡᠷ ᠣᠨ ᠤ᠋ ᠫᠦᠩᠯᠦ ᠨᠢ ᠳᠥᠷᠪᠡᠨ ᠮᠢᠩᠭᠠᠨ ᠯᠠᠩ ᠪᠣᠯᠤᠨ᠎ᠠ ᠃ 
② ᠴᠠᠭᠠᠨ ᠪᠠᠪᠠᠢ ᠄ ᠬᠣᠱᠣᠢ ᠰᠡᠴᠡᠨ ᠴᠢᠨ ᠸᠠᠩ ᠳᠣᠷᠵᠢ ᠵᠢᠨᠦᠩ ᠦ᠋ᠨ ᠤᠮᠪᠠᠯ ᠬᠥᠪᠡᠭᠦᠨ ᠃ ᠡᠶᠡᠪᠡᠷ ᠵᠠᠰᠠᠭᠴᠢ ᠶ᠋ᠢᠨ ᠭᠤᠲᠠᠭᠠᠷ ᠣᠨ (1646 ) ᠳ᠋ᠤ᠌ ᠵᠠᠰᠠᠭ ᠬᠣᠱᠣᠢ ᠰᠡᠴᠡᠨ ᠴᠢᠨ ᠸᠠᠩ ᠵᠠᠯᠭᠠᠮᠵᠢᠯᠠᠵᠠᠢ ᠃ ᠡᠶᠡᠪᠡᠷ ᠵᠠᠰᠠᠭᠴᠢ ᠶ᠋ᠢᠨ ᠠᠷᠪᠠᠨ ᠳᠥᠷᠪᠡᠳᠦᠭᠡᠷ ᠣᠨ (1657 ) ᠳ᠋ᠤ᠌ ᠨᠠᠰᠤ ᠪᠠᠷᠠᠪᠠ ᠃ 
③ 《 ᠢᠯᠡᠳᠬᠡᠯ ᠱᠠᠰᠲᠢᠷ 》 ᠲᠤ᠌ ᠰᠤᠲᠠᠨᠢ ᠭᠡᠵᠡᠢ ᠃ ᠡᠶᠡᠪᠡᠷ ᠵᠠᠰᠠᠭᠴᠢ ᠶ᠋ᠢᠨ ᠠᠷᠪᠠᠨ ᠲᠠᠪᠤᠳᠤᠭᠠᠷ ᠣᠨ ᠳ᠋ᠤ᠌ ᠬᠣᠱᠣᠢ ᠰᠡᠴᠡᠨ ᠴᠢᠨ ᠸᠠᠩ ᠵᠠᠯᠭᠠᠮᠵᠢᠯᠠᠪᠠ ᠃ ᠡᠩᠬᠡ ᠠᠮᠤᠭᠤᠯᠠᠩ ᠤ᠋ᠨ ᠬᠣᠷᠢᠨ ᠶᠢᠰᠦᠳᠦᠭᠡᠷ ᠣᠨ (1690 ) ᠳ᠋ᠤ᠌ ᠨᠠᠰᠤ ᠪᠠᠷᠠᠵᠠᠢ ᠃ 
④ ᠣᠲᠠᠷᠢ ᠄ ᠵᠠᠰᠠᠭ ᠬᠣᠱᠣᠢ ᠰᠡᠴᠡᠨ ᠴᠢᠨ ᠸᠠᠩ ᠰᠤᠲᠠᠨᠢ ᠶ᠋ᠢᠨ ᠳᠡᠭᠦᠦ ᠂ ᠲᠤᠰᠠᠯᠠᠭᠴᠢ ᠲᠠᠶ᠋ᠢᠵᠢ ᠂ ᠭᠣᠮᠪᠣᠵᠠᠪ ᠤ᠋ᠨ ᠡᠴᠢᠭᠡ ᠃    

ᠭᠠᠩᠬ᠋᠎ᠠ ᠶ᠋ᠢᠨ ᠤᠷᠤᠰᠬᠠᠯ ( ᠪᠦᠬᠦ ᠨᠣᠮ ) Гангын урсгал ( бүх ном )