ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –7 > Гангын урсгал – Чингис  эзний алтан ургийн түүх  Канкны урсгал нэрт бичиг о ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –7 > Гангын урсгал – Чингис  эзний алтан ургийн түүх  Канкны урсгал нэрт бичиг о

ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –7 > Гангын урсгал – Чингис  эзний алтан ургийн түүх  Канкны урсгал нэрт бичиг о

ᠠᠩᠭᠢᠯᠠᠯ:ᠲᠡᠦᠬᠡ ᠰᠣᠶᠣᠯ
2023-04-26

405

ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ

ᠴᠠᠭᠠᠷ ᠨᠣᠶᠠᠳ ᠤᠨ ᠤᠭ


                    ᠴᠠᠭᠠᠷ② ᠨᠣᠶᠠᠳ ᠤ᠋ᠨ ᠤᠭ 

      ᠬᠤᠲᠤᠭᠲᠤ ᠬᠠᠭᠠᠨ ᠤ᠋ ᠬᠣᠶᠠᠳᠤᠭᠠᠷ ᠬᠥᠪᠡᠭᠦᠨ ᠡᠵᠡᠢ ᠬᠣᠩᠭᠣᠷ ᠬᠣᠩ ᠲᠠᠢᠶ᠋ᠢ③ ᠦᠷ᠎ᠡ ᠦᠭᠡᠢ ᠠᠪᠤᠨᠢ ᠴᠢᠨ ᠸᠠᠩ ᠪᠤᠶᠤ ᠂ ᠠᠪᠤᠨᠢ ᠶ᠋ᠢᠨ ᠬᠣᠶᠠᠷ ᠬᠥᠪᠡᠭᠦᠨ ᠪᠦᠷᠨᠢ ᠴᠢᠨ ᠸᠠᠩ④ ᠲᠡᠷᠡᠭᠦᠨ ᠵᠡᠷᠭᠡ ᠶ᠋ᠢᠨ ᠲᠠᠢᠶ᠋ᠢ  ᠯᠤᠪᠰᠠᠩ ᠬᠣᠶᠠᠭᠤᠯᠠ ᠃ ᠮᠣᠤ ᠬᠢᠲᠠᠳ ᠲᠠᠢᠶ᠋ᠢ ᠶ᠋ᠢᠨ ᠬᠣᠶᠠᠷ ᠬᠥᠪᠡᠭᠦᠨ ᠲᠤᠷᠬᠡᠢ ᠠᠮᠪᠠᠨ⑥ ᠰᠢᠤᠰᠢᠲᠠᠢ ᠲᠠᠢᠶ᠋ᠢ ᠠᠶᠤᠤ ᠂ ᠡᠳᠡᠨ ᠦ᠌ ᠦᠷ᠎ᠡ ᠡᠳᠦᠭᠡ ᠬᠦᠪᠡᠬ᠋ᠲᠦ ᠰᠢᠷ᠎ᠠ ᠮᠣᠩᠭᠣᠯ ᠭᠣᠰᠢᠭᠤᠨ ᠳ᠋ᠤ᠌ ᠠᠮᠤᠢ ᠂ ᠴᠠᠭᠠᠷ ᠨᠣᠶᠠᠳ ᠡᠳᠡᠨ ᠪᠣᠢ ᠁  

— — — — 
② ᠴᠠᠭᠠᠷ ᠄ ᠴᠠᠬᠠᠷ ᠃ ᠶᠤᠸᠠᠨ ᠤᠯᠤᠰ ᠮᠥᠬᠦᠭᠰᠡᠨ ᠦ᠌ ᠬᠣᠶ᠋ᠢᠨ᠎ᠠ ᠠᠷᠪᠠᠨ ᠳᠣᠯᠣᠳᠤᠭᠠᠷ ᠵᠠᠭᠤᠨ ᠤ᠋ ᠰᠡᠭᠦᠯᠴᠢ ᠬᠠᠭᠠᠰ ᠪᠣᠯᠲᠠᠯ᠎ᠠ ᠮᠣᠩᠭᠣᠯ ᠤ᠋ᠨ ᠵᠠᠰᠠᠭ ᠵᠠᠬᠢᠷᠭᠠᠨ ᠤ᠋ ᠪᠠᠶ᠋ᠢᠭᠤᠯᠤᠯᠲᠠ ᠨᠢ ᠵᠢᠷᠭᠤᠭᠠᠨ ᠲᠦᠮᠡᠨ ᠮᠣᠩᠭᠣᠯ ᠂ ᠳᠥᠷᠪᠡᠨ ᠲᠦᠮᠡᠨ ᠣᠶ᠋ᠢᠷᠠᠳ ᠭᠡᠵᠦ ᠬᠤᠪᠢᠶᠠᠭᠳᠠᠨ ᠂ ᠵᠢᠷᠭᠤᠭᠠᠨ ᠲᠦᠮᠡᠨ ᠦ᠌ ᠳᠣᠲᠣᠷ᠎ᠠ ᠨᠢ ᠵᠡᠭᠦᠨ ᠭᠤᠷᠪᠠᠨ ᠲᠦᠮᠡᠨ ᠂ ᠪᠠᠷᠠᠭᠤᠨ ᠭᠤᠷᠪᠠᠨ ᠲᠦᠮᠡᠨ ᠭᠡᠵᠦ ᠬᠤᠪᠢᠶᠠᠳᠠᠭ ᠃ ᠵᠡᠭᠦᠨ ᠭᠤᠷᠪᠠᠨ ᠲᠦᠮᠡᠨ ᠳ᠋ᠦ᠍ᠨᠢ ᠴᠠᠬᠠᠷ ᠂ ᠬᠠᠯᠬ᠎ᠠ ᠂ ᠤᠷᠢᠶᠠᠩᠬᠠᠨ ᠭᠤᠷᠪᠠᠨ ᠲᠦᠮᠡᠨ ᠃ ᠪᠠᠷᠠᠭᠤᠨ ᠭᠤᠷᠪᠠᠨ ᠲᠦᠮᠡᠨ ᠳ᠋ᠦ᠍ᠨᠢ ᠣᠷᠳᠣᠰ ᠂ ᠲᠦᠮᠡᠳ ᠂ ᠶᠦᠩᠰᠢᠶᠠᠪᠤ ᠭᠤᠷᠪᠠᠨ ᠲᠦᠮᠡᠨ ᠪᠠᠭᠲᠠᠨ᠎ᠠ ᠃ ᠵᠢᠷᠭᠤᠭᠠᠨ ᠲᠦᠮᠡᠨ ᠦ᠌ ᠳᠣᠲᠣᠷ᠎ᠠ ᠪᠠᠨ ᠴᠠᠬᠠᠷ ᠂ ᠪᠠᠵᠢᠷ ( ᠣᠷᠳᠣᠰ ) ᠬᠣᠶᠠᠷ ᠊ᠢ ᠭᠣᠣᠯ ᠤᠯᠤᠰ ᠭᠡᠵᠦ ᠂ ᠮᠣᠩᠭᠣᠯ ᠤ᠋ᠨ ᠬᠠᠭᠠᠨ ᠴᠠᠬᠠᠷ ᠲᠤ᠌ ᠲᠥᠪᠯᠡᠨ ᠰᠠᠭᠤᠵᠤ ᠂ ᠵᠢᠨᠦᠩ ᠨᠣᠶᠠᠨ ᠣᠷᠳᠣᠰ ᠲᠤ᠌ ᠲᠥᠪᠯᠡᠨ ᠰᠠᠭᠤᠳᠠᠭ ᠃ ᠴᠠᠬᠠᠷ ᠲᠦᠮᠡᠨ ᠊ᠢ ᠳᠣᠲᠣᠷ᠎ᠠ ᠨᠢ ᠨᠠᠢ᠍ᠮᠠᠨ ᠣᠲᠣᠭ ( ᠬᠤᠰᠢᠭᠤᠨ ᠠ᠋ᠴᠠ ᠡᠮᠦᠨᠡᠰᠢ ᠨᠡᠷᠡᠶ᠋ᠢᠲᠦᠯ ) ᠴᠠᠬᠠᠷ ᠭᠡᠵᠦ ᠬᠤᠪᠢᠶᠠᠨ ᠨᠠᠢ᠍ᠮᠠᠨ ᠂ ᠠᠤᠬᠠᠨ  ᠬᠠᠭᠤᠴᠢᠨ ᠂ ᠬᠡᠰᠢᠭᠲᠡᠨ ᠂ ᠴᠠᠭᠠᠨ ᠲᠠᠲ᠋ᠠᠷ ᠵᠡᠷᠭᠡ ᠪᠠᠭᠲᠠᠵᠤ ᠪᠠᠶ᠋ᠢᠵᠢ ᠃ ᠮᠢᠩ ᠤᠯᠤᠰ ᠤ᠋ᠨ ᠵᠢᠶᠠ ᠵᠢᠩ ᠦ᠋ᠨ ᠣᠨ ᠤ᠋ ᠳᠤᠮᠳᠠᠴᠢ ᠪᠠᠷ ᠮᠣᠩᠭᠣᠯ ᠤ᠋ᠨ ᠪᠣᠳᠢ ᠠᠯᠠᠭ ᠬᠠᠭᠠᠨ ᠤ᠋ ᠦᠶ᠎ᠡ ᠳ᠋ᠦ᠍ ᠮᠣᠩᠭᠣᠯ ᠤ᠋ᠨ ᠡᠮᠦᠨ᠎ᠡ ᠵᠠᠬ᠎ᠠ ᠪᠠᠷ ᠮᠢᠩ ᠤᠯᠤᠰ ᠲᠠᠢ ᠬᠠᠪᠢᠳᠠᠨ ᠨᠤᠲᠤᠭᠯᠠᠨ ᠮᠠᠯᠵᠢᠵᠤ ᠪᠠᠶ᠋ᠢᠬᠰᠠᠨ ᠠᠶ᠋ᠢᠮᠠᠭ ᠢ᠋ᠶ᠋ᠠᠨ ᠵᠠᠬᠠᠷ ( ᠵᠠᠬ᠎ᠠ ᠪᠠᠷ ) ᠭᠡᠵᠦ ᠨᠡᠷᠡᠢᠳᠦᠭᠰᠡᠨ ᠭᠡᠳᠡᠭ ᠃ ᠲᠠᠷᠠᠶ᠋ᠢᠰᠣᠨ ᠬᠦᠳᠡᠩ ᠬᠠᠭᠠᠨ ᠤ᠋ ᠦᠶ᠎ᠡ ᠳ᠋ᠦ᠍ ᠴᠠᠬᠠᠷᠴᠤᠳ ᠯᠢᠤᠤᠳᠦ᠋ᠩ ᠦ᠋ᠨ ᠪᠠᠷᠠᠭᠤᠨ ᠬᠢᠵᠠᠭᠠᠷ ᠲᠤ᠌ ᠨᠡᠭᠦᠨ ᠨᠤᠲᠤᠭᠯᠠᠵᠢ ᠃ ᠯᠢᠭᠳᠡᠨ ᠬᠠᠭᠠᠨ ᠮᠠᠨᠵᠤ ᠳ᠋ᠤ᠌ ᠢᠯᠠᠭᠳᠠ ᠨᠠᠰᠤ ᠪᠠᠷᠠᠭᠰᠠᠨ ᠤ᠋ ᠳᠠᠷᠠᠭ᠎ᠠ ᠂ ᠲᠡᠭᠦᠨ ᠦ᠌ ᠬᠥᠪᠡᠭᠦᠨ ᠡᠵᠠᠢ ᠶ᠋ᠢᠨ ᠦᠶ᠎ᠡ ᠳ᠋ᠦ᠍ ᠴᠠᠬᠠᠷ ᠊ᠢ ᠬᠣᠰᠢᠭᠤ ᠪᠣᠯᠭᠠᠨ ᠢ ᠵᠧᠦ ( ᠣᠳᠣ ᠶ᠋ᠢᠨ ᠦ᠌ ᠵᠧᠦ ᠬᠣᠲᠠ ᠠ᠋ᠴᠠ ᠪᠠᠷᠠᠭᠤᠨᠰᠢ ) ᠶ᠋ᠢᠨ ᠬᠤᠪᠢ ᠪᠠᠷ ᠨᠤᠲᠤᠭᠯᠠᠨ ᠪᠠᠶ᠋ᠢᠵᠠᠢ ᠃ ᠡᠩᠬᠡ ᠠᠮᠤᠭᠤᠯᠠᠩ ᠤ᠋ᠨ ᠠᠷᠪᠠᠨ ᠳᠥᠷᠪᠡᠳᠦᠭᠡᠷ ᠣᠨ (1675 ) ᠳ᠋ᠤ᠌ ᠪᠦᠷᠨᠢ ᠮᠠᠨᠵᠤ ᠴᠢᠩ ᠊ᠢ ᠡᠰᠡᠷᠭᠦᠴᠡᠨ ᠢᠯᠠᠭᠳᠠᠭᠰᠠᠨ ᠠ᠋ᠴᠠ ᠬᠣᠶ᠋ᠢᠰᠢ ᠮᠠᠨᠵᠤ ᠴᠢᠩ ᠦ᠋ᠨ ᠨᠣᠶᠠᠷᠬᠠᠭᠴᠢᠳ ᠴᠠᠬᠠᠷᠴᠤᠳ ᠊ᠢ ᠨᠠᠢ᠍ᠮᠠᠨ ᠬᠣᠰᠢᠭᠤ ᠪᠤᠯᠠᠭᠠᠨ ᠬᠡᠰᠡᠭᠯᠡᠵᠦ ᠳᠠ ᠲᠦᠩ ᠂ ᠰᠢᠦᠸᠠᠨ ᠬᠤᠸᠠ ᠶ᠋ᠢᠨ ᠬᠣᠶ᠋ᠢᠭᠤᠷ ᠨᠤᠲᠤᠭᠯᠠᠭᠤᠯᠤᠭᠠᠳ ᠮᠠᠨᠵᠤ ᠶ᠋ᠢᠨ ᠵᠠᠰᠠᠭ ᠤ᠋ᠨ ᠭᠠᠵᠠᠷ ᠴᠠᠬᠠᠷ ᠲᠤ᠌ ᠵᠠᠰᠠᠭ ᠡᠷᠭᠦᠮᠵᠢᠯᠡᠬᠦ ᠦᠭᠡᠢ ᠂ ᠵᠡᠷᠭᠡ ᠤᠯᠠᠷᠢᠨ ᠤᠯᠠᠮᠵᠢᠯᠠᠬᠤ ᠦᠭᠡᠢ ᠲᠣᠭᠲᠠᠭᠠᠯ ᠭᠠᠷᠭᠠᠨ ᠳ᠋ᠦ᠋ᠲ᠋ᠦ᠋ᠩ ᠲᠣᠮᠢᠯᠠᠨ ᠬᠠᠮᠢᠶᠠᠷᠬᠤ ᠪᠣᠯᠵᠠᠢ ᠃ 
③ ᠯᠢᠭᠳᠡᠨ ᠬᠠᠭᠠᠨ ᠨᠠᠰᠤ ᠪᠠᠷᠠᠭᠰᠠᠨ ᠤ᠋ ᠬᠣᠶ᠋ᠢᠨ᠎ᠠ1636 ᠣᠨ ᠳ᠋ᠤ᠌ ᠲᠡᠭᠦᠨ ᠦ᠌ ᠬᠠᠲᠤᠨ ᠰᠥᠳᠡᠢ ᠂ ᠬᠥᠪᠡᠭᠦᠨ ᠡᠵᠠᠢ ᠬᠣᠩᠭᠣᠷ ᠢ᠋ᠶ᠋ᠠᠨ ᠳᠠᠭᠠᠭᠤᠯᠤᠨ ᠬᠥᠬᠡᠨᠠᠭᠤᠷ ᠠ᠋ᠴᠠ ᠮᠥᠭᠳᠡᠨ ᠳ᠋ᠦ᠍ 《 ᠲᠣᠯᠣᠭᠠᠢ ᠰᠢᠷᠭᠤᠨ ᠢᠷᠡᠵᠦ 》 ( ᠷᠠᠰᠢᠫᠣᠩᠰᠣᠭ ᠤ᠋ᠨ ᠦᠭᠡ ) ᠦᠶ᠎ᠡ ᠤᠯᠠᠮᠵᠢᠯᠠᠨ ᠢᠷᠡᠭᠰᠡᠨ ᠬᠠᠭᠠᠨ ᠲᠥᠷᠥ ᠶ᠋ᠢᠨ ᠬᠠᠰ ᠪᠤᠤ ᠲᠠᠮᠠᠭ᠎ᠠ ᠪᠠᠨ ᠮᠠᠨᠵᠤ ᠶ᠋ᠢᠨ ᠬᠠᠭᠠᠨ ᠬᠣᠩ ᠲᠠᠶ᠋ᠢᠵᠢ ᠳ᠋ᠤ᠌ ᠡᠷᠭᠦᠨ ᠪᠠᠷᠢᠵᠤ ᠪᠠᠭᠤᠵᠤ ᠥᠭᠴᠡᠢ᠃ ᠢᠨᠭᠭᠢᠭᠰᠡᠨ ᠡᠴᠡ ᠮᠠᠨᠵᠤ ᠶ᠋ᠢᠨ ᠬᠠᠭᠠᠨ ᠥᠪᠡᠷ ᠦ᠋ᠨ ᠭᠦᠩᠵᠦ ᠪᠡᠨ ᠡᠵᠡᠨ ᠬᠣᠩᠭᠣᠷ ᠲᠤ᠌ ᠱᠠᠩᠨᠠᠨ ᠥᠭᠴᠦ ᠴᠢᠨ ᠸᠠᠩ ᠡᠷᠭᠦᠮᠵᠢᠯᠡᠵᠡᠢ᠃ ᠴᠢᠩ ᠤᠯᠤᠰ ᠤ᠋ᠨ ᠦᠶ᠎ᠡ ᠳ᠋ᠦ᠍ ᠮᠣᠩᠭᠣᠯ ᠤ᠋ᠨ ᠨᠣᠶᠠᠳ ᠤ᠋ᠨ ᠵᠡᠷᠭᠡ ᠬᠡᠷᠬᠡᠮ ᠊ᠢ ᠴᠢᠨ ᠸᠠᠩ ᠂ ᠵᠢᠶᠦ᠋ᠨ ᠸᠠᠩ ᠂ ᠪᠠᠶ᠋ᠢᠯᠠ ᠂ ᠪᠡᠶ᠋ᠢᠰᠡ ᠂ ᠤᠯᠤᠰ ᠤ᠋ᠨ ᠲᠦᠰᠢᠶ᠎ᠡ ᠬᠦᠩ ᠂ ᠤᠯᠤᠰ ᠲᠤ᠌ ᠲᠤᠰᠠᠯᠠᠭᠴᠢ ᠬᠦᠩ ᠵᠡᠷᠭᠡ ᠵᠢᠷᠭᠤᠭᠠᠨ ᠳᠡᠰ ᠢ᠋ᠶ᠋ᠡᠷ ᠬᠤᠪᠢᠶᠠᠨ  ᠡᠷᠭᠦᠮᠵᠢᠯᠡᠳᠡᠭ ᠃ 
④ ᠪᠦᠷᠨᠢ ᠴᠢᠨ ᠸᠠᠩ ᠄ ᠮᠠᠨᠵᠤ  ᠴᠡᠷᠢᠭ ᠦ᠋ᠨ ᠨᠣᠶᠠᠷᠬᠠᠯ ᠊ᠢ ᠡᠰᠡᠷᠭᠦᠴᠡᠭᠰᠡᠨ ᠦᠨᠳᠦᠰᠦᠲᠡᠨ ᠦ᠌ ᠪᠠᠭᠠᠲᠤᠷ ᠃ ᠡᠵᠠᠢ ᠬᠣᠩᠭᠣᠷ ᠲᠠᠶ᠋ᠢᠵᠢ ᠦᠬᠦᠭᠰᠡᠨ ᠦ᠌ ᠬᠣᠶ᠋ᠢᠨ᠎ᠠ ᠦᠷ᠎ᠡ ᠦᠭᠡᠢ ᠲᠤᠯᠠ ᠲᠡᠭᠦᠨ ᠦ᠌ ᠳᠡᠭᠦᠦ ᠠᠪᠣᠨᠢ ᠶ᠋ᠢᠨ ᠬᠥᠪᠡᠭᠦᠨ ᠪᠦᠷᠨᠢ ᠴᠢᠨ ᠸᠠᠩ ᠵᠠᠯᠭᠠᠮᠵᠢᠯᠠᠵᠠᠢ ᠃ ᠡᠩᠬᠡ ᠠᠮᠤᠭᠤᠯᠠᠩ ᠤ᠋ᠨ ᠠᠷᠪᠠᠨ ᠳᠥᠷᠪᠡᠳᠦᠭᠡᠷ ᠣᠨ (1675 ) ᠳ᠋ᠤ᠌ ᠪᠦᠷᠨᠢ ᠴᠢᠨ ᠸᠠᠩ ᠴᠡᠷᠢᠭ ᠪᠠᠶ᠋ᠢᠭᠤᠯᠤᠨ ᠴᠢᠩ ᠤᠯᠤᠰ ᠊ᠢ ᠡᠰᠡᠷᠭᠦᠴᠡᠪᠡ ᠃ ᠴᠢᠩ ᠤᠯᠤᠰ ᠪᠦᠷᠨᠢ ᠶ᠋ᠢ ᠲᠠᠷᠤᠩᠭᠣᠶ᠋ᠢᠯᠬᠣ ᠪᠠᠷ ᠴᠡᠷᠢᠭ ᠭᠠᠷᠭᠠᠨ ᠂ ᠪᠣᠭᠣᠮᠲᠠ ᠶ᠋ᠢᠨ ᠭᠠᠳᠠᠨ᠎ᠠ ᠢᠷᠡᠵᠦ ᠪᠠᠶ᠋ᠢᠯᠲᠤᠪᠠ ᠃ ᠪᠦᠷᠨᠢ ᠴᠢᠩ ᠤᠯᠤᠰ ᠤ᠋ᠨ ᠴᠡᠷᠢᠭ ᠲᠦ᠍ ᠢᠯᠠᠭᠳᠠᠨ ᠲᠠᠶ᠋ᠢᠨ ᠤ᠋ ᠳᠤᠮᠳᠠ ᠨᠠᠰᠤ ᠪᠠᠷᠠᠵᠠᠢ ᠃ 
⑤ ᠴᠢᠩ ᠤᠯᠤᠰ ᠤ᠋ᠨ ᠦᠶ᠎ᠡ ᠳ᠋ᠦ᠍ ᠮᠣᠩᠭᠣᠯ ᠤ᠋ᠨ ᠠᠯᠲᠠᠨ ᠤᠷᠤᠭ ᠤ᠋ᠨ ᠭᠠᠷᠤᠯ ᠲᠠᠢ ᠵᠠᠰᠠᠭ ᠪᠤᠰᠤ ᠬᠥᠮᠦᠰ ᠊ᠢ ᠲᠡᠷᠢᠭᠦᠨ ᠂ ᠳᠡᠳ᠋ ᠂ ᠭᠤᠲᠠᠭᠠᠷ ᠂ ᠳᠥᠲᠥᠭᠡᠷ ᠵᠡᠷᠭᠡ ᠶ᠋ᠢᠨ ᠲᠠᠶ᠋ᠢᠵᠢ ᠭᠡᠵᠦ ᠳᠥᠷᠪᠡᠨ ᠵᠡᠷᠭᠡ ᠬᠤᠪᠢᠶᠠᠳᠠᠭ ᠃ 
⑥ ᠳᠣᠷᠭᠡᠢ ᠠᠮᠪᠠᠨ ᠄ ᠮᠠᠨᠵᠤ ᠦᠭᠡ ᠂ ᠳᠣᠲᠣᠭᠠᠳᠤ ᠶᠡᠬᠡ ᠨᠣᠶᠠᠨ ᠭᠡᠰᠡᠨ ᠤᠳᠬ᠎ᠠ ᠲᠠᠢ ᠃ 

ᠭᠠᠩᠬ᠋᠎ᠠ ᠶ᠋ᠢᠨ ᠤᠷᠤᠰᠬᠠᠯ ( ᠪᠦᠬᠦ ᠨᠣᠮ ) Гангын урсгал ( бүх ном )