ᠮᠢᠨᠦ ᠡᠵᠢ ( ᠪᠠᠭ᠎ᠠ ᠰᠤᠷᠭᠠᠭᠤᠯᠢ ᠶᠢᠨ ᠤᠩᠰᠢᠬᠤ ᠪᠢᠴᠢᠭ ) Миний ээж ( Бага сургуулийн унших бичиг )
ᠮᠢᠨᠦ ᠡᠵᠢ
ᠵ · ᠳᠠᠰᠢᠳᠣᠨᠳᠣᠭ
ᠡᠵᠢ ᠮᠢᠨᠢ
ᠡᠷᠢᠶᠡᠨ ᠠᠯᠴᠢᠭᠤᠷ ᠲᠠᠢ
ᠨᠣᠭᠣᠭᠠᠨ ᠳᠡᠪᠡᠯ ᠲᠡᠢ ᠂
ᠡᠵᠢ ᠪᠡᠨ
ᠡᠷᠢᠶᠡᠨ ᠠᠯᠴᠢᠭᠤᠷ ᠲᠠᠢ ᠨᠢ
ᠨᠣᠭᠣᠭᠠᠨ ᠳᠡᠪᠡᠯ ᠲᠡᠢ ᠨᠢ
ᠵᠢᠷᠤᠴᠢᠬᠠᠯᠠ ᠪᠢ
ᠪᠣᠲᠣᠴᠢᠬᠠᠯᠠ ᠪᠢ ᠃
ᠡᠵᠢ ᠮᠢᠨᠢ
ᠨᠠᠶ᠋ᠢᠷᠰᠠᠭ ᠵᠠᠩ ᠲᠠᠢ
ᠨᠠᠲᠠ ᠳ᠋ᠤ᠌ ᠪᠠᠨ ᠬᠠᠶ᠋ᠢᠷᠠᠲᠠᠢ ᠂
ᠨᠠᠶ᠋ᠢᠷᠰᠠᠭ ᠵᠠᠩ
ᠨᠠᠨᠲᠢᠨ ᠬᠠᠶ᠋ᠢᠷ᠎ᠠ ᠶ᠋ᠢ
ᠬᠡᠷᠬᠢᠨ ᠵᠢᠷᠤᠬᠤ ᠪᠤᠢ ?
ᠬᠡᠯᠡᠵᠦ ᠥᠭᠭᠦᠨ᠎ᠡ ᠦᠦ ? ᠲᠠ ᠃
ᠬᠡᠯᠡ ᠪᠢᠴᠢᠭ ᠦ᠋ᠨ ᠤᠩᠰᠢᠬᠤ ᠪᠢᠴᠢᠭ
ᠨᠢᠭᠡᠲᠦᠭᠡᠷ ᠣᠨ ( ᠳᠣᠣᠷᠠᠳᠤ )2012 ᠣᠨ ᠪ 11 ᠰᠠᠷ᠎ᠠ ᠠᠩᠬᠠᠲᠤᠭᠠᠷ ᠬᠡᠪ
ᠦᠰᠦᠭ ᠠᠮᠢᠯᠠᠭᠤᠯᠤᠭᠴᠢ ᠄ ᠴᠢᠮᠡᠭ
ᠬᠢᠨᠠᠭᠴᠢ ᠄ ᠳ᠋ᠦ᠋ᠩ ᠹᠸᠩ
