ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –8 > Гангын урсгал – Чингис эзний алтан ургийн түүх Канкны урсгал нэрт бичиг о
ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ
ᠰᠥᠨᠢᠳ ᠨᠣᠶᠠᠳ ᠤᠨ ᠤᠭ
ᠰᠥᠨᠢᠳ ① ᠨᠣᠶᠠᠳ ᠤ᠋ᠨ ᠤᠭ
ᠬᠦᠳᠡᠩ ᠬᠠᠭᠠᠨ② ᠤ᠋ ᠤᠳᠠᠭ᠎ᠠ ᠳᠡᠭᠦᠦ ᠬᠥᠬᠡᠴᠥᠲᠡᠢ ᠮᠡᠷᠭᠡᠨ ᠨᠣᠶᠠᠨ ᠤ᠋ ᠳᠥᠷᠪᠡᠨ ᠬᠥᠪᠡᠭᠦᠨ③ ᠲᠠᠪᠠᠬᠠᠢ ᠬᠣᠰᠢᠭᠤᠴᠢ④ ᠂ ᠪᠤᠶᠠᠨ ᠨᠣᠶᠠᠨ ᠂ ᠴᠢᠷᠥᠲᠡᠢ ᠨᠣᠶᠠᠨ ᠡᠳᠡᠨ ᠪᠣᠢ ᠃ ᠲᠠᠪᠠᠬᠠᠢ ᠬᠣᠰᠢᠭᠤᠴᠢ ᠶ᠋ᠢᠨ ᠶᠡᠬᠡ ᠬᠥᠪᠡᠭᠦᠨ ᠢᠨᠤ ᠲᠠᠩᠭᠢᠰ ᠮᠡᠷᠭᠡᠨ ᠵᠢᠶᠦ᠋ᠨ ᠸᠠᠩ ⑤ ᠲᠡᠭᠥᠨᠥ ᠬᠥᠪᠡᠭᠦᠨ ᠰᠡᠮᠡᠲᠡᠢ ᠸᠠᠩ ⑥ ᠲᠡᠭᠥᠨᠥ ᠬᠥᠪᠡᠭᠦᠨ ᠸᠠᠬᠥᠸᠠᠨᠰᠦᠷᠦᠩ ᠸᠠᠩ ᠂ ᠬᠣᠶᠠᠳᠤᠭᠠᠷ ᠬᠥᠪᠡᠭᠦᠨ ᠢᠨᠤ ᠲᠡᠩᠬᠡᠲᠡᠢ ᠤᠶ᠋ᠢᠵᠢᠩ ᠨᠣᠶᠠᠨ ᠂ ᠲᠡᠭᠦᠨᠦ ᠬᠥᠪᠡᠭᠦᠨ ᠪᠤᠮᠪᠠ ᠲᠥᠷᠥ ᠶ᠋ᠢᠨ ᠨᠣᠶᠠᠨ ᠪᠠᠶ᠋ᠢᠯ᠎ᠠ᠂ ᠲᠡᠭᠥᠨᠥ ᠬᠥᠪᠡᠭᠦᠨ ᠰᠣᠲᠢ ᠪᠠᠶ᠋ᠢᠯ᠎ᠠ ᠂ ᠲᠡᠭᠥᠨᠥ ᠬᠥᠪᠡᠭᠦᠨ ᠰᠢᠷᠢ ᠪᠠᠶ᠋ᠢᠯ᠎ᠠ ᠂ ᠪᠤᠶᠠᠨ ᠨᠣᠶᠠᠨ ᠤ᠋ ᠬᠥᠪᠡᠭᠦᠨ ᠰᠦᠤᠰᠡᠨ ᠳᠦᠭᠦᠷᠡᠩ ᠵᠢᠶᠦ᠋ᠨ ᠸᠠᠩ ⑦ ᠲᠡᠭᠥᠨᠥ ᠬᠥᠪᠡᠭᠦᠨ ᠥᠭᠡᠳᠡᠢ ᠳᠦᠭᠦᠷᠡᠩ ᠸᠠᠩ ᠂ ᠲᠡᠭᠥᠨᠥ ᠬᠥᠪᠡᠭᠦᠨ ᠠᠶᠤᠰᠢ ᠳᠦᠭᠦᠷᠡᠩ ᠸᠠᠩ ᠂ ᠰᠥᠨᠢᠳ ᠨᠣᠶᠠᠳ ᠡᠳᠡᠨ ᠪᠣᠢ ᠃ ᠰᠠᠯᠠᠭ᠎ᠠ ᠮᠥᠴᠢᠷ ᠊ᠢ ᠪᠦᠷᠢᠳᠬᠡᠬᠦ ᠪᠡᠷᠬᠡ ᠲᠤᠯᠠ ᠭᠣᠣᠯ ᠨᠢᠷᠤᠭᠤᠨ ᠊ᠢ ᠪᠢᠴᠢᠪᠡ ᠃ ᠳᠣᠷᠣᠭᠰᠢ ᠴᠤ᠌ ᠮᠥᠨ ᠡᠨᠡ ᠮᠡᠲᠦ ᠪᠣᠢ ᠃
— — — —
①《 ᠮᠣᠩᠭᠣᠯ ᠤ᠋ᠨ ᠨᠡᠭᠦᠬᠦ ᠮᠠᠯᠵᠢᠯ ᠤ᠋ᠨ ᠲᠡᠮᠳᠡᠭᠯᠡᠯ 》 (蒙古游牧记 ) ᠳ᠋ᠦ᠍ ᠲᠡᠮᠳᠡᠭᠯᠡᠭᠰᠡᠨ ᠢᠨᠤ ᠄ 《 ᠰᠥᠨᠢᠳ ᠠᠶ᠋ᠢᠮᠠᠭ ᠠᠨᠤ ᠴᠢᠭᠤᠯᠤᠯᠲᠤ ᠬᠠᠭᠠᠯᠭ᠎ᠠ ᠠ᠋ᠴᠠ ᠤᠮᠠᠷᠠᠰᠢ ᠲᠠᠪᠤᠨ ᠵᠠᠭᠤ ᠲᠠᠪᠢᠨ ᠭᠠᠵᠠᠷ ᠲᠤᠷ ᠬᠥᠷᠥᠮᠦᠢ᠃ ᠨᠠᠶ᠋ᠢᠰᠯᠠᠯ ᠬᠣᠲᠠᠨ ᠳ᠋ᠤᠷ ᠬᠦᠷᠴᠦ ᠢᠷᠡᠬᠦᠢ ᠢᠨᠤ ᠶᠢᠰᠦᠨ ᠵᠠᠭᠤᠨ ᠵᠢᠷᠠᠨ ᠭᠠᠵᠠᠷ ᠂ ᠵᠡᠭᠦᠨ ᠪᠠᠷᠠᠭᠤᠨ ᠬᠠᠷᠢᠯᠴᠠᠨ ᠠᠯᠤᠰᠯᠠᠭᠰᠠᠨ ᠠᠨᠤ ᠳᠥᠷᠪᠡᠨ ᠵᠠᠭᠤ ᠪᠠᠰᠠ ᠵᠢᠷᠭᠤᠭᠠᠨ ᠭᠠᠵᠠᠷ ᠂ ᠡᠮᠦᠨ᠎ᠡ ᠤᠮᠠᠷ᠎ᠠ ᠬᠠᠷᠢᠯᠴᠠᠨ ᠠᠯᠤᠰᠯᠠᠭᠰᠠᠨ ᠠᠨᠤ ᠲᠠᠪᠤᠨ ᠵᠠᠭᠤᠨ ᠨᠠᠶᠠᠨ ᠭᠠᠵᠠᠷ ᠠᠵᠤᠭᠤ ᠃ ᠵᠡᠭᠦᠨ ᠡᠲᠡᠭᠡᠳ ᠢᠨᠣ ᠠᠪᠠᠭ᠎ᠠ ᠳ᠋ᠤᠷ ᠵᠠᠬ᠎ᠠ ᠨᠡᠶ᠋ᠢᠯᠡᠵᠦᠬᠦᠢ ᠂ ᠪᠠᠷᠠᠭᠤᠨ ᠡᠲᠡᠭᠡᠳ ᠢᠨᠣ ᠳᠥᠷᠪᠡᠨ ᠬᠣᠬᠡᠳ ᠠᠶ᠋ᠢᠮᠠᠭ ᠲᠤᠷ ᠵᠠᠬ᠎ᠠ ᠨᠡᠶ᠋ᠢᠯᠡᠵᠦᠬᠦᠢ ᠂ ᠡᠮᠦᠨ᠎ᠡ ᠡᠲᠡᠭᠡᠳ ᠢᠨᠣ ᠴᠠᠬᠠᠷ ᠤ᠋ᠨ ᠰᠢᠯᠤᠭᠤᠨ ᠬᠥᠬᠡ ᠬᠤᠰᠢᠭᠤᠨ ᠤ᠋ ᠠᠲᠤᠭᠤᠯᠬᠤ ᠭᠠᠵᠠᠷ ᠲᠤᠷ ᠵᠠᠬ᠎ᠠ ᠨᠡᠶ᠋ᠢᠯᠡᠵᠦᠬᠦᠢ ᠂ ᠤᠮᠠᠷ᠎ᠠ ᠡᠲᠡᠭᠡᠳ ᠢᠨᠣ ᠭᠣᠪᠢ ᠳ᠋ᠤᠷ ᠵᠠᠬ᠎ᠠ ᠨᠡᠶ᠋ᠢᠯᠡᠵᠦᠬᠦᠢ ᠃ ᠬᠠᠨ ᠤᠯᠤᠰ ᠤ᠋ᠨ ᠦᠶ᠎ᠡ ᠳ᠋ᠦ᠍ ᠱᠠᠩ ᠬᠦ᠌ ᠵᠢᠴᠢ ᠳ᠋ᠠᠢ ᠵᠢᠶᠦ᠋ᠨ ᠦ᠌ ᠤᠮᠠᠷᠠᠲᠤ ᠬᠢᠵᠠᠭᠠᠷ ᠪᠤᠶᠤ ᠂ ᠬᠣᠶ᠋ᠢᠲᠤ ᠬᠠᠨ ᠤᠯᠤᠰ ᠤ᠋ᠨ ᠦᠶ᠎ᠡ ᠳ᠋ᠦ᠍ ᠦᠬᠤᠸᠠᠨ ᠂ ᠱ᠌ᠢᠶᠠᠨᠪᠧᠢ ᠨᠤᠲᠤᠭᠰᠢᠵᠤᠬᠤᠢ ᠂ ᠶ᠋ᠢᠨ ( 晋 ) ᠤᠯᠤᠰ ᠤ᠋ᠨ ᠦᠶ᠎ᠡ ᠳ᠋ᠦ᠍ᠷ ᠲᠣᠪᠠ ᠣᠪᠣᠭᠲᠠᠨ ᠤ᠋ ᠨᠤᠲᠤᠭ ᠪᠣᠯᠪᠠᠢ ᠂ ᠰᠦᠢ ᠤᠯᠤᠰ ᠪᠠ ᠳᠠᠩ ᠤᠯᠤᠰ ᠤ᠋ᠨ ᠦᠶ᠎ᠡ ᠳ᠋ᠦ᠍ᠷ ᠲᠢᠦᠷᠺ ( 突厥 ) ᠨᠠᠷ ᠡᠵᠡᠯᠡᠪᠡᠢ ᠂ ᠯᠢᠶᠣᠤ ᠤᠯᠤᠰ ᠤ᠋ᠨ ᠦᠶ᠎ᠡ ᠳ᠋ᠦ᠍ᠷ ᠹᠦ ᠵᠧᠦ ᠬᠡᠮᠡᠬᠦ ᠵᠧᠦ ᠪᠠᠶ᠋ᠢᠭᠤᠯᠵᠤ ᠠᠯᠲᠠᠨ ᠤᠯᠤᠰ ᠮᠥᠨ ᠤᠯᠠᠷᠢᠨ ᠵᠠᠯᠭᠠᠵᠤᠬᠤᠢ ᠂ ᠰᠢ ᠵᠢᠩ ᠦ᠋ᠨ ᠵᠠᠮ ᠳ᠋ᠤᠷ ᠬᠠᠷᠢᠶᠠᠯᠠᠭᠳᠠᠮᠤᠢ ᠂ ᠶᠤᠸᠠᠨ ᠤᠯᠤᠰ ᠤ᠋ᠨ ᠦᠶ᠎ᠡ ᠳ᠋ᠦ᠍ᠷ ᠰᠢᠩ ᠾᠧ ᠶ᠋ᠢᠨ ᠵᠠᠮ ᠤ᠋ᠨ ᠭᠠᠵᠠᠷ ᠪᠣᠯᠵᠤ ᠮᠢᠩ ᠤᠯᠤᠰ ᠤ᠋ᠨ ᠦᠶ᠎ᠡ ᠳ᠋ᠦ᠍ᠷ ᠮᠣᠩᠭᠣᠯ ᠤ᠋ᠨ ᠭᠠᠵᠠᠷ ᠪᠠᠭᠲᠠᠵᠤᠬᠤᠢ ᠃ ᠶᠤᠸᠠᠨ ᠲᠠᠶ᠋ᠢᠽᠦ ᠶ᠋ᠢᠨ ᠠᠷᠪᠠᠨ ᠵᠢᠷᠭᠤᠳᠤᠭᠠᠷ ᠦᠶ᠎ᠡ ᠶ᠋ᠢᠨ ᠠᠴᠢ ᠲᠥᠷᠥ ᠪᠣᠯᠣᠳ ᠲᠤᠷ ᠬᠦᠷᠴᠦ ᠲᠡᠭᠦᠨᠴᠡ ᠬᠣᠶ᠋ᠢᠰᠢ ᠬᠥᠬᠡᠴᠤᠲᠠᠢ ᠮᠡᠷᠭᠡᠨ ᠲᠠᠶ᠋ᠢᠵᠢ ᠶ᠋ᠢᠨ ᠦᠶ᠎ᠡ ᠪᠤᠯᠬᠤᠢ ᠳ᠋ᠤᠷ ᠥᠪᠡᠷᠦᠨ ᠬᠠᠷᠢᠶᠠᠲᠤ ᠠᠶ᠋ᠢᠮᠠᠭ ᠢ᠋ᠶ᠋ᠠᠨ ᠰᠥᠨᠢᠳ ᠬᠡᠮᠡᠵᠦᠬᠦᠢ 》 ᠭᠡᠵᠡᠢ ᠃ ᠴᠢᠩ ᠤᠯᠤᠰ ᠤ᠋ᠨ ᠦᠶ᠎ᠡ ᠳ᠋ᠦ᠍ᠷ ᠰᠥᠨᠢᠳ ᠬᠣᠶᠠᠷ ᠬᠣᠰᠢᠭᠤ ᠪᠣᠯᠵᠤ ᠰᠢᠯᠢ ᠶ᠋ᠢᠨ ᠭᠣᠣᠯ ᠤ᠋ᠨ ᠴᠢᠭᠤᠯᠭᠠᠨ ᠳ᠋ᠤᠷ ᠪᠠᠭᠲᠠᠪᠠᠢ ᠃
② ᠳᠠᠷᠠᠶ᠋ᠢᠰᠦᠨ ᠬᠦᠳᠡᠩ ᠬᠠᠭᠠᠨ ᠊ᠢ ᠬᠡᠯᠡᠵᠦ ᠪᠣᠢ ᠃
③ 《 ᠰᠢᠷ᠎ᠠ ᠲᠣᠭᠣᠵᠢ 》 ᠳ᠋ᠤ᠌ ᠬᠦᠬᠡᠴᠦᠲᠡᠢ ᠮᠡᠷᠭᠡᠨ ᠨᠣᠶᠠᠨ ᠤ᠋ ᠳᠥᠷᠪᠡᠨ ᠬᠥᠪᠡᠭᠦᠨ ᠪᠤᠷᠬᠠᠢ ᠂ ᠴᠦᠬᠦᠬᠦᠷ ᠂ ᠪᠤᠶᠠᠨ ᠨᠣᠶᠠᠨ ᠂ ᠴᠤᠷᠤᠲᠠᠢ ᠭᠡᠵᠡᠢ ᠃ 《 ᠵᠠᠷᠯᠢᠭ ᠢ᠋ᠶ᠋ᠠᠷ ᠲᠣᠭᠲᠠᠭᠠᠭᠰᠠᠨ ᠭᠠᠳᠠᠭᠠᠳᠤ ᠮᠣᠩᠭᠣᠯ ᠬᠣᠲᠣᠩ ᠠᠶ᠋ᠢᠮᠠᠭ ᠤ᠋ᠨ ᠸᠠᠩ ᠬᠦᠩ ᠦ᠋ᠳ ᠦ᠋ᠨ ᠢᠯᠡᠳᠬᠡᠯ ᠱᠠᠰᠲᠢᠷ 》 ( ᠳᠥᠭᠥᠮᠴᠢᠯᠡᠨ 《 ᠢᠯᠡᠳᠬᠡᠯ ᠱᠠᠰᠲᠢᠷ 》 ᠭᠡᠳᠡᠭ ) ᠲᠦ᠍ ᠲᠡᠮᠳᠡᠭᠯᠡᠭᠰᠡᠨ ᠡᠴᠡ ᠦᠵᠡᠪᠡᠯ ᠂ ᠬᠦᠬᠡᠴᠦᠲᠡᠢ ᠮᠡᠷᠭᠡᠨ ᠨᠣᠶᠠᠨ ᠤ᠋ ᠳᠥᠷᠪᠡᠨ ᠬᠥᠪᠡᠭᠦᠨ ᠢᠨᠦ ᠄ ᠶᠡᠬᠡ ᠢᠨᠦ ᠪᠤᠶᠠᠨ ᠬᠣᠯᠢ ᠲᠠᠶ᠋ᠢᠵᠢ ᠂ ᠳᠡᠳ᠋ ᠢᠨᠦ ᠪᠢᠮᠠ ᠮᠡᠷᠭᠡᠨ ᠢᠯᠠᠲᠤᠴᠢ ᠂ ᠭᠤᠲᠠᠭᠠᠷ ᠠᠨᠤ ᠪᠤᠶᠠᠨᠲᠠᠢ ᠰᠡᠴᠡᠨ ᠪᠣᠶ᠋ᠢᠯᠠ ᠵᠣᠷᠢᠭᠲᠤ ᠂ ᠳᠥᠲᠥᠭᠡᠷ ᠢᠨᠦ ᠪᠦᠷᠬᠠᠢ ᠴᠦᠭᠦᠷ ᠪᠤᠶᠤ ᠃
④ ᠲᠠᠪᠠᠬᠠᠢ ᠬᠣᠰᠢᠭᠤᠴᠢ ᠄ 《 ᠢᠯᠡᠳᠬᠡᠯ ᠱᠠᠰᠲᠢᠷ 》 ᠲᠤ᠌ ᠲᠠᠪᠠᠬᠠᠢ ᠳᠠᠷᠬᠠᠨ ᠬᠣᠰᠢᠭᠤᠴᠢ ᠭᠡᠵᠡᠢ ᠃ ᠲᠠᠪᠠᠬᠠᠢ ᠬᠣᠰᠢᠭᠤᠴᠢ ᠪᠣᠯ ᠬᠦᠬᠡᠴᠦᠲᠡᠢ ᠮᠡᠷᠭᠡᠨ ᠨᠣᠶᠠᠨ ᠤ᠋ ᠳᠥᠲᠥᠭᠡᠷ ᠬᠥᠪᠡᠭᠦᠨ ᠪᠦᠷᠠᠬᠠᠢ ᠴᠦᠭᠦᠷ ᠦ᠋ᠨ ᠬᠥᠪᠡᠭᠦᠨ ᠪᠣᠯᠠᠢ ᠂ ᠡᠨᠳᠡ ᠬᠦᠬᠡᠴᠦᠲᠡᠢ ᠨᠣᠶᠠᠨ ᠤ᠋ ᠬᠥᠪᠡᠭᠦᠨ ᠭᠡᠵᠦ ᠡᠨᠳᠡᠭᠦᠷᠡᠵᠡᠢ ᠃
⑤ ᠲᠠᠩᠭᠢᠰ ᠄ ᠰᠥᠨᠢᠳ ᠵᠡᠭᠦᠨ ᠭᠠᠷᠤᠨ ᠬᠤᠰᠢᠭᠤᠨ ᠤ᠋ ᠵᠠᠰᠠᠭ ᠸᠠᠩ ᠃ ᠳᠡᠭᠡᠳᠦ ᠡᠷᠳᠡᠮᠲᠦ ᠶ᠋ᠢᠨ ᠵᠢᠷᠭᠤᠳᠤᠭᠠᠷ ᠣᠨ (1640 ) ᠳ᠋ᠤ᠌ ᠵᠠᠰᠠᠭ ᠲᠥᠷᠥ ᠶ᠋ᠢᠨ ᠵᠢᠶᠦ᠋ᠨ ᠸᠠᠩ ᠡᠷᠭᠦᠮᠵᠢᠯᠡᠭᠳᠡᠵᠡᠢ ᠃1646 ᠣᠨ ᠳ᠋ᠤ᠌ ᠬᠠᠯᠬ᠎ᠠ ᠶ᠋ᠢᠨ ᠰᠡᠴᠡᠨ ᠬᠠᠨ ᠰᠤᠤᠯᠢ ᠲᠠᠢ ᠬᠠᠮᠲᠤᠷᠠᠨ ᠮᠠᠨᠵᠤ ᠴᠢᠩ ᠊ᠢ ᠡᠰᠡᠷᠭᠦᠴᠡᠨ ᠢᠯᠠᠭᠳᠠᠭᠠᠳ ᠰᠡᠯᠡᠩᠭᠡ ᠮᠥᠷᠡᠨ ᠦ᠌ ᠬᠠᠪᠢ ᠪᠠᠷ ᠳᠤᠲᠠᠭᠠᠨ ᠰᠠᠭᠤᠵᠠᠢ ᠃ ᠳᠠᠷᠠᠭ᠎ᠠ ᠵᠢᠯ ᠨᠢ ᠠᠷᠭ᠎ᠠ ᠪᠤᠰᠤ ᠴᠢᠩ ᠤᠯᠤᠰ ᠲᠤ᠌ ᠳᠠᠬᠢᠨ ᠣᠷᠣᠵᠤ ᠥᠭᠪᠡ ᠃1648 ᠣᠨ ᠳ᠋ᠤ᠌ ᠡᠪᠡᠳᠴᠢᠨ ᠢ᠋ᠶ᠋ᠡᠷ ᠨᠠᠰᠤ ᠪᠠᠷᠠᠵᠠᠢ ᠃
⑥ ᠰᠠᠮᠠᠲᠠᠢ ᠸᠠᠩ ᠄ ᠳᠡᠭᠡᠳᠦ ᠡᠷᠳᠡᠮᠲᠦ ᠶ᠋ᠢᠨ ᠵᠢᠷᠭᠤᠳᠤᠭᠠᠷ ᠣᠨ(1641 ) ᠳ᠋ᠦ᠍ ᠭᠤᠲᠠᠭᠠᠷ ᠵᠡᠷᠭᠡ ᠶ᠋ᠢᠨ ᠲᠠᠶ᠋ᠢᠵᠢ ᠡᠷᠭᠦᠮᠵᠢᠯᠡᠭᠳᠡᠪᠡ ᠃1646 ᠣᠨ ᠳ᠋ᠤ᠌ ᠡᠴᠢᠭᠡ ᠶᠦ᠍ᠭᠡᠨ ᠬᠠᠮᠲᠤ ᠮᠠᠨᠵᠤ ᠴᠢᠩ ᠊ᠢ ᠡᠰᠡᠷᠭᠦᠴᠡᠨ ᠢᠯᠠᠭᠳᠠᠭᠠᠳ ᠬᠠᠯᠬ᠎ᠠ ᠳ᠋ᠤ᠌ ᠳᠤᠲᠠᠭᠠᠵᠠᠢ ᠃1648 ᠣᠨ ᠳ᠋ᠤ᠌ ᠳᠠᠬᠢᠨ ᠴᠢᠩ ᠤᠯᠤᠰ ᠲᠤ᠌ ᠣᠷᠣᠵᠤ ᠥᠭᠭᠦᠨ 1649 ᠣᠨ ᠳ᠋ᠤ᠌ ᠲᠥᠷᠥ ᠶ᠋ᠢᠨ ᠪᠠᠶ᠋ᠢᠯ᠎ᠠ ᠡᠷᠭᠦᠮᠵᠢᠯᠡᠭᠳᠡᠵᠡᠢ ᠃1698 ᠣᠨ ᠳ᠋ᠤ᠌ ᠨᠠᠰᠤ ᠪᠠᠷᠠᠪᠠ ᠃
⑦ ᠰᠦᠤᠰᠠᠨ ᠄ ᠰᠥᠨᠢᠳ ᠪᠠᠷᠠᠭᠤᠨ ᠭᠠᠷᠤᠨ ᠬᠤᠰᠢᠭᠤᠨ ᠤ᠋ ᠵᠠᠰᠠᠭ ᠸᠠᠩ ᠃ ᠳᠡᠭᠡᠳᠦ ᠡᠷᠳᠡᠮᠲᠦ ᠶ᠋ᠢᠨ ᠳᠥᠲᠥᠭᠡᠷ ᠣᠨ (1639 ) ᠳ᠋ᠦ᠍ ᠮᠠᠨᠵᠤ ᠳ᠋ᠤ᠌ ᠪᠠᠭᠤᠨ ᠥᠭᠴᠦ ᠳᠣᠯᠣᠳᠤᠭᠠᠷ ᠣᠨ ᠳ᠋ᠤ᠌ ᠵᠠᠰᠠᠭ ᠲᠥᠷᠥ ᠶ᠋ᠢᠨ ᠵᠢᠶᠦ᠋ᠨ ᠸᠠᠩ ᠡᠷᠭᠦᠮᠵᠢᠯᠡᠭᠳᠡᠵᠡᠢ ᠃1646 ᠣᠨ ᠳ᠋ᠤ᠌ ᠨᠠᠰᠤ ᠪᠠᠷᠠᠪᠠ ᠃

