ᠱᠠᠭᠠᠵᠠᠩᠲᠤ ᠶ᠋ᠢᠨ ᠳᠠᠪᠠᠬ᠋ᠠ Шаазантын даваа
ᠱᠠᠭᠠᠵᠠᠩᠲᠤ ᠶ᠋ᠢᠨ ᠳᠠᠪᠠᠬ᠋ᠠ
ᠡᠷᠲᠡ ᠤᠷᠢᠲᠤ ᠴᠠᠭ ᠲᠤ ᠭᠡᠨ᠎ᠡ ᠃ ᠨᠢᠭᠡ ᠬᠥᠮᠦᠨ ᠬᠣᠲᠠ ᠠ᠋ᠴᠠ ᠬᠣᠶᠠᠷ ᠰᠠᠭᠰᠤ ᠱᠠᠭᠠᠵᠠᠩ ᠰᠠᠪᠠ ᠬᠤᠲᠠᠯᠲᠤᠨ ᠠᠪᠤᠭᠠᠳ ᠡᠯᠵᠢᠭᠡᠨ ᠳᠤ ᠠᠴᠢᠵᠤ ᠭᠡᠷ ᠲᠦ ᠪᠡᠨ ᠬᠠᠷᠢᠬᠤ ᠪᠠᠷ ᠶᠠᠪᠤᠭᠰᠠᠨ ᠭᠡᠨ᠎ᠡ ᠃
ᠦᠲᠡ ᠶ᠋ᠢᠨ ᠦᠶ᠎ᠡ ᠪᠡᠷ ᠨᠢᠭᠡᠨ ᠪᠠᠭᠤᠲᠠᠯ ᠳᠤ ᠬᠦᠷᠴᠦ ᠠᠮᠤᠰᠬᠢᠪᠡ ᠃ ᠬᠥᠮᠦᠰ ᠲᠡᠭᠦᠨ ᠳᠤ ᠄《 ᠠᠴᠢᠶ᠎ᠠ ᠴᠢᠨᠢ ᠬᠠᠵᠠᠶ᠋ᠢᠴᠢᠬᠠᠵᠠᠢ ᠂ ᠵᠠᠰᠠᠭᠠᠷᠠᠢ ! 》 ᠭᠡᠵᠦ ᠰᠠᠨᠠᠭᠤᠯᠤᠭᠰᠠᠨ ᠳᠤ ᠲᠡᠷᠡ ᠄ 《 ᠪᠠᠶ᠋ᠢᠰᠬᠢᠭᠡᠳ ᠮᠡᠲᠡᠶ᠎ᠡ ᠂ ᠣᠲᠣ ᠬᠣᠷᠢᠨ ᠬᠡᠲᠦᠬᠡᠨ ᠭᠠᠵᠠᠷ ᠪᠠᠶ᠋ᠢᠨ᠎ᠠ ᠂ ᠭᠡᠮ ᠦᠭᠡᠢ 》 ᠭᠡᠳ ᠡᠯᠵᠢᠭᠡ ᠪᠡᠨ ᠬᠥᠲᠥᠯᠵᠦ ᠠᠵᠢᠬ ᠴᠦ᠍ ᠦᠭᠡᠢ ᠴᠢᠨᠠᠭᠰᠢ ᠶᠠᠪᠤᠯ᠎ᠠ ᠃
ᠠᠷᠪᠠᠨ ᠬᠡᠲᠦᠨ ᠭᠠᠵᠠᠷ ᠶᠠᠪᠤᠭᠠᠳ ᠨᠢᠭᠡᠨ ᠬᠥᠮᠦᠨ ᠲᠡᠢ ᠤᠴᠠᠷᠠᠪᠠ ᠃ ᠡᠨᠡ ᠬᠥᠮᠦᠨ ᠮᠥᠨ ᠄ 《 ᠠᠴᠢᠶ᠎ᠠ ᠴᠢᠨᠢ ᠬᠠᠵᠠᠶ᠋ᠢᠴᠢᠬᠠᠵᠠᠢ ᠂ ᠵᠠᠰᠠᠭᠠᠷᠠᠢ ! 》 ᠭᠡᠰᠡᠨ ᠳᠤ ᠲᠡᠷᠡ ᠪᠠᠰᠠ ᠄《 ᠪᠠᠶ᠋ᠢᠰᠬᠢᠭᠡᠳ ᠮᠡᠲᠡᠶ᠎ᠡ ᠂ ᠣᠲᠣ ᠠᠷᠪᠠᠭᠤᠬᠠᠨ ᠭᠠᠵᠠᠷ ᠪᠠᠶ᠋ᠢᠨ᠎ᠠ ᠂ ᠭᠡᠮ ᠦᠭᠡᠢ 》 ᠭᠡᠵᠦ ᠬᠡᠯᠡᠭᠡᠳ ᠣᠶ᠋ᠢᠰᠢᠶᠠᠭᠰᠠᠨ ᠴᠦ᠍ ᠦᠭᠡᠢ ᠶᠠᠪᠤᠵᠠᠢ ᠃
ᠲᠡᠭᠡᠭᠡᠳ ᠳᠡᠮᠡᠢ ᠬᠡᠲᠦᠨ ᠭᠠᠵᠠᠷ ᠶᠠᠪᠤᠭᠰᠠᠨ ᠦᠭᠡᠢ ᠠᠴᠢᠶ᠎ᠠ ᠨᠢ ᠤᠯᠠᠮ ᠬᠠᠵᠠᠶ᠋ᠢᠯᠠ ᠃ ᠨᠢᠭᠡᠨ ᠡᠪᠦᠭᠡᠨ ᠦᠵᠡᠭᠡᠳ ᠄ 《 ᠠᠶᠠᠨᠴᠢᠨ ᠭᠤᠸᠠᠢ ᠂ ᠠᠴᠢᠶ᠎ᠠ ᠪᠠᠨ ᠬᠤᠷᠲᠤᠨ ᠵᠠᠰᠠᠭᠠᠷᠠᠢ ! 》 ᠭᠡᠰᠡᠨ ᠳᠤ ᠲᠡᠷᠡ ᠪᠠᠰᠠ ᠯᠠ ᠄ 《 ᠪᠠᠶ᠋ᠢᠰᠬᠢᠭᠡᠳ ᠮᠡᠲᠡᠶ᠎ᠡ ᠂ ᠣᠲᠣ ᠬᠡᠲᠦᠬᠡᠨ ᠭᠠᠵᠠᠷ ᠪᠠᠶ᠋ᠢᠨ᠎ᠠ ᠂ ᠭᠡᠮ ᠦᠭᠡᠢ 》 ᠭᠡᠳ ᠬᠠᠶ᠋ᠢᠬᠤᠷᠤᠭᠰᠠᠨ ᠴᠦ᠍ ᠦᠭᠡᠢ ᠶᠠᠪᠤᠭᠰᠠᠭᠠᠷ ᠪᠠᠶ᠋ᠢᠪᠠ ᠃
ᠤᠲᠠᠯ ᠦᠭᠡᠢ ᠳᠠᠪᠠᠭᠠᠨ ᠳᠡᠭᠡᠷ᠎ᠡ ᠬᠦᠷᠦᠭᠰᠡᠨ ᠳᠤ ᠭᠦᠢᠯᠡᠰᠦ ᠲᠡᠭᠦᠵᠦ ᠪᠠᠶ᠋ᠢᠬᠰᠠᠨ ᠡᠮᠡᠭᠲᠡᠢᠴᠦᠳ ᠲᠡᠭᠦᠨ ᠊ᠢ ᠦᠵᠡᠮᠡᠭᠴᠡ ᠢᠨᠢᠶᠡᠯᠲᠦᠵᠡᠭᠡᠪᠡ ᠃ ᠲᠡᠭᠡᠭᠡᠳ ᠨᠢᠭᠡᠨ ᠡᠮᠡᠭᠲᠡᠢ ᠄ 《 ᠠᠶᠠᠨᠴᠢ ᠠᠪᠤᠭᠠᠢ ! ᠠᠴᠢᠶ᠎ᠠ ᠪᠠᠨ ᠬᠠᠷᠠᠭᠠᠴᠢ ! 》 ᠭᠡᠵᠦ ᠬᠠᠰᠬᠢᠷᠪᠠ ᠃ ᠲᠡᠷᠡ ᠬᠥᠮᠦᠨ ᠮᠥᠨ ᠯᠡ ᠤᠭ ᠶᠣᠰᠣ ᠪᠠᠷ ᠶ᠋ᠢᠠᠨ ᠄ 《 ᠭᠡᠮ ᠦᠭᠡᠢ ᠂ ᠪᠠᠶ᠋ᠢᠰᠬᠢᠭᠡᠳ ᠮᠡᠲᠡᠶ᠎ᠡ 》 ᠭᠡᠵᠦ ᠬᠡᠯᠡᠲᠡᠯ᠎ᠡ ᠠᠴᠢᠶ᠎ᠠ ᠨᠢ ᠶᠠᠭᠠᠬᠢᠬᠤ ᠶ᠋ᠢᠨ ᠴᠦ᠍ ᠵᠠᠪ ᠦᠭᠡᠢ ᠬᠥᠯᠪᠡᠷᠢᠭᠡᠳ① ᠤᠨᠠᠵᠠᠢ ᠃
ᠱᠠᠭᠠᠵᠠᠩ ᠰᠠᠪᠠ ᠫᠢᠩᠭᠠᠷ ᠫᠠᠩᠭᠠᠷ ᠳᠤᠤᠭᠠᠷᠴᠤ ᠬᠡᠮᠬᠡᠳᠡᠭ ᠪᠣᠯᠤᠯ᠎ᠠ ᠃ ᠠᠶᠠᠨᠴᠢᠨ ᠠᠪᠤᠭᠠᠢ ᠦᠭᠡ ᠳᠠᠭᠤᠨ ᠦᠭᠡᠢ ᠮᠡᠯᠡᠷᠡᠨ ᠵᠣᠭᠰᠣᠨ᠎ᠠ ᠃
ᠲᠡᠭᠡᠭᠡᠳ ᠬᠡᠮᠬᠡᠷᠬᠡᠢ ᠱᠠᠭᠠᠵᠠᠩ ᠶ᠋ᠢᠠᠨ ᠲᠡᠷᠡ ᠳᠠᠪᠠᠭᠠᠨ ᠳᠡᠭᠡᠷ᠎ᠡ ᠣᠷᠬᠢᠬᠰᠠᠨ ᠲᠤᠯᠠ ᠲᠡᠷᠡ ᠳᠠᠪᠠᠬ᠋ᠠ ᠶ᠋ᠢ 《 ᠱᠠᠭᠠᠵᠠᠩᠲᠤ ᠶ᠋ᠢᠨ ᠳᠠᠪᠠᠬ᠋ᠠ 》 ᠭᠡᠵᠦ ᠨᠡᠷᠡᠯᠡᠬᠦ ᠪᠣᠯᠤᠭᠰᠠᠨ ᠭᠡᠨ᠎ᠡ ᠃
① ᠬᠥᠯᠪᠡᠷᠢᠬᠦ — ᠬᠠᠵᠠᠶ᠋ᠢᠨ ᠬᠡᠯᠪᠡᠷᠢᠬᠦ ᠂ ᠭᠤᠯᠭᠤᠷᠢᠨ ᠤᠨᠠᠬᠤ
ᠬᠣᠶᠠᠲᠤᠭᠠᠷ ᠣᠨ ᠪ ᠳᠣᠣᠷᠠᠳᠤ ᠬᠤᠭᠤᠴᠠᠭᠠᠨ ᠪ ᠤᠩᠰᠢᠬᠤ ᠪᠢᠴᠢᠭ ᠡᠴᠡ ᠬᠠᠭᠤᠯᠪᠠ ᠃
ᠬᠠᠭᠤᠯᠤᠭᠰᠠᠨ ᠨᠢ ᠄ ᠮᠢᠩᠭᠠᠳ · ᠴᠢᠮᠡᠭ
ᠬᠢᠨᠠᠭᠰᠠᠨ ᠨᠢ ᠄ ᠳ᠋ᠦ᠋ᠩ ᠹᠸᠩ
