ᠮᠣᠩᠭᠣᠯ ᠣᠨᠢᠰᠤᠭ᠎ᠠ ᠶᠢᠨ ᠲᠡᠭᠦᠪᠦᠷᠢ – ᠲᠡᠭᠦᠰᠭᠡᠯ ᠦᠨ ᠦᠭᠡ Монгол оньсгын түүвэр – Төгсгөлийн үг
ᠲᠡᠭᠦᠰᠭᠡᠯ ᠦᠨ ᠦᠭᠡ
《 ᠮᠣᠩᠭᠣᠯ ᠣᠨᠢᠰᠣᠬ᠋᠎ᠠ ᠶ᠋ᠢᠨ ᠲᠡᠭᠦᠪᠦᠷᠢ》 ᠳᠤ ᠣᠷᠣᠭᠰᠠᠨ ᠮᠢᠩᠬ᠋᠎ᠠ ᠲᠠᠪᠤᠨ ᠵᠠᠭᠤᠭᠠᠳ ᠣᠨᠢᠰᠣᠬ᠋᠎ᠠ ᠶ᠋ᠢ 1964---1980 ᠣᠨ ᠳᠤ ᠴᠤᠭᠯᠠᠭᠤᠯᠤᠭᠰᠠᠨ ᠬᠣᠶᠠᠷ ᠮᠢᠩᠬ᠋᠎ᠠ ᠲᠠᠪᠤᠨ ᠵᠠᠭᠤ ᠭᠠᠷᠤᠢ ᠣᠨᠢᠰᠣᠬ᠋᠎ᠠ ᠶ᠋ᠢᠨ ᠳᠣᠲᠣᠷ᠎ᠠ ᠠ᠋ᠴᠠ ᠰᠢᠯᠢᠵᠦ ᠡᠮᠬᠢᠤᠠᠬᠡᠵᠦ ᠠᠪᠤᠯ᠎ᠠ ᠃
ᠪᠣᠲᠠᠲᠠᠢ ᠴᠤᠭᠯᠠᠭᠤᠯᠵᠤ ᠡᠮᠬᠢᠳᠬᠡᠭᠰᠡᠨ ᠪᠠᠶ᠋ᠢᠲᠠᠯ ᠊ᠢ ᠲᠣᠲᠣᠷᠬᠠᠶ᠋ᠢᠯᠠᠪᠠᠯ ᠡᠶ᠋ᠢᠮᠦ ᠪᠠᠶ᠋ᠢᠨ᠎ᠠ ᠄
1964.5---6 ᠰᠠᠷ᠎ᠠ ᠳᠤ ᠶᠡᠬᠡ ᠵᠣᠣ ᠠᠶ᠋ᠢᠮᠠᠭ ᠦ᠋ᠨ ᠬᠣᠶᠠᠲᠤᠭᠠᠷ ᠳᠤᠮᠳᠠᠳᠤ ᠰᠤᠷᠭᠠᠭᠤᠯᠢ ᠶ᠋ᠢᠨ ᠠᠩᠬ᠎ᠠ ᠵᠡᠷᠭᠡ ᠶ᠋ᠢᠨ ᠨᠢᠭᠡᠲᠦᠭᠡᠷ ᠣᠨ ᠪ ᠰᠤᠷᠤᠭᠴᠢ ᠵᠠᠮᠰᠥ᠋ᠷᠦᠩᠵᠠᠪ ( ᠡᠷᠡᠭᠲᠡᠢ ᠂17 ᠨᠠᠰᠤᠲᠠᠢ) ᠴᠠᠩᠭᠡᠯᠵᠡᠪ ( ᠡᠷᠡᠭᠲᠡᠢ ᠂18 ᠨᠠᠰᠤᠲᠠᠢ) ᠂ ᠠᠯᠲᠠᠨᠭᠠᠯᠠᠭᠤ ( ᠡᠮᠡᠭᠲᠡᠢ 16 ᠨᠠᠰᠤᠲᠠᠢ) ᠵᠡᠷᠭᠡ ᠰᠤᠷᠤᠭᠴᠢ ᠨᠠᠷ ᠠ᠋ᠴᠠ ᠨᠡᠶ᠋ᠢᠲᠡ ᠵᠠᠭᠤ ᠭᠠᠷᠤᠢ ᠣᠷᠲᠣᠰ ᠣᠨᠢᠰᠣᠬ᠋᠎ᠠ ᠪᠢᠴᠢᠵᠦ ᠠᠪᠤᠪᠠ ᠃
1965----1966 ᠣᠨ ᠳᠤ ᠰᠢᠯᠢ ᠶ᠋ᠢᠨ ᠭᠣᠣᠯ ᠦ᠋ᠨ ᠵᠡᠭᠦᠨ ᠰᠥᠨᠢᠳ ᠬᠣᠰᠢᠭᠤᠨ ᠪ ᠳᠠᠷᠬᠠᠨ ᠠᠭᠤᠯᠠ ᠨᠢᠭᠡᠲᠦᠯ ᠦ᠋ᠨ ᠪᠠᠶᠠᠨ ᠲᠥᠭᠥᠷᠢᠭ ᠪᠠᠷᠢᠭᠠᠲᠠ ᠶ᠋ᠢᠨ ᠮᠠᠯᠴᠢᠨ ᠭᠠᠵᠢᠳ ( ᠡᠮᠡᠭᠲᠡᠢ᠂ 47 ᠨᠠᠰᠤᠲᠠᠢ) ᠂ ᠣᠪᠲᠤᠯᡁᠡᠮᠤ( ᠡᠮᠡᠭᠲᠡᠢ᠂ 61 ᠨᠠᠰᠤᠲᠠᠢ) ᠂ ᠠᠪᠤᠷᠠ ( ᠡᠷᠡᠭᠲᠡᠢ᠂ 62 ᠨᠠᠰᠤᠲᠠᠢ) ᠂ ᠵᠢᠪᠵᠢᠳ ( ᠡᠮᠡᠭᠲᠡᠢ᠂ 46 ᠨᠠᠰᠤᠲᠠᠢ) ᠨᠠᠷ ᠠ᠋ᠴᠠ ᠭᠤᠷᠪᠠᠨ ᠵᠠᠭᠤ ᠰᠢᠬᠠᠮ ᠣᠨᠢᠰᠣᠬ᠋᠎ᠠ ᠪᠢᠴᠢᠵᠦ ᠠᠪᠴᠠᠢ ᠃
1966---1972 .1976---1982 ᠣᠨ ᠳᠤ ᠪᠠᠭᠠᠷᠢᠨ ᠪᠠᠷᠠᠭᠤᠨ ᠬᠣᠰᠢᠭᠤᠨ ᠪ ᠴᠠᠭᠠᠨ ᠮᠥᠷᠡᠨ ᠨᠢᠭᠡᠲᠦᠯ ᠦ᠋ᠨ ᠰᠢᠪᠠᠷᠲᠠᠢ ᠪᠠᠷᠢᠭᠠᠲᠠ ᠶ᠋ᠢᠨ ᠰᠡᠷᠢᠭᠡᠮᠡ ( ᠡᠮᠡᠭᠲᠡᠢ᠂ 65 ᠨᠠᠰᠤᠲᠠᠢ) ᠂ ᠲᠦᠮᠡᠨ ( ᠡᠷᠡᠭᠲᠡᠢ᠂ 52 ᠨᠠᠰᠤᠲᠠᠢ) ᠂ ᠳᠠᠯᠠᠨᠲᠠᠢ ( ᠡᠷᠡᠭᠲᠡᠢ᠂ 17 ᠨᠠᠰᠤᠲᠠᠢ) ᠂ ᠬᠠᠶ᠋ᠢᠷᠠᠬᠠᠨ( ᠡᠮᠡᠭᠲᠡᠢ᠂ 12 ᠨᠠᠰᠤᠲᠠᠢ) ᠨᠠᠷ ᠠ᠋ᠴᠠ ᠨᠡᠯᠢᠶᠡᠳ ᠠᠷᠪᠢᠨ ᠣᠨᠢᠰᠣᠬ᠋᠎ᠠ ᠣᠯᠵᠤ ᠲᠡᠮᠲᠡᠭᠯᠡᠪᠡ ᠃ ᠬᠣᠵᠢᠮ ᠨᠢ ᠪᠠᠭᠠᠷᠢᠨ ᠪᠠᠷᠠᠭᠤᠨ ᠬᠣᠰᠢᠭᠤᠨ ᠪ ᠪᠠᠶᠠᠠᠡᠷᠲᠡᠨᠢ ᠨᠢᠭᠡᠲᠦᠯ ᠦ᠋ᠨ ᠬᠠᠪᠴᠢᠯ ᠪᠠᠷᠢᠭᠠᠲᠠ ᠶ᠋ᠢᠨ ᠨᠠᠰᠤᠲᠠᠨ ᠨᠠᠤᠠᠮᠢᠳ ᠠ᠋ᠴᠠ ᠨᠡᠯᠢᠶᠡᠳ ᠣᠨᠢᠰᠣᠬ᠋᠎ᠠ ᠣᠯᠵᠤ ᠲᠡᠮᠲᠡᠭᠡᠯᠡᠯᠡ ᠃
1980 ᠣᠨ ᠪ 3 ᠰᠠᠷ᠎ᠠ ᠳᠤ ᠵᠢᠷᠢᠮ ᠠᠶ᠋ᠢᠮᠠᠭ ᠦ᠋ᠨ ᠵᠠᠷᠤᠳ ᠬᠣᠰᠢᠭᠤᠨ ᠪ ᠪᠠᠶᠠᠷᠲᠤᠬᠤᠰᠢᠭᠤ ᠨᠢᠭᠡᠲᠦᠯ ᠦ᠋ᠨ ᠪᠠᠶᠠᠷᠲᠤᠬᠤᠰᠢᠭᠤ ᠪᠠᠷᠢᠭᠠᠲᠠ ᠶ᠋ᠢᠨ ᠨᠠᠰᠤᠲᠠᠨ ᠪᠠᠶᠠᠰᠬᠤᠯᠠᠩ( ᠡᠷᠡᠭᠲᠡᠢ᠂ 70 ᠨᠠᠰᠤᠲᠠᠢ) ᠠ᠋ᠴᠠ ᠵᠠᠭᠤ ᠭᠠᠷᠤᠢ ᠣᠨᠢᠰᠣᠬ᠋᠎ᠠ ᠲᠡᠮᠲᠡᠭᠯᠡᠵᠦ ᠠᠪᠤᠪᠠ ᠃ ᠮᠥᠨ ᠵᠢᠯ ᠦ᠋ᠨ ᠬᠣᠶᠠᠷ ᠂ ᠭᠤᠷᠪᠠᠲᠤᠭᠠᠷ ᠰᠠᠷ᠎ᠠ ᠳᠤ ᠣᠲᠣ ᠶ᠋ᠢᠨ ᠬᠢᠩᠭᠠᠨ ᠠᠶ᠋ᠢᠮᠠᠭ ᠦ᠋ᠨ ᠬᠣᠷᠴᠢᠨ ᠪᠠᠷᠠᠭᠤᠨ ᠭᠠᠷ ᠦ᠋ᠨ ᠳᠤᠮᠳᠠᠳᠤ ᠬᠣᠰᠢᠭᠤᠨ ᠪ ᠲᠠᠪᠢᠨ ᠨᠢᠭᠡᠲᠦᠯ ᠶ᠋ᠢᠡᠷ ᠶᠠᠪᠤᠭᠠᠳ ᠨᠥᠬᠥᠷ ᠯᠢᠶᠠᠨ ᠱᠦᠨ( ᠡᠷᠡᠭᠲᠡᠢ᠂ 30 ᠨᠠᠰᠤᠲᠠᠢ) ᠠ᠋ᠴᠠ ᠨᠢᠭᠡ ᠭᠡᠰᠡᠭ ᠣᠨᠢᠰᠣᠬ᠋᠎ᠠ ᠲᠡᠮᠲᠡᠭᠯᠡᠵᠦ ᠠᠪᠴᠠᠢ ᠂ ᠰᠡᠭᠦᠯᠡᠷ ᠨᠢ ᠲᠤᠰ ᠨᠥᠬᠥᠷ ᠥᠪᠡᠷ ᠦ᠋ᠨ ᠴᠤᠭᠯᠠᠭᠤᠯᠤᠭᠠᠳ ᠪᠠᠶ᠋ᠢᠬᠰᠠᠨ ᠬᠡᠲᠦᠨ ᠵᠠᠭᠤᠨ ᠣᠨᠢᠰᠣᠬ᠋᠎ᠠ ᠪᠠᠨ ᠬᠠᠷᠠᠮ ᠦᠭᠡᠢ ᠢᠯᠡᠭᠡᠵᠦ ᠥᠭᠪᠡ ᠃
1979 .12---1980.5 ᠪᠠ 1985 ᠣᠨ ᠪ 8 ᠰᠠᠷ᠎ᠠ ᠳᠤ ᠵᠢᠷᠢᠮ ᠠᠶ᠋ᠢᠮᠠᠭ ᠦ᠋ᠨ ᠵᠠᠷᠤᠳ ᠬᠣᠰᠢᠭᠤᠨ ᠪ ᠪᠠᠶᠠᠨᠲᠠᠯ᠎ᠠ ᠨᠢᠭᠡᠲᠦᠯ ᠦ᠋ᠨ ᠪᠠᠷᠠᠭᠤᠨ ᠪᠠᠶᠠᠨᠲᠠᠯ᠎ᠠ ᠠᠶ᠋ᠢᠯ ᠦ᠋ᠨ ᠨᠠᠰᠤᠲᠠᠨ ᠠᠰᠢᠮ᠎ᠠ ( 70 ᠨᠠᠰᠤᠲᠠᠢ ᠂ ᠡᠮᠡᠭᠲᠡᠢ ) ᠂ ᠲᠡᠮᠦᠷᠪᠠᠲᠤ ( 36 ᠨᠠᠰᠤᠲᠠᠢ ᠂ ᠡᠷᠡᠭᠲᠡᠢ ) ᠨᠠᠷ ᠠ᠋ᠴᠠ ᠪᠠᠰᠠ ᠨᠢᠭᠡ ᠭᠡᠰᠡᠭ ᠣᠨᠢᠰᠣᠬ᠋᠎ᠠ ᠣᠯᠵᠠᠢ ᠃ ᠮᠥᠨ ᠦᠶ᠎ᠡ ᠪᠡᠷ ᠵᠣᠣ ᠤᠲᠠ ᠶ᠋ᠢᠨ ᠠᠷᠤ ᠬᠣᠷᠴᠢᠨ ᠬᠣᠰᠢᠭᠤᠨ ᠪ ᠲᠣᠬᠣᠢ ᠪᠠᠷᠢᠭᠠᠲᠠ ᠦ᠋ᠨ ᠬᠡᠦᠬᠡᠳ ᠦ᠋ᠨ ᠳᠤᠮᠳᠠ ᠠ᠋ᠴᠠ ᠨᠢᠭᠡ ᠭᠡᠰᠡᠭ ᠣᠨᠢᠰᠣᠬ᠋᠎ᠠ ᠣᠯᠵᠤ ᠲᠡᠮᠲᠡᠭᠯᠡᠯ᠎ᠡ ᠃
1980 ᠣᠨ ᠳᠤ ᠰᠢᠯᠢ ᠶ᠋ᠢᠨ ᠭᠣᠣᠯ ᠠᠶ᠋ᠢᠮᠠᠭ ᠦ᠋ᠨ ᠰᠢᠯᠤᠭᠤᠨ ᠬᠥᠬᠡ ᠬᠣᠰᠢᠭᠤᠨ ᠪ ᠳᠤᠮᠳᠠᠳᠤ ᠬᠣᠰᠢᠭᠤᠨ ᠶ᠋ᠢᠨ ᠨᠥᠬᠥᠷ ᠲᠦᠨᠭᠰᠢᠭ ᠪᠠᠰᠠ ᠨᠢᠭᠡ ᠭᠡᠰᠡᠭ ᠣᠨᠢᠰᠣᠬ᠋᠎ᠠ ᠶᠠᠪᠤᠭᠤᠯᠵᠠᠢ ᠂ ᠡᠭᠦᠨ ᠪ ᠳᠣᠲᠣᠷ᠎ᠠ ᠠ᠋ᠴᠠ ᠡᠷᠲᠡᠨ ᠪ ᠰᠢᠯᠦᠭᠴᠢ ᠲᠤᠶ᠋ᠢᠩᠺᠡᠷ ᠦ᠋ᠨ ᠣᠨᠢᠰᠣᠬ᠋᠎ᠠ ᠂《 ᠣᠨᠢᠰᠣᠭ᠎ᠠ ᠬᠤᠳᠠᠯᠳᠤᠬᠤ ᠳᠠᠭᠤᠤ 》 ᠶ᠋ᠢ ᠲᠤᠰ ᠲᠡᠭᠦᠪᠦᠷᠢ ᠳᠤ ᠣᠷᠣᠭᠤᠯᠪᠠ ᠃ ᠮᠥᠨ ᠵᠢᠯ ᠨᠢ ᠰᠢᠨᠵᠢᠶᠠᠩ ᠤᠨ ᠢᠯᠢ ᠶ᠋ᠢᠨ ᠵᠣᠣ ᠰᠸ᠋ ᠰᠢᠶᠠᠨ ᠤ ᠨᠥᠬᠥᠷ ᠮᠸᠡᠳ᠋ᠳ᠋ ᠥᠭᠡᠯᠡᠳ ᠣᠨᠢᠰᠣᠭ᠎ᠠ ᠲᠠᠪᠢᠭᠠᠳ ᠢ ᠶᠠᠨᠳᠠᠭᠠ ᠲᠠᠢ ᠬᠠᠮᠲᠤ ᠶᠠᠪᠤᠭᠤᠯᠤᠭᠰᠠᠨ ᠢ ᠲᠤᠰ ᠲᠡᠭᠦᠪᠦᠷᠢ ᠳᠤ ᠪᠦᠭᠦᠳᠡ ᠶ᠋ᠢ ᠬᠡᠷᠡᠭᠯᠡᠭᠰᠡᠨ ᠪᠠᠶ᠋ᠢᠨ᠎ᠠ ᠃
1985 ᠣᠨ ᠳᠤ ᠲᠤᠰ ᠡᠮᠬᠢᠳᠬᠡᠯ ᠢ ᠬᠣᠶᠠᠳᠠᠬᠢ ᠤᠳᠠᠭ᠎ᠠ ᠡᠮᠬᠢᠳᠬᠡᠨ ᠨᠠᠶ᠋ᠢᠷᠠᠭᠤᠯᠬᠤ ᠦᠶ᠎ᠡ ᠳᠤ ᠪᠠᠷᠠᠭᠤᠨ ᠬᠣᠶ᠋ᠢᠲᠤ ᠣᠷᠣᠨ ᠤ ᠦᠨᠳᠦᠰᠦᠲᠡᠨ ᠦ ᠳᠡᠭᠡᠳᠦ ᠰᠤᠷᠭᠠᠭᠤᠯᠢ ᠶ᠋ᠢᠨ ᠨᠥᠬᠥᠷ ᠴᠠᠪᠰᠢᠭ᠌ ᠤᠨ ᠶᠠᠪᠤᠭᠤᠯᠤᠭᠰᠠᠨ ᠵᠠᠭᠤᠨ ᠣᠨᠢᠰᠣᠭ᠎ᠠ ᠠ᠋ᠴᠠ ᠬᠣᠷᠢᠨ ᠲᠠᠪᠤ ᠂ ᠬᠥᠬᠡᠨᠠᠭᠤᠷ ᠤᠨ ᠦᠨᠳᠦᠰᠦᠲᠡᠨ ᠤ ᠳᠡᠭᠡᠳᠦ ᠰᠤᠷᠭᠠᠭᠤᠯᠢ ᠶ᠋ᠢᠨ ᠨᠥᠬᠥᠷ ᠲᠠᠩᠭᠢᠰ ᠦᠨ ᠶᠠᠪᠤᠭᠤᠯᠤᠭᠰᠠᠨ ᠲᠠᠪᠢᠭᠠᠳ ᠣᠨᠢᠰᠣᠭ᠎ᠠ ᠠ᠋ᠴᠠ ᠠᠷᠪᠠ ᠶ᠋ᠢ ᠰᠣᠩᠭᠣᠵᠤ ᠣᠷᠣᠭᠤᠯᠵᠠᠢ ᠃
ᠡᠴᠦᠰ ᠤᠨ ᠡᠮᠬᠢᠯᠡᠯ ᠤᠨ ᠦᠶ᠎ᠡ ᠳᠤ ᠨᠥᠬᠥᠳ ᠤᠨ ᠰᠠᠨᠠᠯ ᠢᠶ᠋ᠠᠷ ᠳᠠᠬᠢᠨ ᠨᠢᠭᠡ ᠤᠳᠠᠭ᠎ᠠ ᠰᠢᠯᠢᠯᠲᠡ ᠬᠢᠵᠦ ᠵᠠᠰᠠᠭᠰᠠᠨ ᠪᠥᠭᠡᠳ ᠠᠭᠤᠯᠭ᠎ᠠ ᠶ᠋ᠢ ᠨᠢ ᠥᠷᠭᠡᠳᠬᠡᠬᠦ ᠶ᠋ᠢᠨ ᠲᠤᠰᠠᠳᠠ ᠪᠠᠷᠭᠤ ᠪᠤᠷᠢᠶᠠᠳ ᠤᠨ ᠣᠨᠢᠰᠣᠭ᠎ᠠ ᠶ᠋ᠢ ᠬᠣᠷᠢᠨ ᠲᠠᠪᠤ ( ᠥᠪᠥᠷ ᠮᠣᠩᠭᠣᠯ ᠤᠨ ᠠᠷᠠᠳ ᠤᠨ ᠬᠡᠪᠯᠡᠯ ᠤᠨ ᠬᠣᠷᠢᠶ᠎ᠠ ᠶ᠋ᠢᠨ1984 ᠣᠨ ᠤ 11 ᠰᠠᠷ᠎ᠠ ᠳᠤ ᠭᠠᠷᠤᠭᠰᠠᠨ 《 ᠪᠠᠷᠭᠤ ᠠᠮᠠᠨ ᠠᠶᠠᠯᠭᠤ ᠶ᠋ᠢᠨ ᠦᠭᠡ ᠬᠡᠯᠡᠯᠭᠡ ᠶ᠋ᠢᠨ ᠮᠠᠲ᠋ᠧᠷᠢᠶᠠᠯ ᠠ᠋ᠴᠠ 》 ) ᠰᠢᠯᠢᠨ ᠠᠪᠴᠤ ᠣᠷᠣᠭᠤᠯᠪᠠ ᠃ ᠮᠥᠨ ᠡᠮᠬᠢᠳᠬᠡᠨ ᠨᠠᠶ᠋ᠢᠷᠠᠭᠤᠯᠤᠭᠴᠢ ᠶ᠋ᠢᠨ ᠵᠥᠪᠰᠢᠶᠡᠷᠡᠯ ᠢᠶ᠋ᠠᠷ ᠥᠪᠥᠷ ᠮᠣᠩᠭᠣᠯ ᠤᠨ ᠠᠷᠠᠳ ᠤᠨ ᠬᠡᠪᠯᠡᠯ ᠤᠨ ᠬᠣᠷᠢᠶ᠎ᠠ ᠶ᠋ᠢᠨ 1980 ᠣᠨ ᠤ 3 ᠳ᠋ᠤᠭᠠᠷ ᠰᠠᠷ᠎ᠠ ᠳᠤ ᠬᠡᠪᠯᠡᠭᠦᠯᠦᠭᠰᠡᠨ 《 ᠣᠨᠢᠰᠣᠭ᠎ᠠ 》 ( ᠭᠤᠸ᠋᠎ᠠ ᠨᠥᠬᠥᠷ ᠤᠨ ᠡᠮᠬᠢᠳᠬᠡᠭᠰᠡᠨ ) ᠠ᠋ᠴᠠ ᠨᠡᠯᠢᠶᠡᠳ ᠢ ᠰᠢᠯᠢᠨ ᠠᠪᠴᠤ ᠣᠷᠣᠭᠤᠯᠪᠠ ᠃
ᠡᠶ᠋ᠢᠮᠦ ᠠ᠋ᠴᠠ ᠲᠤᠰ ᠲᠡᠭᠦᠪᠦᠷᠢ ᠳᠤ ᠬᠣᠷᠴᠢᠨ ᠂ ᠰᠢᠯᠢ ᠶ᠋ᠢᠨ ᠭᠣᠣᠯ ᠂ ᠣᠶ᠋ᠢᠷᠠᠳ ᠂ ᠣᠷᠳᠣᠰ ᠂ ᠪᠠᠷᠭᠤ ᠂ ᠪᠤᠷᠢᠶᠠᠳ ᠂ ᠳᠡᠭᠡᠳᠦ ᠮᠣᠩᠭᠣᠯ ( ᠬᠥᠬᠡᠨᠠᠭᠤᠷ ᠤᠨ ᠮᠣᠩᠭᠣᠯᠴᠤᠳ ) ᠤᠨ ᠣᠨᠢᠰᠣᠭ᠎ᠠ ᠨᠤᠭᠤᠳ ᠪᠠᠭᠲᠠᠵᠤ ᠪᠠᠶ᠋ᠢᠨ᠎ᠠ ᠃ ᠤᠳᠬ᠎ᠠ ᠵᠣᠬᠢᠶᠠᠯ ᠤᠨ ᠰᠣᠨᠢᠷᠬᠠᠯ ᠪᠠ ᠰᠤᠳᠤᠯᠭᠠᠨ ᠳᠤ ᠳᠥᠭᠥᠮ ᠦᠵᠡᠭᠦᠯᠬᠦ ᠭᠡᠵᠦ ᠣᠨᠢᠰᠣᠭ᠎ᠠ ᠪᠠᠨ ᠠᠮᠠ ᠪᠠᠷ ᠵᠣᠬᠢᠶᠠᠭᠳᠠᠭᠰᠠᠨ ᠪᠠ ᠪᠢᠴᠢᠭ ᠤᠨ ᠬᠥᠮᠦᠨ ᠤ ᠵᠣᠬᠢᠶᠠᠭᠰᠠᠨ ᠭᠡᠵᠦ ᠢᠯᠭᠠᠵᠤ ᠥᠭᠴᠡᠢ ᠃ ᠠᠷᠠᠳ ᠤᠨ ᠠᠮᠠᠨ ᠵᠣᠬᠢᠶᠠᠯ ᠤᠨ ᠬᠡᠪᠰᠢᠮᠡᠯ ᠤᠷᠠᠨ ᠬᠡᠯᠡᠯᠭᠡ ᠶ᠋ᠢᠨ ᠲᠤᠬᠠᠢ ᠰᠤᠳᠤᠯᠤᠯ ᠳᠤ ᠲᠤᠰᠠ ᠪᠣᠯᠤᠭ ᠭᠡᠵᠦ 《 ᠣᠨᠢᠰᠣᠭ᠎ᠠ ᠬᠤᠳᠠᠯᠳᠤᠬᠤ ᠳᠠᠭᠤᠤ 》 ᠪᠠ 《 ᠶᠠᠨᠳᠠᠭᠠ 》 ᠶ᠋ᠢ ᠨᠢᠭᠡ ᠪᠦᠯᠦᠭ ᠪᠣᠯᠭᠠᠵᠤ ᠡᠮᠬᠢᠳᠬᠡᠯᠡ ᠃
ᠡᠴᠦᠰ ᠲᠤ᠌ ᠣᠨᠢᠰᠣᠭ᠎ᠠ ᠴᠤᠭᠯᠠᠭᠤᠯᠬᠤ ᠳᠤ ᠳᠡᠮᠵᠢᠯᠭᠡ ᠦᠵᠡᠭᠦᠯᠦᠭᠰᠡᠨ ᠨᠠᠰᠤᠲᠠᠳ ᠪᠠ ᠨᠠᠶ᠋ᠢᠵᠢ ᠨᠥᠬᠥᠳ ᠂ ᠬᠡᠦᠬᠡᠳ ᠳᠡᠭᠦᠦ ᠨᠠᠷ ᠲᠤ᠌ ᠴᠢᠩ ᠰᠡᠳᠬᠢᠯ ᠦᠨ ᠲᠠᠯᠠᠷᠬᠠᠯ ᠳᠡᠪᠰᠢᠭᠦᠯᠦᠶ᠎ᠡ!
ᠨᠢᠮ᠎ᠠ ᠰᠡᠴᠡᠩᠭᠣᠸ᠋ᠠ ᠠ᠋ᠴᠠ
1980-1985.9 ᠳᠤ
ᠮᠣᠩᠭᠣᠯ ᠣᠨᠢᠰᠣᠭ᠎ᠠ ᠶ᠋ᠢᠨ ᠲᠡᠭᠦᠪᠦᠷᠢ
ᠨᠢᠮ᠎ᠠ ᠰᠡᠴᠡᠩᠭᠣᠸ᠋ᠠ ᠡᠮᠬᠢᠳᠬᠡᠪᠡ
ᠰ · ᠳ᠋ᠠᠮᠪᠠᠷᠢᠨᠴᠢᠨ ᠬᠢᠨᠠᠪᠠ
ᠥᠪᠥᠷ ᠮᠣᠩᠭᠣᠯ ᠤᠨ ᠰᠣᠶᠣᠯ ᠤᠨ ᠬᠡᠪᠯᠡᠯ ᠤᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠤᠨ ᠬᠠᠶ᠋ᠢᠯᠠᠷ ᠲᠠᠬᠢ ᠰᠢᠨᠬᠤᠸᠠ ᠬᠡᠪᠯᠡᠬᠦ ᠦᠢᠯᠡᠳᠪᠦᠷᠢ ᠬᠡᠪᠯᠡᠪᠡ
ᠬᠥᠯᠥᠨ ᠪᠤᠶ᠋ᠢᠷ ᠠᠶ᠋ᠢᠮᠠᠭ ᠤᠨ ᠰᠢᠨᠬᠤᠸᠠ ᠪᠢᠴᠢᠭ ᠤᠨ ᠳᠡᠯᠭᠡᠭᠦᠷ ᠲᠠᠷᠬᠠᠭᠠᠪᠠ
1986 ᠣᠨ ᠤ 6 ᠰᠠᠷ᠎ᠠ ᠳᠤ ᠠᠩᠬᠠᠳᠤᠭᠠᠷ ᠬᠡᠪ ᠢ ᠬᠢᠪᠡ
1986 ᠣᠨ ᠤ 8 ᠰᠠᠷ᠎ᠠ ᠳᠤ ᠠᠩᠬᠠᠳᠤᠭᠠᠷ ᠤᠳᠠᠭ᠎ᠠ ᠬᠡᠪᠯᠡᠪᠡ
ᠦᠰᠦᠭ ᠠᠮᠢᠯᠠᠭᠤᠯᠤᠭᠰᠠᠨ ᠨᠢ ᠄ ᠬᠠᠷᠠᠨᠤᠳ · ᠲᠤᠶᠠᠭ᠎ᠠ ᠂ ᠬᠠᠳᠠᠴᠢ · ᠤᠷᠠᠨ᠎ᠠ
ᠬᠢᠨᠠᠭᠴᠢ ᠄ ᠬᠠᠷᠠᠨᠤᠳ · ᠲᠤᠶᠠᠭ᠎ᠠ ᠂ ᠮᠢᠩᠭᠠᠳ · ᠴᠢᠮᠡᠭ
