ᠰᠣᠷᠢᠯᠲᠠ-ᠬᠣᠯᠪᠣᠭ᠎ᠠ-ᠪᠠᠯᠵᠢХолбоо-Сорилт-балжи
ᠰᠣᠷᠢᠯᠲᠠ
ᠪᠠᠯᠵᠢ
ᠬᠣᠯᠪᠣᠭ᠎ᠠ ᠄
ᠵᠦᠢᠯ ᠦ᠋ᠨ ᠴᠡᠴᠡᠭ ᠳᠡᠯᠭᠡᠷᠡᠬᠦ ᠨᠢ
ᠵᠤᠨ ᠤ᠋ ᠰᠠᠢᠬᠠᠨ ᠤᠯᠠᠷᠢᠯ ᠶᠤᠮ
ᠵᠥᠪ ᠪᠢᠴᠢᠯᠭᠡ ᠶ᠋ᠢᠨ ᠬᠣᠯᠪᠣᠭᠠᠨ ᠳ᠋ᠤ᠌ ᠪᠠᠨ
ᠵᠥᠩᠨᠡᠯ ᠪᠡᠯᠭᠡᠳᠡᠯ ᠲᠡᠢ ᠵᠣᠯᠭᠠᠶ᠎ᠠ !
ᠥᠩᠭᠡ ᠶ᠋ᠢᠨ ᠴᠡᠴᠡᠭ ᠰᠣᠯᠣᠩᠭᠠᠷᠠᠬᠤ ᠨᠢ
ᠥᠭᠭᠢᠶᠡᠮᠦᠷ ᠵᠤᠨ ᠤ᠋ ᠤᠯᠠᠷᠢᠯ ᠶᠤᠮ
ᠣᠨᠣᠪᠴᠢ ᠲᠠᠢ ᠺᠣᠳ᠋ ᠢ᠋ᠶ᠋ᠠᠷ ᠪᠣᠯᠪᠠᠰᠤᠷᠠᠬᠤ ᠨᠢ
ᠡᠷᠢᠨ ᠵᠠᠭᠤᠨ ᠤ᠋ ᠬᠥᠭᠵᠢᠯᠲᠡ ᠶᠦ᠍ᠮ
ᠰᠦᠯᠵᠢᠶ᠎ᠡ ᠲᠦᠭᠡᠮᠡᠯᠵᠢᠭᠰᠡᠨ ᠴᠠᠬᠢᠮ ᠣᠷᠴᠢᠨ ᠳ᠋ᠤ᠌
ᠰᠣᠷᠢᠯᠲᠠ ᠶ᠋ᠢᠨ ᠰᠡᠳᠦᠪ ᠢ᠋ᠶ᠋ᠡᠨ ᠵᠣᠬᠢᠶᠠᠯ᠎ᠠ
ᠰᠡᠳᠬᠢᠯ ᠨᠢᠭᠡᠲᠡᠢ ᠪᠠᠭᠰᠢ ᠨᠠᠷ ᠮᠢᠨᠢ
ᠰᠢᠮᠳᠠᠵᠤ ᠣᠯᠠᠨ ᠢ᠋ᠶ᠋ᠠᠨ ᠲᠡᠢᠴᠢᠯᠡᠯᠡ !
ᠡᠳᠦᠷ ᠡᠳᠦᠷ ᠦ᠋ᠨ ᠰᠣᠷᠢᠯᠲᠠ ᠶ᠋ᠢ
ᠦᠰᠦᠭ ᠦᠰᠦᠭ ᠢ᠋ᠶ᠋ᠡᠷ ᠨᠢ ᠬᠢᠨᠠᠵᠤ ᠪᠠᠢᠨ᠎ᠠ
ᠠᠴᠤᠭ᠂ ᠰᠢᠯᠪᠢ᠂ ᠭᠡᠳᠡᠰᠦ ᠂ ᠳᠠᠭᠠᠪᠤᠷᠢ ᠭᠡᠵᠦ
ᠠᠯᠳᠠᠭ᠎ᠠ ᠭᠠᠷᠬᠤ ᠶ᠋ᠢ ᠯᠡ ᠬᠢᠴᠢᠶᠡᠵᠦ ᠪᠠᠢᠨ᠎ᠠ
ᠲᠣᠯᠢ ᠪᠢᠴᠢᠭ ᠦ᠋ᠨ ᠪᠠᠷᠢᠮᠵᠢᠶ᠎ᠠ ᠺᠣᠳ᠋ ᠢ᠋ᠶ᠋ᠠᠷ
ᠲᠣᠳᠣᠳᠬᠠᠵᠤ ᠣᠷᠣᠭᠤᠯᠤᠭᠰᠠᠨ ᠦᠰᠦᠭ ᠶᠦ᠍ᠮ
ᠲᠦᠭ ᠲᠦᠮᠡᠨ ᠢ᠋ᠶ᠋ᠡᠨ ᠰᠤᠷᠭᠠᠬᠤ ᠪᠠᠷ
ᠲᠥᠪᠯᠡᠭᠦᠨ ᠯᠠᠪᠯᠠᠭᠰᠠᠨ ᠪᠢᠴᠢᠭᠡᠰᠦ ᠶᠦ᠍ᠮ
ᠬᠥᠬᠡ ᠥᠩᠭᠡ ᠲᠡᠢ ᠯᠠᠲ᠋ᠢᠨ ᠬᠠᠶᠢᠭ᠋
ᠬᠥᠮᠦᠰ ᠦ᠋ᠨ ᠬᠠᠷᠠᠭᠠᠨ ᠳ᠋ᠤ᠌ ᠲᠣᠳᠣᠷᠠᠯ᠎ᠠ
ᠬᠥᠩᠭᠡᠬᠡᠨ ᠬᠤᠷᠤᠭᠤ ᠪᠠᠷ ᠲᠣᠪᠰᠢᠪᠠᠯ
ᠬᠥᠰᠢᠭᠡ ᠨᠢ ᠨᠡᠭᠡᠭᠡᠭᠳᠡᠭᠡᠳ ᠭᠠᠢᠬᠠᠮᠰᠢᠭ
ᠣᠶᠤᠨ ᠪᠢᠴᠢᠭᠯᠡᠭᠦᠷ ᠦ᠋ᠨ ᠴᠢᠳᠠᠮᠵᠢ ᠪᠠᠷ
ᠤᠷᠠᠯᠠᠵᠤ ᠬᠢᠭᠰᠡᠨ ᠰᠣᠷᠢᠯᠲᠠ ᠳᠠ
ᠤᠭᠰᠠᠷᠠᠵᠤ ᠴᠢᠳᠠᠭᠠᠳ ᠬᠡᠷᠡᠭᠯᠡᠬᠦ ᠳ᠋ᠦ᠍
ᠤᠬᠠᠭᠠᠨ ᠢ᠋ ᠲᠡᠩᠰᠡᠬᠦ ᠰᠢᠯᠭᠠᠯᠲᠠ ᠳᠠ
ᠨᠡᠷ᠎ᠡ ᠪᠡᠨ ᠪᠢᠴᠢᠵᠦ ᠳ᠋ᠤᠭᠠᠷ ᠲᠠᠯᠪᠢᠬᠤ ᠨᠢ
ᠨᠡᠢᠲᠡ ᠡᠴᠡ ᠢᠯᠭᠠᠭᠳᠠᠬᠤ ᠲᠡᠮᠳᠡᠭ ᠪᠠᠢᠨ᠎ᠠ
ᠨᠢᠭᠤᠴᠠ ᠨᠣᠮᠧᠷ ᠳᠥᠷᠪᠡᠨ ᠶᠢᠰᠦ ᠨᠢ
ᠨᠡᠢᠳᠡᠮ ᠳ᠋ᠡᠭᠡᠨ ᠬᠡᠷᠡᠭᠯᠡᠬᠦ ᠳ᠋ᠤᠭᠠᠷ ᠪᠠᠢᠨ᠎ᠠ
ᠮᠥᠷᠯᠡᠵᠦ ᠵᠢᠭᠰᠠᠭᠠᠭᠰᠠᠨ ᠦᠰᠦᠭ ᠢ᠋ ᠦᠵᠡ
ᠮᠥᠷᠡᠨ ᠭᠣᠣᠯ ᠤ᠋ᠨ ᠳᠠᠪᠠᠯᠭᠠᠨ ᠰᠢᠭ᠋
ᠮᠥᠷᠳᠡᠵᠦ ᠬᠠᠭᠤᠯᠬᠤ ᠪᠢᠴᠢᠭᠡᠰᠦ ᠶ᠋ᠢ ᠬᠠᠷ᠎ᠠ
ᠮᠥᠩᠭᠥᠨ ᠳᠣᠯᠭᠢᠶ᠎ᠠ ᠴᠠᠯᠭᠢᠯᠠᠬᠤ ᠰᠢᠭ᠋
ᠬᠡᠪᠲᠡᠭᠡ ᠪᠡᠷ ᠪᠢᠴᠢᠭᠳᠡᠭᠰᠡᠨ ᠦᠰᠦᠭ ᠢ᠋
ᠬᠠᠷᠠᠬᠤ ᠳ᠋ᠤ᠌ ᠵᠢᠭᠠᠬᠠᠨ ᠠᠶᠠᠭᠦᠢ ᠴᠦ᠍
ᠬᠥᠨᠳᠡᠯᠡᠨ ᠱᠤᠭᠤᠮ ᠢ᠋ ᠠᠰᠢᠭᠯᠠᠬᠤ ᠲᠤᠯᠠ
ᠺᠣᠳ᠋ ᠪᠣᠯᠪᠠᠰᠤᠷᠠᠬᠤ ᠨᠢ ᠴᠢᠬᠤᠯᠠ ᠶᠤᠮ
ᠳ᠋ᠤᠭᠠᠷ ᠦᠰᠦᠭ ᠢ᠋ ᠨᠢ ᠳᠠᠷᠠᠭᠠᠯᠠᠨ
ᠦᠯᠡᠳᠡᠭᠡᠯ ᠦᠭᠡᠢ ᠬᠠᠭᠤᠯᠵᠤ ᠪᠢᠴᠢᠨ᠎ᠡ
ᠳᠤᠲᠠᠭᠤ ᠢᠯᠡᠭᠦᠦ ᠭᠠᠷᠭᠠᠯ ᠦᠭᠡᠢ
ᠳᠡᠭᠡᠷᠡᠬᠢ ᠲᠡᠢ ᠪᠡᠨ ᠵᠡᠷᠭᠡᠴᠡᠭᠦᠯᠵᠦ ᠪᠢᠴᠢᠨ᠎ᠡ
ᠣᠷᠣᠭᠰᠢ ᠴᠠᠴᠤᠯᠭ᠎ᠠ ᠲᠠᠢ《 ᠠ 》 ᠶ᠋ᠢ ᠦᠵᠡ
ᠤᠭ ᠳᠦᠷᠰᠦ ᠪᠣᠯᠤᠭᠠᠳ ᠬᠤᠪᠢᠷᠠᠭᠰᠠᠨ ᠰᠢᠭ᠋
ᠤᠴᠢᠷ ᠤᠬᠠᠭᠠᠨ ᠢ᠋ ᠨᠢ ᠣᠯᠬᠤ ᠦᠭᠡᠢ ᠪᠡᠷ
ᠰᠠᠯᠤᠩᠭᠢ ᠪᠢᠴᠢᠪᠡᠯ ᠪᠤᠷᠤᠭᠤᠳᠠᠨ᠎ᠠ
ᠠᠷᠭ᠎ᠠ ᠴᠢᠨᠠᠷ ᠢᠯᠡᠷᠡᠭᠰᠡᠨ ᠰᠢᠭ
ᠤᠯᠠᠭᠠᠨ ᠪᠣᠯᠳᠠᠭ ᠨᠢ ᠬᠠᠴᠢᠨ ᠪᠠᠢᠨ᠎ᠠ
ᠠᠯᠳᠠᠭ᠎ᠠ ᠪᠤᠷᠤᠭᠤ ᠭᠠᠷᠤᠭᠰᠠᠨ ᠲᠤᠯᠠ
ᠣᠬᠢᠵᠤ ᠵᠠᠰᠠᠬᠤ ᠴᠢᠬᠤᠯᠠ ᠲᠠᠢ ᠪᠠᠢᠨ᠎ᠠ
ᠬᠣᠭᠣᠰᠣᠨ ᠳᠠᠷᠤᠭᠤᠯ ᠢ᠋ᠶ᠋ᠠᠨ ᠲᠣᠪᠰᠢᠪᠠᠯ
ᠬᠣᠶᠠᠳᠠᠬᠢ ᠮᠥᠷ ᠲᠦ᠍ ᠪᠡᠨ ᠰᠢᠯᠵᠢᠵᠦ ᠪᠣᠯᠤᠨ᠎ᠠ
ᠬᠣᠭᠣᠷᠣᠨᠳᠣᠬᠢ ᠵᠠᠢ ᠨᠢ ᠶᠡᠬᠡᠳᠡᠬᠦ ᠦᠭᠡᠢ ᠪᠣᠯ
ᠬᠤᠷᠳᠤᠴᠠ ᠪᠠᠨ ᠳᠡᠭᠡᠭᠰᠢᠯᠡᠭᠦᠯᠵᠦ ᠪᠢᠴᠢᠵᠦ ᠪᠣᠯᠤᠨ᠎ᠠ
ᠳᠥᠭᠥᠮ ᠢ᠋ᠶ᠋ᠡᠷ ᠪᠢᠴᠢᠭᠯᠡᠬᠦ ᠠᠷᠭ᠎ᠠ ᠨᠢ
ᠲᠦᠷᠭᠡᠨ ᠪᠣᠯᠬᠤ ᠶ᠋ᠢᠨ ᠦᠨᠳᠦᠰᠦ ᠮᠥᠨ
ᠳᠠᠷᠤᠭᠤᠯ ᠤ᠋ᠨ ᠪᠠᠢᠷᠢᠰᠢᠯ ᠢ᠋ᠶ᠋ᠠᠨ ᠡᠵᠡᠮᠳᠡᠬᠦ ᠨᠢ
ᠳᠠᠪᠰᠢᠩᠭᠤᠢ ᠪᠢᠴᠢᠬᠦ ᠶ᠋ᠢᠨ ᠰᠠᠭᠤᠷᠢ ᠮᠥᠨ
ᠪᠠᠷᠢᠮᠵᠢᠶ᠎ᠠ ᠠᠪᠢᠶ᠎ᠠ ᠪᠠᠷ ᠤᠩᠰᠢᠬᠤ ᠨᠢ
ᠪᠤᠰᠢᠭᠤ ᠪᠢᠴᠢᠬᠦ ᠶ᠋ᠢᠨ ᠵᠠᠭᠪᠤᠷ ᠮᠥᠨ
ᠬᠣᠶᠠᠷ ᠬᠤᠷᠤᠭᠤ ᠪᠠᠨ ᠬᠡᠷᠡᠭᠯᠡᠬᠦ ᠨᠢ
ᠬᠤᠷᠳᠤᠴᠠ ᠪᠠᠨ ᠳᠡᠭᠡᠭᠰᠢᠯᠡᠬᠦ ᠵᠣᠷᠢᠯᠭ᠎ᠠ ᠮᠥᠨ᠃
ᠥᠩᠭᠡ ᠨᠢ ᠨᠣᠭᠣᠭᠠᠨ ᠭᠠᠷᠴᠤ ᠪᠠᠢᠪᠠᠯ
ᠦᠵᠡᠬᠦ ᠳ᠋ᠦ᠍ ᠪᠠᠰᠠ ᠲᠠᠭᠠᠯᠠᠮᠵᠢᠲᠠᠢ
ᠦᠨᠡᠬᠡᠷ ᠰᠠᠢᠬᠠᠨ ᠪᠢᠴᠢᠵᠦ ᠪᠠᠢᠨ᠎ᠠ ᠭᠡᠳ
ᠥᠪᠡᠷ ᠢ᠋ᠶ᠋ᠡᠨ ᠪᠢᠳᠡ ᠮᠠᠭᠲᠠᠭᠤᠱᠢᠲᠠᠢ
ᠦᠭᠡᠨ ᠦ᠌ ᠪᠠᠷᠢᠮᠵᠢᠶ᠎ᠠ ᠠᠪᠢᠶ᠎ᠠ ᠶ᠋ᠢ
ᠦᠨᠡᠯᠡᠵᠦ ᠪᠠᠢᠭ᠎ᠠ ᠰᠣᠷᠢᠯᠲᠠ !
ᠢᠵᠢᠯ ᠳᠦᠷᠰᠦ ᠲᠡᠢ ᠡᠭᠡᠰᠢᠭ ᠢ᠋
ᠢᠯᠭᠠᠨ ᠲᠠᠨᠢᠭᠤᠯᠤᠭᠰᠠᠨ ᠰᠣᠷᠢᠯᠲᠠ !
ᠡᠵᠢ ᠶ᠋ᠢᠨ ᠠᠷᠢᠭᠤᠨ ᠤᠭᠤᠷᠠᠭ ᠢ᠋
ᠠᠮᠲᠠᠯᠠᠭᠤᠯᠵᠤ ᠪᠠᠢᠭ᠎ᠠ ᠰᠣᠷᠢᠯᠲᠠ !
ᠡᠬᠡ ᠬᠡᠯᠡᠨ ᠦ᠌ ᠣᠷᠴᠢᠨ ᠳ᠋ᠤ᠌
ᠡᠭᠡᠭᠦᠯᠵᠦ ᠪᠠᠢᠭ᠎ᠠ ᠰᠣᠷᠢᠯᠲᠠ !
ᠥᠰᠪᠥᠷᠢ ᠶ᠋ᠢᠨ ᠪᠠᠭ᠎ᠠ ᠬᠡᠦᠬᠡᠳ ᠦ᠋ᠳ
ᠣᠷᠣᠯᠴᠠᠬᠤ ᠳ᠋ᠤ᠌ ᠪᠠᠬ᠎ᠠ ᠲᠠᠢ ᠰᠣᠷᠢᠯᠲᠠ !
ᠦᠶ᠎ᠡ ᠵᠡᠷᠭᠡ ᠶ᠋ᠢᠨ ᠵᠠᠯᠠᠭᠤᠴᠤᠳ ᠲᠤ᠌
ᠣᠷᠣᠯᠳᠣᠬᠤ ᠳ᠋ᠤ᠌ ᠤᠷᠮ᠎ᠠ ᠲᠠᠢ ᠰᠣᠷᠢᠯᠲᠠ !
ᠡᠳᠦᠷ ᠦ᠋ᠨ ᠠᠵᠢᠯ ᠤ᠋ᠨ ᠵᠦᠳᠡᠷᠡᠯ ᠳ᠋ᠦ᠍
ᠴᠢᠯᠡᠭᠡ ᠲᠠᠢᠯᠳᠠᠭ ᠰᠣᠷᠢᠯᠲᠠ !
ᠥᠨᠳᠥᠷ ᠨᠠᠰᠤᠲᠠᠢ《 ᠲᠩᠷᠢ ᠡᠵᠢ 》 ᠡᠴᠡ
ᠳᠠᠭᠤᠷᠢᠶᠠᠯ ᠪᠣᠯᠤᠭᠰᠠᠨ ᠰᠣᠷᠢᠯᠲᠠ !
ᠬᠣᠲᠠ ᠬᠥᠳᠡᠭᠡ ᠶ᠋ᠢᠨ ᠬᠠᠷᠢᠯᠴᠠᠭ᠎ᠠ ᠶ᠋ᠢ
ᠬᠣᠯᠪᠣᠵᠤ ᠪᠠᠢᠭ᠎ᠠ ᠰᠣᠷᠢᠯᠲᠠ !
ᠬᠣᠲᠠᠯᠠ ᠮᠣᠩᠭᠣᠯ ᠲᠦᠮᠡᠨ ᠢ᠋ᠶ᠋ᠡᠨ
ᠤᠷᠢᠶᠠᠯᠠᠵᠤ ᠪᠠᠢᠭ᠎ᠠ ᠰᠣᠷᠢᠯᠲᠠ !
ᠤᠢᠭᠤᠷᠵᠢᠨ ᠦᠰᠦᠭ ᠦ᠋ᠨ ᠠᠴᠢᠶᠠᠯᠠᠭᠴᠢ ᠪᠣᠯᠤᠭᠰᠠᠨ ᠥᠪᠥᠷᠴᠤᠳ ᠲᠤ᠌
ᠤᠰᠠᠳᠬᠠᠬᠤ ᠠᠶᠤᠯ ᠤ᠋ᠨ ᠲᠣᠭᠰᠢᠨ ᠲᠦᠢᠮᠡᠷ ᠦᠨᠳᠦᠰᠦ ᠡᠴᠡ ᠰᠢᠲᠠᠭᠠᠵᠤ ᠪᠠᠢᠨ᠎ᠠ
ᠦᠭᠡ ᠰᠣᠨᠣᠰᠤᠭᠠᠳ᠂ ᠶᠣᠰᠣ ᠶ᠋ᠢ ᠨᠢ ᠳᠠᠭᠠᠭᠠᠳ ᠡᠭᠡᠯ ᠠᠮᠢᠳᠤᠷᠠᠪᠠᠴᠤ
ᠠ᠂ ᠳ᠋ᠠᠣᠲ᠋ᠠᠢ ᠶ᠋ᠢᠨ 《 ᠰᠡᠭᠦᠯᠴᠢ ᠶ᠋ᠢᠨ ᠬᠢᠴᠢᠶᠡᠯ 》 ᠢ᠋ ᠰᠠᠨᠠᠭᠠᠯᠵᠠᠵᠤ ᠶᠠᠪᠤᠭᠠᠷᠠᠢ !
ᠴᠢᠩᠭᠢᠰ ᠪᠣᠭᠳᠠ ᠠ᠋ᠴᠠ ᠥᠪᠯᠡᠭᠰᠡᠨ ᠪᠣᠰᠤᠭ᠎ᠠ ᠦᠰᠦᠭ ᠢ᠋ᠶ᠋ᠡᠨ
ᠴᠠᠭ ᠤ᠋ᠨ ᠤᠷᠤᠰᠬᠠᠯ ᠴᠠᠬᠢᠮ ᠣᠷᠴᠢᠨ ᠳ᠋ᠤ᠌ ᠠᠮᠢᠳᠤ ᠬᠡᠷᠡᠭᠵᠢᠭᠦᠯᠦᠶ᠎ᠡ !
ᠴᠢᠨᠠᠷ ᠴᠢᠨᠰᠠᠭ᠎ᠠ ᠶ᠋ᠢ ᠳᠡᠭᠡᠭᠰᠢᠯᠡᠭᠦᠯᠵᠦ ᠶᠦᠨᠢᠺᠣᠳ᠋ ᠲᠤ᠌ ᠣᠷᠣᠭᠤᠯᠬᠤ
ᠴᠢᠩ ᠵᠢᠷᠦᠬᠡᠨ ᠦ᠌ ᠬᠦᠰᠡᠯ ᠢᠲᠡᠭᠡᠯ ᠢ᠋ᠶ᠋ᠡᠨ ᠬᠣᠢᠴᠢᠰ ᠲᠤ᠌ ᠪᠠᠨ ᠨᠠᠢᠳᠠᠶ᠎ᠠ ᠭᠦ !
23.4.21
ᠦᠰᠦᠭ ᠠᠮᠢᠯᠠᠭᠤᠯᠤᠭᠴᠢ᠄ ᠪᠠᠯᠵᠢ
ᠦᠰᠦᠭ ᠬᠢᠨᠠᠭᠴᠢ ᠄ ᠤᠤᠠᠬᠠᠨᠰᠣ ᠠ᠋
