ᠸᠠᠨᠢᠺᠠ( ᠬᠡᠯᠡ ᠪᠢᠴᠢᠭ – ᠶᠢᠰᠦᠳᠦᠭᠡᠷ ᠳᠡᠪᠲᠡᠷ) Ваник( Хэл бичиг – Есдүгээр дэвтэр) ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠸᠠᠨᠢᠺᠠ( ᠬᠡᠯᠡ ᠪᠢᠴᠢᠭ – ᠶᠢᠰᠦᠳᠦᠭᠡᠷ ᠳᠡᠪᠲᠡᠷ) Ваник( Хэл бичиг – Есдүгээр дэвтэр)

ᠸᠠᠨᠢᠺᠠ( ᠬᠡᠯᠡ ᠪᠢᠴᠢᠭ – ᠶᠢᠰᠦᠳᠦᠭᠡᠷ ᠳᠡᠪᠲᠡᠷ) Ваник( Хэл бичиг – Есдүгээр дэвтэр)

2023-04-24

332

ᠸᠠᠨᠢᠺᠠ

       
      ᠿᠦᠺᠦᠹ ᠦ᠋ᠨ ᠸᠠᠨᠢᠻᠠ ᠭᠡᠭᠴᠢ ᠶᠢᠰᠦᠨ ᠨᠠᠰᠤᠲᠠᠢ ᠪᠢᠴᠢᠬᠠᠨ ᠬᠥᠪᠡᠭᠦᠨ ᠊ᠢ ᠭᠤᠷᠪᠠᠨ ᠰᠠᠷ᠎ᠠ ᠶ᠋ᠢᠨ ᠡᠮᠦᠨ᠎ᠡ ᠭᠤᠲᠤᠯᠴᠢᠨ ᠠᠯᠢᠶᠠᠭᠢᠨ  ‍ᠳᠤ ᠱᠠᠪᠢ ᠪᠠᠷ ᠥᠭᠴᠡᠢ ᠃ ᠣᠲᠣ ᠲᠡᠷᠡ ᠂ ᠾᠷᠢᠰᠲ᠋ᠣᠰ ᠪᠤᠷᠬᠠᠨ ᠮᠡᠨᠳᠦᠯᠡᠭᠰᠡᠨ ᠰᠠᠶ᠋ᠢᠨ ᠡᠲᠦᠷ ᠦ᠋ᠨ ᠰᠥᠨᠢ ᠤᠨᠲᠠᠬᠤ ᠦᠭᠡᠢ ᠰᠠᠭᠤᠵᠤ ᠂ ᠡᠵᠡᠳ ᠪᠠ ᠲᠤᠰᠠᠯᠠᠬᠤ ᠠᠵᠢᠯᠴᠢᠳ ᠦ᠋ᠨ ᠮᠥᠷᠭᠥᠯ  ‍ᠳᠤ ᠣᠴᠢᠬᠤ ᠶ᠋ᠢ ᠬᠦᠯᠢᠶᠡᠵᠦ ᠪᠠᠶ᠋ᠢᠭᠠᠳ ᠂  ᠲᠡᠲᠡᠨ ᠊ᠢ ᠶᠠᠪᠤᠭᠰᠠᠨ ᠬᠣᠶ᠋ᠢᠨ᠎ᠠ ᠡᠵᠡᠨ ᠪ ᠱᠦᠭᠦᠢ ᠠ᠋ᠴᠠ ᠪᠢᠴᠢᠬᠠᠨ ᠯᠣᠩᠬᠣ ᠲᠠᠢ ᠪᠡᠬᠡ ᠂ ᠵᠢᠪᠡᠲᠡᠢ ᠦᠵᠦᠭ ᠬᠢᠭᠡᠳ ᠥᠨᠭᠭᠡᠭᠳᠡᠭᠰᠡᠨ ᠴᠠᠭᠠᠰᠤ ᠠᠪᠴᠤ ᠡᠮᠦᠨ᠎ᠡ ᠪᠡᠨ ᠳᠡᠯᠭᠡᠵᠦ ᠲᠠᠯᠪᠢᠭᠠᠳ ᠵᠠᠬᠢᠲᠠᠯ ᠪᠢᠴᠢᠵᠦ ᠡᠬᠢᠯᠡᠪᠡ ᠃
     ᠦᠰᠦᠭ ᠶ᠋ᠢᠡᠨ ᠡᠬᠢᠯᠡᠵᠦ ᠪᠢᠴᠢᠬᠦ ᠡᠴᠡ ᠡᠮᠦᠨ᠎ᠡ ᠤᠷᠢᠲᠠᠪᠡᠷ ᠴᠣᠩᠬᠣ ᠬᠠᠭᠠᠯᠬ᠋᠎ᠠ ᠶ᠋ᠢ ᠬᠡᠲᠦ ᠳᠠᠬᠢᠨ ᠠᠶᠤᠮᠠᠲᠠᠭᠠᠢ ᠬᠠᠷᠠᠴᠠ ᠪᠠᠷ ᠰᠢᠷᠪᠢᠨ ᠬᠠᠷᠠᠵᠤ ᠂  ᠬᠣᠶᠠᠷ ᠲᠠᠯ᠎ᠠ ᠪᠠᠷ ᠨᠢ ᠭᠤᠲᠤᠯ ᠦ᠋ᠨ ᠬᠡᠯᠪᠢᠭᠦᠷ ᠲᠠᠯᠪᠢᠬᠰᠠᠨ ᠮᠣᠲᠣᠨ ᠡᠯᠭᠦᠭᠦᠷ ᠦ᠋ᠨ ᠳᠤᠮᠳᠠ ᠪᠠᠶ᠋ᠢᠬ᠋᠎ᠠ ᠪᠤᠷᠬᠠᠨ ᠪ ᠬᠠᠷ᠎ᠠ ᠬᠦᠷᠦᠭ ᠊ᠢ ᠨᠢᠲᠦᠨ ᠪᠤᠯᠤᠩ ᠶ᠋ᠢᠠᠷ ᠬᠠᠷᠠᠪᠠ ᠃  ᠲᠡᠷᠡ ᠰᠠᠨᠠᠬ᠋᠎ᠠ ᠠᠯᠲᠠᠭᠠᠳ ᠴᠠᠭᠠᠰᠤ ᠪᠠᠨ ᠰᠠᠨᠲᠠᠯᠢ ᠳᠡᠭᠡᠷ᠎ᠡ ᠳᠡᠯᠭᠡᠵᠦ ᠂  ᠥᠪᠡᠷ ᠶ᠋ᠢᠡᠨ ᠰᠠᠨᠲᠠᠯᠢ ᠶ᠋ᠢᠨ ᠠᠷᠤ  ‍ᠳᠤ ᠰᠥᠭᠥᠲᠦᠨ ᠰᠠᠭᠤᠪᠠ ᠃
     《 ᠬᠠᠶ᠋ᠢᠷᠠᠲᠤ ᠡᠪᠦᠭᠡ ᠠᠪᠤ  ᠺᠤᠨᠰᠲ᠋ᠠᠨ᠍ᠲ᠋ᠢᠨ ᠮᠠᠺᠠᠷᠢᠴᠢ ᠮᠢᠨᠢ ᠠ᠋ ! 》 ᠭᠡᠳ ᠵᠠᠯᠭᠠᠵᠤ 《 ᠪᠢ ᠲᠠᠨ  ‍ᠳᠤ ᠵᠠᠬᠢᠲᠠᠯ ᠪᠢᠴᠢᠵᠦ ᠪᠠᠶ᠋ᠢᠨ᠎ᠠ ᠃  ᠶᠡᠬᠡ ᠲᠩᠷᠢ ᠶ᠋ᠢᠨ ᠮᠡᠨᠳᠦᠯᠡᠭᠰᠡᠨ ᠪᠠᠶᠠᠷ ᠶ᠋ᠢᠠᠷ ᠲᠠᠨ ᠪ ᠠᠮᠤᠭᠤᠯᠠᠩ ᠊ᠢ ᠡᠷᠢᠵᠦ ᠪᠤᠷᠬᠠᠨ ᠲᠩᠷᠢ  ‍ᠳᠤ ᠥᠷᠥᠰᠢᠶᠡᠭᠳᠡᠬᠦ ᠪᠣᠯᠲᠤᠭᠠᠢ ᠭᠡᠵᠦ ᠢᠷᠥᠭᠡᠶ᠎ᠡ ᠃  ᠨᠠᠲᠠ ᠡᠴᠢᠭᠡ ᠦᠭᠡᠢ ᠂  ᠡᠬᠡ  ᠴᠤ᠌ ᠦᠭᠡᠢ ᠂  ᠭᠠᠭᠴᠠ ‍ᠬᠦ ᠲᠠ ᠮᠢᠨᠢ ᠨᠠᠲᠠ ᠳ᠋ᠠᠭᠠᠨ ᠴᠣᠷᠢ ᠶ᠋ᠢᠨ ᠭᠠᠭᠴᠠ ᠳᠣᠲᠣᠨᠣ ᠬᠥᠮᠦᠨ ᠶᠤᠮ 》 ᠭᠡᠵᠦ ᠪᠢᠴᠢᠪᠡ ᠃
     ᠸᠠᠨᠢᠻᠠ ᠯᠡ ᠶ᠋ᠢᠨ ᠭᠡᠷᠡᠯ  ‍ᠳᠤ ᠰᠥᠲᠡᠭᠡᠨᠡᠭᠰᠡᠨ ᠬᠠᠷᠠᠩᠭᠤᠢ ᠴᠣᠩᠬᠣ ᠤᠷᠤᠭᠤ ᠬᠠᠷᠠᠵᠤ ᠿᠧᠡᠷᠧᠹ ᠨᠣᠶᠠᠨᠲᠠᠨ ᠪ ᠮᠠᠨᠠᠬ᠋᠎ᠠ ᠶ᠋ᠢ ᠮᠠᠨᠠᠲᠠᠭ ᠥᠪᠡᠷ ᠦ᠋ᠨ ᠶ᠋ᠢᠡᠨ ᠡᠪᠦᠭᠡ ᠠᠪᠤ ᠺᠤᠨᠰᠲ᠋ᠠᠨ᠍ᠲ᠋ᠢᠨ ᠮᠠᠺᠠᠷᠢᠴᠢ ᠶ᠋ᠢ ᠥᠤᠠᠲᠡᠷ ᠰᠡᠤᠠᠬᠢᠯ  ᠳ᠋ᠡᠭᠡᠨ ᠪᠣᠲᠣᠯ᠎ᠠ ᠄  ᠲᠡᠷᠡ ᠪᠣᠯ ᠨᠢᠭᠡᠨ ᠪᠠᠭᠠᠬᠠᠨ ᠬᠠᠲᠠᠩᠭᠢᠷ ᠪᠡᠶ᠎ᠡ ᠲᠡᠢ ᠂ ᠦᠷᠭᠦᠯᠵᠢ ᠢᠨᠢᠶᠡᠮᠰᠦᠭᠯᠡᠬᠦ ᠰᠣᠭᠲᠣᠩᠬᠢ ᠨᠢᠲᠦ ᠲᠡᠢ ᠂ ᠮᠠᠰᠢ ᠢᠯᠭᠤᠮ ᠵᠠᠩᠲᠠᠢ ᠵᠢᠷᠠᠨ ᠲᠠᠪᠤᠨ ᠨᠠᠰᠤᠨ ᠪ ᠡᠪᠦᠭᠡᠨ ᠪᠢᠯᠡ ᠃ ᠡᠲᠦᠷ ᠲᠡᠭᠡᠨ ᠵᠠᠷᠤᠴᠠ ᠨᠠᠷ ᠦ᠋ᠨ ᠭᠠᠯ ᠲᠣᠭᠣᠭᠠᠨ ᠪ ᠭᠡᠷ ᠲᠦ ᠤᠨᠲᠠᠵᠤ  ᠰᠥᠨᠢ ᠳ᠋ᠡᠭᠡᠨ ᠲᠣᠮᠣ ᠳᠠᠬᠤ ᠡᠮᠦᠰᠦᠭᠡᠳ ᠂  ᠪᠦᠬᠦ ᠪᠠᠶ᠋ᠢᠷᠢ ᠶ᠋ᠢ ᠲᠣᠭᠣᠷᠢᠨ ᠶᠠᠪᠤᠵᠤ ᠮᠣᠲᠣᠨ ᠲᠣᠩᠰᠢᠭᠤᠷ ᠴᠣᠬᠢᠨ᠎ᠠ ᠃  ᠲᠡᠭᠦᠨ ᠪ ᠬᠣᠶ᠋ᠢᠨ᠎ᠠ ᠠ᠋ᠴᠠ ᠺᠡᠱᠲ᠋ᠡᠨᠺᠡ ᠨᠡᠷᠡᠲᠡᠢ ᠬᠥᠭᠰᠢᠨ ᠥᠯᠥᠭᠴᠢᠨ ᠂  ᠮᠣᠭᠠᠢ ᠵᠢᠷᠠᠰᠤ ᠨᠡᠷᠡᠲᠡᠢ ᠨᠢᠭᠡ ᠡᠷ᠎ᠡ ᠨᠣᠬᠠᠢ ᠬᠣᠶᠠᠷ ᠂  ᠲᠣᠯᠣᠭᠠᠢ ᠪᠠᠨ ᠤᠨᠵᠢᠭᠤᠯᠤᠨ ᠳᠠᠭᠠᠵᠤ ᠶᠠᠪᠤᠨ᠎ᠠ ᠃  ᠡᠨᠡ ᠬᠠᠷ᠎ᠠ ᠡᠷ᠎ᠡ ᠨᠣᠬᠠᠢ ᠨᠢ ᠰᠣᠯᠣᠩᠬ᠋᠎ᠠ ᠠᠲᠠᠯᠢ ᠤᠷᠲᠤ ᠪᠡᠶ᠎ᠡ ᠲᠡᠢ ᠲᠣᠯᠠ ᠮᠣᠭᠠᠢ ᠵᠢᠷᠠᠰᠤ ᠭᠡᠵᠦ ᠨᠡᠷᠡᠯᠡᠭᠳᠡᠭᠰᠡᠨ ᠶᠣᠮ ᠃  ᠮᠣᠭᠠᠢ ᠵᠢᠷᠠᠰᠤ ᠪᠣᠯ ᠬᠥᠮᠦᠨ ᠪ ᠦᠭᠡ ᠶ᠋ᠢ ᠠᠰᠤᠷᠤ ᠰᠠᠶ᠋ᠢᠨ ᠰᠣᠨᠣᠰᠲᠠᠭ ᠮᠠᠰᠢ ᠬᠥᠭᠡᠷᠦᠬᠦᠨ ᠨᠣᠬᠠᠢ ᠶᠤᠮ ᠃ 
     ᠣᠲᠣ ᠡᠪᠦᠭᠡ ᠠᠪᠤ ᠬᠦᠷᠢᠶᠡᠨ ᠪ ᠡᠭᠦᠲᠡᠨ  ‍ᠳᠤ ᠵᠣᠭᠰᠣᠨ ᠲᠣᠰᠬᠣᠨ ᠪ ᠰᠦᠮ᠎ᠡ ᠶ᠋ᠢᠨ ᠬᠤᠷᠴᠠ ᠤᠯᠠᠭᠠᠨ ᠭᠡᠷᠡᠯᠲᠦ ᠴᠣᠩᠬᠣ ᠶ᠋ᠢ ᠨᠢᠲᠦ ᠪᠡᠨ ᠠᠨᠢᠢᠯᠭᠠᠨ ᠬᠠᠷᠠᠵᠤ ᠂  ᠢᠰᠡᠭᠡᠢ ᠭᠤᠲᠤᠯ ᠲᠠᠢ ᠬᠥᠯ ᠶ᠋ᠢᠡᠨ ᠳᠡᠪᠰᠡᠯᠡᠨ ᠂ ᠲᠣᠩᠰᠢᠭᠤᠷ ᠶ᠋ᠢᠠᠨ ᠪᠥᠰᠡᠨ ᠳ᠋ᠡᠭᠡᠨ ᠬᠠᠪᠴᠢᠭᠤᠯᠤᠭᠠᠳ ᠬᠦᠢᠲᠡᠨ  ‍ᠳᠤ ᠵᠢᠭᠡᠭᠦᠴᠡᠨ ᠠᠲᠤᠷᠢᠵᠤ ᠵᠣᠭᠰᠣᠨ᠎ᠠ ᠪᠠᠶ᠋ᠢᠬᠤ ᠡ ᠁
     ᠲᠩᠷᠢ ᠣᠨᠴᠠ ᠴᠡᠯᠮᠡᠭ ᠂  ᠥᠴᠦᠬᠡᠨ ᠴᠤ᠌ ᠰᠠᠯᠬᠢ ᠦᠭᠡᠢ ᠪᠣᠯᠪᠠᠴᠤ ᠪᠦᠬᠦ ᠲᠣᠰᠬᠣᠨ ᠂  ᠴᠠᠭᠠᠨ ᠴᠠᠭᠠᠨ ᠳᠡᠭᠡᠪᠦᠷᠲᠦ ᠪᠠᠶ᠋ᠢᠰᠢᠩ ᠦ᠋ᠳ ᠪᠠ ᠶᠠᠩᠲᠤᠩ ᠡᠴᠡ ᠰᠤᠭᠤᠨᠠᠭᠯᠠᠬᠤ ᠤᠲᠤᠬ᠋᠎ᠠ ᠂  ᠬᠢᠷᠠᠭᠤ ᠤᠨᠠᠵᠤ ᠮᠥᠩᠭᠥᠨ ᠴᠠᠭᠠᠨ ᠥᠩᠭᠡ ᠲᠡᠢ ᠪᠣᠯᠤᠭᠰᠠᠨ ᠮᠣᠲᠣᠳ ᠂ ᠣᠪᠣᠭᠠᠯᠠᠭᠠᠰᠤᠲᠠᠢ ᠴᠠᠰᠤ ᠴᠥᠮ ᠲᠣᠪ ᠲᠣᠲᠣᠬᠠᠨ ᠬᠠᠷᠠᠭᠲᠠᠨ᠎ᠠ ᠃ ᠲᠩᠷᠢ ᠳᠦᠭᠦᠷᠡᠩ ᠭᠢᠯᠠᠯᠵᠠᠬᠤ ᠣᠲᠣᠨ ᠮᠡᠴᠢᠳ ᠰᠠᠴᠤᠭᠰᠠᠨ ᠮᠡᠲᠦ ᠦᠵᠡᠭᠳᠡᠭᠡᠳ ᠲᠩᠷᠢ ᠶ᠋ᠢᠨ ᠣᠶᠣᠲᠠᠯ ᠪᠠᠶᠠᠷ ᠦ᠋ᠨ ᠤᠷᠢᠳ ᠤᠬᠢᠶᠠᠵᠤ ᠴᠡᠪᠡᠷᠯᠡᠭᠡᠳ ᠴᠠᠰᠤ ᠪᠠᠷ ᠵᠦᠯᠭᠦᠭᠰᠡᠨ ᠰᠢᠭ᠌ ᠮᠠᠰᠢ ᠲᠣᠲᠣᠷᠬᠠᠢ ᠬᠠᠷᠠᠭᠲᠠᠨ᠎ᠠ ᠪᠠᠶ᠋ᠢᠬᠤ ᠡ ᠁
      ᠸᠠᠨᠢᠻᠠ ᠰᠡᠭᠦᠷᠡᠰᠦ ᠠᠯᠲᠠᠵᠤ ᠦᠵᠦᠭ ᠶ᠋ᠢᠡᠨ ᠪᠡᠬᠡ ᠎ ‍ᠳᠤ ᠳᠦᠷᠦᠵᠦ ᠠᠪᠤᠭᠠᠳ ᠦᠷᠭᠦᠯᠵᠢᠯᠡᠨ ᠪᠢᠴᠢᠪᠡ ᠃
      《 ᠥᠴᠥᠭᠡᠲᠦᠷ ᠨᠠᠮᠠᠶ᠋ᠢ ᠵᠣᠲᠣᠪᠠ ᠃  ᠡᠵᠡᠨ  ᠨᠠᠮᠠᠶ᠋ᠢ ᠬᠡᠦᠬᠡᠳ ᠊ᠢ ᠨᠢ ᠬᠠᠷᠠᠵᠤ ᠪᠠᠶ᠋ᠢᠭᠠᠳ ᠰᠠᠨᠠᠮᠰᠠᠷ ᠦᠭᠡᠢ ᠤᠨᠲᠠᠯ᠎ᠠ ᠭᠡᠵᠦ ᠦᠰᠦᠨ ᠡᠴᠡ ᠮᠢᠨᠢ ᠭᠠᠲᠠᠭᠰᠢ ᠴᠢᠷᠦᠨ ᠭᠠᠷᠴᠤ ᠰᠤᠷ ᠪᠦᠰᠡ ᠪᠡᠷ ᠭᠤᠶᠠᠲᠠᠪᠠ ᠃  ᠪᠠᠰᠠ ᠰᠠᠶᠢᠬᠠᠨ ᠭᠡᠷ ᠦ᠋ᠨ ᠡᠵᠡᠨ ᠡᠬᠡᠨᠡᠷ  ᠨᠠᠮᠠᠶ᠋ᠢ ᠮᠠᠢ ᠵᠢᠭᠠᠰᠤ ᠠᠷᠢᠯᠬ᠋᠎ᠠ ᠭᠡᠬᠦ  ‍ᠳᠤ ᠪᠢ ᠰᠡᠭᠦᠯ ᠡᠴᠡ ᠨᠢ ᠡᠬᠢᠯᠡᠵᠦ ᠠᠷᠢᠯᠭᠠᠭᠰᠠᠨ  ‍ᠳᠤ ᠲᠡᠷᠡ ᠡᠬᠡᠨᠡᠷ ᠮᠠᠢ ᠵᠢᠭᠠᠰᠤ ᠶ᠋ᠢ ᠠᠪᠴᠤ ᠬᠣᠩᠰᠢᠶᠠᠷ ᠶ᠋ᠢᠠᠷ ᠨᠢ ᠨᠢᠭᠤᠷ ᠤᠷᠤᠭᠤ ᠮᠢᠨᠢ ᠴᠢᠴᠢᠪᠡ ᠃  ᠭᠤᠲᠤᠯᠴᠢᠨ ᠨᠤᠭᠤᠳ  ᠨᠠᠮᠠᠢ᠍ᠢ ᠱᠣᠣᠯᠠᠵᠤ ᠳᠣᠭᠣᠭᠢᠯᠠᠨ᠎ᠠ ᠃  ᠲᠡᠲᠡ ᠨᠠᠲᠠ ᠪᠠᠷ ᠳᠡᠯᠭᠡᠭᠦᠷ ᠡᠴᠡ ᠠᠷᠢᠬᠢ ᠠᠪᠴᠢᠷᠠᠭᠤᠯᠵᠤ ᠪᠠᠰᠠ ᠡᠵᠡᠨ ᠪ ᠥᠷᠭᠡᠰᠦᠲᠦ ᠬᠡᠮᠬᠡ ᠶ᠋ᠢ ᠬᠤᠯᠠᠭᠠᠶ᠋ᠢᠯᠠᠭᠤᠯᠬᠤ  ‍ᠳᠤ ᠡᠵᠡᠨ ᠮᠡᠲᠡᠪᠡᠯ ᠭᠠᠷ ᠲᠣᠨᠢ ᠶᠠᠭᠤ ᠥᠷᠲᠥᠪᠡᠯ ᠲᠡᠭᠦᠨ ᠶ᠋ᠢᠡᠷ ᠶ᠋ᠢᠡᠨ ᠨᠠᠮᠠᠢ᠍ᠢ ᠴᠣᠬᠢᠨ᠎ᠠ ᠃  ᠢᠲᠡᠬᠦ ᠶᠠᠭᠤᠮ᠎ᠠ ᠶᠠᠭᠤ ᠴᠤ᠌ ᠦᠭᠡᠢ ᠃  ᠥᠷᠯᠥᠭᠡᠭᠦᠷ ᠨᠢᠭᠡ ᠪᠠᠬ᠋᠎ᠠ ᠲᠠᠯᠬ᠎ᠠ ᠂  ᠦᠲᠡ  ‍ᠳᠤ ᠰᠢᠩᠭᠡᠨ ᠪᠤᠲᠠᠬ᠋᠎ᠠ ᠂  ᠦᠲᠡᠰᠢ ᠪᠠᠰᠠ ᠨᠢᠭᠡ ᠪᠠᠬ᠋᠎ᠠ ᠯᠠ ᠲᠠᠯᠬ᠎ᠠ ᠥᠭᠭᠦᠨ᠎ᠡ᠃  ᠴᠠᠢ ᠪᠤᠶᠤ ᠮᠢᠬ᠎ᠠ ᠱᠥᠯᠥ ᠶ᠋ᠢ ᠡᠵᠡᠳ ᠥᠪᠡᠰᠦᠪᠡᠨ ᠯᠡ ᠰᠠᠶ᠋ᠢᠨ ᠤᠤᠭᠤᠵᠤ ᠢᠲᠡᠨ᠎ᠡ ᠃  ᠨᠠᠮᠠᠶ᠋ᠢ ᠰᠠᠷᠠᠪᠴᠢᠨ  ‍ᠳᠤ ᠤᠨᠲᠠᠭᠤᠯᠤᠨ᠎ᠠ ᠃  ᠬᠡᠷᠪᠡ ᠲᠡᠲᠡᠨ ᠪ ᠬᠡᠦᠬᠡᠳ ᠨᠢ ᠤᠬᠢᠯᠠᠭᠠᠳ ᠪᠠᠶ᠋ᠢᠪᠠᠯ ᠤᠨᠲᠠᠨ᠎ᠠ ᠭᠡᠵᠦ ᠪᠤᠤ ᠰᠠᠨᠠ ᠂  ᠰᠥᠨᠢ ᠲᠤᠷᠰᠢ ᠪᠦᠪᠡᠶ᠋ᠢᠯᠡᠵᠦ ᠬᠣᠨᠣᠨ᠎ᠠ ᠃  ᠬᠠᠶ᠋ᠢᠷᠠᠲᠤ ᠡᠪᠦᠭᠡ ᠠᠪᠤ ᠮᠢᠨᠢ ᠥᠷᠥᠰᠢᠶᠡᠯ ᠦᠵᠡᠭᠦᠯᠦᠭᠡᠴᠢ ᠃  ᠨᠠᠮᠠᠶ᠋ᠢ ᠡᠨᠲᠡ ᠡᠴᠡ ᠵᠠᠶ᠋ᠢᠯᠠᠭᠤᠯᠵᠤ ᠭᠡᠷ ᠲᠡᠭᠡᠨ ᠂ ᠲᠣᠰᠬᠣᠨ ᠳ᠋ᠠᠭᠠᠨ ᠠᠪᠠᠴᠢ ᠃  ᠪᠢ ᠲᠡᠰᠪᠦᠷᠢᠯᠡᠬᠦᠶ᠎ᠡ ᠪᠡᠷᠬᠡ ᠪᠣᠯᠤᠯ᠎ᠠ ! ᠁  ᠨᠠᠮᠠᠢ᠍ᠢ ᠡᠨᠳᠡ ᠎ᠡᠴᠡ ᠵᠠᠶ᠋ᠢᠯᠠᠭᠤᠯᠤᠭᠠᠴᠢ ᠂  ᠦᠭᠡᠢ ᠪᠣᠯ ᠪᠢ ᠦᠬᠦᠬᠦ ᠨᠢ ᠲᠡᠷᠡ ! ᠁ 》
      ᠸᠠᠨᠢᠻᠠ ᠂  ᠤᠷᠤᠭᠤᠯ ᠶ᠋ᠢᠠᠨ ᠥᠮᠥᠶ᠋ᠢᠯᠭᠡᠨ ᠬᠠᠷ᠎ᠠ ᠭᠠᠷ ᠶ᠋ᠢᠠᠷ ᠶ᠋ᠢᠠᠨ ᠨᠢᠲᠦ ᠪᠡᠨ ᠨᠤᠬᠤᠯᠠᠵᠤ ᠡᠬᠡᠷ ᠲᠠᠲᠠᠪᠠ ᠃

      《 ᠪᠢ ᠲᠠᠨ  ᠳ᠋ᠤ᠌ ᠲᠠᠮᠠᠬᠢ  ᠶ᠋ᠢ ᠴᠢᠨᠢ ᠨᠡᠷᠡᠵᠦ ᠥᠭᠭᠦᠨ᠎ᠡ》᠂《 ᠴᠢᠮᠠᠶ᠋ᠢ ᠪᠤᠷᠬᠠᠨ  ᠳ᠋ᠤ᠌ ᠮᠥᠷᠭᠥᠵᠦ ᠳᠠᠭᠠᠳᠬᠠᠨ᠎ᠠ᠃   ᠬᠡᠷᠪᠡ ᠪᠢ ᠪᠤᠷᠤᠭᠤ ᠭᠠᠷᠭᠠᠪᠠᠯ ᠲᠠ ᠨᠠᠮᠠᠶ᠋ᠢ ᠨᠢᠪᠰᠢᠷᠡᠲᠡᠯ᠎ᠡ ᠵᠣᠳᠣᠭᠠᠷᠠᠢ ᠃ ᠨᠠᠮᠠᠶ᠋ᠢ ᠠᠵᠢᠯ ᠣᠯᠬᠤ ᠦᠭᠡᠢ  ᠡᠴᠡ ᠵᠣᠪᠠᠪᠠᠯ ᠪᠢ ᠲᠤᠰᠢᠶᠠᠯ  ᠭᠦᠢᠴᠡᠳᠬᠡᠭᠴᠢ ᠵᠢᠨ ᠳ᠋ᠤ᠌ ᠣᠴᠢᠵᠤ᠂ ᠲᠡᠭᠦᠨ  ᠡᠴᠡ ᠲᠡᠭᠷᠢ ᠵᠢᠨ ᠲᠠᠭᠠᠯᠠᠯ ᠊ᠢ ᠪᠣᠳᠣᠵᠤ ᠨᠠᠳᠠ  ᠪᠠᠷ ᠭᠤᠲᠤᠯ ᠵᠥᠯᠭᠥᠭᠦᠯᠬᠦ ᠪᠣᠯᠪᠠ  ᠊ᠤᠤ ᠭᠡᠵᠦ ᠭᠤᠶᠤᠶ᠎ᠠ᠃ ᠡᠰᠡᠬᠦᠯ᠎ᠡ ᠹᠸᠲᠺᠡ  ᠳ᠋ᠤ᠌ ᠣᠴᠢᠵᠤ ᠬᠣᠨᠢ  ᠶ᠋ᠢ ᠨᠢ ᠬᠠᠮᠵᠢᠵᠤ ᠬᠠᠷᠢᠭᠤᠯᠬᠤ  ᠪᠠᠷ ᠭᠤᠶᠤᠶ᠎ᠠ᠃ ᠬᠠᠶ᠋ᠢᠷᠠᠲᠤ ᠡᠪᠦᠭᠡ ᠠᠪᠤ ᠮᠢᠨᠢ ᠠ᠋᠂ ᠪᠢ ᠶᠠᠭᠠᠬᠢᠭᠰᠠᠨ ᠴᠤ᠌ ᠲᠡᠰᠪᠦᠷᠢᠯᠡᠵᠦ ᠴᠢᠳᠠᠬᠤ ᠪᠡᠨ ᠪᠠᠶ᠋ᠢᠯ᠎ᠠ᠃ ᠨᠠᠳᠠ  ᠳ᠋ᠤ᠌ ᠦᠬᠦᠯ  ᠡᠴᠡ ᠥᠭᠡᠷ᠎ᠡ ᠵᠠᠮ ᠦᠭᠡᠢ ᠪᠣᠯᠪᠠ!᠁ ᠪᠢ ᠬᠥᠳᠡᠭᠡ ᠲᠣᠰᠬᠣᠨ  ᠳ᠋ᠠᠭᠠᠨ ᠭᠦᠶᠦᠭᠡᠳ ᠬᠠᠷᠢᠴᠢᠬᠠᠶ᠎ᠠ ᠭᠡᠬᠦ  ᠳ᠋ᠦ᠍ ᠭᠤᠲᠤᠯ ᠦᠭᠡᠢ᠂ ᠬᠦᠢᠲᠡᠨ  ᠡᠴᠡ  ᠪᠠᠰᠠ ᠠᠶᠤᠭᠠᠳ ᠶᠠᠪᠤᠵᠤ ᠴᠢᠳᠠᠬᠤ ᠥᠬᠡᠢ ᠪᠠᠶ᠋ᠢᠨ᠎ᠠ᠃ ᠪᠢ ᠥᠭᠡᠯᠡᠢ ᠶᠡᠬᠡ ᠪᠣᠯᠤᠭᠰᠠᠨ ᠬᠣᠶ᠋ᠢᠨ᠎ᠠ ᠴᠢᠮᠠᠶ᠋ᠢ ᠲᠡᠵᠢᠭᠡᠵᠦ ᠠᠴᠢ  ᠶ᠋ᠢ ᠴᠢᠨᠢ  ᠰᠠᠶ᠋ᠢᠨ ᠬᠠᠷᠢᠭᠤᠯᠤᠨ᠎ᠠ᠃ ᠴᠢᠮᠠᠶ᠋ᠢ ᠬᠡᠨ ᠵᠢᠠᠷ  ᠴᠤ᠌  ᠠᠳᠠ ᠦᠵᠡᠭᠦᠯᠬᠦ  ᠦᠭᠡᠢ ᠃ 
     《 ᠮᠣᠰᠺᠸᠠ ᠭᠡᠳᠡᠭ ᠲᠣᠮᠣ ᠬᠣᠲᠠ ᠶᠤᠮ ᠠ᠋ ᠃ ᠪᠠᠶ᠋ᠢᠰᠢᠩ ᠊ᠤᠳ ᠨᠢ ᠴᠥᠮ  ᠡᠵᠡᠳ ᠨᠣᠶᠠᠳ ᠊ᠤᠨ ᠪᠥᠭᠡᠳ ᠮᠣᠷᠢ ᠣᠯᠠᠨ ᠂ ᠬᠣᠨᠢ ᠶᠡᠷᠦ  ᠡᠴᠡ ᠦᠭᠡᠢ ᠂ ᠨᠣᠬᠠᠳ ᠨᠢ ᠨᠣᠮᠣᠬᠠᠨ ᠶᠤᠮ ᠠ᠋ ᠃ ᠪᠤᠷᠬᠠᠨ ᠊ᠤ ᠪᠠᠶᠠᠷ ᠊ᠤᠨ ᠡᠳᠦᠷ ᠡᠨᠳᠡᠬᠢ ᠬᠡᠦᠬᠡᠳ ᠊ᠦᠳ ᠶᠡᠷᠦ  ᠡᠴᠡ ᠣᠳᠣᠨ ᠳ᠋ᠧᠩᠯᠦ  ᠪᠠᠷᠢᠵᠤ ᠭᠦᠶᠦᠯᠴᠡᠬᠦ ᠦᠭᠡᠢ ᠶᠤᠮ ᠃ ᠰᠦᠮ᠎ᠡ ᠳᠣᠲᠣᠷᠠᠬᠢ ᠰᠢᠯᠦᠭ ᠊ᠦᠨ ᠳᠡᠪᠴᠡᠭ ᠲᠡᠭᠡᠶ᠎ᠡ ᠬᠥᠮᠦᠨ ᠪᠦᠬᠦᠨ ᠊ᠢ   ᠳᠤᠷ᠎ᠠ ᠪᠠᠷ ᠨᠢ ᠰᠢᠯᠦᠭ  ᠭᠢᠩᠰᠢᠭᠦᠯᠬᠦ ᠦᠭᠡᠢ ᠶᠤᠮ᠃ ᠪᠢ ᠨᠢᠭᠡ ᠤᠳᠠᠭ᠎ᠠ ᠳᠡᠯᠭᠡᠭᠦᠷ  ᠊ᠤᠨ ᠴᠣᠩᠬᠣᠨ ᠳᠡᠭᠡᠷ᠎ᠡ ᠠ᠋ᠴᠠ ᠶᠠᠮᠠᠷ ᠴᠤ᠌ ᠵᠢᠭᠠᠰᠤ  ᠶ᠋ᠢ ᠪᠠᠷᠢᠵᠤ ᠪᠣᠯᠬᠤ ᠭᠥᠬᠢ ᠶ᠋ᠢ ᠪᠦᠷ ᠤᠲᠠᠰᠤ ᠪᠠ ᠡᠰᠢ ᠲᠠᠢ ᠨᠢ  ᠬᠠᠮᠲᠤ ᠬᠤᠳᠠᠯᠳᠤᠳᠠᠭ ᠊ᠢ ᠦᠵᠡᠯ᠎ᠡ᠃ ᠮᠠᠰᠢ ᠦᠨᠡᠲᠡᠢ ᠂ ᠨᠢᠭᠡ ᠹᠦᠨᠲ ᠊ᠦᠨ ᠬᠦᠨᠳᠦ ᠵᠢᠭᠠᠰᠤ  ᠶ᠋ᠢ ᠴᠦ᠍ ᠳᠠᠭᠠᠭᠠᠬᠤ ᠲᠡᠶ᠋ᠢᠮᠦ ᠭᠥᠬᠢ ᠪᠠᠰᠠ ᠪᠠᠶ᠋ᠢᠨ᠎ᠠ᠃ ᠪᠢ ᠪᠠᠰᠠ ᠫᠤᠤ  ᠨᠤᠭᠤᠳ ᠊ᠤᠨ ᠳᠡᠯᠭᠡᠭᠦᠷ ᠊ᠢ ᠦᠵᠡᠯ᠎ᠡ᠃ ᠮᠠᠨ ᠊ᠤ  ᠡᠵᠡᠨ ᠊ᠦ ᠫᠤᠤ  ᠲᠠᠢ ᠠᠳᠠᠯᠢ ᠶᠤᠮ᠃ ᠨᠢᠭᠡ ᠨᠢ ᠮᠠᠭᠠᠳ ᠵᠠᠭᠤᠭᠠᠳ ᠷᠦᠪᠯᠢ ᠵᠢᠨ ᠦᠨᠡᠲᠡᠢ ᠪᠠᠶ᠋ᠢᠬᠤ ᠠ᠋᠃ ᠮᠢᠬᠠᠨ ᠊ᠤ ᠳᠡᠯᠭᠡᠭᠦᠷ  ᠲᠦ᠍ ᠭᠤᠷᠭᠤᠤᠯ ᠂ ᠵᠡᠷᠯᠢᠭ ᠨᠤᠭᠤᠰᠤ ᠂ ᠲᠠᠤᠯᠠᠢ ᠵᠡᠷᠭᠡ ᠶᠡᠬᠡᠯ᠎ᠡ ᠪᠠᠶ᠋ᠢᠬᠤ ᠶᠤᠮ ᠠ᠋᠃ ᠲᠡᠳᠡᠨ  ᠊ᠢ ᠴᠣᠬᠣᠮ ᠬᠠᠮᠢᠭ᠎ᠠ  ᠡᠴᠡ ᠠᠯᠠᠵᠤ ᠠᠪᠴᠢᠷᠠᠳᠠᠭ ᠊ᠢ ᠬᠤᠳᠠᠯᠳᠤᠬᠤ ᠬᠥᠮᠦᠨ ᠶᠡᠷᠦ  ᠡᠴᠡ ᠬᠡᠯᠡᠵᠦ ᠥᠭᠬᠦ ᠥᠬᠡᠢ  ᠶᠤᠮ᠃ 
     《 ᠬᠠᠶ᠋ᠢᠷᠠᠲᠤ ᠡᠪᠦᠭᠡ ᠠᠪᠤ ᠮᠢᠨᠢ ᠂ ᠡᠵᠡᠨ ᠨᠣᠶᠠᠨ ᠳᠠᠬᠢᠯᠭ᠎ᠠ ᠵᠢᠨ ᠮᠣᠳᠣᠨ  ᠳ᠋ᠤ᠌ ᠵᠢᠮᠢᠰ ᠡᠯᠭᠦᠭᠰᠡᠨ ᠊ᠦ ᠰᠡᠭᠦᠯᠡᠷ ᠨᠢᠭᠡᠨ ᠠᠯᠲᠠᠨ ᠬᠣᠰᠢᠭ᠎ᠠ ᠠᠪᠴᠤ ᠮᠢᠨᠦ ᠨᠣᠭᠣᠭᠠᠨ ᠬᠠᠶ᠋ᠢᠷᠴᠠᠭ  ᠲᠤ᠌ ᠬᠢᠵᠦ ᠬᠠᠳᠠᠭᠠᠯᠠᠭᠠᠷᠠᠢ᠃》
      ᠸᠠᠨᠢᠺᠠ ᠵᠣᠪᠠᠯᠲᠠᠢ ᠪᠡᠷ ᠰᠠᠨᠠᠭ᠎ᠠ ᠠᠯᠳᠠᠭᠠᠳ ᠪᠠᠰᠠ ᠯᠠ ᠴᠣᠩᠬᠣ ᠥᠬᠡᠳᠡ ᠮᠡᠯᠡᠷᠡᠨ ᠰᠢᠷᠲᠡᠪᠡ᠃ ᠡᠪᠦᠭᠡ ᠠᠪᠤ ᠨᠢ  ᠡᠵᠡᠨ ᠨᠣᠶᠠᠨ ᠊ᠤ ᠳᠠᠬᠢᠯᠭ᠎ᠠ ᠵᠢᠨ ᠮᠣᠳᠣ  ᠶ᠋ᠢ ᠠᠪᠬᠤ  ᠪᠠᠷ ᠦᠷᠭᠦᠯᠵᠢ ᠣᠴᠢᠳᠠᠭ ᠪᠥᠭᠡᠳ ᠸᠠᠨᠢᠺᠠ ᠵᠢ ᠬᠡᠵᠢᠶᠡᠳᠡ ᠳᠠᠭᠠᠭᠤᠯᠵᠤ ᠶᠠᠪᠤᠳᠠᠭ ᠊ᠢ ᠰᠠᠨᠠᠪᠠ ᠃ ᠲᠡᠷᠡ ᠦᠶ᠎ᠡ  ᠳ᠋ᠦ᠍ ᠶᠠᠭᠠᠬᠢᠭᠰᠠᠨ ᠬᠥᠭᠵᠢᠯᠲᠡᠢ ᠪᠠᠶ᠋ᠢᠭᠰᠠᠨ ᠪᠢᠯᠠ᠃ ᠬᠥᠯᠳᠡᠭᠦᠦ ᠣᠢ ᠰᠦᠷᠴᠢᠭᠢᠨᠡᠨ ᠰᠡᠷᠴᠢᠭᠢᠨᠡᠨ ᠳᠤᠤᠭᠠᠷᠤᠨ᠎ᠠ ᠂ ᠡᠪᠦᠭᠡ ᠠᠪᠤ ᠳᠠᠭᠠᠷᠠᠵᠤ ᠬᠥᠩᠬᠢᠨᠡᠨ ᠬᠠᠨᠢᠶᠠᠨ᠎ᠠ ᠂  ᠪᠢ ᠪᠠᠰᠠ ᠳᠠᠭᠤᠷᠢᠶᠠᠵᠤ ᠬᠠᠨᠢᠶᠠᠨ᠎ᠠ᠃ ᠨᠣᠭᠣᠭᠠᠨ ᠭᠠᠴᠤᠷ᠎ᠠ ᠴᠠᠪᠴᠢᠵᠤ ᠠᠪᠬᠤ ᠵᠢᠨ ᠡᠮᠦᠨ᠎ᠡ ᠡᠪᠦᠭᠡ ᠠᠪᠤ ᠮᠢᠨᠢ ᠲᠠᠮᠠᠬᠢ  ᠪᠠᠨ ᠲᠠᠲᠠᠵᠤ ᠪᠠᠷᠠᠭᠠᠳ ᠪᠠᠰᠠ ᠬᠠᠮᠠᠷ ᠲᠠᠮᠠᠬᠢ ᠲᠠᠲᠠᠵᠤ ᠂ ᠲᠠᠭᠠᠷᠠᠵᠤ ᠴᠡᠴᠡᠷᠡᠭᠰᠡᠨ ᠸᠠᠨᠢᠺᠠ ᠵᠢ ᠱᠣᠣᠯᠠᠵᠤ ᠨᠢᠭᠡᠨ ᠵᠡᠷᠭᠡ ᠢᠨᠢᠶᠡᠳᠡᠭ ᠰᠠᠨ ᠃ ᠴᠠᠰᠤ ᠬᠢᠷᠠᠭᠤ ᠪᠦᠷᠬᠦᠭᠰᠡᠨ ᠵᠠᠯᠠᠭᠤᠬᠠᠨ ᠨᠣᠭᠣᠭᠠᠨ ᠭᠠᠴᠤᠷ᠎ᠠ  ᠮᠣᠳᠣᠳ ᠬᠥᠳᠡᠯᠬᠦ ᠴᠦ᠍ ᠦᠭᠡᠢ  ᠵᠣᠭᠰᠣᠨ ᠂ ᠠᠯᠢ ᠨᠢᠭᠡ ᠨᠢ ᠦᠬᠦᠬᠦ  ᠪᠡᠨ ᠬᠦᠯᠢᠶᠡᠨ ᠪᠠᠶ᠋ᠢᠨ᠎ᠠ᠃ ᠭᠡᠨᠡᠳᠲᠡ ᠬᠥᠷ  ᠴᠠᠰᠤᠨ ᠳᠤᠮᠳᠠᠭᠤᠷ ᠨᠢᠭᠡᠨ ᠲᠠᠤᠯᠠᠢ ᠰᠤᠮᠤᠳᠠᠨ ᠬᠠᠷᠠᠶ᠋ᠢᠵᠤ ᠠᠯᠠᠭ᠎ᠠ ᠪᠣᠯᠵᠤ ᠣᠳᠤᠨ᠎ᠠ᠃ ᠡᠪᠦᠭᠡ ᠠᠪᠤ ᠮᠢᠨᠢ ᠬᠠᠷᠠᠮᠠᠭᠴᠠ《 ᠪᠠᠷᠢ ᠂  ᠪᠠᠷᠢ᠂  ᠬᠤᠷᠳᠤᠨ ᠪᠠᠷᠢᠭᠠᠷᠠᠢ! ᠬᠢ ᠂  ᠣᠭᠲᠤᠷ ᠰᠡᠭᠦᠯᠲᠦ ᠵᠣᠯᠢᠭ》 ᠭᠡᠳᠡᠭ ᠪᠠᠶ᠋ᠢᠯ᠎ᠠ᠃
      ᠡᠪᠦᠭᠡ  ᠠᠪᠤ ᠴᠠᠪᠴᠢᠵᠤ ᠠᠪᠤᠭᠰᠠᠨ ᠮᠣᠳᠣ  ᠪᠠᠨ ᠡᠵᠡᠨ ᠊ᠦ ᠭᠡᠷ  ᠲᠦ᠍ ᠠᠪᠴᠢᠷᠠᠬᠤ  ᠳ᠋ᠤ᠌ ᠪᠦᠭᠦᠳᠡᠭᠡᠷ ᠵᠢᠡᠨ ᠭᠠᠷ ᠬᠥᠳᠡᠯᠦᠯᠴᠡᠨ ᠲᠡᠭᠦᠨ ᠊ᠢ ᠴᠢᠮᠡᠨ᠎ᠡ᠃
      ᠸᠠᠨᠢᠺᠠ ᠴᠢᠨᠠᠭᠰᠢ ᠦᠷᠭᠦᠯᠵᠢᠯᠡᠨ ᠪᠢᠴᠢᠪᠡ ᠃《  ᠬᠠᠶ᠋ᠢᠷᠠᠲᠤ ᠡᠪᠦᠭᠡ   ᠠᠪᠤ ᠮᠢᠨᠢ ᠬᠤᠷᠳᠤᠨ ᠢᠷ᠎ᠡ! ᠲᠡᠭᠷᠢ ᠵᠢᠨ ᠲᠠᠭᠠᠯᠠᠯ ᠊ᠢ ᠪᠣᠳᠣᠵᠤ ᠨᠠᠮᠠᠶ᠋ᠢ ᠡᠨᠳᠡ  ᠡᠴᠡ ᠠᠪᠠᠴᠢ᠃ ᠵᠣᠯ ᠵᠠᠶᠠᠭ᠎ᠠ ᠦᠭᠡᠢ  ᠥᠨᠥᠴᠢᠨ  ᠨᠠᠮᠠᠶ᠋ᠢ  ᠲᠠ ᠮᠢᠨᠢ ᠦᠷᠦ ᠡᠪᠡᠳᠴᠦ ᠦᠵᠡ᠃ ᠡᠨᠳᠡ ᠬᠥᠮᠦᠨ  ᠪᠥᠬᠦᠨ ᠨᠠᠮᠠᠶ᠋ᠢ ᠵᠣᠳᠣᠵᠤ ᠨᠦᠳᠦᠵᠦ ᠪᠠᠶ᠋ᠢᠨ᠎ᠠ᠃ ᠪᠢ ᠥᠯᠥᠰᠦᠭᠡᠳ ᠶᠠᠭ ᠪᠣᠯᠬᠤ ᠥᠬᠡᠢ ᠃   ᠥᠨᠥᠴᠢᠷᠡᠨ ᠭᠤᠲᠤᠷᠠᠵᠤ ᠪᠠᠶ᠋ᠢᠬᠤ  ᠮᠢᠨᠢ ᠬᠡᠯᠡᠰᠢ ᠦᠭᠡᠢ ᠶᠡᠬᠡ ᠂ ᠪᠢ ᠬᠡᠵᠢᠶᠡᠳᠡ ᠣᠬᠢᠯᠠᠭᠰᠠᠭᠠᠷ ᠪᠠᠶ᠋ᠢᠨ᠎ᠠ᠃ ᠨᠢᠭᠡ ᠡᠳᠦᠷ ᠡᠵᠡᠨ ᠮᠢᠨᠦ ᠲᠣᠯᠣᠭᠠᠢ  ᠤᠷᠤᠭᠤ ᠭᠤᠲᠤᠯ ᠊ᠤᠨ ᠬᠡᠯᠪᠢᠭᠦᠷ ᠵᠢᠠᠷ ᠴᠣᠬᠢᠭᠰᠠᠨ  ᠳ᠋ᠤ᠌ ᠪᠢ ᠮᠠᠨᠠᠷᠠᠵᠤ ᠤᠨᠠᠭᠠᠳ ᠠᠷᠠᠢ ᠭᠡᠵᠦ ᠰᠡᠭᠡᠭᠡ ᠣᠷᠣᠭᠰᠠᠨ  ᠪᠢᠯᠡ ᠃ ᠪᠢ ᠶᠠᠮᠠᠷ ᠴᠤ᠌ ᠭᠣᠷᠢ ᠥᠬᠡᠢ ᠪᠣᠯᠪᠠ ᠃ ᠮᠢᠨᠦ   ᠠᠮᠢᠳᠤᠷᠠᠯ ᠨᠣᠬᠠᠢ  ᠡᠴᠡ ᠴᠤ᠌ ᠳᠣᠣᠷ᠎ᠠ ᠪᠠᠶ᠋ᠢᠨ᠎ᠠ!᠁ ᠪᠠᠰᠠ ᠠᠯᠸᠨᠠ ᠪᠠ  ᠭᠠᠭᠴᠠ ᠨᠢᠳᠦᠲᠦ ᠶᠸᠭᠤᠷ ᠂ ᠮᠣᠷᠢᠨ ᠲᠡᠷᠭᠡᠴᠢᠨ ᠨᠠᠷ ᠲᠤ᠌ ᠮᠡᠨᠳᠦ  ᠶ᠋ᠢ ᠬᠦᠷᠭᠡᠮᠦ᠃ ᠮᠢᠨᠦ ᠤᠷᠭᠠᠨ ᠬᠥᠭᠵᠢᠮ ᠊ᠢ  ᠬᠥᠮᠦᠨ  ᠳ᠋ᠦ᠍ ᠪᠤᠤ ᠥᠭᠭᠦᠭᠡᠷᠡᠢ ᠃ ᠠᠴᠢ ᠬᠥᠪᠡᠭᠦᠨ ᠴᠢᠨᠢ ᠢᠸᠠᠨ  ᠿᠥᠺᠦᠪ ᠶᠣᠰᠣᠯᠠᠵᠤ ᠪᠠᠶ᠋ᠢᠨ᠎ᠠ ᠃ ᠬᠠᠶ᠋ᠢᠷᠠᠲᠤ ᠡᠪᠦᠭᠡ ᠠᠪᠤ ᠮᠢᠨᠢ ᠲᠦᠷᠭᠡᠨ ᠢᠷ᠎ᠡ!》 ᠭᠡᠵᠦ ᠪᠢᠴᠢᠵᠦ ᠲᠡᠭᠦᠰᠭᠡᠪᠡ᠃
      ᠸᠠᠨᠢᠺᠠ ᠡᠨᠡ ᠪᠢᠴᠢᠭᠰᠡᠨ ᠵᠠᠬᠢᠳᠠᠯ  ᠵᠢᠠᠨ  ᠳᠥᠷᠪᠡ ᠨᠤᠭᠤᠯᠵᠤ ᠥᠴᠥᠭᠡᠳᠦᠷ ᠣᠷᠣᠢ ᠨᠢᠭᠡ ᠺᠤᠫᠸᠺ ᠵᠢᠠᠷ ᠬᠤᠳᠠᠯᠳᠤᠵᠤ ᠠᠪᠤᠭᠰᠠᠨ ᠳᠤᠭᠲᠤᠢ  ᠳ᠋ᠠᠭᠠᠨ  ᠬᠢᠭᠡᠳ ᠨᠢᠭᠡ ᠬᠡᠰᠡᠭ ᠪᠣᠳᠣᠯᠬᠢᠯᠠᠵᠤ ᠦᠵᠦᠭ ᠵᠢᠡᠨ  ᠪᠡᠬᠡ ᠳ᠋ᠤ᠌ ᠳᠦᠷᠦᠭᠡᠳ᠄《 ᠬᠥᠳᠡᠭᠡ ᠲᠣᠰᠬᠣᠨ  ᠳ᠋ᠤ᠌ ᠪᠠᠶ᠋ᠢᠬᠤ ᠡᠪᠦᠭᠡ ᠠᠪᠤ ᠭᠠᠷᠳᠠᠮᠤ》 ᠭᠡᠵᠦ  ᠬᠠᠶᠢᠭ ᠪᠢᠴᠢᠯ᠎ᠡ᠃
      ᠰᠡᠭᠦᠯ  ᠳ᠋ᠦ᠍ᠨᠢ ᠲᠣᠯᠣᠭᠠᠢ  ᠪᠠᠨ ᠮᠠᠭᠠᠵᠢᠵᠤ ᠪᠣᠳᠣᠯᠬᠢᠯᠠᠭᠰᠠᠭᠠᠷ ᠪᠠᠶ᠋ᠢᠭᠠᠳ᠄《 ᠺᠣᠨᠰᠲ᠋ᠠᠨ᠍ᠲ᠋ᠢᠨ ᠮᠠᠺᠠᠷᠢᠴᠢ  ᠳ᠋ᠤ᠌  》 ᠭᠡᠵᠦ ᠨᠡᠮᠡᠵᠦ ᠪᠢᠴᠢᠪᠡ ᠃
      ᠲᠡᠭᠦᠨ ᠊ᠦ ᠪᠢᠴᠢᠬᠦ  ᠳ᠋ᠦ᠍ ᠰᠠᠭᠠᠳ ᠪᠣᠯᠤᠭᠰᠠᠨ  ᠬᠥᠮᠦᠨ ᠦᠭᠡᠢ ᠳ᠋ᠤ᠌ ᠶᠡᠬᠡᠯ᠎ᠡ ᠬᠠᠨᠤᠮᠵᠢᠲᠠᠢ  ᠪᠠᠷ ᠮᠠᠯᠠᠭᠠᠢ  ᠪᠠᠨ ᠡᠮᠦᠰᠦᠭᠡᠳ ᠂ ᠨᠣᠣᠷᠠᠩᠬᠠᠢ ᠬᠦᠷᠮ᠎ᠡ ᠪᠡᠨ ᠴᠦ᠍ ᠨᠥᠮᠥᠷᠦᠭᠰᠡᠨ ᠦᠭᠡᠢ ᠳᠠᠩ ᠴᠠᠮᠴᠠ  ᠪᠠᠷ  ᠭᠣᠳᠤᠮᠵᠢᠨ᠎ᠠ ᠭᠠᠷᠴᠤ ᠣᠳᠪᠠ᠁ ᠥᠴᠥᠭᠡᠳᠦᠷ ᠣᠷᠣᠢ  ᠮᠢᠬᠠᠨ ᠊ᠤ ᠳᠡᠯᠭᠡᠭᠦᠷ ᠊ᠦᠨ ᠬᠤᠳᠠᠯᠳᠤᠭᠠᠴᠢᠨ  ᠡᠴᠡ ᠸᠠᠨᠢᠺᠠ ᠠᠰᠠᠭᠤᠬᠤ  ᠳ᠋ᠤ᠌ ᠲᠡᠭᠦᠨ ᠊ᠦ ᠬᠡᠯᠡᠭᠰᠡᠨ ᠨᠢ᠂ ᠵᠠᠬᠢᠳᠠᠯ ᠊ᠢ ᠰᠢᠤᠳᠠᠨ ᠊ᠤ ᠬᠠᠶ᠋ᠢᠷᠴᠠᠭ  ᠲᠤ᠌  ᠬᠢᠨ᠎ᠡ᠃ ᠲᠡᠷᠡ ᠬᠠᠶ᠋ᠢᠷᠴᠠᠭ  ᠡᠴᠡ ᠰᠣᠭᠲᠣᠭᠤ ᠲᠡᠷᠬᠡᠴᠢᠨ ᠬᠣᠩᠬᠣ  ᠲᠠᠢ ᠭᠤᠷᠪᠠᠨ ᠮᠣᠷᠢ ᠬᠥᠯᠦᠭᠰᠡᠨ ᠰᠢᠤᠳᠠᠨ ᠊ᠤ ᠲᠡᠷᠬᠡᠨ ᠳᠡᠭᠡᠷ᠎ᠡ ᠠᠴᠢᠵᠤ ᠭᠠᠵᠠᠷ ᠪᠥᠬᠦᠨ ᠳ᠋ᠤ᠌ ᠲᠠᠷᠬᠠᠭᠠᠨ ᠥᠭᠳᠡᠭ ᠬᠡᠵᠡᠢ᠃ ᠸᠠᠨᠢᠺᠠ ᠨᠢᠭᠡᠳᠦᠭᠡᠷ ᠰᠢᠤᠳᠠᠨ ᠊ᠤ ᠬᠠᠶ᠋ᠢᠷᠴᠠᠭ  ᠲᠤ᠌ ᠭᠦᠶᠦᠨ ᠬᠦᠷᠦᠭᠡᠳ ᠲᠡᠷᠡ ᠬᠦ  ᠨᠠᠨᠳᠢᠨ ᠵᠠᠬᠢᠳᠠᠯ ᠵᠢᠠᠨ ᠨᠦᠬᠡ  ᠪᠡᠷ ᠨᠢ ᠬᠢᠵᠦ ᠣᠷᠬᠢᠪᠠ ᠃
       ᠨᠢᠭᠡ ᠴᠠᠭ ᠊ᠤᠨ ᠳᠠᠷᠠᠭ᠎ᠠ ᠸᠠᠨᠢᠺᠠ ᠰᠠᠶ᠋ᠢᠬᠠᠨ ᠬᠦᠰᠡᠯᠡᠩ  ᠳ᠋ᠡᠭᠡᠨ ᠪᠦᠪᠡᠶ᠋ᠢᠯᠡᠭᠳᠡᠨ ᠤᠨᠲᠠᠭᠰᠠᠨ ᠪᠠᠶ᠋ᠢᠯ᠎ᠠ᠃ ᠵᠡᠭᠦᠳᠦᠨ  ᠳ᠋ᠦ᠍ᠨᠢ ᠬᠠᠯᠠᠭᠤᠨ ᠬᠠᠨᠵᠤᠨ ᠳᠡᠭᠡᠷ᠎ᠡ ᠡᠪᠦᠭᠡ ᠠᠪᠤ ᠨᠢ ᠬᠥᠯ ᠵᠢᠡᠨ ᠤᠨᠵᠢᠭᠤᠯᠤᠨ ᠰᠠᠭᠤᠵᠤ ᠲᠡᠭᠦᠨ ᠊ᠦ ᠵᠠᠬᠢᠳᠠᠯ ᠊ᠢ ᠤᠩᠰᠢᠵᠤ ᠪᠠᠶ᠋ᠢᠨ᠎ᠠ᠁᠂ ᠬᠠᠨᠵᠤᠨ  ᠳᠣᠣᠷ᠎ᠠ ᠮᠣᠭᠠᠢ ᠵᠢᠷᠠᠰᠤ ᠰᠡᠭᠦᠯ ᠵᠢᠡᠨ ᠰᠢᠷᠪᠠᠨ ᠶᠠᠪᠤᠵᠤ ᠪᠠᠶ᠋ᠢᠯ᠎ᠠ᠁

    
        ᠦᠰᠦᠭ ᠠᠮᠢᠯᠠᠭᠤᠯᠤᠭᠴᠢ ᠄ ᠤᠶᠤᠨᠴᠡᠴᠡᠭ  ᠂   ᠣᠲᠣᠨᠬᠤᠸᠠᠷ
             ᠬᠢᠨᠠᠭᠴᠢ ᠄   ᠣᠤᠠᠬᠠᠨᠰᠣ᠎ᠠ  ᠂  ᠲᠣ᠋ · ᠨᠠᠨᠲᠢᠨ
                                           2023.3.6