ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 1 > Ертөнцийн гурав – Ш᠂ Буянтогтох эмхиохэн найруулав < Оршлын оронд – 1 > ᠶᠢᠷᠲᠢᠨᠴᠦ ᠶ᠋ᠢᠨ ᠭᠤᠷᠪᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 1 > Ертөнцийн гурав – Ш᠂ Буянтогтох эмхиохэн найруулав < Оршлын оронд – 1 >

ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠣᠷᠣᠰᠢᠯ ᠤᠨ ᠣᠷᠣᠨ ᠳᠤ – 1 > Ертөнцийн гурав – Ш᠂ Буянтогтох эмхиохэн найруулав < Оршлын оронд – 1 >

2023-04-26

309

ᠣᠷᠣᠰᠢᠯ ᠤᠨ ᠣᠷᠣᠨ ᠳᠤ - 1


                                    《 ᠶᠢᠷᠲᠢᠨᠴᠦ ᠶ᠋ᠢᠨ ᠭᠤᠷᠪᠠ 》 ᠶ᠋ᠢᠨ ᠲᠤᠬᠠᠢ
                                            — ᠣᠷᠣᠰᠢᠯ ᠦ᠋ᠨ ᠣᠷᠣᠨ ᠳ᠋ᠦ᠍ 

         ᠨᠢᠭᠡ ᠂ 《 ᠶᠢᠷᠲᠢᠨᠴᠦ ᠶ᠋ᠢᠨ ᠭᠤᠷᠪᠠ 》 ᠶ᠋ᠢᠨ ᠪᠦᠲᠦᠴᠡ ᠪᠦᠷᠢᠯᠲᠦᠬᠦᠨ ᠬᠢᠭᠡᠳ ᠤᠬᠠᠭᠲᠠᠬᠤᠨ ᠮᠡᠳᠡᠭᠳᠡᠬᠦᠨ ᠪ ᠲᠤᠬᠠᠢ

     《 ᠶᠢᠷᠲᠢᠨᠴᠦ ᠶ᠋ᠢᠨ ᠭᠤᠷᠪᠠ 》 ᠪᠣᠯᠪᠠᠰᠤ ᠮᠣᠩᠭᠣᠯ ᠦᠨᠲᠦᠰᠦᠲᠡᠨ ᠪ ᠠᠷᠠᠳ ᠦ᠋ᠨ ᠠᠮᠠᠨ ᠵᠣᠬᠢᠶᠠᠯ ᠦ᠋ᠨ ᠳᠣᠲᠣᠷᠠᠬᠢ ᠪᠡᠶ᠎ᠡ ᠪᠡᠨ ᠳᠠᠭᠠᠭᠠᠭᠰᠠᠨ ᠬᠡᠪ ᠨᠠᠮᠪᠠ ᠲᠠᠢ ᠂ ᠥᠪᠡᠷᠮᠢᠴᠡ ᠣᠨᠴᠠᠯᠢᠬ ᠲᠠᠢ ᠨᠢᠭᠡ ᠲᠥᠷᠥᠯ ᠦ᠋ᠨ ᠣᠬᠣᠷ ᠬᠡᠯᠪᠡᠷᠢ ᠶ᠋ᠢᠨ ᠠᠮᠠᠨ ᠢᠷᠠᠭᠤ ᠨᠠᠶ᠋ᠢᠷᠠᠭ ᠮᠥᠨ ᠃ ᠡᠨᠡ  ᠨᠢ ᠮᠣᠩᠭᠣᠯ ᠦᠨᠲᠦᠰᠦᠲᠡᠨ ᠪ ᠠᠷᠠᠳ ᠦ᠋ᠨ ᠠᠮᠠᠨ ᠵᠣᠬᠢᠶᠠᠯ — ᠢᠷᠥᠭᠡᠯ ᠮᠠᠭᠲᠠᠭᠠᠯ ᠂ ᠵᠦᠢᠷ ᠰᠡᠴᠡᠨ ᠦᠭᠡ ᠂ ᠣᠨᠢᠰᠣᠬ᠋᠎ᠠ ᠳᠠᠭᠠᠪᠤᠷᠢ ᠂ ᠰᠢᠯᠦᠭ ᠬᠣᠯᠪᠣᠬ᠋᠎ᠠ ᠂ ᠪᠠᠭᠠᠲᠤᠷᠯᠢᠬ ᠲᠤᠤᠯᠢ ᠂ ᠠᠷᠠᠳ ᠦ᠋ᠨ ᠳᠠᠭᠤᠤ ᠂ ᠰᠢᠲᠢᠲᠦ ᠥᠯᠢᠭᠡᠷ ᠂ ᠳᠣᠮᠣᠭ ᠶᠠᠷᠢᠶ᠎ᠠ ᠂ ᠶᠠᠪᠠᠭᠠᠨ ᠦᠯᠢᠭᠡᠷ ᠁ ᠵᠡᠷᠭᠡ ᠶ᠋ᠢᠨ ᠠᠮᠠᠨ ᠵᠣᠬᠢᠶᠠᠯ ᠲᠠᠢ ᠠᠲᠠᠯᠢ ᠪᠠᠷ ᠠᠯᠢ  ᠡᠷᠲᠡᠨ ᠡᠴᠡ ᠡᠬᠢᠯᠡᠨ ᠵᠣᠬᠢᠶᠠᠭᠲᠠᠵᠤ ᠂ ᠡᠲᠦᠭᠡ  ᠳ᠋ᠦ᠍ ᠲᠤᠯᠲᠠᠯ᠎ᠠ ᠠᠷᠠᠳ ᠦ᠋ᠨ ᠳᠤᠮᠳᠠ ᠤᠯᠠᠮᠵᠢᠯᠠᠭᠲᠠᠨ ᠶᠠᠷᠢᠬᠲᠠᠵᠤ ᠂ ᠪᠠᠶᠠᠯᠢᠬᠵᠢᠨ ᠲᠦᠭᠡᠵᠦ ᠬᠥᠭᠵᠢᠯᠲᠡ ᠪᠡᠨ ᠣᠯᠤᠭᠰᠠᠭᠠᠷ ᠢᠷᠡᠭᠰᠡᠨ ᠪᠥᠭᠡᠳ ᠥᠪᠡᠷᠦᠨ ᠵᠣᠬᠢᠬᠤ ᠬᠡᠮᠵᠢᠶᠡᠨ ᠪ ᠦᠢᠯᠡᠲᠦᠯ ᠶ᠋ᠢᠡᠨ ᠪᠠᠲᠠᠷᠠᠭᠤᠯᠤᠭᠰᠠᠭᠠᠷ ᠢᠷᠡᠭᠰᠡᠨ ᠪᠠᠶ᠋ᠢᠨ᠎ᠠ ᠃ 
     《 ᠶᠢᠷᠲᠢᠨᠴᠦ ᠶ᠋ᠢᠨ ᠭᠤᠷᠪᠠ 》 ᠨᠢ ᠮᠣᠩᠭᠣᠯ ᠦᠨᠲᠦᠰᠦᠲᠡᠨ ᠪ ᠬᠥᠲᠡᠯᠮᠦᠷᠢᠴᠢᠨ ᠠᠷᠠᠳ ᠲᠦᠮᠡᠨ ᠪ ᠣᠶᠤᠨ ᠪ ᠪᠦᠲᠦᠭᠡᠯ ᠮᠥᠨ ᠃ ᠡᠨᠡ ᠨᠢ ᠠᠷᠠᠳ ᠦ᠋ᠨ ᠳᠤᠮᠳᠠ ᠵᠣᠬᠢᠶᠠᠭᠲᠠᠵᠤ  ᠂ ᠠᠷᠠᠳ ᠦ᠋ᠨ ᠳᠤᠮᠳᠠ ᠳᠡᠯᠭᠡᠷᠡᠨ ᠬᠡᠷᠡᠭᠯᠡᠭᠲᠡᠭᠰᠡᠨ ᠪᠠᠶ᠋ᠢᠨ᠎ᠠ ᠃ ᠡᠨᠡᠬᠦ ᠲᠥᠷᠥᠯ ᠦ᠋ᠨ ᠠᠮᠠᠨ ᠵᠣᠬᠢᠶᠠᠯ ᠨᠢ ᠳᠡᠯᠡᠬᠡᠢ ᠶ᠋ᠢᠨ ᠪᠤᠰᠤᠳ ᠣᠯᠠᠨ ᠬᠡᠯᠡᠨ ᠳ᠋ᠦ᠍ ᠬᠣᠪᠣᠷᠬᠠᠨ ᠪᠠᠶ᠋ᠢᠲᠠᠭ ᠪᠥᠭᠡᠳ ᠭᠠᠭᠴᠠᠬᠦ ᠮᠣᠩᠭᠣᠯ ᠬᠡᠯᠡᠨ  ᠳ᠋ᠦ᠍ ᠯᠡ ᠥᠷᠭᠡᠨ ᠶ᠋ᠢᠡᠷ ᠵᠣᠬᠢᠶᠠᠭᠲᠠᠨ ᠳᠡᠯᠭᠡᠷᠡᠭᠰᠡᠨ ᠬᠣᠪᠣᠷ ᠨᠠᠨᠲᠢᠨ ᠪᠦᠲᠦᠭᠡᠯ ᠪᠣᠯᠤᠨ᠎ᠠ ᠃ ᠡᠭᠦᠨ ᠪ ᠲᠤᠬᠠᠢ ᠬᠠᠯᠬ᠎ᠠ ᠶ᠋ᠢᠨ ᠡᠷᠲᠡᠮᠲᠡᠨ ᠪ · ᠰᠣᠤᠠᠨᠠᠮ ᠶᠠᠷᠢᠬᠤ ᠳ᠋ᠠᠭᠠᠨ ᠄ 《 ᠶᠠᠭ ᠡᠶ᠋ᠢᠮᠦ ᠬᠡᠯᠪᠡᠷᠢ ᠶ᠋ᠢᠨ ᠵᠣᠬᠢᠶᠠᠯ ᠡᠸᠥ᠋ᠷᠦᠫᠡ ᠳ᠋ᠠᠬᠢᠨ ᠪ ᠬᠡᠯᠡᠨ  ᠳ᠋ᠦ᠍ ᠪᠠᠶ᠋ᠢᠬᠤ ᠦᠭᠡᠢ ᠪᠥᠭᠡᠳ ᠡᠨᠡᠳᠬᠡᠭ ᠮᠡᠲᠦ ᠶ᠋ᠢᠨ ᠠᠽᠢᠶ᠎ᠠ ᠶ᠋ᠢᠨ ᠵᠠᠷᠢᠮ ᠬᠡᠯᠡᠨ  ᠳ᠋ᠦ᠍ ᠦᠵᠡᠭᠳᠡᠬᠦ ᠪᠣᠯᠪᠠᠴᠤ ᠂ ᠮᠣᠩᠭᠣᠯ ᠦ᠋ᠨ ᠬᠢ ᠲᠡᠢ ᠠᠲᠠᠯᠢ ᠣᠯᠠᠨ ᠪᠢᠰᠢ ᠪᠥᠭᠡᠳ ᠵᠢᠩᠬᠢᠨᠢ  ᠶᠠᠷᠢᠶᠠᠨ ᠪ ᠬᠡᠯᠡᠨ  ᠳ᠋ᠦ᠍ ᠥᠷᠭᠡᠨ ᠳᠡᠯᠭᠡᠷᠡᠵᠦ ᠲᠦᠭᠡᠭᠡ ᠦᠭᠡᠢ 》(1) ᠭᠡᠵᠦ ᠬᠡᠯᠡᠭᠰᠡᠨ ᠪᠠᠶ᠋ᠢᠨ᠎ᠠ ᠃ ᠲᠡᠭᠦᠨ ᠪ ᠡᠨᠡᠬᠦ ᠳᠠᠷᠬᠠᠨ ᠳᠡᠯᠭᠡᠷᠡᠭᠰᠡᠨ ᠬᠦᠷᠢᠶ᠎ᠡ ᠬᠡᠪᠴᠢᠶ᠎ᠡ ᠶ᠋ᠢ ᠶᠠᠷᠢᠬᠰᠠᠨ ᠨᠢ ᠶᠡᠬᠡ ᠣᠨᠣᠪᠴᠢᠲᠠᠢ ᠪᠢᠯᠡ ᠃  ᠡᠨᠡᠬᠦ ᠬᠡᠯᠪᠡᠷᠢ ᠶ᠋ᠢᠨ ᠠᠮᠠᠨ ᠵᠣᠬᠢᠶᠠᠯ ᠨᠢ ᠡᠨᠡᠳᠬᠡᠭ ᠲᠥᠪᠡᠳ ᠦ᠋ᠨ ᠨᠣᠮ ᠵᠣᠬᠢᠶᠠᠯ  ᠳ᠋ᠦ᠍ ᠬᠠᠶᠠ ᠬᠠᠷᠠᠭᠲᠠᠬᠤ ᠪᠣᠯᠪᠠᠴᠤ ᠲᠡᠶ᠋ᠢᠮᠦ ᠣᠯᠠᠨ ᠪᠢᠰᠢ ᠂ ᠲᠣᠬ᠋᠎ᠠ ᠶ᠋ᠢᠨ ᠲᠠᠯ᠎ᠠ ᠪᠠᠷ ᠶ᠋ᠢᠠᠨ ᠴᠥᠭᠡᠨ ᠪᠥᠭᠡᠳ ᠳᠠᠷᠬᠠᠨ ᠳᠡᠯᠭᠡᠷᠡᠭᠰᠡᠨ ᠬᠡᠪᠴᠢᠶ᠎ᠡ ᠨᠢ ᠢᠪᠴᠤᠤ ᠪᠠᠶ᠋ᠢᠵᠤ ᠂ ᠭᠣᠣᠯ ᠨᠢ ᠪᠢᠴᠢᠭ ᠦ᠋ᠨ ᠵᠣᠬᠢᠶᠠᠯ  ᠳ᠋ᠦ᠍ ᠲᠡᠮᠲᠡᠭᠯᠡᠯ ᠲᠡᠢ ᠪᠣᠯᠪᠠᠴᠤ ᠵᠢᠩᠬᠢᠨᠢ ᠶᠠᠷᠢᠶᠠᠨ ᠪ ᠬᠡᠯᠡᠨ  ᠳ᠋ᠦ᠍ ᠥᠷᠭᠡᠨ ᠳᠡᠯᠭᠡᠷᠡᠵᠦ ᠴᠢᠲᠠᠭᠰᠠᠨ ᠦᠭᠡᠢ ᠃
      《 ᠶᠢᠷᠲᠢᠨᠴᠦ ᠶ᠋ᠢᠨ ᠭᠤᠷᠪᠠ 》 ᠶ᠋ᠢ ᠪᠦᠲᠦᠴᠡ ᠪᠦᠷᠢᠯᠲᠦᠬᠦᠨ ᠪ ᠲᠠᠯ᠎ᠠ ᠠ᠋ᠴᠠ ᠠᠪᠴᠤ ᠦᠵᠡᠪᠡᠯ ᠂ ᠶᠢᠷᠲᠢᠨᠴᠦ ᠳᠡᠯᠡᠬᠡᠢ  ᠳ᠋ᠦ᠍ ᠣᠷᠣᠰᠢᠨ  ᠲᠣᠭᠲᠠᠨᠢᠵᠤ ᠪᠠᠶ᠋ᠢᠬ᠋᠎ᠠ ᠬᠠᠴᠢᠨ ᠰᠣᠨᠢᠨ ᠂ ᠣᠨᠴᠣᠭᠣᠢ ᠳᠣᠪᠣᠶ᠋ᠢᠮ᠎ᠠ ᠬᠡᠷᠡᠭ ᠪᠣᠲᠠᠰ ᠂ ᠠᠮᠢᠲᠠᠨ ᠤᠷᠭᠤᠮᠠᠯ ᠊ᠢ ᠭᠦᠨᠵᠡᠭᠡᠢ ᠵᠠᠲᠠᠯᠤᠨ ᠰᠢᠨᠵᠢᠵᠦ ᠂ ᠭᠦᠨ ᠤᠬᠠᠭᠠᠨ ᠪ ᠡᠭᠦᠲᠡᠨ ᠡᠴᠡ ᠪᠣᠲᠠᠲᠠᠢ ᠶᠠᠪᠤᠲᠠᠯ ᠊ᠢ ᠪᠣᠲᠠᠲᠠᠢ ᠪᠠᠷ ᠵᠠᠲᠠᠯᠤᠨ ᠬᠡᠷᠡᠭ ᠶᠠᠭᠤᠮ᠎ᠠ ᠶ᠋ᠢᠨ ᠠᠲᠠᠯᠢᠪᠲᠤᠷ ᠠᠭᠤᠯᠬ᠋᠎ᠠ ᠬᠡᠯᠪᠡᠷᠢ ᠶ᠋ᠢ ᠪᠠᠷᠢᠵᠤ ᠂ ᠠᠲᠠᠯᠢ ᠨᠠᠶ᠋ᠢᠷᠠᠭᠤᠯᠬ᠋᠎ᠠ ᠶ᠋ᠢᠨ ᠬᠡᠯᠪᠡᠷᠢ ᠪᠡᠷ ᠵᠢᠬᠰᠠᠭᠠᠵᠤ ᠂ ᠭᠤᠷᠪᠠᠨ ᠮᠥᠷ ᠊ᠢ ᠨᠢᠭᠡ ᠪᠠᠲᠠᠭ ᠪᠣᠯᠭᠠᠨ ᠰᠢᠯᠦᠭᠯᠡᠳᠡᠭ ᠪᠠᠶ᠋ᠢᠨ᠎ᠠ ᠃ ᠡᠨᠡᠬᠦ ᠪᠠᠲᠠᠭ ᠨᠢ ᠮᠥᠨᠴᠥ ᠪᠤᠰᠤᠳ ᠲᠥᠷᠥᠯ ᠦ᠋ᠨ ᠢᠷᠠᠭᠤ ᠨᠠᠶ᠋ᠢᠷᠠᠭ ᠲᠠᠢ ᠠᠲᠠᠯᠢ ᠪᠠᠷ ᠦᠭᠡ ᠪᠠ ᠦᠶ᠎ᠡ ᠶ᠋ᠢᠨ ᠲᠣᠬ᠋᠎ᠠ ᠶ᠋ᠢ ᠲᠡᠩᠴᠡᠭᠦᠯᠵᠦ ᠂ ᠲᠣᠯᠣᠭᠠᠢ ᠂ ᠰᠡᠭᠦᠯ ᠬᠣᠯᠪᠣᠨ ᠡᠩ ᠵᠡᠷᠭᠡᠴᠡᠭᠦᠯᠵᠦ ᠪᠦᠲᠦᠭᠡᠳᠡᠭ ᠃ ᠰᠡᠭᠦᠯ ᠬᠣᠯᠪᠣᠬᠤ ᠶ᠋ᠢ ᠣᠨᠴᠣᠭᠣᠶ᠋ᠢᠯᠠ ᠴᠢᠬᠤᠯᠠᠴᠢᠯᠠᠲᠠᠭ ᠪᠣᠯᠬᠣᠷ 《 ᠶᠢᠷᠲᠢᠨᠴᠦ ᠶ᠋ᠢᠨ ᠭᠤᠷᠪᠠ 》 ᠶ᠋ᠢᠨ ᠪᠠᠲᠠᠭ ᠪᠦᠷᠢ ᠶ᠋ᠢᠨ ᠮᠥᠷ ᠪᠣᠯᠭᠠᠨ ᠪ ᠡᠴᠦᠰ ᠦ᠋ᠨ ᠦᠭᠡ ᠨᠢ ᠪᠦᠷ ᠠᠲᠠᠯᠢ ᠪᠠᠶ᠋ᠢᠲᠠᠭ ᠪᠢᠯᠡ ᠃ ᠨᠥᠭᠦᠭᠡ ᠲᠠᠯ᠎ᠠ ᠪᠠᠷ ᠠᠪᠴᠤ ᠬᠡᠯᠡᠪᠡᠯ ᠂ ᠪᠠᠲᠠᠭ ᠪᠦᠷᠢ ᠨᠢ ᠨᠡᠶ᠋ᠢᠭᠡᠮ ᠪᠠ ᠠᠮᠢᠲᠤᠷᠠᠯ ᠦ᠋ᠨ ᠮᠡᠲᠡᠯᠭᠡ ᠶ᠋ᠢ ᠤᠯᠠᠮᠵᠢᠯᠠᠵᠤ ᠂ ᠰᠤᠷᠭᠠᠨ ᠬᠥᠮᠦᠵᠢᠭᠦᠯᠬᠦ ᠦᠢᠯᠡᠲᠦᠯ ᠊ᠢ ᠪᠠᠲᠠᠷᠠᠭᠤᠯᠵᠤ ᠂ ᠭᠦᠨ ᠤᠬᠠᠭᠠᠨᠴᠢ ᠴᠢᠨᠠᠷ ᠲᠠᠢ ᠶᠣᠰᠣ ᠤᠴᠢᠷ ᠊ᠢ ᠬᠠᠪᠤᠯᠢᠬ ᠰᠠᠶ᠋ᠢᠬᠠᠨ ᠥᠭᠦᠯᠡᠵᠦ ᠪᠠᠶ᠋ᠢᠲᠠᠭ ᠪᠢᠯᠡ ᠃ ᠵᠢᠱ᠌ᠢᠶᠡᠯᠡᠪᠡᠯ ᠄
          ᠡᠷ᠎ᠡ ᠡᠮ᠎ᠡ ᠨᠠᠰᠤᠨ ᠪ ᠬᠣᠯᠪᠣᠬ᠋᠎ᠠ
          ᠡᠴᠢᠭᠡ ᠬᠦᠦ ᠴᠢᠰᠤᠨ ᠪ ᠬᠣᠯᠪᠣᠬ᠋᠎ᠠ
          ᠡᠮᠡᠭᠡᠯ ᠮᠣᠷᠢ ᠵᠠᠮ ᠦ᠋ᠨ ᠬᠣᠯᠪᠣᠬ᠋᠎ᠠ
             ( ᠶᠢᠷᠲᠢᠨᠴᠦ ᠶ᠋ᠢᠨ ᠭᠤᠷᠪᠠᠨ ᠬᠣᠯᠪᠣᠬ᠋᠎ᠠ )
          ᠡᠷ᠎ᠡ ᠪᠡᠨ ᠡᠵᠡᠯᠡᠭᠰᠡᠨ ᠡᠬᠡᠨᠡᠷ ᠳᠣᠭᠰᠢᠨ
          ᠡᠮᠡᠭᠡᠯ ᠶ᠋ᠢᠡᠨ ᠬᠥᠨᠭᠭᠡᠯᠡᠭᠰᠡᠨ ᠮᠣᠷᠢ ᠳᠣᠭᠰᠢᠨ
          ᠡᠵᠡᠨ ᠶ᠋ᠢᠡᠨ ᠠᠶᠤᠯᠭᠠᠭᠰᠠᠨ ᠲᠦᠰᠢᠮᠡᠯ ᠳᠣᠭᠰᠢᠨ
            ( ᠶᠢᠷᠲᠢᠨᠴᠦ ᠶ᠋ᠢᠨ ᠭᠤᠷᠪᠠᠨ ᠳᠣᠭᠰᠢᠨ )
 ᠭᠡᠬᠦ ᠮᠡᠲᠦ ᠪᠡᠷ ᠭᠤᠷᠪᠠᠯᠠᠭᠰᠠᠨ ᠳᠦᠷᠢᠮ ᠊ᠢ ᠪᠠᠷᠢᠮᠲᠠᠯᠠᠨ ᠤᠴᠢᠷ ᠶᠠᠪᠤᠲᠠᠯ ᠂ ᠣᠯᠠᠨ ᠬᠡᠷᠡᠭ ᠊ᠢ ᠭᠣᠶ᠋ᠢᠲᠠ ᠰᠠᠶ᠋ᠢᠬᠠᠨ ᠶ᠋ᠢᠠᠷ ᠲᠤᠰᠬᠠᠨ ᠥᠭᠦᠯᠡᠵᠦ ᠪᠠᠶ᠋ᠢᠬᠤ ᠪᠠᠷ ᠬᠥᠮᠦᠰ ᠦ᠋ᠨ ᠰᠣᠨᠢᠷᠬᠠᠯ ᠊ᠢ ᠲᠠᠲᠠᠵᠤ ᠂ ᠵᠣᠬᠢᠶᠠᠭᠲᠠᠨ ᠳᠡᠯᠭᠡᠷᠡᠵᠦ ᠴᠢᠲᠠᠭᠰᠠᠨ ᠪᠠᠶ᠋ᠢᠨ᠎ᠠ ᠃
     《 ᠶᠢᠷᠲᠢᠨᠴᠦ ᠶ᠋ᠢᠨ ᠭᠤᠷᠪᠠ 》 ᠶ᠋ᠢ ᠤᠬᠠᠭᠲᠠᠬᠤᠨ ᠪ ᠲᠠᠯ᠎ᠠ ᠠ᠋ᠴᠠ ᠠᠪᠴᠤ  ᠶᠠᠷᠢᠪᠠᠯ ᠂ ᠶᠠᠭᠤ ᠶ᠋ᠢ 《 ᠶᠢᠷᠲᠢᠨᠴᠦ ᠶ᠋ᠢᠨ ᠭᠤᠷᠪᠠ 》 ᠭᠡᠵᠦ ᠬᠡᠯᠡᠬᠦ ᠪᠤᠢ ᠭᠡᠳᠡᠭ ᠠᠰᠠᠭᠤᠯᠲᠠ ᠳ᠋ᠦ᠍ ᠣᠨᠣᠪᠴᠢᠲᠠᠢ ᠂ ᠲᠣᠬᠢᠷᠠᠮᠵᠢᠲᠠᠢ ᠨᠢᠭᠡᠨ ᠬᠠᠷᠢᠭᠤᠯᠲᠠ ᠥᠭᠬᠦ ᠶᠠᠪᠤᠲᠠᠯ ᠪᠣᠯᠤᠨ᠎ᠠ ᠃  ᠡᠨᠡᠬᠦ ᠤᠬᠠᠭᠲᠠᠬᠤᠨ ᠪ ᠲᠤᠬᠠᠢ ᠣᠯᠠᠨ ᠡᠷᠲᠡᠮᠲᠡᠳ ᠦ᠋ᠨ ᠰᠠᠨᠠᠯ ᠨᠢᠭᠡᠤᠠᠴᠦ ᠳᠡᠶ᠋ᠢᠯᠦᠭᠡᠳᠦᠢ ᠪᠠᠶ᠋ᠢᠨ᠎ᠠ ᠃ ᠵᠢᠱ᠌ᠢᠶᠡᠯᠡᠪᠡᠯ ᠄ ᠵᠥᠪᠯᠡᠯᠲᠦ ᠬᠣᠯᠪᠣᠭᠠᠲᠤ ᠤᠯᠤᠰ ᠦ᠋ᠨ ᠮᠣᠩᠭᠣᠯᠴᠢ ᠡᠷᠲᠡᠮᠲᠡᠨ ᠪ ·  ᠨ · ᠺᠯᠢᠦᠸᠸᠠ · ᠮ · ᠬ · ᠬᠠᠩᠭᠠᠯᠤᠸ ᠪᠠ ᠪᠤᠷᠢᠶᠠᠳ ᠦ᠋ᠨ ᠮᠣᠩᠭᠣᠯᠴᠢ ᠡᠷᠲᠡᠮᠲᠡᠨ ᠮ · ᠫ · ᠬᠠᠮᠭᠠᠨᠤᠸ ᠂ ᠮᠣᠩᠭᠣᠯ ᠠᠷᠠᠳ ᠤᠯᠤᠰ ᠦ᠋ᠨ ᠡᠷᠲᠡᠮᠲᠡᠨ  ᠫ · ᠬᠣᠷᠯᠣ ·  ᠽ · ᠥᠯᠵᠡᠶ᠋ᠢᠬᠣᠲᠣᠭ ᠵᠡᠷᠭᠡ ᠶ᠋ᠢᠨ ᠰᠤᠲᠤᠯᠤᠭᠴᠢᠳ 《 ᠶᠢᠷᠲᠢᠨᠴᠦ ᠶ᠋ᠢᠨ ᠭᠤᠷᠪᠠ 》 ᠶ᠋ᠢ ᠦᠨᠲᠦᠰᠦᠨ ᠰᠢᠨᠵᠢ ᠪᠡᠷ ᠨᠢ ᠣᠨᠢᠰᠣᠬ᠋᠎ᠠ ᠲᠠᠭᠠᠪᠤᠷᠢ ᠶ᠋ᠢᠨ ᠣᠨᠴᠣᠭᠣᠢ ᠬᠡᠯᠪᠡᠷᠢ ᠭᠡᠵᠦ ᠦᠵᠡᠭᠰᠡᠨ ᠪᠠᠶ᠋ᠢᠨ᠎ᠠ ᠃ᠮᠣᠩᠭᠣᠯ ᠠᠷᠠᠳ ᠤᠯᠤᠰ ᠦ᠋ᠨ ᠪ · ᠰᠣᠤᠠᠨᠠᠮ ᠂ ᠨ · ᠳᠠᠮᠪᠠᠰᠥ᠋ᠷᠦᠩ ᠪᠠ ᠹᠷᠠᠨᠼᠢ ᠶ᠋ᠢᠨ ᠮᠣᠩᠭᠣᠯᠴᠢ ᠡᠷᠲᠡᠮᠲᠡᠨ ᠠ᠊ ᠂ ᠮᠣᠰᠲ᠋ᠸᠷᠲ  ᠨᠠᠷ ᠡᠮᠬᠢᠤᠠᠬᠡᠯ ᠲᠡᠭᠦᠪᠦᠷᠢ ᠨᠡᠶ᠋ᠢᠲᠡᠯᠡᠭᠦᠯᠬᠦ ᠳ᠋ᠡᠭᠡᠨ ᠵᠦᠢᠷ ᠰᠡᠴᠡᠨ  ᠦᠭᠡᠨ  ᠳ᠋ᠦ᠍ ᠬᠠᠮᠢᠶᠠᠷᠤᠭᠤᠯᠤᠭᠰᠠᠨ ᠪᠠᠶ᠋ᠢᠨ᠎ᠠ ᠃ ᠢᠯᠠᠩᠭᠤᠶ᠎ᠠ ᠪ · ᠰᠣᠤᠠᠨᠠᠮ 《 ᠮᠣᠩᠭᠣᠯ ᠠᠷᠠᠳ ᠦ᠋ᠨ ᠶᠢᠷᠲᠢᠨᠴᠦ ᠶ᠋ᠢᠨ ᠭᠤᠷᠪᠠ ᠂ ᠳᠥᠷᠪᠡ ᠶ᠋ᠢᠨ ᠲᠤᠬᠠᠢ 》 ᠭᠡᠳᠡᠭ ᠥᠭᠦᠯᠡᠯ  ᠳ᠋ᠦ᠍ ᠤᠬᠠᠭᠲᠠᠬᠤᠨ ᠪ ᠲᠤᠬᠠᠢ ᠶᠠᠷᠢᠬᠤ ᠳ᠋ᠠᠭᠠᠨ ᠄ 《 ᠶᠢᠷᠲᠢᠨᠴᠦ ᠶ᠋ᠢᠨ ᠭᠤᠷᠪᠠ ᠂ ᠳᠥᠷᠪᠡ ᠭᠡᠳᠡᠭ ᠪᠣᠯ ᠮᠣᠩᠭᠣᠯ ᠠᠷᠠᠳ ᠦ᠋ᠨ ᠠᠮᠠᠨ ᠵᠣᠬᠢᠶᠠᠯ ᠦ᠋ᠨ ᠰᠡᠴᠡᠯᠡᠯ  ᠪᠤᠶᠤ ᠰᠤᠷᠭᠠᠯ ᠦᠭᠡᠰ ᠦ᠋ᠨ ᠨᠢᠭᠡ ᠲᠤᠰᠬᠠᠢ ᠪᠡᠶ᠎ᠡ ᠪᠡᠨ ᠳᠠᠭᠠᠭᠠᠭᠰᠠᠨ ᠬᠡᠯᠡᠯᠭᠡ ᠮᠥᠨ ᠃ 》(2) ᠭᠡᠵᠡᠢ ᠃ ᠮᠢᠨᠦ ᠦᠵᠡᠬᠦ ᠪᠡᠷ 《 ᠶᠢᠷᠲᠢᠨᠴᠦ ᠶ᠋ᠢᠨ ᠭᠤᠷᠪᠠ 》 ᠶ᠋ᠢ ᠣᠨᠢᠰᠣᠬ᠋᠎ᠠ ᠪᠤᠶᠤ ᠵᠦᠢᠷ ᠰᠡᠴᠡᠨ ᠦᠭᠡ ᠶ᠋ᠢᠨ ᠨᠢᠭᠡ ᠬᠡᠯᠪᠡᠷᠢ ᠮᠥᠨ ᠬᠡᠮᠡᠵᠦ ᠦᠵᠡᠬᠦ ᠪᠤᠶᠤ ᠲᠡᠭᠡᠵᠦ ᠤᠬᠠᠭᠲᠠᠬᠤᠨ ᠥᠭᠬᠦ ᠨᠢ ᠵᠣᠬᠢᠰ ᠦᠭᠡᠢ ᠃ ᠤᠴᠢᠷ ᠨᠢ  ᠂《 ᠶᠢᠷᠲᠢᠨᠴᠦ ᠶ᠋ᠢᠨ ᠭᠤᠷᠪᠠ 》  ᠪᠣᠯ ᠥᠪᠡᠷᠦᠨ ᠪᠡᠶ᠎ᠡ ᠪᠡᠨ ᠳᠠᠭᠠᠭᠠᠭᠰᠠᠨ ᠨᠢᠭᠡ ᠲᠥᠷᠥᠯ ᠦ᠋ᠨ ᠠᠮᠠᠨ ᠵᠣᠬᠢᠶᠠᠯ ᠮᠥᠨ ᠃
      ᠮᠣᠩᠭᠣᠯ ᠠᠷᠠᠳ ᠤᠯᠤᠰ ᠦ᠋ᠨ ᠡᠷᠲᠡᠮᠲᠡᠨ ᠯ · ᠲᠦᠲᠦᠪ ᠂ ᠬ ᠂ ᠰᠠᠮᠫᠢᠯᠲᠠᠨᠲᠠᠪ ᠵᠢᠴᠢ ᠵᠤᠤᠵᠠ ᠂ ᠶ ᠂ ᠪᠠᠭᠠᠲᠤᠷᠰᠥ᠋ᠬᠡ ᠂ ᠭᠣᠩᠭᠣᠷᠵᠠᠪ ᠨᠠᠷ ᠪᠠ ᠮᠠᠨ ᠪ ᠤᠯᠤᠰ ᠦ᠋ᠨ ᠲᠥᠪ ᠦ᠋ᠨ ᠦᠨᠲᠦᠰᠦᠲᠡᠨ ᠪ ᠳᠡᠭᠡᠳᠦ ᠰᠤᠷᠭᠠᠭᠤᠯᠢ ᠶ᠋ᠢᠨ ᠪᠠᠭᠰᠢ ᠮᠠᠨᠲᠤᠬᠤ ᠵᠢᠴᠢ ᠨᠥᠬᠥᠷ  ᠪᠤᠶᠠᠨᠬᠡᠰᠢᠭ᠌ ᠵᠡᠷᠭᠡ  ‍ᠶ᠋ᠢᠨ ᠬᠥᠮᠦᠰ 《 ᠶᠢᠷᠲᠢᠨᠴᠦ ᠶ᠋ᠢᠨ ᠭᠤᠷᠪᠠ  》 ᠶ᠋ᠢ ᠪᠦᠷ ᠪᠡᠶ᠎ᠡ ᠪᠡᠨ ᠳᠠᠭᠠᠭᠠᠭᠰᠠᠨ ᠨᠢᠭᠡ ᠲᠥᠷᠥᠯ ᠦ᠋ᠨ ᠠᠮᠠᠨ ᠵᠣᠬᠢᠶᠠᠯ ᠭᠡᠵᠦ ᠦᠵᠡᠭᠰᠡᠨ ᠨᠢ ᠮᠢᠨᠦ ᠰᠠᠨᠠᠯ ᠲᠠᠢ ᠮᠠᠰᠢ ᠲᠣᠬᠢᠷᠠᠵᠤ ᠪᠤᠢ ᠃ ᠬ · ᠰᠠᠮᠫᠢᠯᠲᠠᠨᠲᠠᠪ ᠦ᠋ᠨ 《 ᠬᠡᠦᠬᠡᠳ ᠦ᠋ᠨ ᠠᠮᠠᠨ ᠵᠣᠬᠢᠶᠠᠯ ᠦ᠋ᠨ ᠤᠴᠢᠷ 》 ᠭᠡᠳᠡᠭ ᠨᠣᠮ  ᠳ᠋ᠦ᠍ 《 ᠶᠢᠷᠲᠢᠨᠴᠦ ᠶ᠋ᠢᠨ ᠭᠤᠷᠪᠠ 》 ᠶ᠋ᠢᠨ ᠤᠬᠠᠭᠲᠠᠬᠤᠨ ᠪ ᠲᠤᠬᠠᠢ ᠪᠢᠴᠢᠬᠦ ᠳ᠋ᠡᠭᠡᠨ ᠄ 《 ᠶᠢᠷᠲᠢᠨᠴᠦ ᠶ᠋ᠢᠨ ᠭᠤᠷᠪᠠ ᠭᠡᠳᠡᠭ ᠨᠢ ᠶᠢᠷᠲᠢᠨᠴᠦ ᠶ᠋ᠢᠨ ᠦᠵᠡᠭᠳᠡᠯ ᠦ᠋ᠨ ᠳᠣᠲᠣᠷ᠎ᠠ ᠠ᠋ᠴᠠ ᠰᠢᠨᠵᠢ ᠲᠥᠯᠥᠪ ᠶ᠋ᠢᠡᠷ ᠶ᠋ᠢᠡᠨ ᠨᠡᠢᠲᠡᠯᠢᠭ ᠭᠤᠷᠪᠠᠨ ᠵᠦᠢᠯ ᠊ᠢ ᠣᠨᠴᠠᠯᠠᠨ ᠠᠷᠠᠳ ᠲᠦᠮᠡᠨ ᠪ ᠠᠮᠢᠲᠤᠷᠠᠯ ᠨᠡᠶ᠋ᠢᠭᠡᠮ ᠲᠡᠦᠬᠡ ᠶ᠋ᠢᠨ ᠲᠤᠷᠰᠢᠯᠬ᠋᠎ᠠ ᠂ ᠲᠠᠨᠢᠨ ᠮᠡᠲᠡᠬᠦᠢ ᠶ᠋ᠢᠨ ᠳ᠋ᠦ᠋ᠩᠨᠡᠯᠲᠡ ᠶ᠋ᠢ ᠭᠤᠷᠪᠠᠨ ᠮᠥᠷ ᠶ᠋ᠢᠡᠷ ᠢᠯᠡᠷᠬᠡᠶ᠋ᠢᠯᠡᠨ ᠵᠣᠬᠢᠶᠠᠭᠰᠠᠨ ᠤᠷᠠᠨ ᠰᠢᠯᠦᠭ ᠊ᠢ ᠬᠡᠯᠡᠨ᠎ᠡ 》(3) ᠭᠡᠵᠡᠢ ᠃ ᠯ ᠂ ᠲᠦᠲᠦᠪ 《 ᠮᠣᠩᠭᠣᠯ ᠤᠷᠠᠨ ᠵᠣᠬᠢᠶᠠᠯ ᠦ᠋ᠨ ᠦᠨᠲᠦᠰᠦᠲᠡᠨ ᠪ ᠪᠣᠯᠤᠨ ᠨᠡᠢᠲᠡᠯᠢᠭ ᠰᠢᠨᠵᠢ 》 ᠭᠡᠳᠡᠭ ᠤᠷᠲᠤ ᠥᠭᠦᠯᠡᠯ ᠳ᠋ᠡᠭᠡᠨ 《 ᠶᠢᠷᠲᠢᠨᠴᠦ ᠶ᠋ᠢᠨ ᠭᠤᠷᠪᠠ 》 ᠶ᠋ᠢ ᠪᠡᠶ᠎ᠡ ᠪᠡᠨ ᠳᠠᠭᠠᠭᠠᠭᠰᠠᠨ ᠵᠣᠬᠢᠶᠠᠯ ᠬᠡᠮᠡᠨ ᠶᠠᠷᠢᠵᠤ ᠥᠩᠭᠡᠷᠡᠵᠡᠢ ᠃
       ᠮᠠᠨᠲᠤᠬᠤ ᠪᠠᠭᠰᠢ ᠂ ᠥᠪᠥᠷ ᠮᠣᠩᠭᠣᠯ ᠦ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠪᠠᠷ ᠬᠡᠪᠯᠡᠭᠦᠯᠦᠭᠰᠡᠨ 《 ᠮᠣᠩᠭᠣᠯ ᠠᠷᠠᠳ ᠦ᠋ᠨ ᠠᠮᠠᠨ ᠵᠣᠬᠢᠶᠠᠯ ᠦ᠋ᠨ ᠲᠣᠶ᠋ᠢᠮᠣ 》 ᠭᠡᠳᠡᠭ ᠨᠣᠮ  ᠳ᠋ᠦ᠍ 《 ᠶᠢᠷᠲᠢᠨᠴᠦ ᠶ᠋ᠢᠨ ᠭᠤᠷᠪᠠ 》 ᠶ᠋ᠢᠨ ᠲᠤᠬᠠᠢ ᠶᠠᠷᠢᠬᠤ ᠳ᠋ᠠᠭᠠᠨ ᠄ 《 ᠮᠣᠩᠭᠣᠯ ᠠᠷᠠᠳ ᠦ᠋ᠨ ᠠᠮᠠᠨ ᠵᠣᠬᠢᠶᠠᠯ  ᠳ᠋ᠦ᠍ ᠶᠢᠷᠲᠢᠨᠴᠦ ᠶ᠋ᠢᠨ ᠭᠤᠷᠪᠠ ᠭᠡᠵᠦ ᠪᠡᠶ᠎ᠡ ᠪᠡᠨ ᠳᠠᠭᠠᠭᠠᠭᠰᠠᠨ ᠰᠣᠨᠢᠷᠬᠠᠯᠲᠠᠢ ᠨᠢᠭᠡ ᠵᠦᠢᠯ ᠪᠠᠶ᠋ᠢᠲᠠᠭ ᠃ ᠶᠢᠷᠲᠢᠨᠴᠦ ᠶ᠋ᠢᠨ ᠭᠤᠷᠪᠠ  ᠪᠣᠯ ᠭᠤᠷᠪᠠᠯ ᠦ᠋ᠨ ᠵᠢᠷᠤᠮ ᠪᠠ ᠰᠢᠯᠦᠭᠯᠡᠬᠦ ᠵᠠᠷᠴᠢᠮ ᠶ᠋ᠢᠠᠷ ᠪᠦᠲᠦᠭᠰᠡᠨ ᠪᠠᠬ᠋᠎ᠠ ᠬᠡᠯᠪᠡᠷᠢ ᠶ᠋ᠢᠨ ᠠᠮᠠᠨ ᠢᠷᠠᠭᠤ ᠨᠠᠶ᠋ᠢᠷᠠᠭ ᠮᠥᠨ 》(4)  ᠭᠡᠵᠦ ᠣᠬᠣᠷ ᠠᠪᠰᠠᠷᠬᠠᠨ ᠶ᠋ᠢᠠᠷ ᠶᠠᠭᠤ  ᠶ᠋ᠢ 《 ᠶᠢᠷᠲᠢᠨᠴᠦ ᠶ᠋ᠢᠨ ᠭᠤᠷᠪᠠ 》 ᠭᠡᠳᠡᠭ ᠤᠬᠠᠭᠲᠠᠬᠤᠨ ᠊ᠢ ᠬᠠᠷᠢᠭᠤᠯᠤᠭᠰᠠᠨ ᠪᠠᠶ᠋ᠢᠨ᠎ᠠ ᠃ ᠲᠤᠰ ᠵᠣᠬᠢᠶᠠᠯ ᠶ᠋ᠢᠠᠨ 《 ᠥᠪᠥᠷ  ᠮᠣᠩᠭᠣᠯ ᠦ᠋ᠨ ᠡᠲᠦᠷ ᠦ᠋ᠨ ᠰᠣᠨᠢᠨ 》 ᠪ 80 ᠣᠨ ᠪ 3 ᠰᠠᠷᠠᠶ᠋ᠢᠨ 18  ᠪ ᠡᠲᠦᠷ ᠨᠡᠶ᠋ᠢᠲᠡᠯᠡᠵᠦ ᠂ ᠥᠪᠡᠷᠦᠨ ᠰᠠᠨᠠᠯ ᠪᠠ ᠦᠵᠡᠯᠲᠡ ᠪᠡᠨ ᠳᠤᠷᠠᠳᠤᠭᠰᠠᠨ ᠪᠠᠶ᠋ᠢᠨ᠎ᠠ ᠃
      ᠨᠥᠬᠥᠷ ᠪᠤᠶᠠᠨᠭᠡᠰᠢᠭ ᠂ 《 ᠮᠣᠩᠭᠣᠯ ᠬᠡᠯᠡ ᠤᠤᠠᠬ᠎ᠠ ᠵᠣᠬᠢᠶᠠᠯ 》 ᠰᠡᠤᠠᠬᠦᠯ ᠦ᠋ᠨ 84 ᠣᠨ ᠪ 4  ᠎ᠳ᠋ᠦ᠍ᠭᠡᠷ ᠬᠤᠭᠤᠴᠠᠭᠠᠨ  ᠳ᠋ᠦ᠍ ᠨᠡᠢᠲᠡᠯᠡᠭᠰᠡᠨ  《 ᠮᠣᠩᠭᠣᠯ ᠦᠨᠲᠦᠰᠦᠲᠡᠨ ᠪ ᠠᠷᠠᠳ ᠦ᠋ᠨ ᠠᠮᠠᠨ ᠵᠣᠬᠢᠶᠠᠯ ᠊ᠢ ᠠᠩᠭᠢᠯᠠᠬᠤ ᠲᠤᠬᠠᠢ 》ᠭᠡᠳᠡᠭ ᠥᠭᠦᠯᠡᠯ ᠳ᠋ᠡᠭᠡᠨ 《 ᠶᠢᠷᠲᠢᠨᠴᠦ ᠶ᠋ᠢᠨ ᠭᠤᠷᠪᠠ 》 ᠶ᠋ᠢ ᠰᠤᠷᠭᠠᠯ ᠦ᠋ᠨ ᠴᠢᠨᠠᠷ ᠲᠠᠢ ᠢᠷᠠᠭᠤ ᠨᠠᠶ᠋ᠢᠷᠠᠭ ᠬᠡᠮᠡᠨ ᠳ᠋ᠦ᠋ᠩᠨᠡᠭᠰᠡᠨ ᠪᠠᠶ᠋ᠢᠨ᠎ᠠ ᠃ ᠳᠡᠭᠡᠷᠡᠬᠢ ᠶᠠᠷᠢᠬᠰᠠᠨ ᠠ᠋ᠴᠠ ᠦᠵᠡᠪᠡᠯ ᠂ ᠣᠯᠠᠨ ᠰᠤᠲᠤᠯᠤᠭᠴᠢᠳ ᠦ᠋ᠨ ᠰᠠᠨᠠᠯ  ᠨᠢ  ᠨᠢᠭᠡᠤᠠᠴᠦ ᠳᠡᠶ᠋ᠢᠯᠦᠭᠡᠳᠦᠢ ᠭᠡᠳᠡᠭ ᠊ᠢ ᠭᠡᠷᠡᠴᠢᠯᠡᠵᠦ ᠪᠠᠶ᠋ᠢᠨ᠎ᠠ ᠃  ᠵᠠᠷᠢᠮ ᠰᠤᠲᠤᠯᠤᠭᠴᠢᠳ ᠦ᠋ᠨ ᠰᠠᠨᠠᠯ  ᠪᠠ ᠦᠵᠡᠯᠲᠡ ᠨᠢ ᠶᠡᠬᠡ ᠲᠥᠯᠥᠪ ᠳᠡᠭᠡᠷ᠎ᠡ ᠪᠡᠨ ᠣᠶ᠋ᠢᠷᠠᠤᠠᠴᠤ ᠪᠠᠶ᠋ᠢᠪᠠᠴᠤ ᠨᠢᠬᠲᠠ ᠵᠦᠢᠯ ᠳ᠋ᠡᠭᠡᠨ ᠠᠲᠠᠯᠢ ᠦᠭᠡᠢ ᠃ ᠨᠡᠩ ᠵᠠᠷᠢᠮ ᠰᠤᠲᠤᠯᠤᠭᠴᠢᠳ ᠦ᠋ᠨ ᠦᠵᠡᠯᠲᠡ ᠨᠢ ᠬᠣᠭᠣᠷᠣ ᠬᠣᠭᠣᠷᠣᠨᠲᠣ ᠪᠠᠨ ᠡᠷᠡᠰ ᠣᠨᠲᠣᠣ ᠪᠤᠶᠤ ᠨᠡᠯᠢᠶᠡᠳ ᠶᠡᠬᠡ ᠵᠥᠷᠢᠶ᠎ᠡ ᠭᠠᠷᠴᠤ ᠪᠠᠶ᠋ᠢᠨ᠎ᠠ ᠃
      ᠪᠢᠲᠡ ᠴᠣᠬᠣᠮ ᠶᠠᠭᠤ ᠶ᠋ᠢ 《 ᠶᠢᠷᠲᠢᠨᠴᠦ ᠶ᠋ᠢᠨ ᠭᠤᠷᠪᠠ 》 ᠭᠡᠵᠦ ᠬᠡᠯᠡᠬᠦ ᠪᠤᠢ ? 《 ᠶᠢᠷᠲᠢᠨᠴᠦ ᠶ᠋ᠢᠨ ᠭᠤᠷᠪᠠ 》 ᠭᠡᠳᠡᠭ ᠨᠢ ᠣᠷᠴᠢᠯᠠᠩ ᠶᠢᠷᠲᠢᠨᠴᠦ  ᠳ᠋ᠦ᠍ ᠣᠷᠣᠰᠢᠨ ᠲᠣᠭᠲᠠᠨᠢᠵᠤ ᠪᠠᠶ᠋ᠢᠬ᠋᠎ᠠ ᠰᠢᠨᠵᠢ ᠲᠥᠯᠥᠪ ᠶ᠋ᠢᠡᠷ ᠨᠡᠢᠲᠡᠯᠢᠭ ᠂ ᠣᠨᠴᠣᠭᠣᠢ ᠳᠣᠪᠣᠶ᠋ᠢᠮ᠎ᠠ ᠭᠤᠷᠪᠠᠨ ᠵᠦᠢᠯ ᠦ᠋ᠨ ᠬᠡᠷᠡᠭ ᠦᠵᠡᠭᠳᠡᠯ᠂ ᠦᠢᠯᠡ ᠶᠠᠪᠤᠲᠠᠯ ᠂ ᠠᠮᠢᠲᠠᠨ ᠤᠷᠭᠤᠮᠠᠯ ᠦ᠋ᠨ ᠭᠠᠲᠠᠷ ᠪᠠᠶ᠋ᠢᠲᠠᠯ ᠂ ᠳᠣᠲᠣᠭᠠᠳᠤ ᠵᠢᠮ᠎ᠡ ᠬᠢᠭᠡᠳ ᠨᠡᠶ᠋ᠢᠭᠡᠮ ᠪᠠ ᠠᠮᠢᠲᠤᠷᠠᠯ ᠦ᠋ᠨ ᠲᠤᠷᠰᠢᠯᠬ᠋᠎ᠠ ᠰᠤᠷᠭᠠᠮᠵᠢ ᠵᠡᠷᠭᠡ ᠶ᠋ᠢᠨ ᠠᠲᠠᠯᠢᠪᠲᠤᠷ ᠣᠨᠴᠠᠯᠢᠬ ᠊ᠢ ᠪᠠᠷᠢᠵᠤ ᠂ ᠠᠲᠠᠯᠢ ᠨᠠᠶ᠋ᠢᠷᠠᠭᠤᠯᠬ᠋᠎ᠠ ᠶ᠋ᠢᠨ ᠬᠡᠯᠪᠡᠷᠢ ᠪᠡᠷ ᠭᠤᠷᠪᠠᠨ ᠮᠥᠷ ᠊ᠢ ᠨᠢᠭᠡ ᠪᠠᠲᠠᠭ ᠪᠣᠯᠭᠠᠨ ᠶᠣᠰᠣᠴᠢᠯᠠᠨ ᠰᠢᠯᠦᠭᠯᠡᠭᠰᠡᠨ ᠰᠤᠷᠭᠠᠯ ᠦ᠋ᠨ ᠴᠢᠨᠠᠷ ᠲᠠᠢ ᠪᠡᠶ᠎ᠡ ᠪᠡᠨ ᠳᠠᠭᠠᠭᠠᠭᠰᠠᠨ ᠣᠬᠣᠷ ᠬᠡᠯᠪᠡᠷᠢ ᠶ᠋ᠢᠨ ᠠᠮᠠᠨ ᠢᠷᠠᠭᠤ ᠨᠠᠶ᠋ᠢᠷᠠᠭ ᠊ᠢ ᠬᠡᠯᠡᠨ᠎ᠡ ᠃ ᠪᠣᠲᠠᠲᠤ ᠵᠢᠱ᠌ᠢᠶ᠎ᠡ ᠡᠴᠡ ᠦᠵᠡᠪᠡᠯ ᠄
            ᠥᠰᠬᠦ  ᠳ᠋ᠦ᠍ ᠰᠢᠳᠦ ᠴᠠᠭᠠᠨ
            ᠥᠲᠡᠯᠬᠦ᠎  ᠳ᠋ᠦ᠍ ᠦᠰᠦ ᠴᠠᠭᠠᠨ
            ᠦᠬᠦᠬᠦ ᠎ ᠳ᠋ᠦ᠍ ᠶᠠᠰᠤ ᠴᠠᠭᠠᠨ
                  ( ᠶᠢᠷᠲᠢᠨᠴᠦ ᠎ ᠶ᠋ᠢᠨ ᠭᠤᠷᠪᠠᠨ ᠴᠠᠭᠠᠨ )
            ᠬᠠᠶ᠋ᠢᠷᠠᠭᠤᠯ ᠲᠣᠭᠣᠭᠠᠨ ᠪ ᠬᠦ᠋ ᠬᠠᠷ᠎ᠠ
            ᠬᠠᠷᠠᠮᠴᠢ ᠬᠥᠮᠦᠨ ᠪ ᠭᠠᠷ ᠬᠠᠷ᠎ᠠ
            ᠬᠠᠷᠢᠶᠠᠯᠴᠢ ᠬᠥᠮᠦᠨ ᠪ ᠰᠠᠨᠠᠬ᠋᠎ᠠ ᠬᠠᠷ᠎ᠠ
                  ( ᠶᠢᠷᠲᠢᠨᠴᠦ ᠶ᠋ᠢᠨ ᠭᠤᠷᠪᠠᠨ ᠬᠠᠷ᠎ᠠ )
            ᠠᠭᠤᠤ ᠮᠣᠩᠭᠣᠯ ᠦ᠋ᠨ ᠰᠦᠯᠲᠡ ᠬᠥᠬᠡ
            ᠠᠨᠠᠪᠠᠳ ᠳᠠᠯᠠᠢ ᠶ᠋ᠢᠨ ᠤᠰᠤ ᠬᠥᠬᠡ
            ᠠᠰᠬ᠎ᠠ ᠬᠠᠲᠠᠨ ᠪ ᠥᠩᠭᠡ ᠬᠥᠬᠡ
                  ( ᠶᠢᠷᠲᠢᠨᠴᠦ ᠶ᠋ᠢᠨ ᠭᠤᠷᠪᠠᠨ ᠬᠥᠬᠡ )
            ᠭᠠᠵᠠᠷ ᠦᠨᠲᠦᠰᠦ ᠪᠡᠷ ᠨᠢᠭᠡ ᠪᠠᠶᠠᠨ
            ᠲᠩᠷᠢ ᠣᠲᠣ ᠪᠠᠷ ᠨᠢᠭᠡ ᠪᠠᠶᠠᠨ
            ᠳᠠᠯᠠᠢ ᠤᠰᠤ ᠪᠠᠷ ᠨᠢᠭᠡ ᠪᠠᠶᠠᠨ
                  ( ᠶᠢᠷᠲᠢᠨᠴᠦ ᠶ᠋ᠢᠨ ᠭᠤᠷᠪᠠᠨ ᠪᠠᠶᠠᠨ )
 ᠡᠨᠡ ᠳᠥᠷᠪᠡᠨ ᠪᠠᠲᠠᠭ ᠊ᠢ ᠤᠩᠰᠢᠨ ᠦᠵᠡᠬᠦ  ᠳ᠋ᠦ᠍ ᠮᠠᠰᠢ ᠠᠶᠠᠲᠠᠢ ᠰᠠᠶ᠋ᠢᠬᠠᠨ ᠤᠷᠤᠰᠤᠮ᠎ᠠ ᠰᠠᠨᠠᠭᠲᠠᠬᠤ ᠮᠥᠷᠲᠡᠭᠡᠨ ᠬᠦᠭ ᠬᠡᠮᠵᠢᠶ᠎ᠡ ᠂ ᠠᠶᠠᠰ ᠠᠶ᠋ᠢᠵᠠᠮ ᠵᠣᠬᠢᠴᠠᠵᠤ ᠂ ᠶᠣᠰᠣ ᠤᠴᠢᠷ ᠊ᠢ ᠬᠥᠮᠦᠰ ᠲᠤ ᠮᠡᠲᠡᠭᠦᠯᠦᠨ ᠰᠤᠷᠭᠠᠵᠤ ᠪᠠᠶ᠋ᠢᠨ᠎ᠠ ᠃ ᠳᠡᠭᠡᠷᠡᠬᠢ ᠲᠠᠲᠠᠭᠰᠠᠨ ᠵᠢᠱ᠌ᠢᠶᠡᠨ ᠪ 《 ᠶᠢᠷᠲᠢᠨᠴᠦ ᠶ᠋ᠢᠨ  ᠭᠤᠷᠪᠠᠨ ᠴᠠᠭᠠᠨ 》 ᠶ᠋ᠢᠠᠷ ᠠᠪᠴᠤ ᠦᠵᠡᠪᠡᠯ ᠂ ᠬᠥᠮᠦᠨ ᠪ ᠨᠢᠭᠡ ᠪᠡᠶ᠎ᠡ  ᠳ᠋ᠦ᠍ ᠲᠣᠬᠢᠶᠠᠯᠲᠤᠬᠤ ᠡᠩ ᠦ᠋ᠨ ᠪᠤᠰᠤ ᠂ ᠣᠨᠴᠣᠭᠣᠢ ᠂ ᠳᠣᠪᠣᠶ᠋ᠢᠮ᠎ᠠ ᠭᠤᠷᠪᠠᠨ ᠵᠦᠢᠯ ᠦ᠋ᠨ ᠬᠡᠷᠡᠭ ᠤᠴᠢᠷ ᠊ᠢ ᠥᠭᠦᠯᠡᠵᠡᠢ ᠃ ᠲᠡᠷᠡᠬᠦ ᠴᠠᠭᠠᠨ ᠭᠡᠳᠡᠭ ᠨᠢ ᠬᠡᠷᠡᠭ ᠤᠴᠢᠷ ᠦ᠋ᠨ ᠰᠢᠭᠤᠳ ᠦᠵᠡᠭᠳᠡᠬᠦ ᠭᠠᠲᠠᠷ ᠪᠠᠶ᠋ᠢᠲᠠᠯ ᠪᠣᠯᠤᠨ᠎ᠠ ᠃ ᠴᠣᠬᠣᠮ ᠶᠠᠭᠠᠬᠢᠪᠠᠯ ᠴᠠᠭᠠᠨ ᠪᠣᠯᠬᠤ — 《 ᠥᠰᠬᠦ  ᠳ᠋ᠦ᠍ ᠂ ᠥᠲᠡᠯᠬᠦ  ᠳ᠋ᠦ᠍ ᠂ ᠦᠬᠦᠬᠦ  ᠳ᠋ᠦ᠍ 》 ᠭᠡᠳᠡᠭ ᠨᠢ ᠡᠨᠡ ᠭᠤᠷᠪᠠᠨ ᠬᠡᠷᠡᠭ ᠤᠴᠢᠷ ᠦ᠋ᠨ ᠦᠨᠲᠦᠰᠦᠨ ᠰᠢᠯᠲᠠᠭᠠᠨ  ᠪᠣᠯᠤᠭᠰᠠᠨ ᠳᠣᠲᠣᠭᠠᠳᠤ ᠵᠢᠮ᠎ᠡ ᠪᠣᠯᠤᠨ᠎ᠠ ᠃ ᠪᠢᠲᠡ 《 ᠶᠢᠷᠲᠢᠨᠴᠦ ᠶ᠋ᠢᠨ ᠭᠤᠷᠪᠠᠨ ᠬᠠᠷ᠎ᠠ 》 ᠭᠡᠳᠡᠭ ᠬᠣᠶᠠᠲᠤᠭᠠᠷ ᠵᠢᠱ᠌ᠢᠶ᠎ᠡ ᠪᠠ ᠭᠤᠷᠪᠠᠲᠤᠭᠠᠷ ᠵᠢᠱ᠌ᠢᠶ᠎ᠡ 《 ᠶᠢᠷᠲᠢᠨᠴᠦ ᠶ᠋ᠢᠨ ᠭᠤᠷᠪᠠᠨ ᠬᠥᠬᠡ 》 ᠶ᠋ᠢ ᠵᠠᠲᠠᠯᠵᠤ ᠦᠵᠡᠪᠡᠯ ᠂ ᠪᠦᠲᠦᠴᠡ ᠪᠠ ᠨᠠᠶ᠋ᠢᠷᠠᠭᠤᠯᠬ᠋᠎ᠠ ᠶ᠋ᠢᠨ ᠲᠠᠯ᠎ᠠ ᠪᠠᠷ ᠶ᠋ᠢᠠᠨ ᠮᠣᠩᠭᠣᠯ ᠰᠢᠯᠦᠭ ᠦ᠋ᠨ ᠦᠭᠡ ᠶ᠋ᠢᠨ ᠲᠣᠬ᠋᠎ᠠ ᠲᠡᠩᠴᠡᠭᠦᠯᠵᠦ ᠂ ᠲᠣᠯᠣᠭᠠᠢ ᠬᠣᠯᠪᠣᠨ ᠡᠩ ᠵᠡᠷᠭᠡᠴᠡᠭᠦᠯᠵᠦ ᠂ ᠰᠡᠭᠦᠯ ᠳᠠᠷᠤᠬᠤ ᠶᠣᠰᠣ ᠪᠠᠷ 《 ᠬᠠᠶ᠋ᠢᠷᠠᠭᠤᠯ ᠂ ᠬᠠᠷᠠᠮᠴᠢ ᠂ ᠬᠠᠷᠢᠶᠠᠯᠴᠢ 》 ᠪᠠ 《 ᠠᠭᠤᠤ ᠂ ᠠᠨᠠᠪᠠᠳ ᠂ ᠠᠰᠬ᠎ᠠ 》 ᠵᠡᠷᠭᠡ ᠦᠭᠡᠰ ᠶ᠋ᠢᠡᠷ ᠲᠣᠯᠣᠭᠠᠢ ᠬᠣᠯᠪᠣᠵᠤ ᠂ 《 ᠲᠣᠭᠣᠭᠠᠨ ᠪ ᠬᠦ᠋ ᠂ ᠬᠥᠮᠦᠨ ᠪ ᠰᠠᠨᠠᠬ᠋᠎ᠠ ᠂ ᠬᠥᠮᠦᠨ ᠪ ᠭᠠᠷ 》 ᠪᠠ 《 ᠮᠣᠩᠭᠣᠯ ᠦ᠋ᠨ ᠰᠦᠯᠲᠡ ᠂ ᠳᠠᠯᠠᠢ ᠶ᠋ᠢᠨ ᠤᠰᠤ ᠂ ᠬᠠᠲᠠᠨ ᠪ ᠥᠩᠭᠡ 》 ᠭᠡᠬᠦ ᠮᠡᠲᠦᠰ ᠦ᠋ᠨ ᠦᠭᠡ ᠪᠡᠷ ᠡᠩ ᠵᠡᠷᠭᠡᠴᠡᠭᠦᠯᠵᠦ ᠂ 《 ᠬᠠᠷ᠎ᠠ 》 ᠪᠠ 《  ᠬᠥᠬᠡ  》 ᠮᠡᠲᠦ ᠶ᠋ᠢᠨ ᠦᠭᠡ ᠪᠡᠷ ᠰᠡᠭᠦᠯ ᠳᠠᠷᠤᠵᠤ ᠰᠢᠯᠦᠭᠯᠡᠭᠰᠡᠨ ᠡᠴᠡ ᠳᠠᠭᠠᠪᠤᠷᠢ ᠨᠢ ᠴᠦ᠍ ᠢᠯᠡᠭᠦᠦ ᠳᠤᠲᠠᠭᠤ ᠦᠭᠡᠢ ᠶᠠᠪ ᠴᠠᠪ ᠲᠠᠭᠠᠷᠠᠵᠤ ᠂ ᠨᠡᠶ᠋ᠢᠭᠡᠮ ᠨᠡᠶ᠋ᠢᠲᠡ  ᠳ᠋ᠦ᠍ ᠣᠷᠣᠰᠢᠬᠰᠠᠭᠠᠷ ᠢᠷᠡᠭᠰᠡᠨ ᠬᠡᠷᠡᠭ ᠤᠴᠢᠷ ᠊ᠢ ᠦᠨᠡᠨ ᠮᠥᠨ ᠶ᠋ᠢᠡᠷ ᠶᠣᠰᠣᠴᠢᠯᠠᠨ ᠶᠠᠷᠢᠬᠰᠠᠨ ᠪᠠᠶ᠋ᠢᠨ᠎ᠠ ᠃
      《 ᠶᠢᠷᠲᠢᠨᠴᠦ ᠶ᠋ᠢᠨ ᠭᠤᠷᠪᠠᠨ ᠪᠠᠶᠠᠨ 》 ᠭᠡᠳᠡᠭ ᠵᠢᠱ᠌ᠢᠶ᠎ᠡ ᠪᠡᠷ ᠠᠪᠴᠤ ᠦᠵᠡᠭᠰᠡᠨ ᠴᠦ᠍ ᠣᠷᠴᠢᠯᠠᠩ ᠳᠡᠯᠡᠬᠡᠢ  ᠳ᠋ᠦ᠍ ᠣᠷᠣᠰᠢᠵᠤ ᠪᠠᠶ᠋ᠢᠬ᠋᠎ᠠ ᠬᠠᠮᠤᠭ  ᠦ᠋ᠨ ᠣᠯᠠᠨ ᠭᠤᠷᠪᠠᠨ ᠵᠦᠢᠯ ᠦ᠋ᠨ ᠶᠠᠭᠤᠮ᠎ᠠ ᠶ᠋ᠢ ᠨᠢᠭᠡ ᠪᠠᠲᠠᠭ ᠪᠣᠯᠭᠠᠨ ᠰᠢᠯᠦᠭᠯᠡᠬᠦ ᠳ᠋ᠡᠭᠡᠨ ᠬᠥᠮᠦᠰ ᠲᠤ ᠮᠡᠲᠡᠯᠭᠡ ᠪᠣᠯᠭᠠᠨ ᠮᠡᠲᠡᠭᠦᠯᠦᠨ ᠰᠤᠷᠭᠠᠵᠤ ᠪᠠᠶ᠋ᠢᠲᠠᠭ ᠃ ᠡᠨᠡ ᠨᠢ ᠬᠡᠲᠦᠶ᠋ᠢᠪᠡᠷ ᠰᠤᠷᠭᠠᠯ ᠦᠭᠡ ᠰᠢᠭ᠌ ᠰᠤᠷᠭᠠᠬᠤ ᠦᠭᠡᠢ ᠪᠣᠯᠪᠠᠴᠤ ᠂ ᠤᠴᠢᠷ ᠶᠣᠰᠣ ᠶ᠋ᠢ ᠶᠣᠰᠣᠴᠢᠯᠠᠨ ᠶᠠᠷᠢᠬᠤ ᠶ᠋ᠢᠨ  ᠳᠠᠭᠠᠤ ᠳ᠋ᠠᠭᠠᠨ ᠬᠥᠮᠦᠰ ᠲᠤ ᠮᠡᠲᠡᠯᠭᠡ ᠰᠤᠷᠭᠠᠯ ᠦ᠋ᠨ ᠭᠦᠨ ᠬᠦᠷᠲᠡᠭᠡᠯ ᠣᠯᠭᠣᠴᠢᠬᠠᠲᠠᠭ ᠨᠢ ᠲᠡᠭᠦᠨ ᠪ ᠪᠠᠰᠠ ᠨᠢᠭᠡ ᠵᠦᠢᠯ ᠦ᠋ᠨ ᠤᠪᠠᠲᠢᠰ ᠮᠥᠨ ᠃ 《 ᠶᠢᠷᠲᠢᠨᠴᠦ ᠶ᠋ᠢᠨ ᠭᠤᠷᠪᠠ 》 ᠶ᠋ᠢᠨ ᠪᠦᠲᠦᠴᠡ ᠪᠦᠷᠢᠯᠲᠦᠬᠦᠨ ᠬᠢᠭᠡᠳ ᠤᠬᠠᠭᠲᠠᠬᠤᠨ ᠪ ᠲᠠᠯ᠎ᠠ ᠪᠠᠷ ᠬᠢ ᠶᠡᠷᠦᠩᠬᠡᠢ ᠮᠡᠳᠡᠭᠳᠡᠭᠦᠨ ᠨᠢ ᠡᠶ᠋ᠢᠮᠦ ᠯᠡ ᠪᠠᠶ᠋ᠢᠨ᠎ᠠ ᠃


 ᠲᠠᠶ᠋ᠢᠯᠪᠤᠷᠢ ᠄
      (1) (2) ᠬᠠᠯᠬ᠎ᠠ ᠶ᠋ᠢᠨ ᠪ ᠂ ᠰᠣᠤᠠᠨᠠᠮ ᠦ᠋ᠨ 《 ᠮᠣᠩᠭᠣᠯ ᠠᠷᠠᠳ ᠦ᠋ᠨ ᠶᠢᠷᠲᠢᠨᠴᠦ ᠶ᠋ᠢᠨ ᠭᠤᠷᠪᠠ ᠂ ᠳᠥᠷᠪᠡ ᠶ᠋ᠢᠨ ᠲᠤᠬᠠᠢ 》 ᠭᠡᠳᠡᠭ ᠥᠭᠦᠯᠡᠯ  ᠳ᠋ᠦ᠍ ᠦᠵᠡ (  ᠵᠢᠷᠢᠮ ᠦ᠋ᠨ  ᠤᠷᠠᠨ ᠵᠣᠬᠢᠶᠠᠯ ᠦ᠋ᠨ ᠨᠠᠶ᠋ᠢᠷᠠᠭᠤᠯᠬᠤ ᠬᠡᠯᠲᠡᠰ ᠦ᠋ᠨ 《 ᠵᠣᠬᠢᠶᠠᠨ ᠪᠢᠴᠢᠯᠭᠡ ᠶ᠋ᠢᠨ ᠯᠠᠪᠯᠠᠯᠲᠠ 》 ᠶ᠋ᠢᠨ 81 ᠣᠨ ᠪ ᠭᠤᠷᠪᠠᠲᠤᠭᠠᠷ ᠬᠤᠭᠤᠴᠠᠬ᠋᠎ᠠ  ᠳ᠋ᠦ᠍ ᠪᠤᠢ ) ᠃
      (3) ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠠ᠋ᠴᠠ ᠭᠠᠷᠭᠠᠭᠰᠠᠨ ᠬᠠᠯᠬ᠎ᠠ ᠶ᠋ᠢᠨ ᠬ ᠂ ᠰᠠᠮᠫᠢᠯᠲᠠᠨᠲᠠᠪ ᠦ᠋ᠨ 《 ᠬᠡᠦᠬᠡᠳ ᠦ᠋ᠨ ᠠᠮᠠᠨ ᠵᠣᠬᠢᠶᠠᠯ ᠦ᠋ᠨ ᠤᠴᠢᠷ 》 ᠭᠡᠳᠡᠭ ᠨᠣᠮ ᠠ᠋ᠴᠠ ᠃
      (4) ᠮᠠᠨᠲᠤᠬᠤ ᠶ᠋ᠢᠨ 《 ᠮᠣᠩᠭᠣᠯ ᠠᠷᠠᠳ ᠦ᠋ᠨ ᠠᠮᠠᠨ ᠵᠣᠬᠢᠶᠠᠯ ᠦ᠋ᠨ ᠲᠣᠶ᠋ᠢᠮᠣ 》 ᠶ᠋ᠢᠨ 220 ᠨᠢᠭᠤᠷ ᠲᠦ ᠦᠵᠡ ᠃

            ᠦᠰᠦᠭ  ᠠᠮᠢᠯᠠᠭᠤᠯᠤᠭᠰᠠᠨ ᠨᠢ ᠄     ᠮᠢᠩᠭᠠᠳ · ᠴᠢᠮᠡᠭ
                ᠬᠢᠨᠠᠭᠴᠢ ᠄   ᠬᠠᠷᠠᠨᠤᠳ · ᠲᠤᠶᠠᠭ᠎ᠠ  ᠂  ᠬᠠᠳᠠᠴᠢ · ᠤᠷᠠᠨ᠎ᠠ