ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠡᠮᠦᠨᠡᠬᠢ ᠦᠭᠡ > Ертөнцийн гурав – Ш᠂ Буянтогтох эмхиохэн найруулав < Өмнөх үг > ᠶᠢᠷᠲᠢᠨᠴᠦ ᠶ᠋ᠢᠨ ᠭᠤᠷᠪᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠡᠮᠦᠨᠡᠬᠢ ᠦᠭᠡ > Ертөнцийн гурав – Ш᠂ Буянтогтох эмхиохэн найруулав < Өмнөх үг >

ᠶᠢᠷᠲᠢᠨᠴᠦ ᠶᠢᠨ ᠭᠤᠷᠪᠠ – ᠱ ᠂ ᠪᠤᠶᠠᠨᠲᠣᠭᠲᠠᠬᠤ ᠡᠮᠬᠢᠤᠠᠬᠡᠨ ᠨᠠᠶ᠋ᠢᠷᠠᠭᠤᠯᠪᠠ < ᠡᠮᠦᠨᠡᠬᠢ ᠦᠭᠡ > Ертөнцийн гурав – Ш᠂ Буянтогтох эмхиохэн найруулав < Өмнөх үг >

2023-04-25

393

ᠡᠮᠦᠨᠡᠬᠢ ᠦᠭᠡ


      ᠪᠢ 1979 ᠣᠨ  ᠳ᠋ᠤ᠌ ᠥᠪᠥᠷ  ᠮᠣᠩᠭᠣᠯ ᠦ᠋ᠨ ᠦᠨᠲᠦᠰᠦᠲᠡᠨ ᠪ ᠪᠠᠭᠰᠢ ᠶ᠋ᠢᠨ ᠰᠤᠷᠭᠠᠭᠤᠯᠢ ᠶ᠋ᠢᠨ ᠮᠣᠩᠭᠣᠯ ᠬᠡᠯᠡ ᠤᠤᠠᠬ᠎ᠠ ᠵᠣᠬᠢᠶᠠᠯ ᠦ᠋ᠨ ᠰᠠᠯᠪᠤᠷᠢ  ᠳ᠋ᠤ᠌ ᠣᠷᠣᠭᠰᠠᠨ ᠠ᠋ᠴᠠ  ᠡᠬᠢᠯᠡᠨ ᠡᠨᠡᠬᠦ 《 ᠶᠢᠷᠲᠢᠨᠴᠦ ᠶ᠋ᠢᠨ ᠭᠤᠷᠪᠠ 》 ᠬᠡᠮᠡᠬᠦ ᠠᠷᠠᠳ ᠦ᠋ᠨ  ᠠᠮᠠᠨ ᠵᠣᠬᠢᠶᠠᠯ  ᠊ᠢ ᠠᠩᠬᠠᠷᠤᠯ  ᠳ᠋ᠤ᠌ ᠪᠠᠨ ᠠᠪᠴᠤ ᠡᠮᠬᠢᠤᠠᠬᠡᠨ ᠰᠤᠲᠤᠯᠵᠠᠢ ᠃ ᠮᠢᠨᠦ ᠭᠣᠣᠯ ᠵᠣᠷᠢᠯᠬ᠋᠎ᠠ ᠪᠣᠯ ᠮᠣᠩᠭᠣᠯ ᠠᠷᠠᠳ ᠦ᠋ᠨ ᠠᠮᠠᠨ ᠵᠣᠬᠢᠶᠠᠯ ᠦ᠋ᠨ ᠨᠢᠭᠡ ᠲᠥᠷᠥᠯ ᠪᠣᠯᠬᠤ 《 ᠶᠢᠷᠲᠢᠨᠴᠦ ᠶ᠋ᠢᠨ ᠭᠤᠷᠪᠠ 》ᠶ᠋ᠢᠨ ᠲᠤᠬᠠᠢ ᠰᠤᠲᠤᠯᠭᠠᠨ ᠊ᠢ ᠤᠯᠠᠮ ᠴᠢᠨᠠᠭᠰᠢᠲᠠ ᠭᠦᠨᠵᠡᠭᠡᠶ᠋ᠢᠷᠡᠭᠦᠯᠦᠨ ᠬᠥᠭᠵᠢᠭᠦᠯᠬᠦ ᠪᠠ ᠮᠣᠩᠭᠣᠯ ᠠᠷᠠᠳ ᠦ᠋ᠨ ᠠᠮᠠᠨ ᠵᠣᠬᠢᠶᠠᠯ ᠦ᠋ᠨ ᠳᠣᠲᠣᠷ᠎ᠠ ᠪᠠᠰᠠ ᠡᠶ᠋ᠢᠮᠦ ᠨᠢᠭᠡᠨ ᠲᠥᠷᠥᠯ ᠦ᠋ᠨ ᠵᠣᠬᠢᠶᠠᠯ  ᠪᠠᠶ᠋ᠢᠬ᠋᠎ᠠ ᠶ᠋ᠢ ᠣᠯᠠᠨ  ᠳ᠋ᠤ᠌ ᠮᠡᠲᠡᠭᠦᠯᠬᠦ ᠶ᠋ᠢᠨ ᠲᠤᠰᠠᠲᠠ ᠪᠢᠯᠡ ᠃
     1983 ᠣᠨ ᠪ 5 ᠰᠠᠷ᠎ᠠ  ᠳ᠋ᠤ᠌ ᠂ ᠥᠪᠥᠷ  ᠮᠣᠩᠭᠣᠯ ᠦ᠋ᠨ ᠨᠡᠶ᠋ᠢᠭᠡᠮ ᠦ᠋ᠨ ᠰᠢᠨᠵᠢᠯᠡᠬᠦ ᠤᠬᠠᠭᠠᠨ ᠪ ᠬᠦᠷᠢᠶᠡᠯᠡᠩ ᠦ᠋ᠨ ᠮᠣᠩᠭᠣᠯ ᠦᠨᠲᠦᠰᠦᠲᠡᠨ ᠪ ᠭᠦᠨ ᠤᠬᠠᠭᠠᠨ ᠪᠠ ᠨᠡᠶ᠋ᠢᠭᠡᠮ ᠦ᠋ᠨ ᠦᠵᠡᠯ ᠰᠠᠨᠠᠭᠠᠨ ᠪ ᠲᠡᠦᠬᠡ ᠶ᠋ᠢᠨ ᠰᠤᠲᠤᠯᠭᠠᠨ ᠪ ᠡᠷᠲᠡᠮ ᠰᠢᠨᠵᠢᠯᠡᠭᠡᠨ ᠪ ᠬᠤᠷᠠᠯ  ᠳ᠋ᠤ᠌ ᠂ ᠡᠨᠡᠬᠦ 《 ᠶᠢᠷᠲᠢᠨᠴᠦ ᠶ᠋ᠢᠨ ᠭᠤᠷᠪᠠ 》 ᠶ᠋ᠢᠨ ᠡᠮᠬᠢᠤᠠᠬᠡᠯ ᠪᠠ ᠥᠭᠦᠯᠡᠯ ᠶ᠋ᠢᠡᠨ ᠲᠣᠰᠣᠨ ᠪᠠᠷ ᠶ᠋ᠢᠠᠷ ᠲᠤᠰᠬᠠᠢ ᠳᠡᠪᠲᠡᠷ ᠪᠣᠯᠭᠠᠨ ᠳᠠᠷᠤᠮᠠᠯᠯᠠᠨ ᠳᠡᠪᠰᠢᠭᠦᠯᠦᠭᠡᠳ ᠂ ᠡᠷᠲᠡᠮᠲᠡᠳ ᠦ᠋ᠨ ᠠᠩᠬᠠᠷᠤᠯ ᠊ᠢ ᠲᠠᠲᠠᠵᠤ ᠬᠦᠷᠢᠶᠡᠯᠡᠯ ᠊ᠢ ᠣᠯᠤᠭᠰᠠᠨ ᠪᠠᠶ᠋ᠢᠨ᠎ᠠ ᠃ ᠲᠡᠭᠡᠭᠡᠳ ᠲᠤᠰ ᠡᠮᠬᠢᠤᠠᠬᠡᠯ ᠪᠠ ᠥᠭᠦᠯᠡᠯ ᠶ᠋ᠢᠡᠨ ᠠᠬᠢᠨ ᠳᠠᠬᠢᠨ ᠵᠠᠰᠠᠵᠤ ᠂ ᠰᠤᠷᠤᠯᠬ᠋᠎ᠠ ᠶ᠋ᠢᠨ ᠴᠢᠯᠥᠭᠡ ᠪᠡᠷ ᠬᠥᠲᠡᠭᠡ ᠪᠡᠷ ᠲᠣᠭᠣᠷᠢᠵᠤ ᠂ ᠡᠪᠦᠭᠡᠳ ᠨᠠᠰᠤᠲᠠᠳ ᠦ᠋ᠨ ᠶᠠᠷᠢᠶᠠᠨ ᠠ᠋ᠴᠠ ᠪᠠᠰᠠ ᠨᠡᠯᠢᠶᠡᠳ ᠊ᠢ ᠲᠡᠮᠲᠡᠭᠡᠯᠡ ᠣᠷᠣᠭᠤᠯᠵᠠᠢ ᠃
      ᠣᠷᠣᠨ ᠨᠤᠲᠤᠭ ᠪᠠ ᠣᠯᠠᠨ ᠬᠥᠮᠦᠰ ᠦ᠋ᠨ ᠤᠯᠠᠮᠵᠢᠯᠠᠨ ᠶᠠᠷᠢᠵᠤ ᠪᠠᠶ᠋ᠢᠬ᠋᠎ᠠ ᠨᠢ ᠬᠣᠭᠣᠷᠣ ᠬᠣᠭᠣᠷᠣᠨᠲᠣ ᠪᠠᠨ ᠵᠥᠷᠢᠶ᠎ᠡ ᠲᠡᠢ ᠪᠣᠯᠬᠣᠷ ᠣᠯᠠᠨ ᠬᠤᠪᠢᠯᠪᠤᠷᠢ ᠲᠠᠢ ᠪᠢᠯᠡ ᠃ ᠰᠤᠲᠤᠯᠭᠠᠨ  ᠳ᠋ᠤ᠌ ᠠᠰᠢᠬᠲᠠᠢ ᠶ᠋ᠢ ᠪᠣᠲᠣᠯᠬᠢᠯᠠᠨ ᠲᠡᠲᠡᠭᠡᠷ ᠣᠯᠠᠨ ᠬᠤᠪᠢᠯᠪᠤᠷᠢ ᠶ᠋ᠢ ᠡᠮᠬᠢᠤᠠᠬᠡᠯ  ᠳ᠋ᠤ᠌ ᠪᠦᠬᠦᠨ ᠊ᠢ ᠣᠷᠣᠭᠤᠯᠤᠭᠰᠠᠨ ᠪᠠᠶ᠋ᠢᠨ᠎ᠠ ᠃ ᠮᠥᠨᠴᠥ ᠶᠢᠷᠲᠢᠨᠴᠦ ᠶ᠋ᠢᠨ ᠭᠤᠷᠪᠠ ᠶ᠋ᠢᠨ ᠡᠭᠦᠰᠦᠯᠲᠡ ᠬᠥᠭᠵᠢᠯᠲᠡ ᠶ᠋ᠢᠨ ᠲᠡᠦᠬᠡ ᠶ᠋ᠢ ᠰᠤᠲᠤᠯᠬᠤ  ᠳ᠋ᠤ᠌ ᠠᠰᠢᠬᠲᠠᠢ ᠨᠥᠬᠥᠴᠡᠯ ᠪᠦᠷᠢᠯᠲᠦᠭᠦᠯᠬᠦ ᠶ᠋ᠢᠨ ᠲᠤᠰᠠᠲᠠ ᠂ ᠮᠣᠩᠭᠣᠯ ᠦᠨᠲᠦᠰᠦᠲᠡᠨ ᠪ ᠲᠤᠯᠭᠤᠷ ᠨᠣᠮ ᠪᠣᠯᠬᠤ 《 ᠨᠢᠭᠤᠴᠠ ᠲᠣᠪᠴᠢᠶᠠᠨ 》 ᠂ 《 ᠰᠢᠷ᠎ᠠ ᠲᠤᠭᠤᠵᠢ 》 ᠂ 《 ᠬᠤᠷᠢᠶᠠᠩᠭᠤᠢ ᠠᠯᠲᠠᠨ ᠲᠣᠪᠴᠢ 》 ᠂ 《 ᠠᠷᠵᠠᠢ ᠪᠤᠷᠵᠠᠢ ᠬᠠᠭᠠᠨ 》 ᠂ 《 ᠵᠠᠭᠤᠨ ᠪᠢᠯᠢᠭ 》 ᠪᠠ ᠣᠶ᠋ᠢᠷ᠎ᠠ ᠶ᠋ᠢᠨ ᠰᠣᠨᠢᠨ ᠰᠡᠤᠠᠭᠦᠯ ᠳᠡᠭᠡᠷ᠎ᠡ ᠨᠡᠢᠲᠡᠯᠡᠭᠰᠡᠨ ᠪᠦᠬᠦᠨ ᠊ᠢ ᠡᠮᠬᠢᠤᠠᠬᠡᠯ  ᠳ᠋ᠤ᠌ ᠵᠠᠰᠠᠯᠲᠠ ᠦᠭᠡᠢ ᠪᠡᠷ 《 ᠲᠤᠯᠭᠤᠷ ᠨᠣᠮ ᠵᠣᠬᠢᠶᠠᠯ  ᠳ᠋ᠤ᠌ 》 ᠬᠡᠮᠡᠨ ᠲᠤᠰᠬᠠᠢ ᠨᠢᠭᠡ ᠭᠡᠰᠡᠭ ᠪᠣᠯᠭᠠᠨ ᠰᠢᠯᠵᠢᠭᠦᠯᠦᠨ ᠣᠷᠣᠭᠤᠯᠤᠭᠰᠠᠨ ᠶ᠋ᠢᠠᠨ ᠮᠡᠳᠡᠭᠳᠡᠶ᠎ᠡ ! ᠮᠥᠨᠴᠥ ᠰᠤᠲᠤᠯᠭᠠᠨ ᠪ ᠪᠦᠬᠦ ᠲᠠᠯ᠎ᠠ ᠪᠠᠷ ᠭᠦᠨᠵᠡᠭᠡᠢ ᠶᠠᠪᠤᠭᠲᠠᠬᠤ ᠶ᠋ᠢ ᠪᠣᠲᠣᠯᠬᠢᠯᠠᠨ ᠠᠭᠤᠯᠬ᠋᠎ᠠ ᠶ᠋ᠢᠨ ᠲᠠᠯ᠎ᠠ ᠪᠠᠷ ᠨᠠᠵᠠᠭᠠᠢ ᠵᠦᠢᠯᠡᠰ ᠊ᠢ ᠴᠦ᠍ ᠲᠡᠮᠲᠡᠭᠡᠯᠡ ᠣᠷᠣᠭᠤᠯᠵᠠᠢ ᠃ ᠡᠨᠡ  ᠨᠢ ᠬᠡᠲᠦᠶ᠋ᠢᠪᠡᠷ ᠨᠠᠵᠠᠭᠠᠢ ᠠᠭᠤᠯᠬ᠋᠎ᠠ ᠲᠠᠢ ᠪᠣᠯᠪᠠᠴᠤ ᠂ ᠵᠣᠬᠢᠬᠤ ᠴᠠᠭ ᠦᠶ᠎ᠡ ᠶ᠋ᠢᠨ ᠪᠠᠶ᠋ᠢᠲᠠᠯ ᠊ᠢ ᠬᠠᠷᠠᠭᠤᠯᠤᠨ ᠲᠡᠮᠲᠡᠭᠯᠡᠵᠦ ᠪᠠᠶ᠋ᠢᠨ᠎ᠠ ᠃ ᠪᠢᠲᠡ ᠶᠠᠮᠠᠷ ᠨᠢᠭᠡᠨ ᠶᠠᠪᠤᠲᠠᠯ ᠊ᠢ ᠣᠲᠣᠬᠢ ᠨᠢᠲᠦ ᠪᠡᠷ ᠦᠵᠡᠭᠡᠳ ᠪᠣᠯᠬᠤ ᠪᠢᠰᠢ ᠂ ᠡᠷᠬᠡᠪᠰᠢ ᠲᠡᠷᠡᠬᠦ  ᠴᠠᠭ  ᠬᠤᠭᠤᠴᠠᠭᠠᠨ᠎ᠠ ᠣᠷᠴᠢᠨ ᠲᠣᠭᠣᠷᠢᠨ ᠳ᠋ᠤᠨᠢ ᠠᠪᠠᠴᠢᠵᠤ ᠦᠵᠡᠬᠦ ᠬᠡᠷᠡᠭᠲᠡᠢ ᠃
     ᠬᠤᠪᠢ ᠬᠥᠮᠦᠨ ᠪ ᠮᠡᠲᠡᠯᠭᠡ ᠶ᠋ᠢᠨ ᠬᠢᠵᠠᠭᠠᠷ ᠂  ᠴᠠᠭ ᠦ᠋ᠨ ᠪᠠᠴᠢᠮ ᠠ᠋ᠴᠠ ᠪᠣᠯᠵᠤ ᠂ ᠠᠷᠠᠳ ᠦ᠋ᠨ ᠳᠤᠮᠳᠠᠬᠢ ᠨᠡᠩ ᠣᠯᠠᠨ ᠴᠢᠨᠠᠷ ᠰᠠᠶ᠋ᠢᠲᠠᠢ ᠵᠢᠱ᠌ᠢᠶ᠎ᠡ ᠪᠠᠷᠢᠮᠲᠠ ᠶ᠋ᠢ ᠲᠡᠷᠡ ᠪᠦᠬᠦᠨ ᠊ᠢ ᠣᠯᠵᠤ ᠡᠮᠬᠢᠤᠠᠬᠡᠵᠦ ᠴᠢᠲᠠᠭᠰᠠᠨ ᠦᠭᠡᠢ ᠨᠢ ᠮᠡᠲᠡᠭᠡᠵᠢ ᠶ᠋ᠢᠨ ᠬᠡᠷᠡᠭ ᠃ ᠮᠥᠨᠴᠥ ᠡᠲᠡᠭᠡᠷ ᠣᠯᠵᠤ ᠡᠮᠬᠢᠳᠬᠡᠭᠰᠡᠨ ᠵᠢᠱ᠌ᠢᠶ᠎ᠡ ᠪᠠᠷᠢᠮᠲᠠ ᠳᠣᠲᠣᠷ᠎ᠠ ᠴᠦ᠍ ᠪᠢᠰᠢᠭᠦᠢ ᠣᠯᠠᠨ ᠡᠨᠲᠡᠭᠦᠦ ᠲᠡᠰᠢᠶ᠎ᠡ ᠪᠠᠶ᠋ᠢᠬᠤ ᠨᠢ ᠳᠠᠮᠵᠢᠬ ᠦᠭᠡᠢ ᠂ ᠡᠷᠲᠡᠮᠲᠡᠨ ᠰᠤᠲᠤᠯᠭᠠᠲᠠᠨ ᠨᠠᠷ ᠵᠠᠰᠠᠨ ᠵᠠᠯᠠᠷᠠᠭᠤᠯᠵᠤ ᠂ ᠨᠠᠨᠲᠢᠨ ᠰᠠᠨᠠᠯ ᠶ᠋ᠢᠠᠨ ᠳᠤᠷᠠᠳᠤᠨ ᠥᠭᠴᠦ ᠂ ᠳᠠᠷᠠᠭᠠᠴᠢ ᠪᠠᠷ ᠣᠷᠴᠢᠭᠤᠯᠤᠨ ᠬᠡᠪᠯᠡᠭᠦᠯᠬᠦ ᠪᠡᠷ ᠪᠡᠯᠡᠤᠠᠬᠡᠵᠦ ᠪᠠᠶ᠋ᠢᠬ᠋᠎ᠠ 《 ᠶᠢᠷᠲᠢᠨᠴᠦ ᠶ᠋ᠢᠨ ᠭᠤᠷᠪᠠ 》  ᠳ᠋ᠤ᠌ ᠳᠡᠮᠵᠢᠯᠭᠡ ᠦᠵᠡᠭᠦᠯᠬᠦ ᠪᠣᠯᠪᠠᠤ ! ᠮᠥᠨᠴᠥ ᠰᠢᠨᠵᠢᠯᠡᠵᠦ ᠰᠤᠲᠤᠯᠬᠤ ᠳ᠋ᠠᠭᠠᠨ ᠬᠡᠷᠡᠭᠴᠡᠭᠡ ᠪᠡᠨ ᠦᠵᠡᠵᠦ ᠂ ᠰᠣᠲᠣ ᠶ᠋ᠢ ᠨᠢ ᠠᠪᠴᠤ ᠂ ᠰᠢᠭᠠᠷᠤ ᠶ᠋ᠢ ᠨᠢ ᠲᠠᠶᠠᠭᠲᠠᠬᠤ ᠪᠣᠯᠪᠠᠤ !
     ᠲᠤᠰ ᠪᠢᠴᠢᠭ ᠊ᠢ ᠡᠮᠬᠢᠤᠠᠬᠡᠨ ᠨᠠᠶ᠋ᠢᠷᠠᠭᠤᠯᠬᠤ  ᠳ᠋ᠤ᠌ ᠬᠠᠷᠠᠮ ᠦᠭᠡᠢ ᠳᠡᠮᠵᠢᠯᠭᠡ ᠦᠵᠡᠭᠦᠯᠦᠭᠰᠡᠨ ᠰᠣᠶᠣᠯ ᠦ᠋ᠨ ᠬᠡᠪᠯᠡᠯ ᠦ᠋ᠨ ᠬᠣᠷᠢᠶᠠᠨ ᠪ ᠦᠨᠡᠨᠴᠢ ᠂ ᠪᠢᠴᠢᠭᠲᠦ ᠬᠣᠶᠠᠷ ᠳᠠᠷᠤᠬ᠋᠎ᠠ ᠵᠢᠴᠢ ᠲᠤᠰ ᠪᠢᠴᠢᠭ ᠊ᠢ ᠬᠢᠨᠠᠵᠤ ᠵᠠᠰᠠᠵᠤ ᠡᠷᠬᠢᠮ ᠰᠠᠨᠠᠯ ᠶ᠋ᠢᠠᠨ ᠥᠭᠭᠦᠭᠰᠡᠨ ᠲᠣᠭᠣᠬ᠋᠎ᠠ ᠂ ᠰᠣᠤᠠᠨᠠᠮᠸᠠᠩᠵᠠᠯ ᠵᠡᠷᠭᠡ ᠪᠠᠭᠰᠢᠨᠠᠷ ᠲᠤ ᠴᠢᠩ ᠰᠡᠤᠠᠬᠢᠯ ᠦ᠋ᠨ ᠲᠠᠯᠠᠷᠬᠠᠯ ᠶ᠋ᠢᠠᠨ ᠳᠡᠪᠰᠢᠭᠦᠯᠦᠶ᠎ᠡ !

                          ᠱ ᠂ ᠪᠤᠶᠠᠨᠲᠣᠭᠲᠣᠬᠤ   
                          1985 .1.10 ᠯᠠᠨᠵᠸᠦ ᠬᠣᠲᠠᠨ᠎ᠠ 


           ᠦᠰᠦᠭ  ᠠᠮᠢᠯᠠᠭᠤᠯᠤᠭᠰᠠᠨ ᠨᠢ ᠄     ᠮᠢᠩᠭᠠᠳ · ᠴᠢᠮᠡᠭ
                ᠬᠢᠨᠠᠭᠴᠢ ᠄   ᠬᠠᠷᠠᠨᠤᠳ · ᠲᠤᠶᠠᠭ᠎ᠠ  ᠂  ᠬᠠᠳᠠᠴᠢ · ᠤᠷᠠᠨ᠎ᠠ