ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –6 > Гангын урсгал – Чингис эзний алтан ургийн түүх Канкны урсгал нэрт бичиг о
ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ
ᠠᠩᠬᠠᠨ ᠤ ᠪᠦᠯᠦᠭ – 6
ᠲᠡᠷᠡ ᠴᠠᠭ ᠲᠤᠷ ᠲᠩᠷᠢ ᠶ᠋ᠢᠨ ᠬᠦᠨᠳᠦ ᠬᠡᠰᠢᠭ ᠂ ᠬᠦᠴᠡᠷ ᠢᠪᠡᠭᠡᠯ ᠂ ᠪᠠ ᠪᠦᠷᠢᠨ ᠦ᠌ ᠳᠠᠶ᠋ᠢᠴᠢᠩ ᠤᠯᠤᠰ ᠲᠤᠷ ᠲᠤᠰᠠᠯᠠᠵᠤ ᠂ ᠪᠣᠱᠣᠭᠠᠯᠭᠠᠰᠠᠨ ᠲᠤᠯᠠᠳᠠ ᠂ ᠨᠡᠭᠦᠬᠦ ᠮᠣᠩᠭᠣᠯ ᠤ᠋ᠨ ᠪᠣᠭᠳᠠ ᠴᠢᠩᠭᠢᠰ ᠬᠠᠭᠠᠨ ᠤ᠋ ᠦᠷ᠎ᠡ ᠦᠨᠳᠦᠰᠦᠨ ᠮᠣᠵᠢ ᠶ᠋ᠢᠨ ᠨᠣᠶᠠᠳ ᠂ ᠤᠯᠤᠰ ᠤ᠋ᠨ ᠲᠥᠷᠥᠯ ᠤᠷᠤᠭ ᠪᠦᠬᠦᠨ ᠃ ᠳᠠᠶ᠋ᠢᠴᠢᠩ ᠤ᠋ᠨ ᠶᠡᠬᠡ ᠲᠥᠷᠥ ᠶ᠋ᠢ ᠱᠢᠳᠦᠵᠤ ᠡᠩᠬᠡ ᠡᠰᠡᠨ ᠢ᠋ᠶ᠋ᠡᠷ ᠥᠨᠢ ᠦᠯᠡᠮᠵᠢ ᠵᠢᠷᠭᠠᠪᠠ ᠃
ᠪᠠᠰᠠ ᠳᠣᠲᠣᠭᠠᠳᠤ ᠬᠠᠴᠠᠳ ᠤ᠋ᠨ ᠬᠤᠪᠢ ᠣᠯᠵᠤ ᠤᠯᠠᠮᠵᠢᠯᠠᠨ ᠡᠵᠡᠯᠡᠭᠰᠡᠨ ᠠᠨᠤ ᠂ ᠶᠢᠰᠦᠭᠡᠢ ᠡᠵᠢᠨ ᠦ᠌ ᠳᠡᠭᠦᠦ ᠳᠡᠷᠳᠡᠢ ᠨᠣᠶᠠᠨ ᠤ᠋ ᠠᠴᠢᠨᠠᠷ ᠠ᠋ᠴᠠ ᠂ ᠴᠤ᠌ ᠸᠠᠩ ᠵᠠᠬᠠᠲᠤ ② ᠶᠦᠩ ᠨᠢᠩ ᠸᠠᠩ ᠪᠤᠶᠠᠨ ᠮᠥᠷ ③ ᠂ ᠵᠢᠩ ᠸᠠᠩ ᠳᠣᠭᠳᠣᠮᠣᠢ ④ ᠂ ᠾᠧ ᠵᠢᠶᠠᠨ ᠸᠠᠩ ᠬᠤᠴᠢᠨ⑤ ᠠᠨ
— — — —
① ᠬᠠᠴᠠᠳ ᠄ ᠣᠳᠣ ᠶ᠋ᠢᠨ ᠮᠣᠩᠭᠣᠯ ᠬᠡᠯᠡᠨ ᠳ᠋ᠡᠬᠢ ᠭᠠᠵᠠᠷ ᠤ᠋ᠨ ᠣᠯᠠᠨ ᠤᠳᠬ᠎ᠠ ᠪᠤᠶᠤ ᠃ ᠡᠨᠳᠡ 《 ᠳᠣᠲᠣᠭᠠᠳᠤ ᠬᠠᠴᠠᠳ ᠤ᠋ᠨ ᠬᠤᠪᠢ ᠣᠯᠵᠤ 》 ᠭᠡᠰᠡᠨ ᠨᠢ 《 ᠳᠣᠲᠣᠭᠠᠳᠤ ᠭᠠᠵᠠᠷ ᠦ᠋ᠳ ᠡᠴᠡ ᠬᠤᠪᠢ ᠣᠯᠵᠤ 》 ᠬᠡᠮᠡᠬᠦ ᠤᠳᠬ᠎ᠠ ᠲᠠᠢ ᠃
② ᠵᠠᠬᠠᠲᠤ ᠄ ᠲᠣᠯᠢ ᠶ᠋ᠢᠨ ᠭᠤᠷᠪᠠᠳᠤᠭᠠᠷ ᠬᠥᠪᠡᠭᠦᠨ ᠪᠦᠴᠠᠭ ᠤ᠋ᠨ ᠬᠥᠪᠡᠭᠦᠨ ᠃ ᠶᠤᠸᠠᠨ ᠤᠯᠤᠰ ᠤ᠋ᠨ ᠲᠠ ᠲᠧ ᠶ᠋ᠢᠨ ᠠᠷᠪᠠᠨ ᠨᠢᠭᠡᠳᠦᠭᠡᠷ ᠣᠨ (1317 ) ᠳ᠋ᠤ᠌ ᠴᠤ᠌ ᠸᠠᠩ (楚王 ) ᠡᠷᠭᠦᠮᠵᠢᠯᠡᠭᠳᠡᠵᠡᠢ ᠃
③ ᠪᠤᠶᠠᠨ ᠮᠥᠷ ᠄ ᠲᠣᠯᠢ ᠶ᠋ᠢᠨ ᠵᠢᠷᠭᠤᠳᠤᠭᠠᠷ ᠬᠥᠪᠡᠭᠦᠨ ᠦ᠌ ᠬᠣᠶ᠋ᠢᠴᠢ ᠦᠶ᠎ᠡ ᠂ ᡁᠢ ᡁᠢ ᠶ᠋ᠢᠨ ᠣᠨ (1321 —1323 ) ᠳ᠋ᠤ᠌ ᠶᠦᠩ ᠨᠢᠩ ᠸᠠᠩ ( 永宁王) ᠡᠷᠭᠦᠮᠵᠢᠯᠡᠭᠳᠡᠵᠡᠢ ᠃
④ ᠲᠣᠬᠠᠲᠤᠮᠣᠷ ᠄ ᠲᠣᠯᠢ ᠶ᠋ᠢᠨ ᠳᠣᠯᠣᠳᠤᠭᠠᠷ ᠬᠥᠪᠡᠭᠦᠨ ᠰᠦᠢᠬᠡᠲᠦ ᠶᠢᠨ ᠬᠣᠢᠴᠢ ᠦᠶ᠎ᠡ ᠶᠢᠰᠦᠨᠪᠤᠬ᠎ᠠ ᠶᠢᠨ ᠬᠥᠪᠡᠬᠦᠨ᠃ ᠠᠯᠢ ᠣᠨ ᠳ᠋ᠤ᠌ ᠵᠢᠩ ᠸᠠᠩ (荆王 ) ᠡᠷᠭᠦᠮᠵᠢᠯᠡᠭᠳᠡᠭᠰᠡᠨ ᠨᠢ ᠲᠣᠳᠣ ᠦᠭᠡᠢ᠃
⑤ ᠬᠤᠴᠢᠨ᠄ ᠴᠢᠩᠬᠢᠰ ᠬᠠᠭᠠᠨ ᠤ᠋ ᠬᠤᠯᠠᠨ ᠬᠠᠲᠤᠨ ᠠᠴᠠ ᠲᠥᠷᠥᠭᠰᠡᠨ ᠬᠥᠯᠥᠭᠡᠨ ( ᠪᠠᠰᠠ ᠬᠥᠯᠦᠭᠠᠨ ᠭᠡᠬᠦ ) ᠤ ᠬᠥᠪᠡᠬᠦᠨ᠃ ᠠᠯᠢ ᠣᠨ ᠳ᠋ᠤ᠌ ᠾᠧ ᠵᠢᠶᠠᠨ ᠸᠠᠩ (河间王 ) ᠡᠷᠭᠦᠮᠵᠢᠯᠡᠭᠳᠡᠭᠰᠡᠨ ᠨᠢ ᠲᠣᠳᠣ ᠦᠭᠡᠢ᠃
ᠲᠢᠩ ᠸᠠᠩ ᠲᠣᠭᠠᠨ ᠲᠠᠨ ᠊ᠢ ① ᠵᠣᠴᠢ ᠶ᠋ᠢᠨ ᠲᠠᠪᠲᠤᠬᠠᠷ ᠬᠥᠪᠡᠭᠦᠨ ᠨᠡᠩ ᠰᠦ᠍ ᠸᠠᠩ ᠲᠤᠬ᠎ᠠ ② ᠂ ᠴᠠᠬᠠᠲᠠᠢ ᠶ᠋ᠢᠨ ᠠᠴᠢᠨᠠᠷ ᠠ᠋ᠴᠠ ᠸᠧᠢ ᠶᠤᠸᠠᠨ ᠠᠴᠠᠬᠢ ③ ᠂ ᠰᠢᠶᠠ ᠸᠠᠩ ᠮᠠᠶ᠋ᠢᠴᠤᠬᠠᠨ④ ᠂ ᠨᠠᠨ ᠫᠢᠩ ᠸᠠᠩ ᠲᠤᠯᠤ ⑤ ᠂ ᠲᠠᠨ ᠃ ᠲᠤᠯᠤ ᠲᠠᠨ ᠭᠦᠸᠠᠩ ᠲᠠᠶ᠋ᠢᠵᠢ ⑥ ᠶ᠋ᠢᠨ ᠠᠴᠢ ᠶ᠋ᠢᠨ ᠶᠠᠩ ᠸᠠᠩ ᠪᠠᠳ ᠲᠡᠮᠦᠷ ⑦ ᠂ ᠬᠦᠴᠦᠨ ᠦ᠌ ᠬᠥᠪᠡᠭᠦᠨ ᠰᠢᠯᠢᠮᠢᠨ ᠦ᠌ ᠠᠴᠢ ᠰᠢᠶᠠᠩ ᠨᠢᠩ ᠸᠠᠩ ᠠᠯᠤᠬᠤ ⑧ ᠂ ᠬᠠᠳᠠᠨ ᠤ᠋ ᠠᠴᠢ ᠿᠦ᠍ ᠨᠢᠩ ᠸᠠᠩ
— — — —
① ᠲᠣᠭᠠᠨ ᠄ ᠭᠥᠯᠦᠭᠡᠨ ᠦ᠌ ᠬᠣᠶ᠋ᠢᠴᠢ ᠦᠶ᠎ᠡ ᠃ ᠬᠤᠸᠠᠩ ᠴᠢᠩ ᠦ᠋ᠨ ᠬᠣᠶᠠᠳᠤᠭᠠᠷ ᠣᠨ (1333 ) ᠳ᠋ᠤ᠌ ᠠᠨ ᠲᠢᠩ ᠸᠠᠩ (安定王 ) ᠡᠷᠭᠦᠮᠵᠢᠯᠡᠭᠳᠡᠵᠡᠢ ᠃
② ᠲᠤᠬ᠎ᠠ ᠄ 《 ᠶᠤᠸᠠᠨ ᠱᠢ 》 ᠳ᠋ᠦ᠍ ᠲᠣᠭᠲᠠᠭ᠎ᠠ ᠭᠡᠵᠡᠢ ᠃ ᠵᠥᠴᠢ ᠶ᠋ᠢᠨ ᠲᠠᠪᠤᠳᠤᠭᠠᠷ ᠬᠥᠪᠡᠭᠦᠨ ᠃ ᡁᠢ ᠲᠠ ᠶ᠋ᠢᠨ ᠠᠩᠬᠠᠨ ᠣᠨ (1308 ) ᠳ᠋ᠤ᠌ ᠨᠢᠩ ᠰᠦ᠍ ᠸᠠᠩ ( 宁肃王) ᠡᠷᠭᠦᠮᠵᠢᠯᠡᠭᠳᠡᠵᠡᠢ ᠃
③ ᠠᠴᠠᠬᠢ ᠄ ᠴᠠᠭᠠᠲᠠᠢ ᠶ᠋ᠢᠨ ᠬᠥᠪᠡᠭᠦᠨ ᠪᠦᠷᠢ ᠶ᠋ᠢᠨ ᠬᠦᠦ ᠪᠣᠯᠤᠨ᠎ᠠ ᠃
④ ᠮᠠᠶ᠋ᠢᠴᠤᠬᠠᠨ ᠄ ᠴᠠᠭᠠᠲᠠᠢ ᠶ᠋ᠢᠨ ᠬᠣᠶ᠋ᠢᠴᠢ ᠦᠶ᠎ᠡ ᠂ ᡁᠢ ᠲᠠ ᠶ᠋ᠢᠨ ᠭᠤᠲᠠᠭᠠᠷ ᠣᠨ (1310 , ᠳ᠋ᠤ᠌ ᠶᠠᠨ ᠸᠠᠩ ( 兖王) ᠡᠷᠭᠦᠮᠵᠢᠯᠡᠭᠳᠡᠵᠡᠢ ᠃
⑤ ᠲᠤᠯᠤ ᠄ ᠭᠦᠶᠦᠭ ᠬᠠᠭᠠᠨ ᠤ᠋ ᠬᠣᠶ᠋ᠢᠴᠢ ᠦᠶ᠎ᠡ ᠪᠣᠯᠬᠤ ᠶᠤᠮ ᠂ ᡁᠢ ᠶᠤᠸᠠᠨ ᠤ᠋ ᠳᠣᠯᠣᠳᠤᠭᠠᠷ ᠣᠨ (1272 ) ᠲᠤ᠌ ᠨᠠᠨ ᠫᠢᠩ ᠸᠠᠩ ᠡᠷᠭᠦᠮᠵᠢᠯᠡᠭᠳᠡᠵᠡᠢ ᠃
⑥ ᠡᠨᠳᠡ ᠭᠦᠸᠠᠩ ᠲᠠᠶ᠋ᠢᠵᠢ ᠭᠡᠵᠦ ᠭᠦᠶᠦᠭ ᠬᠠᠭᠠᠨ ᠊ᠢ ᠵᠢᠭᠠᠭᠰᠠᠨ ᠪᠣᠯᠤᠯᠲᠠᠢ ᠃
⑦ ᠪᠠᠳ ᠲᠡᠮᠦᠷ ᠄ ᠥᠭᠡᠳᠡᠢ ᠬᠠᠭᠠᠨ ᠤ᠋ ᠬᠥᠪᠡᠭᠦᠨ ᠬᠥᠳᠡᠨ ᠦ᠌ ᠣᠮᠪᠠᠯ ᠃ ᠶᠠᠨ ᠢᠥ ᠶ᠋ᠢᠨ ᠳᠣᠯᠣᠳᠤᠭᠠᠷ ᠣᠨ (1320 ) ᠳ᠋ᠤ᠌ ᠹᠸᠨ ᠶᠠᠩ ᠸᠠᠩ (汾阳王 ) ᠡᠷᠭᠦᠮᠵᠢᠯᠡᠭᠳᠡᠵᠡᠢ ᠃
⑧ ᠠᠯᠤᠬᠤ ᠄ ᠥᠭᠡᠳᠡᠢ ᠬᠠᠭᠠᠨ ᠤ᠋ ᠤᠮᠪᠠᠯ ᠰᠢᠯᠢᠮᠢᠨ ᠂ ᠰᠢᠯᠢᠮᠢᠨ ᠦ᠌ ᠬᠥᠪᠡᠭᠦᠨ ᠪᠣᠯᠣᠴᠤ ᠂ ᠲᠡᠭᠦᠨ ᠦ᠌ ᠬᠥᠪᠡᠭᠦᠨ ᠰᠢᠶᠠᠩ ᠨᠢᠩ ᠸᠠᠩ (襄宁王 ) ᠠᠯᠤᠬᠤ ᠪᠤᠶᠤ ᠃
ᠴᠠᠪᠠᠷᠢ① ᠯᠦᠩ ᠸᠠᠩ ᠬᠣᠯᠠᠭᠰᠠᠷ② ᠮᠢᠷᠢ ᠶ᠋ᠢᠨ ᠠᠴᠢ ᠶᠠᠩ ᠽᠠᠢ ᠸᠠᠩ ᠂ ᠲᠠᠶ᠋ᠢᠫᠢᠩ ᠲᠠᠨ ③
ᠰᠢᠶᠠᠨ ᠽᠦᠩ ᠬᠠᠭᠠᠨ ᠤ᠋ ᠠᠴᠢᠨᠠᠷ ᠠ᠋ᠴᠠ ᠲᠠᠱᠢ ᠶ᠋ᠢᠨ ᠬᠣᠶᠠᠷ ᠬᠥᠪᠡᠭᠦᠨ ᠸᠧᠢ ᠸᠠᠩ ᠦᠯᠢᠢ④ ᠂ ᠲᠠᠨ ᠸᠠᠩ ᠢᠨᠲᠦ ⑤ ᠃
ᠱᠢᠽᠦ ᠬᠠᠭᠠᠨ ᠤ᠋ ᠠᠴᠢᠨᠠᠷ ᠠ᠋ᠴᠠ ᠮᠠᠩᠬᠠᠯᠠ ᠶ᠋ᠢᠨ ᠬᠥᠪᠡᠭᠦᠨ ᠠᠨ ᠰᠢ ᠸᠠᠩ ᠠᠬᠠᠳᠠᠨ⑥ ᠂ ᠴᠢᠨ ᠸᠠᠩ ᠠᠯᠲᠠᠨ ᠪᠣᠩ⑦ ᠶᠦᠩ ᠨᠠᠨ
— — — —
① ᠴᠠᠪᠠᠷᠢ ᠄ ᠥᠭᠡᠳᠡᠢ ᠶ᠋ᠢᠨ ᠣᠮᠪᠠᠯ ᠬᠠᠶ᠋ᠢᠲᠤ ᠳᠠ ᠸᠠᠩ ᠤ᠋ᠨ ᠬᠥᠪᠡᠭᠦᠨ ᠪᠤᠶᠤ ᠃ ᠶᠠᠨ ᠢᠦ ᠠᠩᠬᠠᠨ ᠣᠨ (1314 ) ᠳ᠋ᠦ᠍ ᠿᠦ᠍ ᠨᠢᠩ ᠸᠠᠩ (汝宁王 ) ᠡᠷᠭᠦᠮᠵᠢᠯᠡᠭᠳᠡᠵᠡᠢ ᠃
② ᠬᠤᠯᠠᠭᠰᠠᠷ ᠄ ᠥᠭᠡᠳᠡᠢ ᠶ᠋ᠢᠨ ᠬᠥᠪᠡᠭᠦᠨ ᠬᠠᠳᠠᠨ ᠳᠠ ᠸᠠᠩ ᠤ᠋ᠨ ᠣᠮᠪᠠᠯ ᡁᠢ ᠲᠠ ᠶ᠋ᠢᠨ ᠠᠩᠬᠠᠨ ᠣᠨ (1308 ) ᠳ᠋ᠤ᠌ ᠯᠦᠩ ᠸᠠᠩ (陇王 ) ᠡᠷᠭᠦᠮᠵᠢᠯᠡᠭᠳᠡᠵᠡᠢ ᠃
③ ᠲᠠᠶ᠋ᠢᠫᠢᠩ ᠄ ᠥᠭᠡᠳᠡᠢ ᠬᠠᠭᠠᠨ ᠤ᠋ ᠤᠳᠬᠤᠨ ᠬᠥᠪᠡᠭᠦᠨ ᠮᠢᠷᠢ ᠳᠠ ᠸᠠᠩ ᠤ᠋ᠨ ᠬᠣᠶ᠋ᠢᠴᠢ ᠦᠶ᠎ᠡ ᠃ ᠲᠠᠶ᠋ᠢᠲᠢᠩ ᠤ᠋ᠨ ᠠᠩᠬᠠᠨ ᠣᠨ (1324 ) ᠳ᠋ᠦ᠍ ᠶᠠᠩ ᠵᠠᠢ ᠸᠠᠩ (阳翟王 ) ᠡᠷᠭᠦᠮᠵᠢᠯᠡᠭᠳᠡᠵᠡᠢ ᠃
④ ᠥᠯᠢᠢ ᠄ ᠥᠯᠵᠡᠢ ᠪᠤᠶᠤ ᠃ 《 ᠶᠤᠸᠠᠨ ᠱᠢ 》 ᠳ᠋ᠦ᠍ ᠰᠢᠶᠠᠨ ᠽᠦᠩ ᠬᠠᠭᠠᠨ ᠤ᠋ ᠭᠤᠲᠠᠭᠠᠷ ᠬᠥᠪᠡᠭᠦᠨ ᠢᠦᠢ ᠯᠦᠩ ᠲᠠᠱᠢ ᠳᠠ ᠸᠠᠩ ᠬᠡᠮᠡᠵᠦᠬᠦᠢ ᠃ ᠲᠡᠭᠦᠨ ᠦ᠌ ᠬᠥᠪᠡᠭᠦᠨ ᠸᠧᠢ ᠸᠠᠩ (伟王 ) ᠥᠯᠵᠡᠢ ᠪᠣᠯ ᡁᠢ ᠲᠠ ᠶ᠋ᠢᠨ ᠭᠤᠲᠠᠭᠠᠷ ᠣᠨ (1310 ) ᠳ᠋ᠤ᠌ ᠡᠷᠭᠦᠮᠵᠢᠯᠡᠭᠳᠡᠵᠡᠢ ᠃
⑤ 《 ᠶᠤᠸᠠᠨ ᠱᠢ 》 ᠳ᠋ᠦ᠍ ᠸᠧᠢ ᠸᠠᠩ ᠥᠯᠵᠡᠢ ᠶ᠋ᠢᠨ ᠬᠥᠪᠡᠭᠦᠨ ᠊ᠢ ᠲᠠᠨ ᠸᠠᠩ (郯王 ) ᠡᠷᠭᠦᠮᠵᠢᠯᠡᠪᠡ ᠭᠡᠵᠦ ᠪᠣᠢ ᠃
⑥ ᠬᠤᠪᠢᠯᠠᠢ ᠬᠠᠭᠠᠨ ᠤ᠋ ᠭᠤᠲᠠᠭᠠᠷ ᠬᠥᠪᠡᠭᠦᠨ ᠮᠠᠩᠬᠠᠬᠠ ᡁᠢ ᠶᠤᠸᠠᠨ ᠤ᠋ ᠶᠢᠰᠦᠳᠦᠭᠡᠷ ᠣᠨ ᠳ᠋ᠤ᠌ ᠠᠨ ᠰᠢ ᠸᠠᠩ ᠡᠷᠭᠦᠮᠵᠢᠯᠡᠭᠳᠡᠵᠦ ᠂ ᠲᠡᠭᠦᠨ ᠦ᠌ ᠬᠥᠪᠡᠭᠦᠨ ᠠᠬᠠᠳᠠᠨ ᠠᠨᠤ ᠲᠠ ᠲᠧ ᠶ᠋ᠢᠨ ᠠᠷᠪᠠᠨ ᠨᠢᠭᠡᠳᠦᠭᠡᠷ ᠣᠨ (1307 ) ᠳ᠋ᠤ᠌ ᠠᠨ ᠰᠢ ᠸᠠᠩ (安西王 ) ᠵᠠᠯᠭᠠᠮᠵᠢᠯᠠᠪᠠᠢ ᠃
⑦ 《 ᠶᠤᠸᠠᠨ ᠱᠢ 》 ᠳ᠋ᠦ᠍ ᠠᠯᠲᠠᠨ ᠪᠤᠬ᠎ᠠ ᠭᠡᠵᠦ ᠲᠡᠮᠳᠡᠭᠯᠡᠵᠡᠢ ᠃ ᠠᠯᠲᠠᠨ ᠪᠣᠩ ᠤ᠋ᠨ ᠡᠴᠢᠭᠡ ᠮᠠᠩᠬᠠᠯᠠ ᠤᠤᠯ ᠨᠢ ᠴᠢᠨ ᠸᠠᠩ (秦王 ) ᠪᠠᠶ᠋ᠢᠵᠤ ᡁᠢ ᠶᠤᠸᠠᠨ ᠤ᠋ ᠶᠢᠰᠦᠳᠦᠭᠡᠷ ᠣᠨ ᠳ᠋ᠤ᠌ ᠠᠨ ᠰᠢ ᠸᠠᠩ ᠤ᠋ᠨ ᠲᠤᠰᠢᠶᠠᠯ ᠊ᠢ ᠳᠠᠪᠬᠤᠷᠯᠠᠨ ᠬᠠᠷᠢᠭᠤᠴᠠᠵᠠᠢ ᠃ ᠮᠠᠩᠬᠠᠯᠠ ᠨᠠᠰᠤ ᠪᠠᠷᠠᠭᠰᠠᠨ ᠤ᠋ ᠳᠠᠷᠠᠭ᠎ᠠ ᡁᠢ ᠶᠤᠸᠠᠨ ᠤ᠋ ᠬᠣᠷᠢᠨ ᠳᠥᠷᠪᠡᠳᠦᠭᠡᠷ ᠣᠨ ᠳ᠋ᠤ᠌ ᠠᠯᠲᠠᠨ ᠪᠣᠩ ᠴᠢᠨ ᠸᠠᠩ ᠤ᠋ᠨ ᠵᠡᠷᠭᠡ ᠶ᠋ᠢ ᠵᠠᠯᠭᠠᠮᠵᠢᠯᠠᠵᠠᠢ ᠃
ᠸᠠᠩ ᠬᠥᠩᠬᠥᠷ ᠴᠡᠯ ᠦ᠋ᠨ ᠬᠥᠪᠡᠭᠦᠨ ᠨᠡᠩ ᠸᠠᠩ ᠰᠠᠢᠨ ᠲᠡᠮᠦᠷ① ᠂ ᠰᠢ ᠫᠢᠩ ᠸᠠᠩ ᠠᠭᠤᠯᠠᠬᠴᠢ ᠶ᠋ᠢᠨ ᠶᠡᠬᠡ ᠬᠥᠪᠡᠭᠦᠨ ᠂ ᠦ᠌ ᠰᠢ ᠡᠦ ᠨᠢᠩ ᠸᠠᠩ ᠨᠠᠰᠤᠨ ᠲᠡᠮᠦᠷ ᠪᠤᠬ᠎ᠠ② ᠃ ᠲᠡᠭᠦᠨᠦ ᠭᠤᠷᠪᠠᠨ ᠬᠥᠪᠡᠭᠦᠨ ᠶᠦᠩ ᠨᠠᠨ ᠸᠠᠩ ᠯᠣᠲᠠᠨ③ ᠡᠦ ᠂ ᠵᠢᠩ ᠸᠠᠩ ᠰᠤᠰᠭᠡᠨᠡ① ᠢᠦᠢ [ᠸᠠᠩ ] ᠠᠲᠠᠨᠠ ᠰᠢᠷᠢ⑤ ᠲᠠᠨ ᠤ᠋ ᠨᠠᠨ ᠸᠠᠩ ᠲᠤᠬᠠᠨ ᠤ᠋ ᠭᠤᠷᠪᠠᠨ ᠬᠥᠪᠡᠭᠦᠨ ᠦ᠌ ᠨᠠᠨ ᠸᠠᠩ ᠲᠡᠭᠦᠰ ᠪᠤᠬ᠎ᠠ⑥ ᠸᠧᠢ ᠱᠦᠨ ᠸᠠᠩ
— — — —
① ᠬᠤᠪᠢᠯᠠᠢ ᠬᠠᠭᠠᠨ ᠤ᠋ ᠲᠠᠪᠤᠳᠤᠭᠠᠷ ᠬᠥᠪᠡᠭᠦᠨ ᠬᠥᠩᠬᠥᠷ ᠴᠡᠯ ᡁᠢ ᠶᠤᠸᠠᠨ ᠤ᠋ ᠳᠥᠲᠥᠭᠡᠷ ᠣᠨ (1267 ) ᠳ᠋ᠤ᠌ ᠶᠦᠩ ᠨᠠᠨ ᠸᠠᠩ (云南王 ) ᠡᠷᠭᠦᠮᠵᠢᠯᠡᠭᠳᠡᠪᠡ ᠃ ᠲᠡᠭᠦᠨ ᠦ᠌ ᠬᠥᠪᠡᠭᠦᠨ ᠰᠠᠢᠨ ᠲᠡᠮᠦᠷ ᠮᠥᠨ ᡁᠢ ᠶᠤᠸᠠᠨ ᠤ᠋ ᠳᠣᠯᠣᠳᠤᠭᠠᠷ ᠣᠨ (1270 ) ᠳ᠋ᠤ᠌ ᠶᠦᠩ ᠨᠠᠨ ᠸᠠᠩ ᠡᠷᠭᠦᠮᠵᠢᠯᠡᠭᠳᠡᠨ ᠦᠽᠥ᠋ᠩ ᠬᠠᠭᠠᠨ ᠤ᠋ ᠦᠶ᠎ᠡ ᠳ᠋ᠦ᠍ ᠲᠠᠪᠰᠢᠭᠤᠯᠤᠨ ᠢᠩ ᠸᠠᠩ (营王 )ᠡᠷᠭᠦᠮᠵᠢᠯᠡᠵᠡᠢ ᠃
② ᠬᠤᠪᠢᠯᠠᠢ ᠬᠠᠭᠠᠨ ᠤ᠋ ᠳᠣᠯᠣᠳᠤᠭᠠᠷ ᠬᠥᠪᠡᠭᠦᠨ ᠠᠭᠤᠯᠠᠭᠴᠢ ᡁᠢ ᠶᠤᠸᠠᠨ ᠤ᠋ ᠵᠢᠷᠭᠤᠳᠤᠭᠠᠷ ᠣᠨ (1269 ) ᠳ᠋ᠦ᠍ ᠰᠢ ᠫᠢᠩ ᠸᠠᠩ (西平王 ) ᠡᠷᠭᠦᠮᠵᠢᠯᠡᠭᠳᠡᠵᠡᠢ ᠃ ᠲᠡᠭᠦᠨ ᠦ᠌ ᠬᠥᠪᠡᠭᠦᠨ ᠨᠠᠰᠤᠨ ᠲᠡᠮᠦᠷ ᠪᠤᠬ᠎ᠠ ᠲᠠ ᠲᠧ ᠶ᠋ᠢᠨ ᠭᠤᠲᠠᠭᠠᠷ ᠣᠨ (1299 ) ᠵᠸᠨ ᠰᠢ ᠡᠦ ᠵᠢᠩ ᠸᠠᠩ (镇西武精王 ) ᠡᠷᠭᠦᠮᠵᠢᠯᠡᠭᠳᠡᠵᠡᠢ ᠃
③ ᠯᠤᠲᠠᠨ ᠄ ᠨᠠᠰᠤᠨ ᠲᠡᠮᠦᠷ ᠪᠤᠬ᠎ᠠ ᠶ᠋ᠢᠨ ᠶᠡᠬᠡ ᠬᠥᠪᠡᠭᠦᠨ ᠃ ᡁᠢ ᠲᠠ ᠶ᠋ᠢᠨ ᠬᠣᠶᠠᠳᠤᠭᠠᠷ ᠣᠨ (1309 ) ᠳ᠋ᠦ᠍ ᠶᠦᠩ ᠨᠠᠨ ᠸᠠᠩ (云南王 ) ᠡᠷᠭᠦᠮᠵᠢᠯᠡᠭᠳᠡᠪᠡ ᠃
④ 《 ᠶᠤᠸᠠᠨ ᠱᠢ 》 ᠳ᠋ᠦ᠍ ᠨᠠᠰᠤᠨ ᠲᠡᠮᠦᠷ ᠪᠤᠬ᠎ᠠ ᠶ᠋ᠢᠨ ᠬᠣᠶᠠᠳᠤᠭᠠᠷ ᠬᠥᠪᠡᠭᠦᠨ ᠰᠣᠰᠭᠡᠨᠡ ᠶ᠋ᠢ ᠡᠦ ᠵᠢᠩ ᠸᠠᠩ (武精王 ) ᠭᠡᠵᠦ ᠲᠡᠮᠳᠡᠭᠡᠯᠡᠵᠦ ᠪᠣᠢ ᠃
⑤ ᠢᠦᠢ ᠠᠲᠠᠨᠠ ᠰᠢᠷᠢ ᠄ ᠢᠦᠢ ᠸᠠᠩ (豫王 ) ᠠᠲᠠᠨᠠ ᠰᠢᠷᠢ ᠪᠤᠶᠤ ᠃ ᠲᠢᠶᠠᠨ ᠯᠢ ᠶ᠋ᠢᠨ ᠬᠣᠶᠠᠳᠤᠭᠠᠷ ᠣᠨ (1329 ) ᠳ᠋ᠦ᠍ ᠡᠷᠭᠦᠮᠵᠢᠯᠡᠭᠳᠡᠵᠡᠢ ᠃ ᠡᠭᠦᠨ ᠊ᠢ 《 ᠶᠤᠸᠠᠨ ᠱᠢ 》 ᠳ᠋ᠦ᠍ ᠶᠦᠩ ᠨᠠᠨ ᠸᠠᠩ ᠯᠣᠲᠠᠨ ᠤ᠋ ᠬᠥᠪᠡᠭᠦᠨ ᠭᠡᠵᠦ ᠲᠡᠮᠳᠡᠭᠡᠯᠡᠵᠦ ᠪᠣᠢ ᠃
⑥ 《 ᠶᠤᠸᠠᠨ ᠱᠢ 》 ᠳ᠋ᠦ᠍ ᠬᠤᠪᠢᠯᠠᠢ ᠶ᠋ᠢᠨ ᠶᠢᠰᠦᠳᠦᠭᠡᠷ ᠬᠥᠪᠡᠭᠦᠨ ᠲᠣᠭᠠᠨ ᠂ ᡁᠢ ᠶᠤᠸᠠᠨ ᠤ᠋ ᠬᠣᠷᠢᠨ ᠨᠢᠭᠡᠳᠦᠭᠡᠷ ᠣᠨ (1284 ) ᠳ᠋ᠦ᠍ ᠸᠸᠨ ᠨᠠᠨ ᠸᠠᠩ ᠡᠷᠭᠦᠮᠵᠢᠯᠡᠭᠳᠡᠵᠦ ᠲᠠ ᠲᠧ ᠶ᠋ᠢᠨ ᠲᠠᠪᠤᠳᠤᠭᠠᠷ ᠣᠨ (1301 ) ᠳ᠋ᠦ᠍ ᠨᠠᠰᠤ ᠪᠠᠷᠠᠭᠰᠠᠨ ᠤ᠋ ᠬᠣᠶ᠋ᠢᠨ᠎ᠠ ᠲᠡᠭᠦᠨ ᠦ᠌ ᠬᠥᠪᠡᠭᠦᠨ ᠯᠣᠵᠠᠩ ᠵᠠᠯᠭᠠᠮᠵᠢᠯᠠᠨ ᠡᠷᠭᠦᠮᠵᠢᠯᠡᠭᠳᠡᠪᠡ ᠭᠡᠵᠦ ᠪᠣᠢ ᠃ ᠡᠨᠳᠡ ᠲᠣᠭᠠᠨ ᠤ᠋ ᠬᠥᠪᠡᠭᠦᠨ ᠯᠣᠵᠠᠩ ᠭᠡᠵᠦ ᠳᠤᠷᠠᠳᠤᠭᠰᠠᠨ ᠦᠭᠡᠢ ᠂ ᠬᠠᠷᠢᠨ ᠲᠣᠭᠠᠨ ᠤ᠋ ᠭᠤᠷᠪᠠᠨ ᠬᠥᠪᠡᠭᠦᠨ ᠲᠡᠭᠦᠰ ᠪᠤᠬ᠎ᠠ ᠂ ᠬᠠᠴᠠ ᠪᠤᠬ᠎ᠠ ᠂ ᠲᠡᠮᠦᠷ ᠪᠤᠬ᠎ᠠ ᠭᠡᠵᠦ ᠲᠡᠮᠳᠡᠭᠯᠡᠭᠰᠡᠨ ᠪᠠᠶ᠋ᠢᠨ᠎ᠠ ᠃
ᠬᠠᠴᠠ ᠪᠤᠬ᠎ᠠ ①᠂ ᠰᠢᠦᠸᠠᠨ ᠿᠠᠨ ᠸᠠᠩ ᠲᠡᠮᠦᠷ ᠪᠤᠬ᠎ᠠ② ᠃ ᠲᠠᠶ᠋ᠢᠲᠦᠩ ( ᠲᠠᠶ᠋ᠢᠲᠢᠩ ) ᠬᠠᠭᠠᠨ ᠤ᠋ ᠠᠬ᠎ᠠ ᠯᠢᠶᠠᠩ ᠸᠠᠩ ᠰᠥᠩ ᠰᠠᠨ③ ᠳᠡᠭᠦᠦ ᠯᠢᠶᠠᠩ ᠨᠢᠩ ᠸᠠᠩ ᠳᠡᠯᠭᠡᠷ ④ ᠃ ᠦᠴᠦᠩ ( ᠦᠽᠥ᠋ᠩ ) ᠬᠠᠭᠠᠨ ᠤ᠋ ᠳᠡᠭᠦᠦ ᠸᠧᠢ ᠸᠠᠩ ᠡᠮᠦᠩ ⑤ ᠦ᠋ᠨ ᠬᠣᠶᠠᠷ ᠬᠥᠪᠡᠭᠦᠨ ᠰᠢ ᠢᠩ ᠸᠠᠩ ᠠᠯᠤ⑥ ᠃ ᠸᠧᠢ ᠸᠠᠩ ᠂ ᠪᠣᠯᠣᠳ ᠲᠡᠮᠦᠷ⑦ ᠡᠳᠡᠨ ᠦ᠌ ᠵᠠᠷᠢᠮ ᠠᠨᠤ ᠭᠤᠷᠪᠠᠨ ᠦᠶ᠎ᠡ ᠂ ᠵᠠᠷᠢᠮ ᠠᠨᠤ ᠂ ᠬᠣᠶᠠᠷ ᠦᠶ᠎ᠡ ᠵᠠᠯᠭᠠᠮᠵᠢᠯᠠᠵᠤᠬᠤᠢ ᠃ ᠪᠠᠰᠠ ᠪᠤᠰᠤ ᠂ ᠨᠠᠴᠢᠨ ᠡᠵᠢᠨ ᠬᠠᠮ ᠬᠠᠴᠤᠯᠠ ᠲᠡᠷᠡᠭᠦᠲᠡᠨ ᠦ᠌ ᠰᠠᠯᠪᠤᠷᠢ ᠦᠷ᠎ᠡ ᠦᠨᠳᠦᠰᠦᠨ ᠂ ᠤᠬᠠᠭᠠᠨᠲᠤ ᠬᠠᠭᠠᠨ ᠤ᠋ ᠴᠠᠭ ᠠ᠋ᠴᠠ ᠣᠷᠣᠭᠰᠢ ᠨᠡᠷᠡᠲᠡᠨ ᠲᠥᠷᠥ ᠲᠠᠨ ᠶᠠᠪᠤᠭᠰᠠᠨ ᠣᠯᠠᠨ ᠪᠣᠯᠪᠠᠴᠤ ᠂ ᠡᠳᠦᠭᠡ ᠮᠣᠩᠭᠣᠯ ᠬᠢᠲᠠᠳ ᠤ᠋ᠨ ᠣᠷᠣᠨ᠎ᠠ ᠠᠬᠤ ᠠᠨᠤ ᠲᠡᠮᠳᠡᠭ ᠦᠭᠡᠢ ᠃ ᠵᠠᠷᠢᠮ ᠦ᠋ᠳ ᠡᠮᠦᠨ᠎ᠡ ᠭᠠᠵᠠᠷ᠎ᠠ ᠬᠣᠴᠣᠷᠤᠭᠰᠠᠨ ᠤᠤ ᠣᠪᠣᠭᠲᠠᠨ ᠪᠣᠯᠪᠠᠢ ᠬᠡᠮᠡᠮᠦᠢ ᠃ ᠪᠣᠭᠳᠠ ᠴᠢᠩᠭᠢᠰ ᠬᠠᠭᠠᠨ ᠠ᠋ᠴᠠ ᠯᠢᠭᠳᠡᠨ ᠬᠤᠲᠤᠭᠲᠤ ᠬᠠᠭᠠᠨ ᠊ᠢ ᠬᠦᠷᠲᠡᠯᠡᠨ ᠬᠤᠴᠢᠨ ᠲᠠᠪᠤᠨ ᠬᠠᠭᠠᠨ ᠃ ᠴᠢᠩᠭᠢᠰ ᠬᠠᠭᠠᠨ ᠤ᠋ ᠭᠠᠯ ᠪᠠᠷᠰ
— — — —
①ᠬᠠᠴᠠ ᠪᠤᠬ᠎ᠠ ᠄ ᠲᠠᠶ᠋ᠢᠲᠢᠩ ᠤ᠋ᠨ ᠭᠤᠲᠠᠭᠠᠷ ᠸᠧᠢ ᠱᠦᠨ ᠸᠠᠩ( 威顺王 ) ᠡᠷᠭᠦᠮᠵᠢᠯᠡᠭᠳᠡᠪᠡ ᠃
②ᠲᠡᠮᠦᠷ ᠪᠤᠬ᠎ᠠ ᠄ ᠤᠤᠯ ᠨᠢ ᠰᠢᠦᠸᠠᠨ ᠿᠠᠨ ᠸᠠᠩ ( 宣让王) ᠪᠠᠶ᠋ᠢᠵᠠᠢ ᠃ ᡁᠢ ᠵᠧᠩ ᠬᠣᠷᠢᠨ ᠳᠣᠯᠣᠳᠤᠭᠠᠷ ᠣᠨ ᠳ᠋ᠤ᠌ ᠬᠤᠸᠠᠢ ᠸᠠᠩ (淮王)ᠡᠷᠭᠦᠮᠵᠢᠯᠡᠭᠳᠡᠵᠡᠢ ᠃
③ᠰᠥᠩ ᠰᠠᠨ ᠄ ᠭᠠᠮᠠᠯᠠ ᠶ᠋ᠢᠨ ᠬᠥᠪᠡᠭᠦᠨ ᠂ ᡁᠢ ᠶᠤᠸᠠᠨ ᠤ᠋ ᠭᠤᠴᠢᠳᠤᠭᠠᠷ ᠣᠨ(1293) ᠳ᠋ᠤ᠌ ᠯᠢᠶᠠᠩ ᠸᠠᠩ ᠡᠷᠭᠦᠮᠵᠢᠯᠡᠭᠳᠡᠵᠡᠢ ᠃
④ᠳᠡᠯᠭᠡᠷ ᠄ 《 ᠶᠤᠸᠠᠨ ᠱᠢ 》 ᠪᠣᠯᠤᠨ 《蒙兀儿史记》( ᠮᠣᠩᠭᠣᠯ ᠤ᠋ᠨ ᠲᠡᠦᠬᠡᠨ ᠲᠡᠮᠳᠡᠭᠯᠡᠯ ) ᠳ᠋ᠦ᠍ ᠳᠡᠯᠭᠡᠷᠪᠥ᠋ᠬᠡ ᠭᠡᠳᠡᠭ ᠃ ᡁᠢ ᠶᠤᠸᠠᠨ ᠤ᠋ ᠳᠥᠲᠥᠭᠡᠷ ᠣᠨ(1311) ᠳ᠋ᠦ᠍ ᠰᠢᠶᠠᠩ ᠨᠢᠩ ᠸᠠᠩ (湘宁王 ) ᠡᠷᠭᠦᠮᠵᠢᠯᠡᠭᠳᠡᠵᠡᠢ ᠃
⑤ᠡᠮᠦᠩ ᠄ ᠳ᠋ᠠᠷᠮᠠᠪᠠᠯᠠ ᠶ᠋ᠢᠨ ᠭᠤᠲᠠᠭᠠᠷ ᠬᠥᠪᠡᠭᠦᠨ ᠃ ᠬᠦᠯᠦᠭ ᠬᠠᠭᠠᠨ ᠤ᠋ ᠦᠶ᠎ᠡ ᠳ᠋ᠦ᠍ ᠸᠧᠢ ᠸᠠᠩ (魏王 ) ᠡᠷᠭᠦᠮᠵᠢᠯᠡᠭᠳᠡᠵᠡᠢ ᠃
⑥ᠠᠯᠤ ᠄ ᠡᠮᠦᠩ ᠦ᠋ᠨ ᠬᠥᠪᠡᠭᠦᠨ ᠂ ᡁᠢ ᠱᠦᠨ ᠦ᠌ ᠠᠩᠬᠠᠨ ᠣᠨ(1330) ᠳ᠋ᠤ᠌ ᠰᠢ ᠵᠢᠩ ᠸᠠᠩ ᠡᠷᠭᠦᠮᠵᠢᠯᠡᠭᠳᠡᠵᠡᠢ᠃
⑦ᠪᠣᠯᠣᠳ ᠲᠡᠮᠦᠷ ᠄ ᠲᠠᠶ᠋ᠢᠲᠢᠩ ᠤ᠋ᠨ ᠠᠩᠬᠠᠳᠤᠭᠠᠷ ᠣᠨ(1324) ᠳ᠋ᠦ᠍ ᠪᠣᠯᠣᠳ ᠲᠡᠮᠦᠷ ᠦ᠋ᠨ ᠡᠴᠢᠭᠡ ᠡᠮᠦᠩ ᠨᠠᠰᠤ ᠪᠠᠷᠠᠭᠰᠠᠨ ᠤ᠋ ᠬᠣᠶ᠋ᠢᠨ᠎ᠠ ᠪᠣᠯᠣᠳ ᠲᠡᠮᠦᠷ ᠸᠧᠢ ᠸᠠᠩ ᠵᠠᠯᠭᠠᠮᠵᠢᠯᠠᠪᠠᠢ ᠃
ᠠᠩᠬᠠᠨ ᠣᠨ ᠠ᠋ᠴᠠ ᠂ ᠬᠤᠲᠤᠭᠲᠤ ᠬᠠᠭᠠᠨ ᠤ᠋ ᠮᠣᠳᠣᠨ ᠨᠣᠬᠠᠢ ᠠᠳᠠᠭ ᠤ᠋ᠨ ᠣᠨ ᠬᠦᠷᠲᠯᠡᠨ ᠳᠥᠷᠪᠡᠨ ᠵᠠᠭᠤᠨ ᠶᠢᠰᠦᠨ ᠣᠨ ① ᠪᠣᠯᠵᠤᠬᠤᠢ ᠃
— — — —
① ᠴᠢᠩᠭᠢᠰ ᠬᠠᠭᠠᠨ ᠤ᠋ ᠰᠠᠭᠣᠷᠢᠨ᠎ᠠ ᠰᠠᠭᠤᠭᠰᠠᠨ ᠭᠠᠯ ᠪᠠᠷᠰ ᠵᠢᠯ (1206 ) ᠠ᠋ᠴᠠ ᠯᠢᠭᠳᠡᠨ ᠬᠠᠭᠠᠨ ᠤ᠋ ᠨᠠᠰᠤ ᠪᠠᠷᠠᠭᠰᠠᠨ ᠮᠣᠳᠣᠨ ᠨᠣᠬᠠᠢ ᠵᠢᠯ ᠬᠦᠷᠲᠡᠯ᠎ᠡ (1634 ) ᠨᠡᠶ᠋ᠢᠲᠡ ᠳᠥᠷᠪᠡᠨ ᠵᠠᠭᠤ ᠬᠣᠷᠢᠨ ᠶᠢᠰᠦᠨ ᠵᠢᠯ ᠪᠣᠯᠤᠭᠰᠠᠨ ᠠᠵᠠᠢ ᠃

