ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ – 5 > Гангын урсгал – Чингис эзний алтан ургийн түүх Канкны урсгал нэрт бичиг
ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ
ᠠᠩᠬᠠᠨ ᠤ ᠪᠦᠯᠦᠭ – 5
ᠲᠠᠢ ᠽᠦᠩ ᠬᠠᠭᠠᠨ ᠤ᠋ ᠠᠬ᠎ᠠ ᠪᠠᠷᠴᠢᠨ ᠵᠢᠨᠦᠩ ① ᠬᠢᠲᠠᠳ ᠸᠠᠩ ᠬᠡᠯᠡᠭᠰᠡᠨ ᠦᠭᠡ ᠣᠢᠷᠠᠳ ᠲᠤᠷ ᠲᠥᠷᠥᠭᠰᠡᠨ ᠲᠡᠭᠦᠨ ᠦ᠌ ᠬᠥᠪᠡᠭᠦᠨ ᠬᠠᠷᠬᠤᠴᠠᠭ ᠲᠠᠢᠶᠢ ᠣᠢᠷᠠᠳ ᠳᠤᠬᠤᠨ ᠲᠠᠢᠰᠢ ᠶ᠋ᠢᠨ ᠬᠥᠪᠡᠭᠦᠨ ᠡᠰᠡ ᠲᠠᠢᠰᠢ ② ᠶ᠋ᠢᠨ ᠣᠬᠢᠨ ᠢ᠋ ᠠᠪᠤᠭᠰᠠᠨ ᠪᠥᠯᠥᠭᠡ ᠂ ᠡᠰᠡ ᠬᠡᠮᠡᠭᠴᠢ ᠰᠢᠭᠦᠰᠦᠲᠠᠢ ᠪᠠᠭᠠᠲᠤᠷ ᠲᠡᠷᠡᠭᠦᠲᠡᠨ ᠬᠣᠷᠴᠢᠨ ᠤ᠋ ᠨᠣᠶᠠᠳ ᠭᠦᠢᠯᠡᠰᠦ ᠲᠡᠮᠲᠡᠷᠡᠭᠡᠳ ᠬᠢᠲᠠᠳ ᠲᠠᠢ ᠮᠢᠩ ᠤᠯᠤᠰ ᠤ᠋ᠨ ᠵᠢᠩ ᠲᠤᠩ ᠬᠠᠭᠠᠨ ᠤ᠋ ᠪᠠᠷᠢᠵᠤ ᠢᠷᠡᠭᠰᠡᠨ ᠲᠡᠷᠡ ᠬᠥᠮᠦᠨ ᠪᠤᠶᠤ ③ ᠂ ᠵᠢᠩ ᠲᠤᠩ ᠤ᠋ᠨ ᠮᠣᠩᠭᠣᠯ
— — — —
① ᠠᠬ᠎ᠠ ᠪᠠᠷᠴᠢᠨ ᠵᠢᠨᠦᠩ ᠄ ᠡᠨᠳᠡ ᠠᠭᠪᠠᠷᠴᠢ ( ᠪᠠᠰᠠ ᠡᠩᠪᠠᠷᠴᠢᠨ ᠭᠡᠬᠦ ) ᠵᠢᠨᠦᠩ ᠊ᠢ ᠬᠡᠯᠡᠵᠦ ᠪᠠᠢᠨ᠎ᠠ ᠃ 《 ᠠᠬ᠎ᠠ ᠪᠠᠷᠴᠢᠨ 》 ᠭᠡᠳᠡᠭ ᠪᠣᠯ ᠠᠭᠪᠠᠷᠴᠢ ᠶ᠋ᠢ ᠰᠠᠯᠭᠠᠵᠤ ᠪᠢᠴᠢᠭᠰᠡᠨ ᠪᠣᠯᠤᠯᠲᠠᠢ ᠃ ᠠᠭᠪᠠᠷᠴᠢ ᠪᠣᠯ ᠲᠠᠢᠽᠦ᠋ᠩ ᠬᠠᠭᠠᠨ ᠤ᠋ ᠳᠡᠭᠦᠦ ᠶᠦ᠍ᠮ᠃ ᠲᠠᠢᠽᠦ᠋ᠩ ᠬᠠᠭᠠᠨ ᠤ᠋ ᠦᠶ᠎ᠡ ᠳ᠋ᠦ᠍ ᠲᠡᠷᠡ ᠣᠢᠷᠠᠳ ᠲᠤ᠌ ᠤᠷᠪᠠᠵᠤ ᠲᠠᠢᠽᠦ᠋ᠩ ᠬᠠᠭᠠᠨ ᠢ᠋ ᠳᠣᠪᠲᠣᠯᠤᠭᠰᠠᠨ ᠪᠠ ᠡᠴᠦᠰ ᠲᠦ᠍ᠷ ᠣᠢᠷᠠᠳ ᠲᠤ᠌ ᠬᠣᠣᠷᠯᠠᠭᠳᠠᠵᠠᠢ᠃
② ᠡᠰᠡ [ ᠡᠰᠡᠨ ] ᠲᠠᠢᠰᠢ (1407︱1454 ) ᠄ ᠠᠷᠪᠠᠨ ᠲᠠᠪᠤᠳᠤᠭᠠᠷ ᠵᠠᠭᠤᠨ ᠤ᠋ ᠳᠤᠮᠳᠠᠴᠢ ᠪᠠᠷ ᠂ ᠣᠢᠷᠠᠳ ᠮᠣᠩᠭᠣᠯ ᠢ ᠨᠢᠭᠡᠳᠬᠡᠨ ᠪᠦᠬᠦ ᠮᠣᠩᠭᠣᠯ ᠤ᠋ᠨ ᠬᠠᠭᠠᠨ ᠰᠠᠭᠤᠪᠠ᠃ ᠲᠠᠢᠽᠦ᠋ᠩ ᠬᠠᠭᠠᠨ ᠬᠣᠣᠷᠯᠠᠭᠳᠠᠭᠰᠠᠨ ᠤ᠋ ᠳᠠᠷᠠᠭ᠎ᠠ ᠠᠭᠪᠠᠷᠴᠢ ᠵᠢᠨᠦᠩ ᠣᠢᠷᠠᠳ ᠲᠤ᠌ ᠬᠠᠭᠠᠨ ᠰᠠᠭᠤᠬᠤ ᠭᠡᠳ ᠡᠰᠡᠨ ᠳ᠋ᠦ᠍ ᠬᠣᠣᠷᠯᠠᠭᠳᠠᠵᠠᠢ ᠃ ᠡᠭᠦᠨᠴᠡ ᠣᠢᠷᠠᠳ ᠤ᠋ᠨ ᠡᠰᠡᠨ ᠲᠠᠢᠰᠢ ᠶ᠋ᠢᠨ ᠰᠦᠷ ᠬᠦᠴᠦᠨ ᠶᠡᠬᠡᠳᠴᠦ ᠴᠡᠷᠢᠭ ᠦ᠋ᠨ ᠬᠦᠴᠦᠨ ᠢ᠋ᠶ᠋ᠡᠷ ᠪᠠᠷᠠᠭᠤᠨᠰᠢ ᠲᠤᠭᠮᠤᠭ ᠢ᠋ ᠳᠣᠪᠲᠣᠯᠤᠨ ᠂ ᠵᠡᠭᠦᠨᠰᠢ ᠴᠠᠭᠠᠨ ᠬᠡᠷᠡᠮ ᠦ᠋ᠨ ᠬᠣᠢᠲᠤ ᠪᠡᠶ᠎ᠡ ᠪᠡᠷ ᠪᠦᠬᠦᠢ ᠪᠦᠬᠦ ᠮᠣᠩᠭᠣᠯ ᠢ᠋ ᠡᠵᠡᠯᠡᠨ᠂ 1452 ᠣᠨ ᠳ᠋ᠤ᠌ ᠪᠦᠬᠦ ᠮᠣᠩᠭᠣᠯ ᠤ᠋ᠨ ᠬᠠᠭᠠᠨ ᠪᠣᠯᠵᠠᠢ᠃ ᠡᠰᠡᠨ ᠦ᠌ ᠦᠶ᠎ᠡ ᠳ᠋ᠦ᠍ ᠣᠢᠷᠠᠳ᠂ ᠮᠣᠩᠭᠣᠯ ᠬᠣᠶᠠᠷ ᠤ᠋ᠨ ᠬᠠᠭᠠᠴᠠᠯ ᠪᠠ ᠳᠠᠢᠲᠤᠯ ᠢ᠋ ᠴᠡᠷᠢᠭ ᠦ᠋ᠨ ᠬᠦᠴᠦ ᠪᠡᠷ ᠨᠢᠭᠡᠳᠬᠡᠵᠦ ᠴᠢᠳᠠᠭᠰᠠᠨ ᠶᠠᠪᠤᠳᠠᠯ ᠨᠢ ᠲᠤᠬᠠᠢ ᠶ᠋ᠢᠨ ᠦᠶ᠎ᠡ ᠳ᠋ᠡᠬᠢ ᠮᠣᠩᠭᠣᠯ ᠤᠯᠤᠰ ᠤ᠋ᠨ ᠤᠯᠤᠰ ᠲᠥᠷᠥ ᠶ᠋ᠢᠨ ᠪᠠᠢᠳᠠᠯ ᠳ᠋ᠤ᠌ ᠢᠳᠡᠪᠬᠢᠲᠡᠢ ᠨᠥᠯᠥᠭᠡ ᠦᠵᠡᠭᠦᠯᠦᠭᠰᠡᠨ ᠶᠠᠪᠤᠳᠠᠯ ᠶᠤᠮ ᠂ ᠬᠡᠳᠦᠢᠪᠡᠷ ᠡᠨᠡ ᠨᠢᠭᠡᠳᠦᠯ ᠨᠢ ᠮᠠᠰᠢ ᠣᠬᠣᠷᠬᠠᠨ ᠬᠤᠭᠤᠴᠠᠭᠠᠨ ᠤ᠋ ᠪᠣᠯᠤᠭᠰᠠᠨ ᠴᠤ᠌ ᠮᠣᠩᠭᠣᠯ ᠤ᠋ᠨ ᠲᠡᠦᠬᠡᠨ ᠳ᠋ᠦ᠍ ᠨᠤᠲᠠᠯᠠᠭᠤᠱᠢᠲᠠᠢ ᠶᠡᠬᠡ ᠶᠠᠪᠤᠳᠠᠯ ᠶᠤᠮ᠃
③ ᠡᠨᠡ ᠬᠡᠷᠡᠭ ᠶᠠᠪᠤᠳᠠᠯ ᠢ᠋ 《 ᠳ᠋ᠦ᠍ ᠮᠦ᠍ ᠶ᠋ᠢᠨ ᠬᠤᠪᠢᠰᠤᠯ 》 (土木之变 ) ᠭᠡᠳᠡᠭ᠃ ᠮᠢᠩ ᠤᠯᠤᠰ ᠤ᠋ᠨ ᠵᠧᠩ ᠲᠦᠩ (正统 ) ᠦ᠋ᠨ ᠠᠷᠪᠠᠨ ᠳᠥᠷᠪᠡᠳᠦᠭᠡᠷ ᠣᠨ (1449 ) ᠳ᠋ᠦ᠍ ᠡᠰᠡᠨ ᠴᠡᠷᠢᠭ ᠳᠠᠢᠴᠢᠯᠠᠨ ᠮᠢᠩ ᠤᠯᠤᠰ ᠤ᠋ᠨ ᠬᠢᠵᠠᠭᠠᠷ ᠬᠣᠲᠠ ᠳᠠ ᠲᠦᠩ ᠢ ᠳᠣᠪᠲᠣᠯᠪᠠ᠃ ᠮᠢᠩ ᠤᠯᠤᠰ ᠤ᠋ᠨ ᠢᠩ ᠽᠦᠩ ᠬᠠᠭᠠᠨ ᠥᠪᠡᠷ ᠦ᠋ᠨ ᠪᠡᠶ᠎ᠡ ᠪᠡᠷ ᠢ᠋ᠶ᠋ᠡᠨ ᠲᠠᠪᠢᠨ ᠲᠦᠮᠡᠨ ᠶᠡᠬᠡ ᠴᠡᠷᠢᠭ ᠠᠪᠴᠤ ᠳᠠ ᠲᠦᠩ ᠳ᠋ᠦ᠍ ᠬᠦᠷᠴᠦ ᠢᠷᠡᠪᠡ᠃ ᠡᠨᠡ ᠦᠶ᠎ᠡ ᠳ᠋ᠦ᠍ ᠮᠢᠩ ᠤᠯᠤᠰ ᠤ᠋ᠨ ᠡᠮᠦᠨᠡᠬᠢ ᠴᠡᠷᠢᠭ ᠡᠰᠡᠨ ᠳ᠋ᠦ᠍ ᠢᠯᠠᠭᠳᠠᠭᠰᠠᠨ ᠮᠡᠳᠡᠭᠡ ᠤᠯᠠᠮᠵᠢᠯᠠᠨ ᠢᠷᠡᠭᠰᠡᠨ ᠳ᠋ᠦ᠍ ᠢᠩ ᠽᠦᠩ ᠬᠠᠭᠠᠨ ᠴᠡᠷᠢᠭ ᠢ᠋ᠶ᠋ᠡᠨ ᠳᠠᠭᠠᠭᠤᠯᠤᠨ ᠤᠬᠤᠷᠢᠪᠠ᠃ ᠲᠡᠭᠡᠭᠡᠳ ᠲᠦ᠍ ᠮᠦ᠍ ᠪᠤᠤ ( ᠣᠳᠣ ᠶ᠋ᠢᠨ ᠾᠧᠪᠧᠢ ᠮᠣᠵᠢ ᠶ᠋ᠢᠨ ᠬᠤᠸᠠᠢ ᠯᠠᠢ ᠰᠢᠶᠠᠨ ᠤ᠋ ᠵᠡᠭᠦᠨ ᠪᠣᠢ ) ᠭᠡᠳᠡᠭ ᠭᠠᠵᠠᠷ ᠬᠦᠷᠬᠦ ᠦᠶ᠎ᠡ ᠳ᠋ᠦ᠍ ᠡᠰᠡᠨ ᠦ᠌ ᠴᠡᠷᠢᠭ ᠨᠡᠬᠡᠨ ᠢᠷᠡᠵᠦ ᠪᠦᠰᠡᠯᠡᠨ ᠴᠣᠬᠢᠵᠤ ᠲᠠᠪᠢᠨ ᠲᠦᠮᠡᠨ ᠴᠡᠷᠢᠭ ᠦᠨ ᠬᠠᠭᠠᠰ ᠢ ᠰᠥᠨᠥᠭᠡᠵᠦ ᠮᠢᠩ ᠤᠯᠤᠰ ᠤ᠋ᠨ ᠢᠩ ᠽᠦᠩ ᠬᠠᠭᠠᠨ ᠢ ᠠᠮᠢᠳᠤ ᠪᠠᠷ ᠪᠠᠷᠢᠪᠴᠢᠯᠠᠵᠠᠢ᠃
ᠭᠠᠵᠠᠷ ᠲᠤᠷ ᠦᠷᠡᠵᠢᠭᠰᠡᠨ ᠤᠳᠤᠮ ᠠᠰᠤᠳ ᠤ᠋ᠨ ᠳᠡᠯᠪᠢ ᠲᠠᠪᠤᠨᠠᠩ① ᠬᠡᠮᠡᠭᠳᠡᠬᠦ ᠪᠥᠯᠥᠭᠡ ᠂ ᠲᠡᠭᠦᠨᠦ ᠦᠷ᠎ᠡ ᠪᠣᠢ ᠪᠣᠯᠪᠠᠰᠤ ᠠᠰᠤᠳ ᠠᠢᠮᠠᠭ ᠲᠤᠷ ᠪᠠᠢᠬᠤ᠃ ᠬᠠᠷᠬᠤᠴᠠᠭ ᠲᠠᠢᠶᠢ ᠳᠣᠮᠣᠭ ( ᠲᠣᠭᠮᠤᠭ ) ᠤ᠋ᠨ ᠪᠠᠶᠠᠨ ᠬᠥᠮᠦᠨ ᠦ᠌ ᠭᠡᠷ ᠲᠦ᠍ ᠭᠠᠷᠤᠭᠰᠠᠨ ᠬᠣᠢᠨ᠎ᠠ ② ᠡᠰᠡᠨ ᠦ᠌ ᠣᠭᠢᠨ ᠡᠴᠡ ᠲᠥᠷᠥᠭᠰᠡᠨ
— — — —
① ᠮᠣᠩᠭᠣᠯ ᠲᠡᠦᠬᠡᠨ ᠰᠤᠷᠪᠤᠯᠵᠢ ᠪᠢᠴᠢᠭ ᠲᠦ᠍ ᠡᠰᠡᠨ ᠬᠠᠭᠠᠨ ᠮᠢᠩ ᠤᠯᠤᠰ ᠤ᠋ᠨ ᠵᠢᠩᠲᠡᠢ ( ᠢᠩ ᠽᠦᠩ ) ᠬᠠᠭᠠᠨ ᠢ ᠪᠠᠷᠢᠵᠤ ᠠᠪᠴᠢᠷᠠᠭᠰᠠᠨ ᠤ᠋ ᠳᠠᠷᠠᠭ᠎ᠠ ᠮᠣᠯᠤ ᠵᠠᠭᠠᠲᠤ ᠨᠡᠷ᠎ᠡ ᠲᠡᠢ ᠡᠮ᠎ᠡ ᠥᠭᠴᠦ ᠮᠤᠬᠤᠷ ᠰᠢᠭᠦᠰᠡ ᠭᠡᠳᠡᠭ ᠨᠡᠷ᠎ᠡ ᠥᠭᠭᠦᠨ ᠶᠦᠩᠰᠢᠶᠠᠪᠦ ᠶ᠋ᠢᠨ ᠡᠰᠡᠨ ᠰᠠᠮᠢ ᠭᠡᠳᠡᠭ ᠬᠥᠮᠦᠨ ᠦ᠌ ᠳ᠋ᠦ᠍ ᠵᠠᠷᠤᠴᠠᠯᠠᠭᠤᠯᠵᠠᠢ ᠃ ᠡᠨᠡ ᠮᠣᠯᠤ ᠵᠠᠭᠠᠲᠤ ᠨᠡᠷ᠎ᠡ ᠲᠡᠢ ᠡᠮᠡᠡᠴᠡ ᠲᠥᠷᠥᠭᠰᠡᠨ ᠬᠥᠪᠡᠭᠦᠨ ᠢ ᠮᠣᠩᠭᠣᠯ ᠬᠣᠴᠣᠷᠤᠭᠤᠯᠤᠨ ᠠᠪᠤᠭᠰᠠᠨᠠᠴᠠ 《 ᠲᠡᠭᠦᠨ ᠦ᠌ ᠦᠷ᠎ᠡ ᠢᠨᠦ ᠡᠰᠡᠳ ᠦ᠋ᠨ ᠳᠡᠯᠪᠢ ᠲᠠᠪᠤᠨᠠᠩ ᠬᠡᠮᠡᠬᠦ ᠢᠨᠦ ᠮᠠᠭᠠᠳ ᠪᠤᠶᠤ 》 ( 《 ᠡᠷᠳᠡᠨᠢ ᠶ᠋ᠢᠨ ᠲᠣᠪᠴᠢ 》 ᠭᠡᠳᠡᠭ ᠮᠡᠳᠡᠭᠡ ᠪᠠᠢᠳᠠᠭ ᠃
② ᠬᠠᠷᠬᠤᠴᠠᠭ ᠲᠠᠢᠵᠢ ᠪᠣᠯ ᠠᠷᠪᠠᠨ ᠲᠠᠪᠤᠳᠤᠭᠠᠷ ᠵᠠᠭᠤᠨ ᠤ᠋ ᠳᠤᠮᠳᠠᠴᠢ ᠪᠠᠷ ᠮᠣᠩᠭᠣᠯ ᠂ ᠣᠢᠷᠠᠳ ᠤ᠋ᠨ ᠨᠢᠭᠡᠳᠦᠯ ᠢ ᠡᠷᠬᠢᠮᠯᠡᠵᠦ ᠣᠢᠷᠠᠳ ᠤ᠋ᠨ ᠨᠣᠶᠠᠷᠬᠠᠭᠴᠢ ᠠᠩᠭᠢ ᠶ᠋ᠢᠨ ᠡᠯᠳᠡᠪ ᠮᠠᠭᠤ ᠠᠵᠢᠯᠯᠠᠭ᠎ᠠ ᠲᠠᠢ ᠡᠷᠡᠰ ᠲᠡᠮᠡᠴᠡᠯ ᠶᠠᠪᠤᠭᠤᠯᠤᠭᠰᠠᠨ ᠬᠥᠮᠦᠨ ᠶᠦ᠍ᠮ ᠃ ᠮᠣᠩᠭᠣᠯ ᠤ᠋ᠨ ᠵᠠᠷᠢᠮ ᠲᠡᠦᠬᠡ ᠰᠤᠳᠤᠷ ᠲᠤ᠌ ᠲᠡᠭᠦᠨ ᠢ 《 ᠴᠤᠤᠲᠤ ᠬᠠᠷᠬᠤᠴᠠᠭ 》 ᠭᠡᠳᠡᠭ ᠃ ᠬᠠᠷᠬᠤᠴᠠᠭ ᠲᠠᠢᠵᠢ ᠶ᠋ᠢᠨ ᠡᠴᠢᠭᠡ ᠠᠭᠪᠠᠷᠴᠢ ᠵᠢᠨᠦᠩ ᠬᠥᠪᠡᠭᠦᠨ ᠦ᠌ ᠪᠡᠨ ᠢᠳᠬᠠᠯ ᠢ ᠡᠰᠡ ᠰᠣᠨᠣᠰᠤᠨ ᠣᠢᠷᠠᠳ ᠲᠤ᠌ ᠪᠠᠭᠤᠨ ᠥᠭᠴᠦ ᠣᠢᠷᠠᠳ ᠤ᠋ᠨ ᠬᠠᠭᠠᠨ ᠪᠣᠯᠬᠤ ᠪᠠᠷ ᠭᠣᠷᠢᠳᠠᠵᠠᠢ ᠃ ᠣᠢᠷᠠᠳᠴᠤᠳ 《 ᠬᠠᠨ ᠴᠣᠯᠠ ᠡᠷᠭᠦᠬᠦ 》 ᠶᠣᠰᠣᠯᠠᠯ ᠬᠢᠬᠦ ᠨᠡᠷ᠎ᠡ ᠪᠡᠷ ᠣᠷᠳᠣᠨ ᠤ᠋ ᠳᠣᠲᠣᠷ᠎ᠠ ᠪᠠᠨ ᠭᠦᠨ ᠨᠦᠬᠡ ᠤᠬᠤᠵᠤ ᠨᠦᠬᠡᠨ ᠳᠡᠭᠡᠷ᠎ᠡ ᠪᠡᠨ ᠲᠤᠯᠤᠮ ᠢᠰᠡᠭᠡᠢ ᠳᠡᠯᠭᠡᠵᠦ ᠠᠭᠪᠠᠷᠴᠢ ᠵᠢᠨᠦᠩ ᠲᠡᠷᠢᠭᠦᠲᠡᠢ 《 ᠭᠤᠴᠢᠨ ᠭᠤᠷᠪᠠᠨ ᠦᠷᠪᠡᠯᠭᠡᠲᠡᠨ ᠂ ᠳᠥᠴᠢᠨ ᠳᠥᠷᠪᠡᠨ ᠣᠲᠣᠭᠠᠲᠠᠨ ᠂ ᠵᠢᠷᠠᠨ ᠨᠢᠭᠡᠨ ᠬᠢᠬᠡᠷᠲᠡᠨ 》 ᠢ ᠨᠢᠭᠡ ᠯᠡ ᠳᠣᠣᠷ᠎ᠠ ᠬᠣᠣᠷᠯᠠᠨ ᠠᠯᠠᠭᠰᠠᠨ ᠴᠢᠰᠤᠲᠤ ᠬᠡᠷᠡᠭ ᠦᠢᠯᠡᠳᠴᠡᠢ ᠃ ᠡᠨᠡ ᠪᠣᠯ ᠣᠢᠷᠠᠳ ᠂ ᠮᠣᠩᠭᠣᠯ ᠤ᠋ᠨ ᠨᠣᠶᠠᠷᠬᠠᠭᠴᠢ ᠠᠩᠭᠢ ᠶ᠋ᠢᠨ ᠡᠷᠬᠡ ᠪᠤᠯᠢᠶᠠᠯᠳᠤᠬᠤ ᠲᠡᠮᠡᠴᠡᠯ ᠦ᠋ᠨ ᠳᠤᠮᠳᠠ ᠭᠠᠷᠤᠭᠰᠠᠨ ᠬᠠᠷᠠᠰᠠᠯᠲᠤ ᠬᠡᠷᠡᠭ ᠬᠤᠪᠢᠰᠤᠯ ᠶᠤᠮ ᠃ ᠠᠭᠪᠠᠷᠴᠢ ᠵᠢᠨᠦᠩ ᠪᠠ ᠮᠣᠩᠭᠣᠯ ᠤ᠋ᠨ ᠨᠣᠶᠠᠳ ᠬᠣᠣᠷᠯᠠᠭᠳᠠᠭᠰᠠᠨ ᠤ᠋ ᠳᠠᠷᠠᠭ᠎ᠠ ᠬᠠᠷᠬᠤᠴᠠᠭ ᠲᠠᠢᠵᠢ ᠲᠡᠭᠦᠨ ᠦ᠌ ᠳᠣᠲᠣᠨᠣ ᠨᠥᠬᠥᠷ ᠨᠠᠭᠴᠤ ᠪᠠᠭᠠᠲᠤᠷ ᠬᠣᠶᠠᠭᠤᠯᠠ ᠣᠢᠷᠠᠳ ᠲᠠᠢ ᠲᠡᠮᠡᠴᠡᠨ ᠭᠠᠷᠴᠤ ᠢᠷᠡᠭᠡᠳ 《 ᠲᠣᠭᠮᠤᠭ ᠤ᠋ᠨ ᠬᠠᠳ ᠵᠣᠴᠢ [ ᠵᠥᠴᠢ ] ᠶ᠋ᠢᠨ ᠦᠷ᠎ᠡ 》 ᠭᠡᠵᠦ ᠲᠣᠭᠮᠤᠭ ᠲᠤ᠌ ᠳᠤᠲᠠᠭᠠᠨ ᠬᠦᠷᠴᠦ ᠠᠬ᠎ᠠ ᠮᠥᠩᠬᠡ ᠭᠡᠳᠡᠭ ᠨᠢᠭᠡ ᠪᠠᠶᠠᠨ ᠬᠥᠮᠦᠨ ᠦ᠌ ᠳ᠋ᠦ᠍ ᠬᠦᠷᠴᠦ ᠰᠠᠭᠤᠵᠠᠢ ᠃ ᠬᠣᠵᠢᠮ ᠨᠢ ᠬᠠᠷᠬᠤᠴᠠᠭ ᠲᠠᠢᠵᠢ ᠣᠢᠷᠠᠳ ᠤ᠋ᠨ ᠪᠠᠢᠳᠠᠯ ᠢ᠋ ᠳᠠᠩᠨᠠᠭᠤᠯᠬᠤ ᠪᠠᠷ ᠨᠠᠭᠴᠤ ᠪᠠᠭᠠᠲᠤᠷ ᠊ ᠢ ᠨᠢᠭᠤᠴᠠ ᠪᠠᠷ ᠲᠣᠮᠢᠯᠠᠨ ᠶᠠᠪᠤᠭᠤᠯᠤᠭᠰᠠᠨ ᠬᠣᠭᠣᠷᠣᠨᠳᠣ ᠳᠣᠭᠮᠤᠭ ᠲᠤ᠌ ᠠᠯᠠᠭᠳᠠᠵᠠᠢ ᠃
ᠬᠥᠪᠡᠭᠦᠨ ᠪᠠᠶᠠᠨ ᠮᠥᠩᠬᠡ ① ᠪᠣᠯᠬᠤ ᠵᠢᠨᠦᠩ ᠮᠥᠨ ᠤᠰᠤᠨ ᠬᠣᠨᠢᠨ ᠵᠢᠯ ᠶᠡᠬᠡ ᠣᠷᠣ ᠰᠠᠭᠤᠭᠠᠳ ᠳᠥᠷᠪᠡᠨ ᠣᠨ ᠳᠡᠭᠡᠷ᠎ᠡ ᠭᠠᠯ ᠨᠣᠬᠠᠢ ᠵᠢᠯ ᠴᠧᠩ ᠬᠤᠸᠠ ᠠᠨ ᠬᠣᠶᠠᠳᠤᠭᠠᠷ ᠣᠨ ᠶᠦᠩᠰᠢᠶᠠᠪᠤ ᠠᠢᠮᠠᠭ ᠲᠡᠷᠰᠡᠯᠡᠨ ᠲᠡᠳᠡ ᠳ᠋ᠦ᠍ᠷ ᠬᠤᠷᠭᠠᠭᠳᠠᠪᠠᠢ ᠃
— — — —
① ᠪᠠᠶᠠᠨ ᠮᠥᠩᠬᠡ (1452 —1470 ) ᠄ ᠬᠠᠷᠬᠤᠴᠠᠭ ᠲᠠᠢᠵᠢ ᠶ᠋ᠢᠨ ᠬᠥᠪᠡᠭᠦᠨ ᠃ ᠬᠠᠷᠬᠤᠴᠠᠭ ᠲᠠᠢᠵᠢ ᠲᠣᠭᠮᠣᠭ ᠲᠤ᠌ ᠳᠤᠲᠠᠭᠠᠨ ᠣᠴᠢᠭᠠᠳ ᠬᠣᠣᠷᠯᠠᠭᠳᠠᠭᠰᠠᠨ ᠤ᠋ ᠳᠠᠷᠠᠭ᠎ᠠ ᠣᠢᠷᠠᠳ ᠤ᠋ᠨ ᠡᠰᠡᠨ ᠲᠠᠢᠰᠢ ᠲᠡᠭᠦᠨ ᠦ᠌ ᠬᠥᠪᠡᠭᠦᠨ ᠪᠠᠶᠠᠨ ᠮᠥᠩᠬᠡ ᠶ᠋ᠢ ᠬᠣᠣᠷᠯᠠᠬᠤ ᠭᠡᠪᠡ ᠃ ᠡᠭᠦᠨ ᠳ᠋ᠦ᠍ ᠬᠠᠷᠬᠣᠴᠠᠭ ᠤ᠋ᠨ ᠡᠬᠡᠨᠡᠷ ᠰᠡᠴᠡᠭ ᠤᠷᠠᠨ ᠠᠷᠭ᠎ᠠ ᠬᠡᠷᠡᠭᠯᠡᠨ ᠨᠢᠭᠤᠨ ᠳᠠᠯᠳᠠᠯᠠᠵᠤ ᠪᠠᠢᠭᠠᠳ ᠪᠠᠶᠠᠨ ᠮᠥᠩᠬᠡ ᠶ᠋ᠢ ᠭᠤᠷᠪᠠᠨ ᠨᠠᠰᠤᠲᠠᠢ ᠳ᠋ᠤ᠌ ᠨᠢ ᠣᠷᠢᠶᠠᠩᠬᠠᠨ ᠤ᠋ ᠬᠤᠲᠤᠭᠲᠤ ᠰᠢᠭᠦᠰᠢ ᠶ᠋ᠢᠨ ᠭᠡᠷ ᠲᠦ᠍ ᠬᠦᠷᠭᠡᠨ ᠠᠶᠤᠯ ᠠ᠋ᠴᠠ ᠵᠠᠢᠯᠠᠭᠤᠯᠵᠠᠢ ᠃ ᠪᠠᠶᠠᠨ ᠮᠥᠩᠬᠡ ᠬᠠᠭᠠᠨ ᠥᠭᠡᠯᠡᠢ ᠪᠣᠯᠤᠭᠰᠠᠨ ᠤ᠋ ᠬᠣᠢᠨ᠎ᠠ ᠬᠤᠲᠤᠭᠲᠤ ᠰᠢᠭᠦᠰᠦ ᠥᠪᠡᠷ ᠦ᠋ᠨ ᠥᠬᠢᠨ ᠰᠢᠬᠢᠷ ᠲᠠᠢᠬᠡᠦ ᠶ᠋ᠢ ᠪᠠᠶᠠᠨ ᠮᠥᠩᠬᠡ ᠳ᠋ᠦ᠍ ᠬᠣᠯᠪᠣᠵᠠᠢ ᠃ ᠮᠠᠨᠲᠤᠭᠤᠯᠢ ᠬᠠᠭᠠᠨ ᠤ᠋ ᠦᠶ᠎ᠡ ᠳ᠋ᠦ᠍ ᠪᠠᠶᠠᠨ ᠮᠥᠩᠬᠡ ᠳ᠋ᠦ᠍ ᠪᠣᠯᠬᠤ ᠵᠢᠨᠦᠩ ᠴᠣᠯᠠ ᠣᠯᠭᠣᠨ ᠮᠣᠩᠭᠣᠯ ᠤ᠋ᠨ ᠵᠠᠰᠠᠭ ᠲᠤ᠌ ᠲᠤᠰᠠᠯᠠᠭᠤᠯᠵᠤ ᠪᠠᠢᠯ᠎ᠠ ᠃ ᠪᠠᠶᠠᠨ ᠮᠥᠩᠬᠡ ᠶ᠋ᠢᠨ ᠬᠠᠭᠠᠨ ᠰᠠᠭᠤᠭᠰᠠᠨ ᠣᠨ ᠵᠢᠯ ᠊ᠢ ᠡᠨᠳᠡ ᠤᠰᠤᠨ ᠬᠣᠨᠢᠨ ᠵᠢᠯ ( 1463 ) ᠣᠨ ᠭᠡᠵᠡᠢ ᠃ ᠲᠡᠭᠦᠨ ᠦ᠌ ᠬᠣᠣᠷᠯᠠᠭᠳᠠᠭᠰᠠᠨ ᠵᠢᠯ ᠊ᠢ ᠭᠠᠯ ᠨᠣᠬᠠᠢ ᠵᠢᠯ (1466 ) ᠭᠡᠵᠡᠢ ᠃ ᠪᠠᠶᠠᠨ ᠮᠥᠩᠬᠡ ᠶ᠋ᠢ ᠬᠠᠭᠠᠨ ᠰᠠᠭᠤᠭᠰᠠᠨ ᠊ᠢ ᠯᠤᠪᠰᠠᠩᠳᠠᠨᠵᠢᠨ ᠤ᠋ 《 ᠠᠯᠲᠠᠨ ᠲᠣᠪᠴᠢ 》 ᠳ᠋ᠤ᠌ ᠪᠠ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠴᠥᠮ ᠭᠠᠬᠠᠢ ᠵᠢᠯ (1467 ) ᠠ᠋ᠴᠠ ᠪᠠᠷᠰ ᠵᠢᠯ (1470 ) ᠪᠣᠯᠲᠠᠯ᠎ᠠ ᠳᠥᠷᠪᠡᠨ ᠵᠢᠯ ᠭᠡᠵᠦ ᠂ 《 ᠡᠷᠳᠡᠨᠢ ᠶ᠋ᠢᠨ ᠲᠣᠪᠴᠢ 》 ᠳ᠋ᠤ᠌ ᠰᠢᠷ᠎ᠠ ᠬᠤᠯᠤᠭᠠᠨ᠎ᠠ ᠵᠢᠯ (1468 ) ᠠ᠋ᠴᠠ ᠴᠠᠭᠠᠨ ᠪᠠᠷᠰ ᠵᠢᠯ (1470 ) ᠪᠣᠯᠲᠠᠯ᠎ᠠ ᠭᠤᠷᠪᠠᠨ ᠵᠢᠯ ᠭᠡᠵᠡᠢ ᠃
ᠨᠥᠬᠥᠭᠡ ᠣᠨ ᠭᠠᠬᠠᠢ ᠵᠢᠯ ᠲᠡᠭᠥᠨᠥ ᠥᠨᠥᠴᠢᠨ ᠬᠣᠴᠣᠷᠤᠭᠰᠠᠨ ᠬᠥᠪᠡᠭᠦᠨ ᠪᠠᠲᠦᠮᠥᠩᠬᠡ ᠰᠠᠢᠨ ᠲᠠᠶᠠᠨ ᠬᠠᠭᠠᠨ ① ᠲᠠᠢ ᠶᠤᠸᠠᠨ ᠲᠡᠮᠦᠷ ᠮᠣᠭᠠᠢ ᠵᠢᠯ ᠲᠡᠢ ᠪᠡᠷᠭᠡᠨ ᠢᠨᠥ
— — — —
① ᠲᠠᠶᠣᠨ ᠬᠠᠭᠠᠨ ᠄ ᠪᠠᠲᠦᠮᠦᠩᠬᠡ ᠲᠠᠶᠠᠨ ᠬᠠᠭᠠᠨ ᠊ᠢ ᠬᠡᠯᠡᠵᠦ ᠪᠣᠢ ᠃ ᠠᠷᠪᠠᠨ ᠲᠠᠪᠤ — ᠠᠷᠪᠠᠨ ᠵᠢᠷᠭᠤᠳᠤᠭᠠᠷ ᠵᠠᠭᠤᠨ ᠳ᠋ᠤ᠌ ᠮᠣᠩᠭᠣᠯ ᠣᠷᠣᠨ ᠳ᠋ᠤ᠌ ᠲᠡᠢᠨ ᠬᠢᠮᠤᠷᠠᠯ ᠳᠡᠭᠳᠡᠵᠦ ᠠᠷᠠᠳ ᠢᠷᠭᠡᠨ ᠠᠮᠤᠷ ᠲᠠᠢᠪᠤᠩ ᠦᠭᠡᠢ ᠪᠠᠢᠭᠰᠠᠨ ᠴᠠᠭ ᠪᠢᠯᠡ ᠃ ᠡᠨᠡ ᠨᠢ ᠳᠠᠷᠤᠢ 《 ᠳᠠ ᠳᠠ ᠤᠯᠤᠰ 》 ( 《 ᠮᠢᠩ ᠱᠢ 》 ᠳ᠋ᠦ᠍ ᠲᠤᠬᠠᠢ ᠶ᠋ᠢᠨ ᠦᠶ᠎ᠡ ᠶ᠋ᠢᠨ ᠮᠣᠩᠭᠣᠯ ᠊ᠢ < ᠳᠡ ᠳᠡ ᠤᠯᠤᠰ > ᠭᠡᠳᠡᠭ ᠂ < ᠮᠢᠩ ᠱᠢ > ᠶ᠋ᠢᠨ ᠳᠣᠲᠣᠷᠠᠬᠢ ᠬᠠᠷᠢ ᠤᠯᠤᠰ ᠤ᠋ᠨ ᠬᠡᠰᠡᠭ ᠳᠠᠬᠢ < ᠳᠠ ᠳᠠ ᠶ᠋ᠢᠨ ᠨᠠᠮᠲᠠᠷ > ᠲᠤ᠌ ᠯᠠᠪᠯᠠᠨ ᠦᠵᠡ ) ᠪᠠ ᠮᠢᠩ ᠤᠯᠤᠰ ᠤ᠋ᠨ ᠬᠣᠭᠣᠷᠣᠨᠳᠣᠬᠢ ᠲᠡᠢᠨ ᠬᠢᠮᠤᠷᠠᠯ ᠃ ᠳᠣᠲᠣᠭᠠᠳᠤ ᠳ᠋ᠠᠭᠠᠨ ᠣᠢᠷᠠᠳ ᠪᠠ ᠵᠡᠭᠦᠨ ᠮᠣᠩᠭᠣᠯ ᠤ᠋ᠨ ᠬᠣᠭᠣᠷᠣᠨᠳᠣ ᠵᠢᠴᠢ ᠵᠡᠭᠦᠨ ᠮᠣᠩᠭᠣᠯ ᠤ᠋ᠨ ᠳᠣᠲᠣᠭᠠᠳᠤ ᠶ᠋ᠢᠨ ᠲᠡᠢᠨ ᠬᠢᠮᠤᠷᠠᠯ ᠵᠡᠷᠭᠡ ᠦᠷᠭᠦᠯᠵᠢᠯᠡᠭᠰᠡᠭᠡᠷ ᠪᠠᠢᠪᠠ ᠃ ᠮᠣᠩᠭᠣᠯᠴᠤᠳ ᠲᠡᠢᠨ ᠳᠠᠵᠢᠨ ᠤ᠋ ᠭᠠᠯ ᠳ᠋ᠤ᠌ ᠬᠦᠴᠦ ᠲᠠᠮᠢᠷ ᠪᠠᠷᠠᠭᠳᠠᠨ ᠡᠩᠬᠡ ᠲᠠᠢᠪᠤᠩ ᠠᠮᠢᠳᠤᠷᠠᠬᠤ ᠶ᠋ᠢ ᠬᠦᠰᠡᠨ ᠮᠥᠷᠥᠭᠡᠳᠴᠦ ᠪᠠᠢᠭᠰᠠᠨ ᠶᠤᠮ ᠃ ᠶᠠᠭ ᠡᠨᠡ ᠦᠶ᠎ᠡ ᠳ᠋ᠦ᠍ ᠲᠠᠶᠠᠨ ᠬᠠᠭᠠᠨ ᠪᠣᠯᠤᠨ ᠲᠡᠭᠦᠨ ᠦ᠌ ᠬᠠᠲᠤᠨ ᠮᠠᠨᠳᠤᠬᠠᠢ ᠰᠡᠴᠡᠨ ᠪᠣᠢ ᠪᠦᠬᠦᠢ ᠬᠦᠴᠦᠨ ᠴᠢᠳᠠᠯ ᠢ᠋ᠶ᠋ᠠᠨ ᠰᠢᠪᠬᠠᠨ ᠮᠣᠩᠭᠣᠯ ᠊ᠢ ᠨᠢᠭᠡᠳᠬᠡᠵᠡᠢ ᠃ ᠲᠠᠶᠠᠨ ᠬᠠᠭᠠᠨ ᠤ᠋ ᠦᠶ᠎ᠡ ᠳ᠋ᠦ᠍ ᠪᠦᠬᠦ ᠮᠣᠩᠭᠣᠯ ᠊ᠢ ᠨᠢᠭᠡᠳᠬᠡᠭᠰᠡᠨ ᠦ᠌ ᠤᠯᠠᠮ ᠠ᠋ᠴᠠ ᠬᠠᠭᠠᠨ ᠤ᠋ ᠡᠷᠬᠡ ᠰᠦᠷ ᠶᠡᠬᠡᠳᠴᠦ ᠂ ᠨᠣᠶᠠᠳ ᠤ᠋ᠨ ᠡᠷᠬᠡ ᠮᠠᠲᠠᠯ ᠪᠠᠭᠤᠷᠠᠵᠤ ᠳᠣᠲᠣᠭᠠᠳᠤ ᠶ᠋ᠢᠨ ᠪᠠᠢᠯᠳᠤᠭᠠᠨ ᠨᠠᠮᠳᠠᠭᠰᠠᠨ ᠢ᠋ᠶ᠋ᠠᠷ 《 ᠠᠷᠪᠠᠢ ᠶᠡᠬᠡ ᠮᠣᠩᠭᠣᠯ ᠤᠯᠤᠰ ᠊ᠢ ᠡᠩᠬᠡᠵᠢᠭᠦᠯᠦᠨ ᠵᠢᠷᠭᠠᠭᠤᠯᠤᠨ 》 ( 《 ᠡᠷᠳᠡᠨᠢ ᠶ᠋ᠢᠨ ᠲᠣᠪᠴᠢ 》) ᠰᠠᠢᠨ ᠪᠠᠢᠲᠠᠯ᠎ᠠ ᠪᠣᠢ ᠪᠣᠯᠤᠭᠰᠠᠨ ᠶᠤᠮ ᠃ ᠮᠣᠩᠭᠣᠯ ᠤ᠋ᠨ ᠲᠡᠦᠬᠡᠨ ᠰᠤᠷᠪᠤᠯᠵᠢ ᠪᠢᠴᠢᠭ ᠡᠴᠡ ᠠᠵᠢᠭᠯᠠᠪᠠᠯ ᠂ ᠲᠠᠶᠠᠨ ᠬᠠᠭᠠᠨ ᠮᠣᠩᠭᠣᠯ ᠊ᠢ ᠨᠢᠭᠡᠳᠬᠡᠭᠰᠡᠨ ᠡᠴᠡ ᠬᠣᠢᠰᠢ ᠯᠢᠭᠳᠡᠨ ᠬᠤᠲᠤᠭᠲᠤ ᠬᠠᠭᠠᠨ ᠬᠦᠷᠲᠡᠯ᠎ᠡ ᠮᠣᠩᠭᠣᠯ ᠣᠷᠣᠨ ᠤ᠋ ᠶᠡᠷᠦᠩᠬᠡᠢ ᠪᠠᠢᠳᠠᠯ ᠨᠢ 《 ᠲᠥᠷᠥ ᠲᠦᠪᠰᠢᠳᠴᠦ ᠂ ᠲᠥᠷᠥᠭᠰᠡᠨ ᠨᠢᠭᠡᠳᠴᠦ 》 ᠂ 《 ᠡᠩ ᠶᠡᠬᠡ ᠤᠯᠤᠰ ᠢ᠋ᠶ᠋ᠠᠨ ᠠᠮᠤᠷᠠᠭᠤᠯᠣᠭᠰᠠᠨ ᠪᠠᠢᠳᠠᠯ 》 ᠪᠣᠢ ᠪᠣᠯᠵᠤ ᠂ ᠬᠦᠷᠰᠢ ᠤᠯᠤᠰ ᠪᠣᠯᠬᠤ ᠮᠢᠩ ᠤᠯᠤᠰ ᠲᠠᠢ 《 ᠬᠢᠲᠠᠳ ᠮᠣᠩᠭᠣᠯ ᠬᠣᠶᠠᠷ ᠤ᠋ᠨ ᠲᠡᠭᠰᠢ ᠲᠥᠷᠥ ᠲᠣᠭᠲᠠᠭᠠᠵᠤ ᠂ ᠲᠡᠭᠰᠢ ᠶᠡᠬᠡ ᠤᠯᠤᠰ ᠬᠥᠯ ᠬᠦᠰᠡᠷ᠎ᠡ ᠂ ᠭᠠᠷ ᠭᠠᠵᠠᠷ᠎ᠠ ᠠᠮᠤᠵᠤ ᠲᠠᠶᠠᠨ ᠶᠡᠬᠡ ᠤᠯᠤᠰ ᠦᠯᠡᠮᠵᠢ ᠮᠠᠰᠢ ᠵᠢᠷᠭᠠᠵᠤ ᠂ ᠲᠠᠢᠪᠤᠩ ᠶᠡᠬᠡ ᠲᠥᠷᠥ ᠲᠣᠭᠲᠠᠭᠰᠠᠨ 》 ( ᠠᠯᠲᠠᠨ ᠬᠠᠭᠠᠨ ) ᠤ᠋ ᠲᠣᠭᠣᠵᠢ ᠪᠠᠢᠳᠠᠯ ᠪᠣᠢ ᠪᠣᠯᠵᠤ ᠮᠣᠩᠭᠣᠯ ᠪᠠ ᠮᠢᠩ ᠤᠯᠤᠰ ᠤ᠋ᠨ ᠬᠣᠭᠣᠷᠣᠨᠳᠣ ᠵᠠᠬ᠎ᠠ ᠳᠡᠯᠭᠡᠭᠦᠷ ᠨᠡᠭᠡᠭᠡᠭᠳᠡᠵᠦ ᠨᠢᠭᠡᠨ ᠦᠶ᠎ᠡ ᠠᠮᠤᠭᠤᠯᠠᠩ ᠰᠠᠢᠬᠠᠨ ᠪᠠᠢᠭᠰᠠᠨ ᠃
ᠮᠠᠨᠳᠤᠬᠠᠢ ᠬᠠᠲᠤᠨ ① ᠡᠷᠭᠦᠵᠦ ᠲᠤᠯᠤᠬᠠᠨ ᠨᠠᠰᠤᠨ ᠳ᠋ᠤᠷ ᠢᠨᠤ ᠶᠡᠬᠡ ᠣᠷᠣ ᠰᠠᠭᠤᠯᠭᠠᠭᠠᠳ ᠬᠡᠳᠡᠷ ᠲᠡᠷᠰᠯᠡᠭᠦᠦ ᠣᠢᠷᠠᠳ ᠤ᠋ᠨ ᠶᠦᠩᠰᠢᠶᠠᠪᠤ ᠶ᠋ᠢ ᠳᠠᠢᠯᠠᠵᠤ ᠭᠡᠰᠬᠡᠨ ᠂ ᠬᠡᠯᠡᠬᠦ ᠪᠦᠬᠦ ᠶᠡᠬᠡ ᠮᠣᠩᠭᠣᠯ ᠤᠯᠤᠰ ᠢ᠋ᠶ᠋ᠠᠨ ᠵᠣᠩᠬᠢᠯᠠᠨ ᠳᠦᠭᠦᠷᠭᠡᠵᠦ ᠬᠠᠭᠤᠴᠢᠷᠠᠭᠰᠠᠨ ᠬᠠᠨ ᠲᠥᠷᠥ ᠪᠡᠨ ᠬᠠᠮᠤᠭ ᠠ᠋ᠴᠠ ᠦᠪᠡᠳᠡᠭᠰᠢ ᠮᠠᠨᠳᠤᠭᠤᠯᠪᠠᠢ ᠂ ᠬᠤᠴᠢᠨ
— — — —
① ᠮᠠᠨᠳᠤᠬᠠᠢ ᠭᠠᠲᠤᠨ ᠄ ᠮᠠᠨᠳᠤᠬᠠᠢ ᠰᠡᠴᠡᠨ ᠬᠠᠲᠤᠨ ᠪᠤᠶᠤ 1438 ᠣᠨ ᠳ᠋ᠤ᠌ ᠮᠡᠨᠳᠦᠯᠡᠵᠡᠢ ᠃ ᠠᠯᠢ ᠣᠨ ᠳ᠋ᠤ᠌ ᠨᠠᠰᠤ ᠨᠥᠭᠴᠢᠭᠰᠡᠨ ᠊ᠢ ᠲᠣᠳᠣᠯᠠᠭᠠᠳᠤᠢ ᠃ ᠮᠠᠨᠳᠤᠬᠠᠢ ᠰᠡᠴᠡᠨ ᠬᠠᠲᠤᠨ ᠪᠣᠯ ᠮᠣᠩᠭᠣᠯ ᠤ᠋ᠨ ᠲᠡᠦᠬᠡᠨ ᠳ᠋ᠦ᠍ ᠴᠡᠷᠢᠭ ᠳᠠᠢᠴᠢᠯᠠᠨ ᠠᠶᠠᠨ ᠲᠡᠢᠨ ᠳ᠋ᠦ᠍ ᠶᠠᠪᠤᠭᠰᠠᠨ ᠡᠮᠡᠭᠲᠡᠢ ᠪᠠᠭᠠᠲᠤᠷ ᠤ᠋ᠨ ᠨᠢᠭᠡ ᠪᠣᠯᠤᠨ᠎ᠠ ᠃ ᠮᠥᠨ ᠴᠦ᠍ ᠮᠣᠩᠭᠣᠯ ᠤ᠋ᠨ ᠨᠢᠭᠡᠲᠦᠷᠡᠯᠲᠡ ᠳ᠋ᠦ᠍ ᠶᠡᠬᠡ ᠬᠦᠴᠦ ᠬᠦᠷᠭᠡᠭᠰᠡᠨ ᠨᠢᠭᠡᠨ ᠭᠠᠷᠮᠠᠭᠠᠢ ᠡᠮᠡᠭᠲᠡᠢ ᠶᠦ᠍ᠮ ᠃ ᠮᠠᠨᠳᠤᠬᠠᠢ ᠰᠡᠴᠡᠨ ᠪᠣᠯ ᠲᠦᠮᠡᠳ ᠦ᠋ᠨ ᠡᠩᠬᠦᠳ ᠣᠲᠣᠭ ᠤ᠋ᠨ ᠴᠤᠷᠤᠰᠪᠠᠢ ᠲᠡᠮᠦᠷ ᠴᠢᠩᠰᠠᠩ ᠤ᠋ᠨ ᠥᠬᠢᠨ ᠂ ᠮᠠᠨᠲᠤᠭᠤᠯᠢ ᠬᠠᠭᠠᠨ ᠤ᠋ ᠠᠪᠠᠯᠢᠨ ᠬᠠᠲᠤᠨ ᠪᠣᠯᠠᠢ ᠃1467 ᠣᠨ ᠳ᠋ᠤ᠌ ᠮᠠᠨᠲᠤᠭᠤᠯᠢ ᠬᠠᠭᠠᠨ ᠨᠠᠰᠤ ᠪᠠᠷᠠᠭᠰᠠᠨ ᠤ᠋ ᠳᠠᠷᠠᠭ᠎ᠠ ᠲᠡᠭᠦᠨ ᠳ᠋ᠦ᠍ ᠰᠠᠭᠤᠷᠢᠨ ᠵᠠᠯᠭᠠᠮᠵᠢᠯᠠᠭᠤᠯᠬᠤ ᠬᠥᠪᠡᠭᠦᠨ ᠦᠭᠡᠢ ᠲᠤᠯᠠ ᠬᠠᠷᠬᠤᠴᠠᠭ ᠲᠠᠢᠵᠢ ᠶ᠋ᠢᠨ ᠬᠥᠪᠡᠭᠦᠨ ᠪᠠᠶᠠᠨ ᠮᠥᠩᠬᠡ ᠰᠠᠭᠤᠷᠢᠨ᠎ᠠ ᠰᠠᠭᠤᠵᠤ ᠳᠡᠮᠡᠢ ᠤᠳᠠᠭᠰᠠᠨ ᠦᠭᠡᠢ ᠶᠦᠩᠰᠢᠶᠠᠪᠤ ᠨᠠᠷ ᠲᠤ᠌ ᠬᠣᠣᠷᠯᠠᠭᠳᠠᠪᠠ ᠃ ᠡᠨᠡ ᠦᠶ᠎ᠡ ᠳ᠋ᠦ᠍ ᠮᠣᠩᠭᠣᠯ ᠤ᠋ᠨ ᠣᠯᠠᠨ ᠪᠠᠭ᠎ᠠ ᠬᠠᠳ ᠨᠠᠷ ᠪᠦᠬᠦ ᠮᠣᠩᠭᠣᠯ ᠤ᠋ᠨ ᠬᠠᠭᠠᠨ ᠤ᠋ ᠶᠡᠬᠡ ᠣᠷᠣ ᠶ᠋ᠢ ᠵᠠᠯᠭᠠᠮᠵᠢᠯᠠᠬᠤ ᠪᠠᠷ ᠥᠷᠢᠰᠦᠯᠳᠦᠨ ᠪᠦᠬᠦᠢ ᠤᠯᠤᠰ ᠲᠥᠷᠥ ᠶ᠋ᠢᠨ ᠰᠢᠷᠦᠭᠦᠨ ᠲᠡᠮᠡᠴᠡᠯ ᠪᠣᠯᠵᠤ ᠪᠠᠢᠪᠠ ᠃ ᠡᠨᠡ ᠲᠡᠮᠡᠴᠡᠯ ᠦ᠋ᠨ ᠳᠤᠮᠳᠠ ᠮᠠᠨᠳᠤᠬᠠᠢ ᠰᠡᠴᠡᠨ ᠬᠠᠲᠤᠨ ᠴᠡᠭᠡᠵᠢ ᠲᠦᠷᠢᠨ ᠪᠣᠰᠴᠤ ᠴᠢᠩᠭᠢᠰ ᠬᠠᠭᠠᠨ ᠤ᠋ 《 ᠠᠯᠲᠠᠨ ᠤᠷᠤᠭ 》 ᠤ᠋ᠨ ᠬᠣᠢᠴᠢ ᠪᠣᠯᠬᠤ ᠪᠠᠶᠠᠨ ᠮᠥᠩᠬᠡ ᠬᠠᠭᠠᠨ ᠤ᠋ ᠨᠢᠯᠬ᠎ᠠ ᠬᠥᠪᠡᠭᠦᠳ ᠪᠠᠲᠤᠮᠥ᠋ᠩᠬᠡ ᠶ᠋ᠢ ᠳᠣᠯᠣᠭᠠᠨ ᠨᠠᠰᠤᠲᠠᠢ ᠪᠠᠢᠬᠤ ᠳ᠋ᠤᠨᠢ ᠭᠠᠷ ᠠ᠋ᠴᠠ ᠨᠢ ᠬᠥᠲᠥᠯᠦᠨ ᠢᠷᠡᠵᠦ ᠬᠠᠭᠠᠨ ᠤ᠋ ᠰᠠᠭᠤᠷᠢᠨ ᠳ᠋ᠤ᠌ ᠭᠠᠷᠭᠠᠨ 《 ᠲᠠᠶᠠᠨ ᠤᠯᠤᠰ ᠊ᠢ ᠡᠵᠡᠯᠡᠬᠦ ᠪᠣᠯᠲᠤᠭᠠᠢ ᠭᠡᠮᠡᠨ ᠳᠠᠶᠠᠨ ᠬᠠᠭᠠᠨ ᠭᠡᠮᠡᠨ ᠨᠡᠷᠡᠢᠳᠦᠨ 》ᠪᠠᠲᠤᠮᠥ᠋ᠩᠬᠡ ᠲᠡᠢ ᠪᠡᠶ᠎ᠡ ᠬᠣᠯᠪᠣᠵᠤ ( ᠡᠨᠡ ᠦᠶ᠎ᠡ ᠳ᠋ᠦ᠍ ᠮᠠᠨᠳᠤᠬᠠᠢ ᠰᠡᠴᠡᠨ ᠬᠠᠲᠤᠨ ᠭᠤᠴᠢᠨ ᠭᠤᠷᠪᠠᠨ ᠨᠠᠰᠤᠲᠠᠢ ) ᠂ ᠮᠣᠩᠭᠣᠯ ᠤ᠋ᠨ ᠬᠠᠭᠠᠨ ᠰᠠᠭᠤᠷᠢᠨ ᠊ᠢ ᠲᠡᠮᠡᠴᠡᠬᠦ ᠨᠢᠭᠡᠨ ᠤᠳᠠᠭ᠎ᠠ ᠶ᠋ᠢᠨ ᠲᠡᠢᠨ ᠳᠠᠵᠢᠨ ᠊ᠢ ᠵᠣᠭᠰᠣᠭᠠᠭᠰᠠᠨ ᠪᠠᠢᠨ᠎ᠠ ᠃ ᠮᠠᠨᠳᠤᠬᠠᠢ ᠰᠡᠴᠡᠨ ᠬᠠᠲᠤᠨ ᠤ᠋ ᠡᠨᠡᠬᠦ ᠠᠵᠢᠯᠯᠠᠭ᠎ᠠ ᠪᠣᠯ ᠲᠤᠬᠠᠢ ᠶ᠋ᠢᠨ ᠦᠶ᠎ᠡ ᠶ᠋ᠢᠨ ᠪᠤᠲᠠᠷᠠᠨ ᠰᠠᠷᠨᠢᠵᠤ ᠪᠠᠢᠭᠰᠠᠨ ᠮᠣᠩᠭᠣᠯ ᠊ᠢ ᠳᠠᠬᠢᠨ ᠨᠢᠭᠡ ᠤᠳᠠᠭ᠎ᠠ ᠨᠢᠭᠡᠳᠬᠡᠭᠰᠡᠨ ᠳᠠᠪᠰᠢᠯᠳᠤ ᠠᠵᠢᠯᠯᠠᠭ᠎ᠠ ᠪᠣᠯᠤᠨ᠎ᠠ ᠃ ᠡᠨᠡᠬᠦ ᠨᠢᠭᠡᠳᠬᠡᠬᠦ ᠠᠵᠢᠯᠯᠠᠭ᠎ᠠ ᠳ᠋ᠠᠭᠠᠨ ᠲᠡᠷᠡ ᠶᠠᠭᠤᠨ ᠤ᠋ ᠤᠷᠢᠳ ᠬᠡᠨ ᠦ᠌ ᠲᠤᠭ ᠊ᠢ ᠡᠷᠭᠦᠵᠦ ᠬᠡᠨ ᠊ᠢ ᠲᠦᠰᠢᠭᠯᠡᠬᠦ ᠭᠡᠰᠡᠨ ᠠᠰᠠᠭᠤᠳᠠᠯ ᠊ᠢ ᠲᠣᠳᠣ ᠲᠠᠨᠢᠭᠰᠠᠨ ᠶᠤᠮ ᠃ ᠮᠠᠨᠲᠤᠭᠤᠯᠢ ᠬᠠᠭᠠᠨ ᠨᠠᠰᠤ ᠪᠠᠷᠠᠬᠤ ᠦᠶ᠎ᠡ ᠳ᠋ᠦ᠍ ᠮᠠᠨᠳᠤᠬᠠᠢ ᠰᠡᠴᠡᠨ ᠬᠠᠲᠤᠨ ᠬᠣᠷᠢᠨ ᠨᠠᠰᠤᠲᠠᠢ ᠪᠡᠯᠪᠡᠰᠦᠨ ᠬᠣᠴᠣᠷᠪᠠ ᠃ ᠡᠨᠡ ᠦᠶ᠎ᠡ ᠳ᠋ᠦ᠍ ᠬᠣᠷᠴᠢᠨ ᠤ᠋ ᠨᠣᠶᠠᠨ ᠪᠣᠯᠣᠳ ᠤᠷᠤᠭ ᠭᠤᠶᠤᠬᠤ ᠳ᠋ᠤ᠌ ᠲᠡᠷᠡ ᠵᠥᠪᠰᠢᠶᠡᠷᠡᠭᠰᠡᠨ ᠦᠭᠡᠢ ᠪᠡᠷ ᠦᠯᠦ ᠪᠠᠷᠠᠨ ᠬᠠᠷᠢᠨ ᠬᠠᠭᠠᠨ ᠡᠵᠡᠨ ᠦ᠌ ᠨᠠᠢ᠍ᠮᠠᠨ ᠴᠠᠭᠠᠨ ᠭᠡᠷ ᠦ᠋ᠨ ᠡᠮᠦᠨ᠎ᠡ ᠬᠦᠷᠴᠦ ᠴᠢᠩᠭᠢᠰ ᠦ᠋ᠨ 《ᠠᠯᠲᠠᠨ ᠤᠷᠤᠭ 》 ᠤ᠋ᠨ ᠡᠬᠡᠨᠡᠷ ᠪᠣᠯᠵᠤ ᠮᠣᠩᠭᠣᠯ ᠊ᠢ ᠨᠢᠭᠡᠳᠬᠡᠬᠦ ᠳ᠋ᠦ᠍ ᠬᠦᠴᠦᠨ ᠢ᠋ᠶ᠋ᠡᠨ ᠡᠷᠭᠦᠨ᠎ᠡ ᠭᠡᠵᠦ ᠲᠠᠩᠭᠠᠷᠢᠭᠯᠠᠭᠰᠠᠨ ᠪᠠᠢᠨ᠎ᠠ ᠃ ᠮᠠᠨᠳᠤᠬᠠᠢ ᠰᠡᠴᠡᠨ ᠬᠠᠲᠤᠨ ᠤ᠋ ᠤᠯᠤᠰ ᠲᠥᠷᠥ ᠶ᠋ᠢᠨ ᠵᠣᠷᠢᠯᠭ᠎ᠠ ᠨᠢ ᠲᠡᠭᠦᠨ ᠊ᠢ ᠪᠠᠲᠤᠮᠥ᠋ᠩᠬᠡ ᠲᠡᠢ ᠪᠡᠶ᠎ᠡ ᠬᠣᠯᠪᠣᠭᠤᠯᠤᠭᠰᠠᠨ ᠶᠤᠮ ᠃ ᠲᠡᠷᠡ ᠂ ᠪᠠᠲᠤᠮᠥ᠋ᠩᠬᠡ ᠶ᠋ᠢᠨ ᠡᠬᠡᠨᠡᠷ ᠪᠣᠯᠤᠭᠰᠠᠨ ᠲᠡᠷᠡ ᠳᠠᠷᠤᠢ 《ᠤᠬᠠᠭᠠᠨᠲᠤ ᠮᠠᠨᠳᠤᠬᠠᠢ ᠰᠡᠴᠡᠨ ᠬᠠᠲᠤᠨ ᠤᠨᠵᠢᠭᠤᠯᠤᠭᠰᠠᠨ ᠦᠰᠦ ᠪᠡᠨ ᠳᠡᠭᠡᠭᠰᠢ ᠡᠪᠬᠢᠵᠦ ᠂ ᠤᠯᠤᠰ ᠤ᠋ᠨ ᠡᠵᠡᠨ ᠳᠠᠶᠠᠨ ᠬᠠᠭᠠᠨ ᠊ᠢ ᠥᠬᠡᠭᠲᠡᠢ ( ᠬᠠᠮ ᠲᠡᠷᠭᠡ ) ᠲᠡᠭᠡᠭᠡᠵᠦ 》 ᠥᠪᠡᠷ ᠦ᠋ᠨ ᠪᠡᠶ᠎ᠡ ᠪᠡᠷ ᠴᠡᠷᠢᠭ ᠳᠠᠢᠴᠢᠯᠠᠨ ᠣᠢᠷᠠᠳ ᠊ᠢ ᠬᠦᠴᠦᠨ ᠢ᠋ᠶ᠋ᠡᠷ ᠣᠷᠣᠭᠤᠯᠤᠨ ᠠᠪᠴᠤ ᠣᠢᠷᠠᠳ ᠲᠤ᠌ ᠬᠠᠤᠯᠢ ᠵᠠᠷᠯᠢᠭ ᠲᠣᠭᠲᠠᠭᠠᠨ ᠳᠠᠶᠠᠨ ᠬᠠᠭᠠᠨ ᠪᠦᠬᠦ ᠮᠣᠩᠭᠣᠯ ᠊ᠢ ᠨᠢᠭᠡᠳᠬᠡᠬᠦ ᠳ᠋ᠦ᠍ ᠴᠢᠬᠤᠯᠠ ᠰᠠᠭᠤᠷᠢ ᠲᠠᠯᠪᠢᠵᠠᠢ ᠃ ᠲᠡᠢᠨ ᠪᠠᠢᠯᠳᠤᠭᠠᠨ ᠤ᠋ ᠬᠠᠲᠠᠭᠤ ᠪᠡᠷᠬᠡ ᠲᠡᠳᠡᠭᠡᠷ ᠡᠳᠦᠷ ᠦ᠋ᠳ ᠲᠦ᠍ ᠡᠨᠡᠬᠦ ᠵᠣᠷᠢᠭᠲᠤ ᠪᠦᠰᠡᠭᠦᠢ ᠪᠠᠯᠴᠢᠷ ᠡᠵᠡᠨ ᠊ᠢ ᠠᠰᠠᠷᠠᠨ ᠲᠡᠵᠢᠭᠡᠵᠦ ᠮᠣᠩᠭᠣᠯ ᠊ᠢ ᠨᠢᠭᠡᠳᠬᠡᠬᠦ ᠦᠢᠯᠡᠰ ᠲᠦ᠍ ᠬᠦᠴᠦᠨ ᠡᠷᠭᠦᠭᠰᠡᠨ ᠪᠠ ᠬᠣᠢᠨ᠎ᠠ ᠳᠠᠶᠠᠨ ᠬᠠᠭᠠᠨ ᠥᠰᠦᠭᠰᠡᠨ ᠦ᠌ ᠳᠠᠷᠠᠭ᠎ᠠ ᠬᠠᠲᠤᠨ ᠤ᠋ ᠪᠡᠶ᠎ᠡ ᠬᠦᠨᠳᠦ ᠪᠣᠯᠵᠤ ᠳᠠᠪᠬᠤᠷ ᠲᠠᠢ ᠪᠠᠢᠭᠰᠠᠨ ᠴᠤ᠌ ᠮᠥᠨ ᠴᠦ᠍ ᠮᠣᠩᠭᠣᠯ ᠊ᠢ ᠨᠢᠭᠡᠳᠬᠡᠬᠦ ᠲᠡᠢᠨ ᠪᠠᠢᠯᠳᠤᠭᠠᠨ ᠳ᠋ᠤ᠌ ᠪᠡᠶ᠎ᠡ ᠬᠠᠲᠠᠭᠤᠵᠢᠨ ᠶᠠᠪᠤᠵᠤ ᠪᠠᠢᠵᠠᠢ ᠃ ᠮᠣᠩᠭᠣᠯ ᠤ᠋ᠨ ᠡᠷᠲᠡᠨ ᠦ᠌ ᠲᠡᠦᠬᠡᠴᠢ ᠨᠠᠷ ᠮᠠᠨᠳᠤᠬᠠᠢ ᠰᠡᠴᠡᠨ ᠬᠠᠲᠤᠨ ᠊ᠢ ᠦᠵᠡᠰᠬᠦᠯᠡᠩ ᠭᠤᠸ᠋᠎ᠠ ᠲᠥᠷᠥᠭᠰᠡᠨ ᠂ ᠦᠨᠡᠨᠴᠢ ᠴᠠᠭᠠᠨ ᠰᠡᠳᠬᠢᠯ ᠲᠡᠢ ᠂ ᠮᠣᠩᠭᠣᠯ ᠤ᠋ᠨ ᠭᠣᠯᠣᠮᠲᠠ ᠶ᠋ᠢ ᠰᠠᠬᠢᠨ ᠬᠠᠮᠠᠭᠠᠯᠠᠵᠤ ᠮᠣᠩᠭᠣᠯ ᠊ᠢ ᠨᠢᠭᠡᠳᠬᠡᠬᠦ ᠳ᠋ᠦ᠍ ᠬᠦᠴᠦᠨ ᠴᠢᠳᠠᠯ ᠢ᠋ᠶ᠋ᠠᠨ ᠡᠷᠭᠦᠭᠰᠡᠨ ᠡᠮᠡᠭᠲᠡᠢ ᠤᠯᠤᠰ ᠲᠥᠷᠥᠴᠢ ᠂ ᠡᠮᠡᠭᠲᠡᠢ ᠪᠠᠭᠠᠲᠤᠷ ᠭᠡᠵᠦ ᠲᠡᠮᠳᠡᠭᠯᠡᠭᠰᠡᠭᠡᠷ ᠢᠷᠡᠵᠡᠢ ᠃ ᠡᠨᠡ ᠪᠣᠯ ᠲᠡᠦᠬᠡ ᠶ᠋ᠢᠨ ᠦᠨᠡᠨ ᠲᠤᠰᠬᠠᠭᠰᠠᠨ ᠶᠠᠪᠤᠳᠠᠯ ᠶᠤᠮ ᠃ ᠡᠨᠳᠡ ᠮᠠᠨᠳᠤᠬᠠᠢ ᠰᠡᠴᠡᠨ ᠬᠠᠲᠤᠨ ᠊ᠢ ᠳᠠᠶᠠᠨ ᠬᠠᠭᠠᠨ ᠤ᠋ 《ᠪᠡᠷᠭᠡᠨ ᠢᠨᠦ ᠮᠠᠨᠳᠤᠬᠠᠢ ᠬᠠᠲᠤᠨ 》 ᠭᠡᠵᠦ ᠲᠡᠮᠳᠡᠭᠯᠡᠵᠡᠢ ᠃ ᠡᠷᠲᠡᠨ ᠦ᠌ ᠮᠣᠩᠭᠣᠯ ᠤ᠋ᠨ ᠵᠠᠩᠰᠢᠯ ᠳ᠋ᠤ᠌ ᠳᠡᠭᠡᠷ᠎ᠡ ᠦᠶ᠎ᠡ ᠲᠡᠢ ᠡᠮᠡᠭᠲᠡᠢ ᠬᠥᠮᠦᠨ ᠊ᠢ 《ᠪᠡᠷᠭᠡᠨ 》 ᠭᠡᠵᠦ ᠨᠡᠷᠡᠯᠡᠳᠡᠭ ᠶᠦ᠍ᠮ ᠃ ᠡᠨᠡ ᠨᠢ ᠣᠳᠣ ᠶ᠋ᠢᠨ ᠮᠣᠩᠭᠣᠯ ᠬᠡᠯᠡᠨ ᠳ᠋ᠡᠬᠢ 《ᠪᠡᠷᠭᠡᠨ 》 ᠭᠡᠳᠡᠭ ᠦ᠋ᠨ ᠰᠢᠭᠤᠳ ᠤᠳᠬ᠎ᠠ ᠪᠢᠰᠢ ᠶᠦ᠍ᠮ ᠃ ᠳᠠᠶᠠᠨ ᠬᠠᠭᠠᠨ ᠪᠠ ᠮᠠᠨᠳᠤᠬᠠᠢ ᠰᠡᠴᠡᠨ ᠬᠠᠲᠤᠨ ᠤ᠋ ᠤᠤᠯ ᠤ᠋ᠨ ᠣᠢᠷ᠎ᠠ ᠲᠥᠷᠥᠯ ᠦ᠋ᠨ ᠬᠠᠷᠢᠴᠠᠭ᠎ᠠ ᠶ᠋ᠢ ᠬᠦᠰᠦᠨᠦᠭᠲᠦ ᠳ᠋ᠦ᠍ ᠦᠵᠡᠭᠦᠯᠪᠡᠯ ᠄
ᠲᠠᠢᠽᠦ᠋ᠩ ᠬᠠᠭᠠᠨ
ᠠᠵᠠᠢ ᠲᠠᠢᠵᠢ ᠠᠭᠪᠠᠷᠴᠢ ᠵᠢᠨᠦᠩ→ ᠬᠠᠷᠭᠤᠴᠠᠭ
ᠲᠠᠢᠵᠢ → ᠪᠠᠶᠠᠨ ᠮᠥᠩᠬᠡ ᠪᠣᠯᠬᠤ ᠵᠢᠨᠦᠩ→▷ᠪᠠᠲᠤᠮᠥᠩᠬᠡ ᠳᠠᠶᠠᠨ ᠬᠠᠭᠠᠨ
ᠮᠠᠨᠲᠤᠭᠤᠯᠢ ᠬᠠᠭᠠᠨ
ᠬᠠᠲᠤᠨ ᠠᠨᠤ ᠂ ▷ᠮᠠᠨᠳᠤᠬᠠᠢ ᠰᠡᠴᠡᠨ

ᠨᠠᠢ᠍ᠮᠠᠨ ᠣᠨ ᠪᠣᠯᠤᠭᠠᠳ ᠳᠥᠴᠢᠨ ᠳᠥᠷᠪᠡᠨ ᠨᠠᠰᠤᠨ ᠳ᠋ᠠᠭᠠᠨ ᠮᠣᠳᠣᠨ ᠬᠤᠯᠤᠯᠭᠠᠨᠠ 【ᠬᠤᠯᠤᠭᠠᠨ᠎ᠠ】 ᠵᠢᠯ ᠧᠦᠩ ᠳᠢ ᠠᠷᠪᠠᠨ ᠳᠣᠯᠣᠳᠤᠭᠠᠷ ᠣᠨ ᠲᠩᠷᠢ ᠪᠣᠯᠪᠠᠢ ①
ᠪᠣᠭᠳᠠ ᠴᠢᠩᠭᠢᠰ ᠬᠠᠭᠠᠨ ᠤ᠋ ᠠᠯᠲᠠᠨ ᠤᠷᠤᠭ ᠤ᠋ᠨ ᠨᠡᠭᠦᠬᠦ ᠮᠣᠩᠭᠣᠯ ᠳ᠋ᠤᠷ ᠲᠠᠭᠠᠴᠢᠦᠨ ᠦᠢᠯᠡ ᠶ᠋ᠢᠨ ᠡᠷᠬᠡ ᠪᠡᠷ ᠣᠢᠷᠠᠳ ᠲᠤᠷ ᠶᠡᠬᠡᠳᠡ ᠪᠠᠳᠠᠷᠠᠭᠰᠠᠨ ᠲᠤᠯᠠ ᠰᠠᠢᠨ ᠮᠠᠨᠳᠤᠬᠠᠢ ᠭᠠᠳᠤᠨ ᠨᠠᠢ᠍ᠮᠠᠨ ᠴᠠᠭᠠᠨ ᠭᠡᠷ ᠲᠦ᠍ᠷ ᠲᠠᠮᠠᠭᠠᠯᠠ ᠵᠠᠯᠪᠠᠷᠢᠭᠰᠠᠨ ᠳ᠋ᠤᠷ ᠲᠩᠷᠢ ᠡᠴᠢᠭᠡ ᠡᠨᠡᠷᠢᠨ ᠥᠷᠥᠰᠢᠶᠡᠵᠦ ᠦᠷ᠎ᠡ ᠬᠤᠲᠤᠭ ᠊ᠢ ᠬᠤᠷᠳᠤᠬᠠᠨ ᠰᠣᠶᠣᠷᠬᠠᠭᠰᠠᠨ ᠢ᠋ᠶ᠋ᠠᠷ ᠲᠠᠶᠣᠨ ᠬᠠᠭᠠᠨ ᠳ᠋ᠤᠷ ᠠᠷᠪᠠᠨ ᠨᠢᠭᠡᠨ ᠬᠥᠪᠡᠭᠦᠨ ᠵᠠᠶᠠᠭᠠᠭᠰᠠᠨ ᠪᠣᠢ ᠃ ᠡᠳᠦᠭᠢᠰ ᠨᠡᠭᠦᠬᠦ ᠮᠣᠩᠭᠣᠯ ᠴᠢᠩᠭᠢᠰ ᠪᠣᠭᠳᠠ ᠬᠠᠭᠠᠨ ᠤ᠋ ᠦᠷ᠎ᠡ ᠡᠯ᠎ᠡ ᠪᠦᠭᠦᠳᠡ ᠂ ᠡᠳᠡ ᠬᠡᠳᠦᠨ ᠬᠥᠮᠦᠨ ᠡᠴᠡ ᠥᠰᠴᠦ ᠰᠠᠯᠤᠭᠰᠠᠨ ᠪᠣᠢ ᠃
ᠲᠠᠶᠣᠨ ᠬᠠᠭᠠᠨ ᠤ᠋ ᠰᠠᠢᠨ ᠮᠠᠨᠳᠤᠬᠠᠢ ᠬᠠᠲᠤᠨ ᠠ᠋ᠴᠠ ᠲᠥᠷᠥᠭᠰᠡᠨ ᠠᠨᠤ ᠂ ᠲᠥᠷᠥ ᠪᠣᠯᠣᠳ ᠂ ᠤᠯᠤᠰ ᠪᠣᠯᠣᠳ ᠬᠣᠶᠠᠷ ᠲᠡᠭᠦᠰ ᠂ ᠠᠷᠠᠰᠤ ᠪᠣᠯᠣᠳ ᠂ ᠪᠠᠷᠠᠰᠤ ᠪᠣᠯᠣᠳ ᠬᠣᠶᠠᠷ ᠲᠡᠭᠦᠰ ᠂ ᠸᠠᠴᠢᠷ ᠪᠣᠯᠣᠳ ᠠᠯᠴᠤ ᠪᠣᠯᠣᠳ ᠬᠣᠶᠠᠷ ᠲᠡᠭᠦᠰ ᠠᠯ ᠪᠤᠬᠤᠷᠠ ᠬᠠᠨ ᠭᠦᠩᠵᠦ ᠬᠣᠶᠠᠷ ᠲᠡᠭᠦᠰ᠃ ᠬᠥᠰᠢ ᠭᠠᠳᠣᠨ ᠠ᠋ᠴᠠ
— — — —
① ᠲᠠᠶᠠᠨ ᠬᠠᠭᠠᠨ ᠤ᠋ ᠰᠠᠭᠤᠷᠢᠨ᠎ᠠ ᠰᠠᠭᠤᠭᠰᠠᠨ ᠪᠠ ᠨᠠᠰᠤ ᠨᠥᠭᠴᠢᠭᠰᠡᠨ ᠲᠤᠬᠠᠢ ᠲᠡᠦᠬᠡᠨ ᠲᠡᠮᠳᠡᠭᠯᠡᠯ ᠳ᠋ᠦ᠍ ᠠᠳᠠᠯᠢ ᠪᠤᠰᠤ ᠲᠡᠮᠳᠡᠭᠯᠡᠯ ᠪᠣᠢ ᠃ 《 ᠡᠷᠳᠡᠨᠢ ᠶ᠋ᠢᠨ ᠲᠣᠪᠴᠢ 》 ᠳ᠋ᠤ᠌ 《ᠳᠠᠯᠠᠨ ᠳᠥᠷᠪᠡᠨ ᠵᠢᠯ ᠬᠠᠭᠠᠨ ᠣᠷᠣᠨ ᠳ᠋ᠤ᠌ ᠰᠠᠭᠤᠵᠤ ᠂ ᠨᠠᠶᠠᠨ ᠨᠠᠰᠤᠨ ᠢ᠋ᠶ᠋ᠠᠨ ᠬᠦᠢ ᠲᠠᠤᠯᠠᠢ ᠵᠢᠯ (1543 ) ᠲᠩᠷᠢ ᠪᠣᠯᠪᠠ 》 ᠭᠡᠬᠦ ᠃ ᠯᠤᠪᠰᠠᠩᠲᠠᠨᠵᠢᠨ ᠤ᠋ 《ᠠᠯᠲᠠᠨ ᠲᠣᠪᠴᠢ 》 ᠳ᠋ᠤ᠌ 《 ᠲᠠᠶᠠᠨ ᠬᠠᠭᠠᠨ 》 ᠭᠠᠬᠠᠢ ᠵᠢᠯ (1491 ) ᠣᠨ ᠬᠠᠭᠠᠨ ᠣᠷᠣ ᠰᠠᠭᠤᠵᠤ ᠂ ᠭᠤᠴᠢᠨ ᠳᠥᠷᠪᠡᠨ ᠵᠢᠯ ᠬᠠᠭᠠᠨ ᠲᠥᠷᠥ ᠪᠠᠷᠢᠪᠠ 》ᠭᠡᠬᠦ 《ᠠᠯᠲᠠᠨ ᠬᠠᠭᠠᠨ ᠤ᠋ ᠲᠣᠭᠣᠵᠢ 》 ᠳ᠋ᠤ᠌ ᠮᠥᠨ ᠲᠠᠶᠠᠨ ᠬᠠᠭᠠᠨ ᠭᠤᠴᠢᠨ ᠳᠥᠷᠪᠡᠨ ᠣᠨ ᠬᠠᠭᠠᠨ ᠲᠥᠷᠥ ᠪᠠᠷᠢᠵᠤ ᠳᠥᠴᠢᠨ ᠳᠥᠷᠪᠡᠨ ᠨᠠᠰᠤᠨ ᠳ᠋ᠠᠭᠠᠨ ᠨᠠᠰᠤ ᠪᠠᠷᠠᠪᠠ ᠭᠡᠵᠦ ᠲᠡᠮᠳᠡᠭᠯᠡᠭᠰᠡᠨ ᠪᠠᠢᠨ᠎ᠠ ᠃ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠪᠠ ᠭᠣᠮᠪᠣᠵᠠᠪ ᠤ᠋ᠨ ᠡᠨᠳᠡ ᠪᠢᠴᠢᠨ ᠲᠡᠮᠳᠡᠭᠯᠡᠭᠰᠡᠨ ᠨᠢ ᠡᠭᠦᠨ ᠯᠤᠭᠡ ᠠᠳᠠᠯᠢ ᠶᠤᠮ ᠃
ᠲᠥᠷᠥᠭᠰᠡᠨ ᠴᠢᠩ ᠲᠠᠢᠵᠢ ᠺᠠᠷᠣᠳᠢ ᠲᠠᠢᠵᠢ ᠬᠣᠶᠠᠷ ᠂ ᠰᠠᠮᠤᠷ ᠳᠠᠢᠬᠤ ᠠ᠋ᠴᠠ ᠲᠥᠷᠥᠭᠰᠡᠨ ᠭᠡᠷ᠎ᠡ ᠪᠣᠯᠣᠳ ᠂ ᠭᠡᠷᠰᠡᠨᠴᠨ ᠬᠣᠶᠠᠷ ᠡᠳᠡᠭᠡᠷ ᠪᠤᠶᠤ ᠂ ᠡᠳᠡᠨ ᠡᠴᠡ ᠂ ᠤᠯᠤᠰ ᠪᠣᠯᠣᠳ ᠺᠠᠷᠣᠳᠢ ᠲᠠᠢᠵᠢ ᠬᠣᠶᠠᠭᠤᠯᠠ ᠲᠠᠶᠣᠨ ᠬᠠᠭᠠᠨ ᠠᠬᠠᠮᠠᠳ ᠬᠥᠪᠡᠭᠦᠨ ᠢ᠋ᠶ᠋ᠡᠨ ᠲᠥᠷᠥ ᠪᠣᠯᠣᠳ ᠤᠷᠢᠶᠠᠩᠬᠤᠨ ᠬᠠᠷᠴᠢᠨ ᠬᠣᠶᠠᠷ ᠂ ᠠᠢᠮᠠᠭ ᠡᠪᠳᠡᠷᠡᠯᠳᠦᠭᠰᠡᠨ ᠲᠤᠯᠠ ᠡᠪᠯᠡᠭᠦᠯᠦᠷᠡ ᠢᠯᠡᠭᠡᠭᠰᠡᠨ ᠊ᠢ ᠣᠢᠬᠣᠰ ᠤ᠋ᠨ ᠢᠪᠡᠷᠢ ᠂ ᠣᠷᠳᠣᠰ ᠤ᠋ᠨ ᠮᠠᠨᠲᠣᠯᠢ ᠂ ᠣᠢᠬᠣᠷᠴᠢᠨ ᠤ᠋ ᠠᠴᠣᠯᠢ ᠪᠠᠮᠪᠣᠯᠢ ᠲᠠᠨ ᠬᠠᠷᠠᠯᠠᠵᠤ ᠬᠣᠷᠣᠭᠠᠭᠰᠠᠨ①
ᠲᠡᠭᠦᠨᠣ ᠬᠥᠪᠡᠭᠦᠨ ᠪᠤᠳᠠᠢ ᠬᠠᠭᠠᠨ② ᠠᠯᠢᠭ ᠨᠣᠶᠠᠨ ᠬᠣᠶᠠᠭᠤᠯᠠ ᠂ ᠲᠠᠶᠣᠨ ᠬᠠᠭᠠᠨ ᠊ᠢ ᠲᠩᠷᠢ ᠪᠣᠯᠤᠭᠰᠠᠨ ᠬᠣᠢᠨ᠎ᠠ ᠪᠣᠳᠢ ᠬᠣᠩ
— — — —
① ᠡᠨᠡ ᠶᠠᠪᠤᠳᠠᠯ ᠪᠣᠯ 1510 ᠣᠨ ᠤ᠋ ᠦᠶ᠎ᠡ ᠪᠡᠷ ᠭᠠᠷᠤᠭᠰᠠᠨ ᠹᠧᠣᠳᠠᠯ ᠡᠵᠡᠳ ᠦ᠋ᠨ ᠨᠢᠭᠡᠨ ᠤᠳᠠᠭᠠᠨ ᠤ᠋ ᠤᠷᠪᠠᠯᠭᠠᠨ ᠶᠤᠮ ᠃ ᠡᠨᠳᠡ ᠭᠣᠮᠪᠣᠵᠠᠪ ᠡᠨᠡ ᠤᠷᠪᠠᠯᠭᠠᠨ ᠳ᠋ᠤ᠌ ᠲᠥᠷᠥ ᠪᠣᠯᠣᠳ ᠊ᠢ ᠬᠣᠣᠷᠯᠠᠭᠳᠠᠯᠠ ᠭᠡᠵᠦ ᠪᠢᠴᠢᠵᠡᠢ ᠃ ᠲᠡᠦᠬᠡᠨ ᠲᠡᠮᠳᠡᠭᠯᠡᠯ ᠡᠴᠡ ᠦᠵᠡᠬᠦ ᠳ᠋ᠦ᠍ ᠡᠨᠡ ᠤᠷᠪᠠᠯᠭᠠᠨ ᠳ᠋ᠤ᠌ ᠲᠥᠷᠥ ᠪᠣᠯᠣᠳ ᠤ᠋ᠨ ᠳᠡᠭᠦᠦ ᠤᠯᠤᠰ ᠪᠣᠯᠣᠳ ᠬᠣᠣᠷᠯᠠᠭᠳᠠᠭᠰᠠᠨ ᠶᠤᠮ ᠃ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠪᠠ 《 ᠡᠷᠳᠡᠨᠢ ᠶ᠋ᠢᠨ ᠲᠣᠪᠴᠢ 》 ᠊ᠢ ᠦᠨᠳᠦᠰᠦᠯᠡᠪᠡᠯ ᠲᠠᠶᠠᠨ ᠬᠠᠭᠠᠨ ᠲᠡᠭᠦᠨ ᠦ᠌ ᠬᠣᠶᠠᠳᠤᠭᠠᠷ ᠬᠥᠪᠡᠭᠦᠨ ᠤᠯᠤᠰ ᠪᠣᠯᠣᠳ ᠊ᠢ ᠪᠠᠷᠠᠭᠤᠨ ᠭᠤᠷᠪᠠᠨ ( ᠣᠷᠳᠣᠰ ᠲᠦᠮᠡᠨ ᠂ ᠲᠦᠮᠡᠳ ᠲᠦᠮᠡᠨ ᠂ ᠶᠦᠩᠰᠢᠶᠠᠪᠤ ᠲᠦᠮᠡᠨ) ᠳ᠋ᠦ᠍ ᠵᠢᠨᠦᠩ ᠪᠣᠯᠭᠠᠷ᠎ᠠ ᠬᠣᠷᠯᠤᠳ ᠤ᠋ᠨ ᠪᠠᠪᠠᠬᠠᠢ ( ᠪᠠᠰᠠ ᠪᠠᠪᠠᠲᠢ ᠭᠡᠬᠦ ) ᠥᠷᠯᠥᠭ ᠊ᠢ ᠳᠠᠭᠠᠭᠤᠯᠵᠤ ᠶᠠᠪᠤᠭᠤᠯᠤᠭᠰᠠᠨ ᠳ᠋ᠤ᠌ ᠶᠦᠩᠰᠢᠶᠠᠪᠤ ᠶ᠋ᠢᠨ ᠢᠪᠡᠷᠢ ᠲᠠᠢᠰᠢ ( ᠲᠠᠶᠠᠨ ᠬᠠᠭᠠᠨ ᠯᠤᠭ᠎ᠠ ᠨᠢᠭᠡ ᠡᠬᠡ ᠲᠡᠢ ᠡᠴᠢᠭᠡ ᠥᠭᠡᠷ᠎ᠡ ᠲᠡᠢ ᠳᠡᠭᠦᠦ ᠪᠣᠯᠤᠨ᠎ᠠ ) ᠪᠣᠯᠤᠨ ᠣᠷᠳᠣᠰ ᠤ᠋ᠨ ᠮᠠᠨᠳᠤᠯᠠᠢ ᠠᠡᠡᠣᠯᠡᠡᠣ ᠵᠡᠷᠭᠡ ᠬᠥᠮᠦᠰ ᠬᠤᠤᠪᠢᠯᠳᠤᠨ ᠬᠤᠪᠢᠰᠤᠯ ᠭᠠᠷᠭᠠᠵᠤ ᠤᠯᠤᠰ ᠪᠣᠯᠣᠳ ᠊ᠢ ᠬᠣᠷᠣᠭᠠᠵᠠᠢ ᠃ ᠡᠨᠡ ᠤᠴᠢᠷ ᠠ᠋ᠴᠠ ᠪᠣᠯᠵᠤ ᠲᠠᠶᠠᠨ ᠬᠠᠭᠠᠨ ᠪᠠᠷᠠᠭᠤᠨ ᠭᠤᠷᠪᠠᠨ ᠊ᠢ ᠴᠡᠷᠢᠭ ᠢ᠋ᠶ᠋ᠡᠷ ᠳᠠᠢᠯᠠᠪᠠ ᠃
② ᠪᠣᠳᠢ ᠬᠠᠭᠠᠨ (1504 —1547 ) ᠄ ᠤᠯᠤᠰ ᠪᠣᠯᠣᠳ ᠤ᠋ᠨ ᠬᠥᠪᠡᠭᠦᠨ ᠂ ᠮᠣᠩᠭᠣᠯ ᠲᠡᠦᠬᠡᠨ ᠰᠤᠷᠪᠤᠯᠵᠢ ᠪᠢᠴᠢᠭ ᠲᠦ᠍ ᠪᠣᠳᠢ ᠠᠯᠠᠭ ᠬᠠᠭᠠᠨ ᠭᠡᠳᠡᠭ ᠃ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠲᠡᠮᠳᠡᠭᠯᠡᠭᠰᠡᠨ ᠨᠢ ᠄ ᠲᠠᠶᠠᠨ ᠬᠠᠭᠠᠨ ᠨᠠᠰᠤ ᠪᠠᠷᠠᠭᠰᠠᠨ ᠤ᠋ ᠬᠣᠢᠨ᠎ᠠ ᠤᠯᠤᠰ ᠪᠣᠯᠣᠳ ᠤ᠋ᠨ ᠬᠥᠪᠡᠭᠦᠨ ᠪᠠᠳᠠᠢ ( ᠪᠣᠳᠢ ) ᠠᠯᠠᠭ ᠊ᠢ ᠪᠠᠭ᠎ᠠ ᠭᠡᠵᠦ ᠲᠡᠭᠦᠨ ᠦ᠌ ᠠᠪᠠᠭ᠎ᠠ ᠪᠠᠷᠰᠣ ᠪᠣᠯᠣᠳ ᠶᠡᠬᠡ ᠣᠷᠣ ᠰᠠᠭᠤᠵᠠᠢ ᠃ ᠲᠡᠭᠦᠨ ᠦ᠌ ᠳᠠᠷᠠᠭ᠎ᠠ ᠪᠣᠳᠢ ᠠᠯᠠᠭ ᠵᠡᠭᠦᠨ ᠭᠤᠷᠪᠠᠨ ᠲᠦᠮᠡᠨ ᠊ᠢ ᠠᠪᠴᠤ ᠂ ᠡᠵᠡᠨ ᠬᠠᠭᠠᠨ ᠤ᠋ ᠨᠠᠢ᠍ᠮᠠᠨ ᠴᠠᠭᠠᠨ ᠭᠡᠷ ᠲᠦ᠍ ᠢᠷᠡᠵᠦ ᠮᠥᠷᠭᠥᠭᠡᠳ ᠂ ᠪᠠᠷᠰᠤ ᠪᠣᠯᠣᠳ ᠲᠤ᠌ ᠄ 《 ᠴᠢ ᠨᠠᠮᠠᠶ᠋ᠢ ᠪᠠᠭ᠎ᠠ ᠳ᠋ᠤ᠌ ᠶᠣᠰᠣᠨ ᠦᠭᠡᠢ ᠬᠠᠭᠠᠨ ᠰᠠᠭᠤᠪᠠᠢ ᠶᠠ ᠡᠳᠦᠭᠡ ᠴᠢ ᠨᠠᠳᠠ ᠳ᠋ᠤᠷ ᠮᠥᠷᠭᠥᠪᠡᠰᠦ ᠪᠢ ᠰᠠᠶᠢ ᠳᠠᠢᠯᠠᠨᠠᠮ 》 ᠭᠡᠵᠦ ᠰᠢᠷᠦᠭᠦᠨ ᠦᠭᠡ ᠶ᠋ᠢ ᠲᠤᠩᠭᠤᠲᠠᠭᠰᠠᠨ ᠳ᠋ᠤ᠌ ᠲᠡᠭᠦᠨ ᠦ᠌ ᠠᠪᠠᠭ᠎ᠠ ᠪᠠᠷᠰᠣ ᠪᠣᠯᠣᠳ ᠠᠷᠭ᠎ᠠ ᠪᠤᠰᠤ ᠵᠥᠪᠰᠢᠶᠡᠷᠡᠵᠦ 《 ᠬᠠᠭᠠᠨ ᠵᠥᠪ ᠪᠢ ᠮᠥᠷᠭᠥᠰᠦ 》 ᠭᠡᠳ ᠪᠣᠳᠢ ᠠᠯᠠᠭ ᠊ᠢ ᠬᠠᠭᠠᠨ ᠰᠠᠭᠤᠷᠢᠨ ᠳ᠋ᠤ᠌ ᠭᠠᠷᠭᠠᠵᠠᠢ ᠃ ᠡᠨᠡ ᠨᠢ1544 ᠣᠨ ᠤ᠋ ᠶᠠᠪᠤᠳᠠᠯ ᠪᠤᠶᠤ ᠂ ᠪᠣᠳᠢ ᠠᠯᠠᠭ ᠊ᠢ ᠬᠣᠨᠢᠨ ᠵᠢᠯ (1547 ) ᠣᠨ ᠳ᠋ᠤ᠌ ᠨᠠᠰᠤ ᠪᠠᠷᠠᠪᠠ ᠭᠡᠵᠡᠢ ᠃
ᠲᠠᠢᠵᠢ ① ᠪᠠᠬ᠎ᠠ ᠲᠤᠯᠠ ᠪᠠᠷᠰᠤ ᠪᠣᠯᠣᠳ ᠨᠢᠭᠡᠨ ᠰᠠᠷ᠎ᠠ ᠶᠡᠬᠡ ᠣᠷᠣ ᠰᠠᠬᠢᠭᠠᠳ ᠬᠣᠴᠣᠷᠤᠭᠰᠠᠨ ᠳ᠋ᠤᠷ ᠠᠷᠠᠰᠤ ᠪᠣᠯᠣᠳ ᠂ ᠲᠥᠷᠥ ᠡᠵᠡᠯᠡᠷ᠎ᠡ ᠲᠤᠭᠤᠷᠪᠢᠭᠰᠠᠨ ᠊ᠢ ᠵᠡᠭᠦᠨ ᠭᠤᠷᠪᠠᠨ ᠲᠦᠭ ᠲᠦᠮᠡᠨ ᠴᠡᠷᠡᠭᠯᠡᠵᠤ ᠦᠯᠳᠡᠭᠡᠳ ᠳᠠᠶᠤᠨ ᠬᠠᠭᠠᠨ ᠊ᠤ ᠤᠭ ᠲᠤ᠌ ᠠᠴᠢ ᠪᠣᠳᠢ ᠬᠣᠩ ᠲᠠᠢᠵᠢ ᠰᠢᠷᠣᠢ ᠮᠣᠷᠢᠨ ᠵᠢᠯ ᠳ᠋ᠠᠢ ᠶ᠋ᠢ ② ᠨᠠᠢ᠍ᠮᠠᠨ ᠨᠠᠰᠤᠨ ᠳ᠋ᠤᠷ ③ ᠢᠨᠤ ᠨᠥᠬᠥᠭᠡ ᠣᠨ ᠮᠣᠳᠣᠨ ᠦᠬᠡᠷ ᠵᠢᠯ ᠾᠦᠩ ᡁᠢ ᠠᠷᠪᠠᠨ ᠨᠠᠢ᠍ᠮᠠᠳᠤᠭᠠᠷ ᠣᠨ ᠶᠡᠬᠡ ᠣᠷᠣ ᠰᠠᠭᠤᠯᠭᠠᠭᠠᠳ ᠬᠠᠯᠬ᠎ᠠ ᠭᠡᠮᠡᠨ ᠠᠯᠳᠠᠷᠰᠢᠪᠠᠢ᠂ ᠲᠡᠭᠦᠨ ᠊ᠦ ᠬᠠᠲᠤᠨ ᠴᠠᠬᠠᠽᠦᠩ ᠨᠡᠩ ᠨᠡᠩ ᠡᠸ᠋ᠩ ᠡᠸ᠋ᠩ ④ ᠡᠴᠡ ᠲᠥᠷᠥᠭᠰᠡᠨ ᠭᠤᠷᠪᠠᠨ ᠬᠥᠪᠡᠭᠦᠨ ᠢᠨᠤ᠃ ᠲᠠᠷᠠᠢᠰᠦᠩ
— — — —
① ᠬᠣᠩ ᠲᠠᠢᠵᠢ᠄ ᠬᠢᠲᠠᠳ ᠊ᠤᠨ《太皇子》 ᠭᠡᠰᠡᠨ ᠦᠭᠡ ᠡᠴᠡ ᠤᠯᠠᠷᠢᠵᠤ ᠢᠷᠡᠪᠡ᠃ ᠶᠤᠸᠠᠨ ᠤᠯᠤᠰ ᠊ᠤᠨ ᠦᠶ᠎ᠡ ᠳ᠋ᠦ᠍ 《 ᠬᠣᠩ ᠲᠠᠢᠵᠢ 》ᠭᠡᠵᠦ ᠬᠠᠭᠠᠨ ᠊ᠤ ᠰᠠᠭᠤᠷᠢᠨ ᠊ᠢ ᠵᠠᠯᠭᠠᠮᠵᠢᠯᠠᠬᠤ ᠬᠥᠪᠡᠭᠦᠨ ᠊ᠢ ᠬᠡᠯᠡᠨ᠎ᠡ᠃ ᠶᠤᠸᠠᠨ ᠤᠯᠤᠰ ᠮᠥᠬᠥᠭᠰᠡᠨ ᠦ᠌ ᠳᠠᠷᠠᠭ᠎ᠠ 《 ᠬᠣᠩ ᠲᠠᠢᠵᠢ ᠭᠡᠵᠦ ᠴᠢᠩᠭᠢᠰ ᠊ᠦᠨ ᠠᠯᠲᠠᠨ ᠤᠷᠤᠭ ᠊ᠤᠨ ᠭᠠᠷᠤᠯ ᠲᠠᠢ ᠹᠧᠣᠳᠠᠯ ᠡᠵᠡᠳ ᠊ᠦᠨ ᠴᠣᠯᠠ ᠪᠣᠯᠵᠠᠢ ᠃
② ᠰᠢᠷᠣᠢ ᠮᠣᠷᠢᠨ ᠵᠢᠯ᠄ ᠳᠠᠷᠤᠢ ᠰᠢᠷ᠎ᠠ ᠮᠣᠷᠢᠨ ᠵᠢᠯ᠂1498 ᠣᠨ ᠪᠣᠯᠠᠢ᠃《 ᠡᠷᠳᠡᠨᠢ ᠶ᠋ᠢᠨ ᠲᠣᠪᠴᠢ》 ᠳ᠋ᠤ᠌ ᠪᠣᠳᠢ ᠠᠯᠠᠭ ᠬᠠᠭᠠᠨ ᠊ᠢ ᠬᠥᠬᠡ ᠬᠤᠯᠤᠭᠠᠨ᠎ᠠ ᠵᠢᠯ ᠲᠡᠢ᠂1504 ᠣᠨ ᠳ᠋ᠤ᠌ ᠲᠥᠷᠥᠭᠰᠡᠨ ᠭᠡᠵᠡᠢ᠃
③ ᠡᠨᠳᠡ ᠪᠣᠳᠢ ᠠᠯᠠᠭ ᠬᠠᠭᠠᠨ ᠊ᠢ ᠨᠠᠢ᠍ᠮᠠᠨ ᠨᠠᠰᠤᠲᠠᠢ ᠳ᠋ᠠᠭᠠᠨ 1505 ᠣᠨ ᠳ᠋ᠤ᠌ ᠬᠠᠭᠠᠨ ᠰᠠᠭᠤᠯ᠎ᠠ ᠭᠡᠵᠦ ᠲᠡᠮᠳᠡᠭᠯᠡᠵᠡᠢ᠃《 ᠡᠷᠳᠡᠨᠢ ᠶ᠋ᠢᠨ ᠲᠣᠪᠴᠢ》 ᠢᠨ ᠲᠡᠮᠳᠡᠭᠯᠡᠯ ᠊ᠢ ᠦᠨᠳᠦᠰᠦᠯᠡᠪᠡᠯ ᠄ ᠪᠣᠳᠢ ᠠᠯᠠᠭ ᠳᠥᠴᠢᠨ ᠨᠢᠭᠡᠨ ᠨᠠᠰᠤᠨ ᠳ᠋ᠠᠭᠠᠨ ᠬᠥᠬᠡ ᠯᠤᠤ ᠵᠢᠯ(1544) ᠬᠠᠭᠠᠨ ᠰᠠᠭᠤᠵᠤ ᠂ ᠳᠥᠷᠪᠡᠨ ᠣᠨ ᠪᠣᠯᠤᠭᠠᠳ ᠤᠯᠠᠭᠠᠭᠴᠢᠨ ᠬᠣᠨᠢᠨ ᠵᠢᠯ(1547) ᠨᠠᠰᠤ ᠪᠠᠷᠠᠭᠰᠠᠨ ᠶᠤᠮ ᠃ ᠳᠠᠶᠠᠨ ᠬᠠᠭᠠᠨ ᠊ᠤ ᠨᠠᠰᠤ ᠪᠠᠷᠠᠭᠰᠠᠨ ᠵᠢᠯ ᠢ᠋ 《ᠡᠷᠳᠡᠨᠢ ᠶ᠋ᠢᠨ ᠲᠣᠪᠴᠢ》 ᠳ᠋ᠤ᠌ 1543 ᠣᠨ ᠭᠡᠵᠦ᠂ ᠳᠠᠷᠠᠭ᠎ᠠ ᠵᠢᠯ ᠨᠢ ᠪᠣᠳᠢ ᠠᠯᠠᠭ ᠊ᠢ ᠬᠠᠭᠠᠨ ᠰᠠᠭᠤᠯ᠎ᠠ ᠭᠡᠵᠡᠢ᠃ ᠡᠨᠡ ᠲᠡᠮᠳᠡᠭᠯᠡᠯ《 ᠬᠤᠷᠢᠶᠠᠩᠭᠤᠢ ᠠᠯᠲᠠᠨ ᠲᠣᠪᠴᠢ》 ᠪᠣᠯᠤᠨ ᠪᠤᠰᠤᠳ ᠲᠡᠦᠬᠡᠨ ᠵᠣᠬᠢᠶᠠᠯ ᠲᠠᠢ ᠵᠦᠷᠢᠶᠡᠨ ᠲᠠᠢ ᠶᠤᠮ ᠃
④ ᠴᠠᠬᠠᠽᠦᠩ ᠨᠡᠩ ᠨᠡᠩ᠄《 ᠡᠷᠳᠡᠨᠢ ᠶ᠋ᠢᠨ ᠲᠣᠪᠴᠢ》 ᠳ᠋ᠤ᠌ 《 ᠴᠠᠬᠠᠽᠦᠩ ᠨᠠᠩᠨᠠᠩ ᠳᠠᠢᠬᠤ》 ᠭᠡᠵᠦ ᠪᠢᠴᠢᠵᠡᠢ᠃ ᠬᠢᠲᠠᠳ ᠊ᠤᠨ娘娘 ᠭᠡᠰᠡᠨ ᠦᠭᠡ᠃ ᠡᠨᠳᠡ ᠭᠣᠮᠪᠣᠵᠠᠪ 《 ᠴᠠᠬᠠᠽᠦᠩ ᠨᠡᠩ ᠨᠡᠩ》( ᠬᠢᠲᠠᠳ ᠊ᠤᠨ《娘娘》) ᠊ᠢ ᠪᠣᠳᠢ ᠠᠯᠠᠭ ᠬᠠᠭᠠᠨ ᠊ᠤ ᠬᠠᠲᠤᠨ ᠭᠡᠵᠦ ᠲᠡᠮᠳᠡᠭᠯᠡᠭᠰᠡᠨ ᠪᠠᠢᠨ᠎ᠠ ᠂《 ᠡᠷᠳᠡᠨᠢ ᠶ᠋ᠢᠨ ᠲᠣᠪᠴᠢ》 ᠳ᠋ᠤ᠌ ᠲᠡᠮᠳᠡᠭᠯᠡᠭᠰᠡᠨ ᠡᠴᠡ ᠦᠵᠡᠪᠡᠯ 《 ᠴᠠᠬᠠᠴᠢᠩ ᠠᠩᠨᠠᠩ ᠲᠠᠢᠬᠤ》 ᠪᠣᠯ ᠪᠣᠳᠢ ᠠᠯᠠᠭ ᠬᠠᠭᠠᠨ ᠊ᠤ ᠡᠬᠡ ᠪᠣᠯᠬᠤ ᠶᠤᠮ᠃ ᠮᠥᠨ ᠪᠠᠰᠠ ᠯᠤᠪᠰᠠᠩᠳᠠᠨᠵᠢᠨ ᠤ᠋ 《 ᠠᠯᠲᠠᠨ ᠲᠣᠪᠴᠢ》 ᠳ᠋ᠤ᠌᠂ ᠳᠠᠶᠠᠨ ᠬᠠᠭᠠᠨ ᠊ᠤ 《 ᠴᠠᠭᠠᠵᠢᠩ ᠬᠠᠲᠤᠨ ᠪᠡᠷᠢ 》᠂ 《 ᠵᠠᠭᠤᠨ ᠨᠠᠰᠤᠲᠤ ᠲᠠᠢᠬᠡᠦ ᠭᠡᠬᠦ 》 ᠭᠡᠵᠦ ᠲᠣᠳᠣᠷᠬᠠᠢ ᠲᠡᠮᠳᠡᠭᠯᠡᠭᠰᠡᠨ ᠢ᠋ᠶ᠋ᠡᠷ ᠦᠵᠡᠪᠡᠯ 《 ᠴᠠᠬᠠᠽᠦᠩ ᠨᠡᠩ ᠨᠡᠩ》 ᠪᠣᠯ ᠪᠣᠳᠢ ᠠᠯᠠᠭ ᠬᠠᠭᠠᠨ ᠊ᠤ ᠡᠬᠡ ᠪᠣᠯᠬᠤ ᠶᠤᠮ᠃
ᠬᠦᠳᠡᠩ ᠬᠠᠭᠠᠨ ᠬᠥᠬᠡᠴᠤᠲᠠᠢ ᠮᠡᠷᠭᠡᠨ ᠨᠣᠶᠠᠨ ᠣᠩᠬᠣᠨ ᠲᠤᠷᠬᠠᠯ ᠨᠣᠶᠠᠨ ᠪᠤᠶᠤ᠂ ᠶᠥᠩᠭᠡᠨ ᠬᠠᠲᠤᠨ ᠵᠡᠭᠦᠨ ᠬᠦᠩ ᠊ᠦᠨ ᠬᠠᠲᠤᠨ ᠠ᠋ᠴᠠ ᠲᠥᠷᠥᠭᠰᠡᠨ ᠢᠨᠤ᠂ ᠨᠣᠮᠠᠲᠤ ᠲᠠᠢᠵᠢ ᠂ ᠬᠦᠨᠳᠦ ᠲᠠᠢᠵᠢ ᠬᠣᠶᠠᠷ ᠪᠣᠢ᠃ ᠪᠣᠳᠢ ᠠᠯᠠᠭ ᠬᠠᠭᠠᠨ ᠳᠥᠴᠢᠨ ᠭᠤᠷᠪᠠᠨ ᠣᠨ ᠰᠠᠭᠤᠭᠠᠳ① ᠲᠠᠪᠢᠨ ᠨᠠᠰᠤᠨ ᠳ᠋ᠠᠭᠠᠨ ᠭᠠᠯ ᠬᠣᠨᠢᠨ ᠵᠢᠯ ᠵᠢᠶᠠ ᠵᠢᠩ ᠊ᠦᠨ ᠬᠣᠷᠢᠨ ᠨᠠᠢ᠍ᠮᠠᠳᠤᠭᠠᠷ ᠣᠨ ᠲᠡᠭᠷᠢ ᠪᠣᠯᠪᠠᠢ ② ᠂
ᠭᠤᠷᠪᠠᠨ ᠵᠢᠯ ᠳᠦᠭᠦᠷᠦᠭᠰᠡᠨ ᠬᠣᠢᠨ᠎ᠠ ᠲᠠᠷᠠᠢᠰᠦᠩ ᠬᠦᠳᠡᠩ ᠬᠠᠭᠠᠨ③ ᠲᠡᠮᠦᠷ ᠯᠤᠤ ᠵᠢᠯᠲᠡᠢ ᠭᠤᠴᠢᠨ ᠨᠢᠭᠡᠨ ᠳ᠋ᠡᠭᠡᠨ ᠲᠡᠮᠦᠷ ᠨᠣᠬᠠᠢ ᠵᠢᠯ ᠵᠢᠶᠠ ᠵᠢᠩ ᠬᠣᠷᠢᠨ ᠶᠢᠰᠦᠳᠦᠭᠡᠷ ᠣᠨ ᠶᠡᠬᠡ ᠣᠷᠣ ᠰᠠᠭᠤᠵᠤ ᠨᠠᠢ᠍ᠮᠠᠨ ᠣᠨ ᠪᠣᠯᠤᠭᠠᠳ ᠭᠤᠴᠢᠨ ᠨᠠᠢ᠍ᠮᠠᠨ ᠨᠠᠰᠤᠨ ᠳ᠋ᠠᠭᠠᠨ ᠭᠠᠯ ᠨᠣᠬᠠᠢ ᠵᠢᠯ ᠲᠡᠭᠷᠢ ᠪᠣᠯᠪᠠᠢ ᠵᠢᠶᠠ ᠵᠢᠩ ᠭᠤᠴᠢᠨ ᠵᠢᠷᠭᠤᠳᠤᠭᠠᠷ ᠣᠨ ᠪᠣᠢ᠂ ᠲᠡᠭᠦᠨᠤ ᠳᠥᠷᠪᠡᠨ ᠬᠥᠪᠡᠭᠦᠨ ᠢᠨᠤ ᠵᠠᠰᠠᠭᠠᠲᠤ ᠬᠠᠭᠠᠨ᠂ ᠵᠤᠵᠳᠤ ᠲᠠᠢᠵᠢ ᠂ ᠣᠢᠽᠠᠩ ᠨᠣᠶᠠᠨ ᠲᠠᠢᠴᠦ᠋ᠩ ᠨᠣᠶᠠᠨ ᠪᠤᠶᠤ
— — — —
①《 ᠡᠷᠳᠡᠨᠢ ᠶ᠋ᠢᠨ ᠲᠣᠪᠴᠢ》 ᠳ᠋ᠤ᠌ ᠂ ᠪᠣᠳᠢ ᠠᠯᠠᠭ ᠊ᠢ ᠬᠥᠬᠡ ᠬᠤᠯᠤᠭᠠᠨ᠎ᠠ ᠵᠢᠯ ᠲᠡᠢ(1504) ᠳᠥᠴᠢᠨ ᠨᠢᠭᠡᠨ ᠨᠠᠰᠤᠨ ᠳ᠋ᠠᠭᠠᠨ ᠬᠥᠬᠡ ᠯᠤᠤ ᠵᠢᠯ(1544) ᠬᠠᠭᠠᠨ ᠰᠠᠭᠤᠵᠤ ᠳᠥᠷᠪᠡᠨ ᠣᠨ ᠪᠣᠯᠤᠭᠠᠳ ᠳᠥᠴᠢᠨ ᠳᠥᠷᠪᠡᠨ ᠨᠠᠰᠤᠨ ᠳ᠋ᠠᠭᠠᠨ ᠤᠯᠠᠭᠠᠭᠴᠢᠨ ᠬᠣᠨᠢᠨ ᠵᠢᠯ (1547) ᠨᠠᠰᠤ ᠪᠠᠷᠠᠪᠠ ᠭᠡᠵᠡᠢ ᠃
② ᠭᠠᠯ ᠬᠣᠨᠢᠨ ᠵᠢᠯ ᠪᠣᠯ ᠵᠢᠶᠠ ᠵᠢᠩ ᠊ᠦᠨ ᠬᠣᠷᠢᠨ ᠵᠢᠷᠭᠤᠳᠤᠭᠠᠷ ᠣᠨ᠂ ᠳᠠᠷᠤᠢ1547 ᠣᠨ ᠪᠣᠯᠬᠤ ᠶᠤᠮ᠃
③ ᠲᠠᠷᠠᠢᠰᠦᠩ ᠬᠦᠳᠡᠩ ᠬᠠᠭᠠᠨ( 1520——1557 )᠄ ᠮᠣᠩᠭᠣᠯ ᠰᠤᠷᠪᠤᠯᠵᠢ ᠪᠢᠴᠢᠭ ᠲᠦ᠍ ᠪᠠᠰᠠ ᠲᠠᠷᠠᠢᠰᠣᠨ ᠬᠦᠳᠡᠩ ᠬᠠᠭᠠᠨ ᠭᠡᠬᠦ᠃ ᠡᠨᠡ ᠬᠠᠭᠠᠨ ᠊ᠤ ᠦᠶ᠎ᠡ ᠳ᠋ᠡᠬᠢ ᠮᠣᠩᠭᠣᠯ ᠊ᠤᠨ ᠪᠠᠢᠳᠠᠯ ᠊ᠢ ᠯᠤᠪᠰᠠᠩᠳᠠᠨᠵᠢᠨ ᠤ᠋ 《ᠠᠯᠲᠠᠨ ᠲᠣᠪᠴᠢ 》 ᠳ᠋ᠤ᠌ 《ᠲᠡᠷᠡ ᠬᠠᠭᠠᠨ ᠊ᠤ ᠦᠶ᠎ᠡ ᠳ᠋ᠦ᠍ᠷ ᠲᠥᠷᠥ ᠲᠦᠪᠰᠢᠳᠴᠦ᠂ ᠲᠥᠷᠥᠭᠰᠡᠨ ᠨᠢᠭᠡᠳᠴᠦ ᠵᠢᠷᠭᠤᠭᠠᠨ ᠶᠡᠬᠡ ᠤᠯᠤᠰ ( ᠵᠢᠷᠭᠤᠭᠠᠨ ᠲᠦᠮᠡᠨ ) ᠢ᠋ᠶ᠋ᠡᠨ ᠡᠩᠬᠡᠵᠢᠨ ᠵᠢᠷᠭᠠᠭᠤᠯᠪᠠᠢ》 ᠭᠡᠰᠡᠨ ᠪᠠᠢᠨ᠎ᠠ ᠃
ᠲᠦᠮᠡᠨ ᠵᠠᠰᠠᠭᠲᠤ ᠬᠠᠭᠠᠨ① ᠰᠢᠷᠣᠢ ᠭᠠᠬᠠᠢ ᠵᠢᠯᠲᠡᠢ ᠬᠣᠷᠢᠨ ᠨᠠᠰᠤᠨ ᠳ᠋ᠠᠭᠠᠨ ᠰᠢᠷᠣᠢ ᠮᠣᠷᠢᠨ ᠵᠢᠯ ᠵᠢᠶᠠ ᠵᠢᠩ ᠭᠤᠴᠢᠨ ᠳᠣᠯᠣᠳᠤᠭᠠᠷ ᠣᠨ ᠶᠡᠬᠡ ᠣᠷᠣ ᠰᠠᠭᠤᠵᠤ ᠭᠤᠴᠢᠨ ᠲᠠᠪᠤᠨ ᠣᠨ ᠪᠣᠯᠤᠭᠠᠳ ᠲᠠᠪᠢᠨ ᠳᠥᠷᠪᠡᠨ ( ᠨᠠᠰᠤᠨ ) ᠳ᠋ᠠᠭᠠᠨ ᠤᠰᠤᠨ ᠯᠤᠤ ᠵᠢᠯ ᠸᠠᠩ ᠯᠢ ᠶ᠋ᠢᠨ ᠬᠣᠶᠠᠳᠤᠭᠠᠷ ᠣᠨ ᠲᠩᠷᠢ ᠪᠣᠯᠪᠠᠢ ᠂ ᠲᠡᠭᠦᠨᠦ ᠭᠤᠷᠪᠠᠨ ᠭᠠᠲᠤᠨ ᠠ᠋ᠴᠠ ᠠᠷᠪᠠᠨ ᠳᠥᠷᠪᠡᠨ ᠬᠥᠪᠡᠭᠦᠨ ᠰᠡᠴᠡ ᠬᠠᠭᠠᠨ ᠵᠠᠢᠰᠠᠩᠬᠤᠷ ᠂ ᠡᠩᠬᠡ ᠪᠠᠢᠰᠠᠩᠬᠤᠷ ᠂ ᠵᠠᠢᠰᠠᠩ ᠮᠠᠩᠭᠠᠤ ᠣᠢᠵᠢᠩ ᠡᠰᠡ ᠰᠣᠨᠢᠨ ᠲᠠᠢᠴᠤᠩ ᠪᠣᠳᠢ ᠪᠠᠪᠠᠨ ᠰᠠᠬᠠᠷᠠᠯ ᠰᠠᠩᠬᠠᠷᠴᠢ ᠂ ᠳᠦᠭᠦᠷᠡᠩ ᠨᠣᠶᠠᠨ ᠲᠠᠨ ᠪᠣᠢ ᠂
ᠨᠥᠬᠥᠭᠡ ᠣᠨ ᠪᠤᠶᠠᠨ ᠰᠡᠴᠡ ᠬᠠᠭᠠᠨ② ᠮᠣᠳᠣᠨ ᠲᠠᠤᠯᠠᠢ ᠵᠢᠯᠲᠡᠢ ᠭᠤᠴᠢᠨ ᠶᠢᠰᠦᠨ ᠳ᠋ᠡᠭᠡᠨ ᠤᠰᠤᠨ ᠮᠣᠭᠠᠢ ᠵᠢᠯ ᠸᠠᠩ ᠯᠢ ᠶ᠋ᠢᠨ ᠬᠣᠷᠢᠨ ᠨᠢᠭᠡᠳᠦᠭᠡᠷ ᠣᠨ ᠶᠡᠬᠡ ᠣᠷᠣ ᠰᠠᠭᠤᠵᠤ ᠠᠷᠪᠠᠨ ᠨᠢᠭᠡᠨ ᠣᠨ ᠪᠣᠯᠤᠭᠠᠳ ᠳᠥᠴᠢᠨ ᠶᠢᠰᠦᠨ ᠨᠠᠰᠤᠨ ᠳ᠋ᠠᠭᠠᠨ ᠤᠰᠤᠨ ᠲᠠᠤᠯᠠᠢ ᠵᠢᠯ ᠸᠠᠩ ᠯᠢ ᠭᠤᠴᠢᠨ ᠨᠢᠭᠡᠳᠦᠭᠡᠷ ᠣᠨ ᠲᠩᠷᠢ ᠪᠣᠯᠪᠠᠢ ᠃
— — — —
① ᠲᠦᠮᠡᠨ ᠵᠠᠰᠠᠭᠲᠤ ᠬᠠᠭᠠᠨ (1536 —1592 ) ᠄ ᠡᠨᠡ ᠬᠠᠭᠠᠨ ᠊ᠢ ᠮᠣᠩᠭᠣᠯ ᠰᠤᠷᠪᠤᠯᠵᠢ ᠪᠢᠴᠢᠭ ᠲᠦ᠍ ᠵᠠᠰᠠᠭ ᠬᠠᠤᠯᠢ ᠶ᠋ᠢ ᠴᠢᠩᠭᠠᠳᠬᠠᠭᠰᠠᠨ 《 ᠵᠠᠰᠠᠭᠲᠤ ᠬᠠᠭᠠᠨ ᠭᠡᠮᠡᠨ ᠬᠣᠲᠠᠯᠠ ᠵᠦᠭ ᠲᠦ᠍ ᠠᠯᠳᠠᠷᠰᠢᠵᠤ 》 ᠭᠡᠵᠦ ᠦᠨᠡᠯᠡᠵᠦ ᠪᠠᠢᠳᠠᠭ ᠃ 《 ᠰᠢᠷ᠎ᠠ ᠲᠣᠭᠣᠵᠢ 》 ᠪᠠ 《 ᠡᠷᠳᠡᠨᠢ ᠶ᠋ᠢᠨ ᠲᠣᠪᠴᠢ 》 ᠳ᠋ᠤ᠌ ᠮᠡᠳᠡᠭᠡᠯᠡᠭᠰᠡᠨ ᠢ᠋ᠶ᠋ᠡᠷ ᠦᠵᠡᠪᠡᠯ ᠲᠦᠮᠡᠨ ᠵᠠᠰᠠᠭᠲᠤ ᠬᠠᠭᠠᠨ ᠤ᠋ ᠦᠶ᠎ᠡ ᠳ᠋ᠦ᠍ ᠵᠢᠷᠭᠤᠭᠠᠨ ᠲᠦᠮᠡᠨ ᠊ᠢ ᠴᠤᠭᠯᠠᠭᠤᠯᠵᠤ ᠶᠡᠬᠡ ᠵᠠᠰᠠᠭ ᠴᠠᠭᠠᠵᠠ ᠲᠣᠭᠲᠠᠭᠠᠭᠰᠠᠨ ᠪᠠ ᠵᠡᠭᠦᠨ ᠭᠤᠷᠪᠠᠨ ᠲᠦᠮᠡᠨ ( ᠴᠠᠬᠠᠷ ᠲᠦᠮᠡᠨ ᠂ ᠬᠠᠯᠬ᠎ᠠ ᠲᠦᠮᠡᠨ ᠂ ᠤᠷᠠᠩᠬᠠᠨ ᠲᠦᠮᠡᠨ ) ᠪᠠ ᠪᠠᠷᠠᠭᠤᠨ ᠭᠤᠷᠪᠠᠨ ᠲᠦᠮᠡᠨ ( ᠣᠷᠳᠣᠰ ᠲᠦᠮᠡᠨ ᠂ ᠲᠦᠮᠡᠳ ᠲᠦᠮᠡᠨ ᠂ ᠶᠦᠩᠰᠢᠶᠠᠪᠤ ᠲᠦᠮᠡᠨ ) ᠳ᠋ᠦ᠍ ᠲᠤᠰ ᠪᠦᠷᠢ ᠵᠠᠰᠠᠭ ᠪᠠᠷᠢᠬᠤ ᠨᠣᠶᠠᠳ ᠊ᠢ ᠰᠢᠨ᠎ᠡ ᠪᠡᠷ ᠲᠣᠮᠢᠯᠠᠨ ᠵᠠᠰᠠᠭ ᠬᠠᠤᠯᠢ ᠶ᠋ᠢ ᠴᠢᠩᠭᠠᠳᠬᠠᠨ ᠂ ᠵᠦᠷᠴᠢᠨ ᠂ ᠠᠯᠢᠭᠦᠳ ᠂ ᠳᠠᠩᠬᠤᠷ ( ᠳᠠᠭᠤᠷ ) ᠵᠡᠷᠭᠡ ᠬᠠᠷᠢ ᠣᠷᠣᠨ ᠠ᠋ᠴᠠ ᠠᠯᠪᠠ ᠲᠠᠲᠠᠯᠭ᠎ᠠ ᠠᠪᠴᠤ 《 ᠠᠷᠪᠠᠢ ᠶᠡᠬᠡ ᠤᠯᠤᠰ ᠤ᠋ᠨ ᠲᠥᠷᠥ ᠶ᠋ᠢ ᠡᠰᠡᠨ ᠲᠠᠢᠪᠤᠩ ᠪᠣᠯᠭᠠᠭᠰᠠᠨ 》 ᠶᠤᠮ ᠃ ᠲᠦᠮᠡᠨ ᠵᠠᠰᠠᠭᠲᠤ ᠬᠠᠭᠠᠨ ᠤ᠋ ᠦᠶ᠎ᠡ ᠳ᠋ᠦ᠍ ᠵᠢᠷᠭᠤᠭᠠᠨ ᠲᠦᠮᠡᠨ ᠳ᠋ᠦ᠍ ᠰᠢᠨ᠎ᠡ ᠪᠡᠷ ᠵᠠᠰᠠᠭ ᠪᠠᠷᠢᠭᠰᠠᠨ ᠨᠣᠶᠠᠳ ᠭᠡᠪᠡᠯ ᠂ ᠵᠡᠭᠦᠨ ᠭᠤᠷᠪᠠᠨ ᠲᠦᠮᠡᠨ ᠡᠴᠡ ᠠᠮᠤᠲᠠᠢ ᠬᠣᠩ ᠲᠠᠢᠵᠢ ᠂ ᠬᠠᠯᠬ᠎ᠠ ᠶ᠋ᠢᠨ ᠰᠣᠪᠣᠬᠠᠢ ᠣᠢᠵᠠᠩ ᠂ ᠪᠠᠷᠠᠭᠤᠨ ᠭᠤᠷᠪᠠᠨ ᠲᠦᠮᠡᠨ ᠡᠴᠡ ᠣᠷᠳᠣᠰ ᠤ᠋ᠨ ᠬᠤᠲᠤᠭᠲᠠᠢ ᠰᠡᠴᠡᠨ ᠬᠣᠩ ᠲᠠᠢᠵᠢ ᠂ ᠠᠰᠣᠳ ᠤ᠋ᠨ ᠣᠮ ᠳ᠋ᠠᠷ᠎ᠠ ᠬᠤᠯᠤᠴᠢ ᠨᠣᠶᠠᠨ ᠂ ᠲᠦᠮᠡᠳ ᠦ᠋ᠨ ᠠᠮᠤᠲᠠᠢ ᠴᠦᠷᠦᠬᠦ ᠬᠣᠩ ᠲᠠᠢᠵᠢ ᠨᠠᠷ ᠪᠣᠯᠤᠨ᠎ᠠ ᠂
② ᠪᠤᠶᠠᠨ ᠰᠡᠴᠡᠨ ᠬᠠᠭᠠᠨ(1655 —1603 ) ᠄ ᠲᠦᠮᠡᠨ ᠵᠠᠰᠠᠭᠲᠤ ᠬᠠᠭᠠᠨ ᠤ᠋ ᠶᠡᠬᠡ ᠬᠥᠪᠡᠭᠦᠨ ᠪᠤᠶᠠᠨ ᠲᠠᠢᠵᠢ ᠪᠤᠶᠤ ᠃ 《 ᠡᠷᠳᠡᠨᠢ ᠶ᠋ᠢᠨ ᠲᠣᠪᠴᠢ 》 ᠳ᠋ᠤ᠌ ᠪᠤᠶᠠᠨ ᠰᠡᠴᠡᠨ ᠬᠠᠭᠠᠨ ᠊ᠢ 《 ᠱᠠᠵᠢᠨ ᠲᠥᠷᠥ ᠪᠡᠷ ᠶᠡᠷᠦᠩᠬᠡᠢ ᠶᠡᠬᠡ ᠤᠯᠤᠰ ᠊ᠢ ᠡᠩᠬᠡᠵᠢᠭᠦᠯᠦᠨ 》 ᠪᠠᠢᠪᠠ ᠭᠡᠵᠦ ᠲᠡᠮᠳᠡᠭᠯᠡᠭᠰᠡᠨ ᠪᠠᠢᠨ᠎ᠠ ᠃
ᠲᠡᠭᠥᠨᠥ ᠬᠣᠶᠠᠷ ᠬᠥᠪᠡᠭᠦᠨ ᠮᠠᠩᠬᠤᠰ ᠮᠡᠷᠭᠡᠨ ᠬᠣᠩ ᠲᠠᠢᠵᠢ ᠂ ᠤᠷᠢᠳᠠ ᠡᠴᠢᠭᠡ ᠳ᠋ᠡᠭᠡᠨ ᠰᠣᠬᠤᠤᠭᠲᠠᠵᠤ ① ᠨᠥᠬᠥᠭᠡ ᠣᠨ ᠮᠡᠷᠭᠡᠨ ᠲᠠᠢᠵᠢ ᠂ ᠤᠷᠢᠳᠠ ᠡᠴᠢᠭᠡ ᠳ᠋ᠡᠭᠡᠨ ᠰᠤᠬᠤᠤᠭᠲᠠᠵᠤ ᠬᠣᠷᠣᠭᠰᠠᠨ ᠲᠡᠭᠥᠨᠥ ᠬᠥᠪᠡᠭᠦᠨ ᠃
ᠯᠢᠭᠳᠡᠨ ᠬᠤᠲᠤᠭᠲᠤ ᠬᠠᠭᠠᠨ ② ᠤᠰᠤᠨ ᠯᠤᠤ ᠵᠢᠯᠲᠡᠢ ᠠᠷᠪᠠᠨ ᠭᠤᠷᠪᠠᠨ ᠳ᠋ᠠᠭᠠᠨ ᠮᠣᠳᠣᠨ ᠯᠤᠤ ᠵᠢᠯ ③ ᠶᠡᠬᠡ ᠣᠷᠣ ᠰᠠᠭᠤᠵᠤ ᠬᠤᠴᠢᠨ ᠨᠢᠭᠡᠨ ᠣᠨ ᠪᠣᠯᠤᠭᠠᠳ ᠳᠥᠴᠢᠨ ᠭᠤᠷᠪᠠᠨ ᠳ᠋ᠠᠭᠠᠨ ᠮᠣᠳᠣᠨ ᠨᠣᠬᠠᠢ ᠵᠢᠯ ᠬᠢᠲᠠᠳ ᠲᠠᠢ ᠮᠢᠩ ᠤᠯᠤᠰ ᠤ᠋ᠨ ᠮᠢᠩ ᠲᠡᠢ ᠬᠠᠭᠠᠨ ᠴᠤᠩ ᠴᠢᠩ ᠦ᠋ᠨ ᠲᠣᠯᠣᠲᠤᠬᠠᠷ ᠣᠨ ᠲᠥᠷᠥ ᠪᠡᠨ ᠲᠠᠪᠠᠴᠠᠵᠤ ᠱᠠᠷᠠ ᠲᠠᠯ᠎ᠠ ᠨᠡᠷ᠎ᠡ ᠳ᠋ᠦ᠍ ᠭᠠᠵᠠᠷ᠎ᠠ ᠂ ᠬᠠᠯᠢᠪᠠᠢ ᠃
— — — —
① ᠤᠷᠢᠳᠠ ᠡᠴᠢᠭᠡ ᠳ᠋ᠡᠭᠡᠨ ᠰᠤᠬᠣᠣᠭᠲᠠᠵᠤ ᠄ ᠡᠴᠢᠭᠡ ᠬᠠᠭᠠᠨ ᠠ᠋ᠴᠠ ᠪᠠᠨ ᠤᠷᠢᠳᠠ ᠨᠠᠰᠤ ᠪᠠᠷᠠᠭᠰᠠᠨ ᠃
② ᠯᠢᠭᠳᠡᠨ ᠬᠤᠲᠤᠭᠲᠤ ᠬᠠᠭᠠᠨ ᠄ (1592 — 1634 ) ᠄ ᠮᠠᠩᠬᠤᠰ ᠤ᠋ᠨ ᠶᠡᠬᠡ ᠬᠥᠪᠡᠭᠦᠨ ᠃ ᠯᠢᠭᠳᠡᠨ ᠬᠤᠲᠤᠭᠲᠤ ᠬᠠᠭᠠᠨ ᠤ᠋ ᠦᠶ᠎ᠡ ᠳ᠋ᠦ᠍ ᠮᠣᠩᠭᠣᠯ ᠣᠷᠣᠨ ᠳ᠋ᠤ᠌ ᠰᠢᠷ᠎ᠠ ᠶ᠋ᠢᠨ ᠱᠠᠰᠢᠨ ᠶᠡᠬᠡ ᠳᠡᠯᠭᠡᠷᠡᠵᠦ ᠯᠢᠭᠳᠡᠨ ᠬᠤᠲᠤᠭᠲᠤ ᠬᠠᠭᠠᠨ 《ᠰᠦᠮ᠎ᠡ ᠬᠡᠢᠳ ᠊ᠢ ᠤᠤᠯᠠᠨ ᠡᠭᠦᠳᠦᠨ 》 ( 《 ᠡᠷᠳᠡᠨᠢ ᠶ᠋ᠢᠨ ᠲᠣᠪᠴᠢ 》 ) ᠂ 《 ᠭᠠᠨᠵᠤᠤᠷ》 ᠵᠡᠷᠭᠡ ᠨᠣᠮ ᠰᠤᠳᠤᠷ ᠊ᠢ ᠮᠣᠩᠭᠣᠯ ᠬᠡᠯᠡ ᠳᠡᠭᠡᠷ᠎ᠡ ᠣᠷᠴᠢᠭᠤᠯᠤᠭᠰᠠᠨ ᠨᠢ 《 ᠬᠠᠷᠠᠩᠭᠤᠢ ᠦᠶ᠎ᠡ》 ᠳ᠋ᠦ᠍ ᠪᠠᠢᠭᠰᠠᠨ ᠮᠣᠩᠭᠣᠯᠴᠤᠳ ᠤ᠋ᠨ ᠰᠣᠶᠣᠯ ᠭᠡᠭᠡᠷᠡᠯ ᠳ᠋ᠦ᠍ ᠨᠡᠯᠢᠶᠡᠳ ᠨᠥᠯᠥᠭᠡ ᠦᠵᠡᠭᠦᠯᠪᠡ ᠃ ᠯᠢᠭᠳᠡᠨ ᠬᠤᠲᠤᠭᠲᠤ ᠬᠠᠭᠠᠨ ᠮᠠᠨᠵᠤ ᠶ᠋ᠢᠨ ᠲᠦᠷᠢᠮᠡᠬᠡᠢᠯᠡᠯ ᠊ᠢ ᠡᠰᠡᠷᠭᠦᠴᠡᠨ ᠮᠣᠩᠭᠣᠯ ᠊ᠢ ᠨᠢᠭᠡᠳᠬᠡᠬᠦ ᠶ᠋ᠢ ᠵᠣᠷᠢᠪᠠ ᠃ ᠭᠡᠲᠡᠯ᠎ᠡ ᠮᠣᠩᠭᠣᠯ ᠤ᠋ᠨ ᠹᠧᠣᠳᠠᠯ ᠡᠵᠡᠳ ᠵᠠᠯᠭ᠎ᠠ ᠵᠠᠯᠭ᠎ᠠ ᠪᠠᠷ ᠯᠢᠭᠳᠡᠨ ᠬᠠᠭᠠᠨ ᠠ᠋ᠴᠠ ᠤᠷᠪᠠᠵᠤ ᠮᠠᠨᠵᠤ ᠳ᠋ᠤ᠌ ᠣᠷᠣᠵᠤ ᠥᠭᠪᠡ ᠃ ᠲᠤᠬᠠᠢ ᠶ᠋ᠢᠨ ᠦᠶ᠎ᠡ ᠶ᠋ᠢᠨ ᠮᠣᠩᠭᠣᠯ ᠤ᠋ᠨ ᠤᠯᠤᠰ ᠲᠥᠷᠥ ᠶ᠋ᠢᠨ ᠪᠠᠢᠳᠠᠯ ᠊ᠢ ᠲᠡᠦᠬᠡᠴᠢ ᠷᠠᠰᠢᠫᠤᠩᠰᠤᠭ ᠲᠡᠮᠳᠡᠭᠯᠡᠬᠦ ᠳ᠋ᠡᠭᠡᠨ 《ᠤᠯᠤᠰ ᠲᠥᠷᠥ ᠢᠨᠤ ᠰᠠᠮᠠᠭᠤᠷᠠᠵᠤ ᠪᠦᠷᠦᠨ ᠂ ᠬᠠᠯᠬ᠎ᠠ ᠪᠠ ᠬᠣᠷᠴᠢᠨ ᠤ᠋ᠳ ᠬᠠᠭᠠᠨ ᠠ᠋ᠴᠠ ᠤᠷᠪᠠᠭᠠᠳ ᠂ ᠥᠪᠡᠷ᠎ᠡ ᠥᠪᠡᠷ᠎ᠡ ᠠᠩᠭᠢᠯᠠᠨ ᠲᠤᠰ ᠲᠤᠰ ᠲᠠᠭᠠᠨ ᠵᠣᠷᠢᠭ ᠳᠤᠷ᠎ᠠ ᠪᠠᠷ ᠢ᠋ᠶ᠋ᠠᠷ ᠬᠠᠭᠠᠨ ᠬᠡᠮᠡᠬᠦ ᠴᠣᠯᠠ ᠡᠷᠭᠦᠯᠵᠢᠵᠦ ᠬᠠᠭᠠᠨ ᠯᠤᠭ᠎ᠠ ᠡᠰᠡᠷᠭᠦᠴᠡᠭᠰᠡᠨ 》 ( 《 ᠪᠣᠯᠣᠷ ᠡᠷᠢᠭᠡ 》 ) ᠭᠡᠵᠡᠢ ᠃ ᠮᠣᠩᠭᠣᠯᠴᠤᠳ ᠤ᠋ᠨ ᠡᠨᠡ ᠮᠡᠲᠦ ᠨᠢᠭᠡᠳᠦᠯᠲᠡᠢ ᠤᠯᠤᠰ ᠲᠥᠷᠥ ᠶ᠋ᠢᠨ ᠬᠠᠨᠳᠤᠰᠢ ᠦᠭᠡᠢ ᠂ ᠪᠦᠯᠬᠦᠮᠳᠡᠯ ᠰᠤᠯᠠ ᠂ ᠡᠪᠰᠡᠯ ᠨᠠᠢᠷ ᠦᠭᠡᠢ ᠪᠠᠢᠳᠠᠯ ᠊ᠢ ᠮᠠᠨᠵᠤ ᠶ᠋ᠢᠨ ᠨᠣᠶᠠᠷᠬᠠᠭᠴᠢᠳ ᠵᠣᠬᠢᠰᠲᠠᠢ ᠠᠰᠢᠭᠯᠠᠨ 《 ᠡᠶ᠎ᠡ ᠪᠡᠷ ᠲᠠᠲᠠᠵᠤ ᠲᠣᠢᠨ ᠳ᠋ᠠᠭᠠᠨ ᠣᠷᠣᠭᠤᠯᠤᠨ 》 ( 《 ᠪᠣᠯᠣᠷ ᠡᠷᠢᠭᠡ 》 ) ᠠᠪᠤᠭᠰᠠᠨ ᠪᠠᠢᠵᠠᠢ ᠃ ᠯᠢᠭᠳᠡᠨ ᠬᠠᠭᠠᠨ ᠮᠣᠩᠭᠣᠯ ᠊ᠢ ᠨᠢᠭᠡᠳᠬᠡᠨ ᠮᠠᠨᠵᠤ ᠶ᠋ᠢ ᠡᠰᠡᠷᠭᠦᠴᠡᠬᠦ ᠲᠡᠮᠡᠴᠡᠯ ᠡᠴᠦᠰ ᠲᠡᠭᠡᠨ ᠭᠤᠨᠢᠭ ᠲᠠᠢ ᠪᠠᠷ ᠢᠯᠠᠭᠳᠠᠵᠠᠢ ᠃ ᠬᠠᠳᠠᠨ ᠵᠣᠷᠢᠭᠲᠤ ᠯᠢᠭᠳᠡᠨ ᠮᠠᠨᠵᠤ ᠶ᠋ᠢᠨ ᠴᠡᠷᠢᠭ ᠲᠦ᠍ ᠬᠥᠭᠡᠭᠡᠭᠳᠡᠭᠰᠡᠭᠡᠷ ᠡᠴᠦᠰ ᠲᠦ᠋ᠨᠢ 《ᠬᠥᠬᠡᠨᠠᠭᠤᠷ ᠤ᠋ᠨ ᠰᠢᠷ᠎ᠠ ᠲᠠᠯ᠎ᠠ ᠨᠡᠷᠡᠲᠦ ᠭᠠᠵᠠᠷ ᠬᠦᠷᠴᠦ ᠨᠠᠰᠤᠨ ᠠ᠋ᠴᠠ ᠨᠥᠭᠴᠢᠪᠡᠢ 》 ( 《 ᠬᠥᠬᠡ ᠳᠡᠪᠲᠡᠷ 》 )
③ ᠮᠣᠳᠣᠨ ᠯᠤᠤ ᠵᠢᠯ᠄ ᠳᠠᠷᠤᠢ ᠬᠥᠬᠡ ᠯᠤᠤ ᠵᠢᠯ᠂ ᠣᠨ ᠲᠣᠭᠠᠯᠠᠠᠠᠯ ᠤᠨ 1604 ᠣᠨ᠃

