ᠵᠣᠬᠢᠶᠠᠨ ᠪᠢᠴᠢᠯᠭᠡ᠎  ᠶ᠋ᠢᠨ ᠪᠣᠯᠪᠠᠰᠤᠷᠠᠯ( ᠬᠡᠯᠡ ᠪᠢᠴᠢᠭ – ᠶᠢᠰᠦᠳᠦᠭᠡᠷ ᠳᠡᠪᠲᠡᠷ) Зохион бичлэгийн боловсрол( Хэл бичиг – Есдүгээр дэвтэр) ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠣᠬᠢᠶᠠᠨ ᠪᠢᠴᠢᠯᠭᠡ᠎  ᠶ᠋ᠢᠨ ᠪᠣᠯᠪᠠᠰᠤᠷᠠᠯ( ᠬᠡᠯᠡ ᠪᠢᠴᠢᠭ – ᠶᠢᠰᠦᠳᠦᠭᠡᠷ ᠳᠡᠪᠲᠡᠷ) Зохион бичлэгийн боловсрол( Хэл бичиг – Есдүгээр дэвтэр)

ᠵᠣᠬᠢᠶᠠᠨ ᠪᠢᠴᠢᠯᠭᠡ᠎  ᠶ᠋ᠢᠨ ᠪᠣᠯᠪᠠᠰᠤᠷᠠᠯ( ᠬᠡᠯᠡ ᠪᠢᠴᠢᠭ – ᠶᠢᠰᠦᠳᠦᠭᠡᠷ ᠳᠡᠪᠲᠡᠷ) Зохион бичлэгийн боловсрол( Хэл бичиг – Есдүгээр дэвтэр)

2023-04-25

322

ᠵᠣᠬᠢᠶᠠᠨ ᠪᠢᠴᠢᠯᠭᠡ᠎  ᠶ᠋ᠢᠨ ᠪᠣᠯᠪᠠᠰᠤᠷᠠᠯ


     ᠵᠣᠬᠢᠶᠠᠯ ᠵᠣᠬᠢᠶᠠᠬᠤ ᠶ᠋ᠢ ᠡᠬᠢᠯᠡᠵᠦ ᠰᠤᠷᠴᠤ ᠪᠠᠶ᠋ᠢᠬ᠋᠎ᠠ ᠪᠠᠬ᠋᠎ᠠ ᠨᠥᠬᠥᠳ ᠲᠤ ᠠᠪᠴᠤ ᠬᠡᠯᠡᠪᠡᠯ ᠂  ᠦᠪᠡᠷ ᠦ᠋ᠨ ᠤᠷᠴᠢᠡ ᠲᠤᠭᠤᠷᠢᠠ ᠪ ᠪᠠᠨ  ᠬᠡᠷᠡᠭ ᠶᠠᠪᠤᠲᠠᠯ ᠊ᠢ ᠨᠠᠷᠢᠨ ᠨᠢᠮᠪᠠᠢ ᠠᠵᠢᠬᠯᠠᠨ ᠂   ᠦᠵᠡᠭᠰᠡᠨ ᠂ ᠰᠣᠨᠣᠰᠤᠭᠰᠠᠨ ᠂   ᠦᠢᠯᠡᠳᠦᠭᠰᠡᠨ ᠶᠠᠪᠤᠲᠠᠯ ᠶ᠋ᠢᠠᠨ ᠡᠪᠯᠡᠭᠦᠯᠦᠨ ᠡᠮᠬᠢᠯᠡᠵᠦ ᠂  ᠲᠡᠮᠳᠡᠭᠯᠡᠨ ᠲᠣᠭᠠᠴᠢᠵᠤ ᠰᠤᠷᠬᠤ ᠪᠣᠯ ᠵᠣᠬᠢᠶᠠᠨ ᠪᠢᠴᠢᠯᠭᠡ ᠶ᠋ᠢᠨ ᠰᠠᠭᠤᠷᠢ ᠎ᠶ᠋ᠢ ᠲᠠᠯᠪᠢᠬᠤ  ᠳ᠋ᠤ᠌  ᠶᠡᠬᠡ ᠲᠤᠰᠠᠯᠠᠮᠵᠢ ᠪᠤᠯᠲᠠᠭ ᠶᠤᠮ ᠃
      ᠳᠣᠣᠷᠠᠬᠢ ᠵᠣᠬᠢᠶᠠᠯ ᠦ᠋ᠨ ᠨᠢᠭᠡ ᠨᠢ ᠪᠤᠯ ᠬᠡᠲᠦᠡ ᠰᠤᠷᠤᠭᠴᠢ ᠶ᠋ᠢᠨ ᠶᠠᠷᠢᠯᠴᠠᠭᠠᠨ ᠪ ᠲᠡᠮᠲᠡᠭᠯᠡᠯ ᠂  ᠨᠥᠭᠦᠭᠡ ᠨᠢ ᠪᠤᠯ ᠨᠢᠭᠡ ᠰᠤᠷᠤᠭᠴᠢ ᠶ᠋ᠢᠨ ᠴᠢᠯᠥᠭᠡᠨ ᠪ ᠬᠤᠭᠤᠴᠠᠭᠠᠠ  ᠳ᠋ᠠᠭᠠᠨ  ᠬᠢᠭᠰᠡᠨ  ᠠᠵᠢᠯ ᠶ᠋ᠢᠠᠨ ᠲᠡᠮᠳᠡᠭᠯᠡᠨ  ᠲᠣᠭᠠᠴᠢᠬᠰᠠᠨ  ᠵᠢᠵᠢᠭ᠌ ᠨᠠᠶ᠋ᠢᠷᠠᠭᠤᠯᠤᠯ ᠶᠤᠮ ᠃  ᠪᠠᠬ᠋᠎ᠠ ᠨᠥᠬᠥᠳ ᠮᠢᠨᠢ ᠳᠣᠣᠷᠠᠬᠢ ᠬᠣᠶᠠᠷ ᠵᠣᠬᠢᠶᠠᠯ ᠶ᠋ᠢᠠᠷ ᠥᠯᠢᠭᠡᠷ ᠵᠢᠱ᠌ᠢᠶ᠎ᠡ ᠪᠤᠯᠭᠠᠠ ᠪᠡᠶ᠎ᠡ ᠪᠡᠨ ᠳᠠᠭᠠᠭᠠᠵᠤ ᠳᠥᠬᠥᠮᠬᠡᠨ ᠲᠡᠮᠲᠡᠭᠯᠡᠨ ᠲᠣᠭᠠᠴᠢᠬᠰᠠᠨ ᠵᠣᠬᠢᠶᠠᠯ ᠊ᠢ ᠠᠷᠪᠢᠨ ᠪᠢᠴᠢᠵᠦ ᠪᠣᠯᠪᠠᠰᠤᠷᠠᠬᠤ  ᠬᠡᠷᠡᠭᠲᠡᠢ ᠃
     
                  ᠶᠠᠷᠢᠯᠴᠠᠭᠠᠨ ᠪ ᠲᠡᠮᠲᠡᠭᠯᠡᠯ

    ᠳᠣᠷᠣᠨ᠎ᠠ ᠄  ᠮᠠᠷᠭᠠᠰᠢ ᠶ᠋ᠢᠨ   ᠪᠠᠭᠠᠴᠤᠳ ᠦ᠋ᠨ  ᠪᠠᠶᠠᠷ ᠦ᠋ᠨ ᠡᠲᠦᠷ ᠊ᠢ ᠪᠡᠯᠭᠡᠯᠡᠬᠦ ᠶᠡᠬᠡ ᠬᠤᠷᠠᠯ ᠦ᠋ᠨ ᠪᠡᠯᠡᠦᠡᠬᠡᠯ ᠠᠵᠢᠯ ᠠ᠋ᠴᠠ ᠪᠠᠰᠠ ᠶᠠᠭᠤ ᠶᠠᠭᠤ ᠶ᠋ᠢ ᠬᠢᠭᠡᠲᠦᠢ ᠪᠢᠯᠡ?   ᠦᠯᠡᠳᠡᠭᠰᠡᠨ ᠠᠵᠢᠯ ᠶ᠋ᠢᠠᠨ ᠪᠢᠲᠡ ᠡᠭᠦᠷᠭᠡ  ᠬᠤᠪᠢᠲᠠᠭᠠᠳ ᠠᠪᠴᠢᠬᠠᠶ᠎ᠠ ᠃
   ᠲᠥᠪ ᠄  ᠮᠠᠠ ᠪ ᠪᠡᠯᠡᠦᠡᠬᠡᠯ ᠠᠵᠢᠯ ᠤᠲᠤ ᠨᠡᠯᠢᠶᠡᠳ  ᠵᠦᠭᠰᠢᠷᠡᠵᠦ ᠪᠠᠶ᠋ᠢᠨ᠎ᠠ ᠃  ᠡᠲᠦᠭᠡ ᠭᠣᠣᠯ  ᠨᠢ ᠯᠣᠽᠦ᠋ᠩ ᠪᠢᠴᠢᠬᠦ ᠨᠢᠭᠡ ᠴᠢᠬᠤᠯᠠ ᠠᠵᠢᠯ ᠪᠤᠢ  ᠂  ᠯᠣᠽᠦ᠋ᠩ ᠦ᠋ᠨ ᠥᠭᠦᠯᠡᠪᠦᠷᠢ ᠶ᠋ᠢ ᠣᠬᠣᠷᠬᠠᠨ ᠪᠦᠭᠡᠦᠡ ᠣᠶ᠋ᠢᠯᠠᠭᠠᠮᠵᠢᠲᠠᠢ ᠲᠣᠲᠣ ᠴᠡᠪᠡᠷᠬᠡᠨ ᠪᠢᠴᠢᠬᠦ  ᠬᠡᠷᠡᠭᠲᠡᠢ ᠃  ᠡᠭᠦᠡ ᠊ᠢ ᠬᠡᠡ ᠪᠢᠴᠢᠪᠡᠯ ᠳᠡᠭᠡᠷ᠎ᠡ ᠪᠤᠢ?
   ᠰᠠᠷᠠᠨ᠎ᠠ ᠄  ᠤᠷᠢᠲᠠᠪᠡᠷ ᠤᠯᠠᠠ ᠶ᠋ᠢᠠᠷ ᠶ᠋ᠢᠠᠨ ᠠᠭᠤᠯᠬ᠋᠎ᠠ ᠶ᠋ᠢ ᠨᠢ ᠲᠣᠭᠲᠠᠭᠠᠶ᠎ᠠ!
   ᠠᠶᠤᠩᠬ᠋᠎ᠠ ᠄ 《 6 ·1 》 ᠪ ᠪᠠᠭᠠᠴᠤᠳ ᠦ᠋ᠨ ᠪᠠᠶᠠᠷ ᠊ᠢ ᠪᠠᠶᠠᠷᠯᠠᠨ ᠪᠡᠯᠭᠡᠯᠡᠶ᠎ᠡ! ᠬᠡᠵᠦ ᠪᠢᠴᠢᠶ᠎ᠡ ᠃
   ᠣᠶᠤᠨ ᠄ 《 ᠴᠢᠷᠮᠠᠶ᠋ᠢᠨ ᠰᠤᠷᠤᠯᠴᠠᠵᠤ ᠰᠢᠡᠵᠢᠯᠡᠬᠦ ᠤᠠᠬᠠᠭᠠ ᠪ ᠤᠷᠭᠢᠯ  ᠳ᠋ᠤ᠌  ᠭᠠᠷᠤᠶ᠎ᠠ! 》 ᠬᠡᠵᠦ ᠪᠢᠴᠢᠶ᠎ᠡ ᠃
   ᠳᠠᠮᠳᠢᠨ ᠄ 《 ᠪᠠᠭᠰᠢ ᠪᠠᠨ ᠬᠦᠡᠲᠦᠯᠡᠵᠦ ᠪᠠᠬ᠋᠎ᠠ ᠨᠥᠬᠥᠳ ᠶ᠋ᠢᠡᠨ ᠬᠠᠶ᠋ᠢᠷᠠᠯᠠᠶ᠎ᠠ!  》 ᠬᠡᠵᠦ ᠪᠢᠴᠢᠶ᠎ᠡ ᠃
    ᠮᠢᠭᠮᠡᠷ ᠄ 《 ᠨᠠᠶ᠋ᠢᠲᠠ ᠶ᠋ᠢᠨ ᠡᠳ᠋ ᠬᠥᠷᠥᠩᠭᠡ ᠶ᠋ᠢ ᠬᠠᠶ᠋ᠢᠷᠠᠯᠠᠵᠤ ᠬᠠᠮᠠᠭᠠᠯᠠᠶ᠎ᠠ!  》  ᠭᠡᠳᠡᠭ ᠊ᠢ ᠣᠷᠣᠭᠤᠯᠤᠶ᠎ᠠ ᠃
    ᠬᠥᠭᠵᠢᠯᠲᠦ ᠄   ᠤᠲᠤ ᠪᠣᠯᠵᠠᠢ!  ᠬᠤᠷᠠᠯ ᠦ᠋ᠨ ᠭᠡᠷ ᠊ᠢ ᠯᠣᠽᠦ᠋ᠩ ᠶ᠋ᠢᠡᠷ ᠳᠦᠭᠦᠷᠭᠡᠬᠦ ᠦᠭᠡᠢ ᠯᠡ ᠶᠤᠮ ᠪᠣᠯ ᠪᠦᠷ ᠪᠣᠯᠴᠢᠬᠠᠨ᠎ᠠ ᠃ ᠤᠲᠤ ᠬᠠᠷᠢᠨ ᠪᠠᠭᠰᠢ ᠨᠠᠷ ᠊ᠢ ᠤᠷᠢᠬᠤ ᠤᠷᠢᠯᠬ᠋᠎ᠠ ᠶ᠋ᠢᠨ  ᠪᠢᠴᠢᠭ᠌ ᠪᠢᠴᠢᠬᠦ ᠴᠢᠬᠤᠯᠠ ᠲᠠᠢ ᠪᠠᠶ᠋ᠢᠨ᠎ᠠ ᠳ᠋ᠠ ᠂  ᠤᠷᠢᠯᠬ᠋᠎ᠠ ᠶ᠋ᠢᠨ  ᠪᠢᠴᠢᠭ᠌ ᠊ᠢ ᠶᠠᠭᠠᠬᠢᠵᠤ  ᠪᠢᠴᠢᠳᠡᠭ ᠶᠤᠮ?  ᠬᠡᠡ ᠪᠢᠴᠢᠬᠦ ᠪᠤᠢ?
    ᠭᠠᠯᠲᠠᠠ ᠄  ᠮᠠᠠ ᠪ ᠶᠡᠬᠡ ᠠᠩᠬᠢ ᠶ᠋ᠢᠨ ᠳᠠᠷᠤᠬ᠋᠎ᠠ ᠠᠯᠢ ᠡᠷᠲᠡ ᠪᠢᠴᠢᠭᠡᠳ ᠪᠡᠯᠡᠡ ᠪᠤᠯᠭᠠᠴᠢᠬᠠᠭᠰᠠᠠ ᠃
     ᠬᠥᠭᠵᠢᠯᠲᠦ ᠄  ᠦ!  ᠲᠡᠶ᠋ᠢᠮᠦ ᠪᠣᠯ ᠤᠯᠠᠠ  ᠳ᠋ᠤ᠌  ᠤᠩᠰᠢᠴᠢᠬ᠎ᠠ  ᠃
     ᠶᠠᠬᠡ  ᠠᠩᠭᠢ ᠶ᠋ᠢᠨ ᠳᠠᠷᠤᠬ᠋᠎ᠠ ᠳᠣᠷᠣᠨ᠎ᠠ ᠄  ᠪᠢ ᠤᠩᠰᠢᠶ᠎ᠠ ᠂  ᠲᠠ ᠨᠠᠷ ᠰᠣᠨᠣᠰᠴᠤ ᠪᠠᠢ ᠂  ᠲᠠᠭᠠᠷᠠᠬᠤ ᠦᠭᠡᠢ ᠭᠠᠵᠠᠷ ᠊ᠢ ᠨᠢ ᠵᠠᠰᠠᠶ᠎ᠠ ᠃

          ᠤᠷᠢᠯᠬ᠋᠎ᠠ ᠶ᠋ᠢᠨ  ᠪᠢᠴᠢᠭ᠌

 ᠬᠦᠡᠲᠦᠲᠦ ᠪᠠᠭᠰᠢ ᠨᠠᠷ ᠡ ᠄
      ᠮᠠᠠ ᠪ ᠶᠡᠬᠡ ᠠᠩᠬᠢ ᠮᠠᠷᠭᠠᠰᠢ  ᠥᠷᠯᠥᠭᠡᠨ ᠪ ᠨᠠᠢ᠍ᠮᠠᠨ ᠴᠠᠭ ᠲᠤ ᠪᠠᠭᠠᠴᠤᠳ ᠦ᠋ᠨ ᠪᠠᠶᠠᠷ ᠦ᠋ᠨ ᠡᠲᠦᠷ ᠊ᠢ ᠪᠡᠯᠭᠡᠯᠡᠬᠦ ᠶᠡᠬᠡ ᠬᠤᠷᠠᠯ ᠬᠢᠨ᠎ᠡ ᠃ ᠬᠤᠷᠠᠯ ᠳᠡᠭᠡᠷ᠎ᠡ ᠴᠢᠷᠮᠠᠶ᠋ᠢᠨ ᠰᠤᠷᠤᠯᠴᠠᠲᠠᠭ ᠤᠠᠴᠠ ᠰᠤᠷᠤᠯᠭᠠᠲᠠᠨ  ᠳ᠋ᠤ᠌  ᠱᠠᠩᠨᠠᠯ  ᠥᠭᠭᠦᠨ᠎ᠡ ᠂  ᠵᠢᠱ᠌ᠢᠶᠡᠴᠢ ᠬᠣᠰᠢᠭᠤᠴᠢ ᠠᠩᠬᠢ ᠶ᠋ᠢᠨ ᠭᠡᠰᠢᠭᠦᠨ ᠊ᠢ ᠱᠠᠩᠨᠠᠨ᠎ᠠ ᠃
       ᠰᠢᠯᠦᠭ ᠤᠩᠰᠢᠨ᠎ᠠ ᠂  ᠥᠯᠢᠭᠡᠷ ᠶᠠᠷᠢᠨ᠎ᠠ ᠂  ᠣᠷᠣᠢ ᠶ᠋ᠢᠨ ᠲᠤᠯᠤᠭᠠᠠ ᠴᠠᠭ ᠲᠤ ᠪᠠᠰᠠ ᠲᠣᠭᠯᠠᠯᠲᠠ ᠲᠠᠢ ᠃  ᠬᠦᠡᠲᠦᠲᠦ ᠪᠠᠭᠰᠢ ᠨᠠᠷ ᠮᠣᠷᠢᠯᠠᠨ ᠢᠷᠡᠵᠦ ᠵᠢᠭᠠᠠ ᠵᠢᠯᠤᠭᠤᠤᠠᠬᠤ ᠪᠣᠯᠪᠠ ᠦ᠋ᠦ!
                 
                 ᠪᠠᠶᠠᠩᠬᠤᠸᠠ ᠪᠠᠬ᠋᠎ᠠ ᠰᠤᠷᠭᠠᠭᠤᠯᠢ ᠶ᠋ᠢᠨ ᠪᠠᠭᠠᠴᠤᠳ ᠦ᠋ᠨ ᠬᠣᠰᠢᠭᠤᠴᠢ ᠠᠩᠬᠢ ᠶ᠋ᠢᠨ ᠶᠡᠬᠡ ᠠᠩᠬᠢ ᠠ᠋ᠴᠠ

          1981 ᠤᠠ ᠪ ᠲᠠᠪᠤᠲᠤᠭᠠᠷ ᠰᠠᠷ᠎ᠠ ᠶ᠋ᠢᠨ ᠭᠤᠴᠢᠨ ᠨᠢᠭᠡᠨ᠎ᠡ

        ᠨᠠᠪᠴᠢ ᠄  ᠬᠥᠶᠢ!  ᠡᠨᠡ ᠴᠢᠨᠢ ᠬᠤᠷᠠᠯ ᠬᠢᠬᠦ ᠪᠡᠨ  ᠮᠡᠳᠡᠭᠳᠡᠵᠦ ᠪᠠᠶ᠋ᠢᠬ᠋᠎ᠠ  ᠮᠡᠳᠡᠭᠳᠡᠯ ᠦ᠋ᠨ   ᠪᠢᠴᠢᠭ᠌ ᠪᠣᠯᠴᠢᠬᠠᠭᠰᠠᠨ ᠪᠢᠰᠢ ‍ᠦᠦ?  ᠤᠷᠢᠯᠬ᠋᠎ᠠ ᠶ᠋ᠢᠨ  ᠪᠢᠴᠢᠭ᠌ ᠪᠤᠯ ᠵᠥᠪᠬᠡᠨ ᠤᠷᠢᠬᠤ ᠡᠲᠡᠭᠡᠳ ᠲᠡᠭᠡᠨ ᠬᠡᠵᠢᠶ᠎ᠡ ᠬᠠᠮᠢᠬ᠋᠎ᠠ ᠶᠠᠮᠠᠷ ᠬᠤᠷᠠᠯ ᠬᠢᠬᠦ ᠪᠡᠨ ᠳᠥᠭᠥᠮ ᠶ᠋ᠢᠡᠷ  ᠮᠡᠳᠡᠭᠳᠡᠵᠦ ᠤᠷᠢᠬᠰᠠᠭᠠᠷ ᠪᠣᠯᠴᠢᠬᠠᠬᠤ ᠪᠢᠰᠢ ‍ᠦᠦ?
    ᠤᠯᠠᠠ ᠶ᠋ᠢᠠᠷ ᠶ᠋ᠢᠠᠨ ᠄  ᠨᠠᠪᠴᠢ ᠶ᠋ᠢᠨ ᠬᠡᠯᠡᠵᠦ ᠪᠠᠶ᠋ᠢᠬᠤ ᠲᠠᠭᠠᠷᠠᠵᠤ ᠪᠠᠶ᠋ᠢᠨ᠎ᠠ ᠃  ᠤᠷᠢᠯᠬ᠋᠎ᠠ ᠶ᠋ᠢᠨ  ᠪᠢᠴᠢᠭ᠌ ᠶ᠋ᠢᠡᠨ  ᠢᠩᠬᠢᠵᠦ ᠵᠠᠰᠠᠶ᠎ᠠ ᠃

          ᠤᠷᠢᠯᠬ᠋᠎ᠠ ᠶ᠋ᠢᠨ  ᠪᠢᠴᠢᠭ᠌

 ᠬᠦᠡᠲᠦᠲᠦ ᠪᠠᠭᠰᠢ × × × ᠲᠠᠨ᠎ᠠ ᠄
       ᠮᠠᠠ ᠪ ᠶᠡᠬᠡ ᠠᠩᠬᠢ ᠵᠢᠷᠭᠤᠲᠤᠭᠠᠷ ᠰᠠᠷ᠎ᠠ ᠶ᠋ᠢᠨ ᠨᠢᠭᠡᠡ ᠪ ᠥᠷᠯᠥᠭᠡ ᠶ᠋ᠢᠨ ᠨᠠᠢ᠍ᠮᠠᠨ ᠴᠠᠭ ᠲᠤ ᠰᠤᠷᠭᠠᠭᠤᠯᠢ ᠶ᠋ᠢᠨ ᠪᠠᠭᠠᠴᠤᠳ ᠦ᠋ᠨ  ᠺᠯᠦ᠋ᠪ ᠲᠤ ᠪᠠᠭᠠᠴᠤᠳ ᠦ᠋ᠨ ᠪᠠᠶᠠᠷ ᠦ᠋ᠨ ᠡᠲᠦᠷ ᠊ᠢ ᠪᠡᠯᠭᠡᠯᠡᠬᠦ ᠶᠡᠬᠡ ᠬᠤᠷᠠᠯ ᠬᠢᠬᠦ ᠪᠡᠷ ᠲᠣᠭᠲᠠᠵᠠᠢ ᠃  ᠪᠠᠬᠰᠢ ᠲᠠ ᠮᠣᠷᠢᠯᠠᠨ ᠢᠷᠡᠵᠦ ᠵᠢᠭᠠᠠ ᠵᠢᠯᠤᠭᠤᠤᠠᠬᠤ ᠪᠣᠯᠪᠠ ‍ᠤᠤ!
                   ᠪᠠᠶᠠᠩᠬᠤᠸᠠ  ᠪᠠᠬ᠋᠎ᠠ ᠰᠤᠷᠭᠠᠭᠤᠯᠢ ᠶ᠋ᠢᠨ ᠪᠠᠭᠠᠴᠤᠳ ᠦ᠋ᠨ       
                   ᠬᠤᠰᠢᠭᠤᠴᠢ ᠠᠩᠬᠢ ᠶ᠋ᠢᠨ ᠶᠡᠬᠡ ᠠᠩᠬᠢ ᠠ᠋ᠴᠠ
            
                         1981 ᠤᠠ ᠪ  ᠲᠠᠪᠤᠲᠤᠭᠠᠷ ᠰᠠᠷ᠎ᠠ ᠶ᠋ᠢᠨ ᠭᠤᠴᠢᠨ  ᠨᠢᠭᠡᠨ᠎ᠡ 

        ᠤᠯᠠᠠ ᠶ᠋ᠢᠠᠷ ᠶ᠋ᠢᠠᠨ ᠄ ᠵᠠ ᠂  ᠡᠨᠡ ᠴᠢᠨᠢ  ᠲᠠᠭᠠᠷᠠᠵᠤ ᠪᠠᠶ᠋ᠢᠨ᠎ᠠ ᠃     
ᠤᠷᠢᠬᠤ ᠪᠠᠭᠰᠢ ᠨᠠᠷ ᠲᠠᠭᠠᠨ ᠲᠤᠰ ᠲᠤᠰ ᠲᠤᠨᠢ ᠬᠦᠷᠭᠡᠶ᠎ᠡ ᠃ ᠢᠩᠭᠢᠪᠡᠯ ᠮᠠᠠ ᠪ ᠪᠡᠯᠡᠦᠡᠬᠡᠯ ᠠᠵᠢᠯ ᠪᠠᠷᠠᠴᠢᠬᠠᠯ᠎ᠠ ᠪᠢᠵᠡ ᠃
( ᠤᠯᠠᠠ ᠶ᠋ᠢᠡᠷ ᠶ᠋ᠢᠡᠨ ᠢᠨᠢᠶᠡᠯᠴᠡᠪᠡ )