ᠮᠣᠩᠭᠣᠯ ᠣᠨᠢᠰᠤᠭ᠎ᠠ ᠶᠢᠨ ᠲᠡᠭᠦᠪᠦᠷᠢ – ᠭᠤᠷᠪᠠᠳᠤᠭᠠᠷ ᠪᠦᠯᠦᠭ –2 Монгол оньсгын түүвэр –Гуравдугаар бүлэг– 2
ᠭᠤᠷᠪᠠᠳᠤᠭᠠᠷ ᠪᠦᠯᠦᠭ – ᠪᠢᠴᠢᠭ ᠦᠨ ᠬᠥᠮᠥᠨ ᠦ ᠵᠣᠬᠢᠶᠠᠭᠰᠠᠨ ᠣᠨᠢᠰᠣᠬ᠋᠎ᠠ
ᠡᠷᠭᠢᠬᠦ ᠬᠣᠶᠠᠷ ᠬᠦᠷᠲᠦ ᠨᠢ ᠭᠠᠵᠠᠷ ᠦ᠋ᠨ ᠬᠣᠯᠠ ᠶ᠋ᠢ ᠲᠤᠭᠤᠯᠬᠤ ᠦᠭᠡᠢ
ᠡᠷᠡᠤ ᠲᠤᠯᠤᠭᠰᠠᠨ ᠰᠢᠲᠤ ᠨᠢ ᠢᠲᠡᠵᠦ ᠤᠤᠭᠤᠬᠤ ᠳ᠋ᠤ᠌ ᠳᠤᠰᠠ ᠦᠭᠡᠢ
ᠡᠯᠢᠭᠡᠨ ᠳᠤᠮᠳᠠ ᠪᠠᠨ ᠰᠤᠮᠤ ᠲᠠᠢ ᠣᠴᠢᠵᠤ ᠲᠤᠰᠪᠠᠴᠤ ᠬᠣᠣᠷᠯᠠᠬᠤ ᠦᠭᠡᠢ
ᠡᠷᠴᠢᠮ ᠲᠠᠭᠠᠷᠠᠭᠰᠠᠨ ᠬᠥᠪᠴᠢ ᠲᠡᠢ ᠬᠠᠷᠪᠤᠪᠠᠴᠤ ᠨᠠᠮᠨᠠᠬᠤ ᠳ᠋ᠤ᠌ ᠲᠤᠰᠠ ᠦᠭᠡᠢ
( ᠬᠢᠷᠦᠭᠡ )
ᠬᠦᠩᠭᠢᠨᠡᠨ ᠳᠤᠤᠭᠠᠷᠬᠤ ᠬᠦᠬᠡ ᠯᠤᠤ
ᠬᠦᠴᠦᠨ ᠲᠡᠭᠦᠰ ᠴᠠᠭᠠᠨ ᠠᠷᠰᠯᠠᠨ
ᠬᠦᠷᠴᠢᠭᠢᠨᠡᠨ ᠠᠷᠬᠢᠷᠠᠭᠴᠢ ᠬᠠᠷ᠎ᠠ ᠪᠠᠷᠰ
ᠬᠦᠪᠴᠢᠯᠡᠨ ᠨᠢᠰᠬᠦ ᠤᠯᠠᠭᠠᠨ ᠭᠠᠷᠤᠲᠢ
( ᠭᠠᠯ ᠫᠤᠤ )
ᠡᠷᠲᠡᠨᠢ ᠶ᠋ᠢᠨ ᠤᠯᠠᠭᠠᠨ ᠵᠢᠩᠰᠡ ᠶ᠋ᠢ ᠡᠵᠡᠨ ᠡᠴᠡ ᠡᠰᠢ ᠦᠭᠡᠢ ᠵᠡᠭᠦᠵᠦ
ᠡᠯᠲᠡᠪ ᠴᠡᠴᠡᠭ ᠦ᠋ᠨ ᠥᠨᠦᠷ ᠊ᠢ ᠪᠡᠶ᠎ᠡ ᠳ᠋ᠡᠭᠡᠨ ᠰᠢᠩᠭᠡᠭᠡᠵᠦ
ᠡᠩ ᠬᠣᠯᠠ ᠣᠶ᠋ᠢᠷ᠎ᠠ ᠶ᠋ᠢ ᠡᠶᠡᠪᠡᠷ ᠲᠠᠨᠢᠭᠤᠯᠤᠭᠴᠢ
ᠡᠷᠬᠢᠮ ᠪᠡᠶ᠎ᠡ ᠪᠡᠷ ᠶ᠋ᠢᠠᠨ ᠵᠣᠴᠢᠯᠠᠨ ᠳᠠᠶ᠋ᠢᠯᠠᠵᠤ ᠬᠦᠨᠲᠦᠤᠠᠬᠡᠮᠦᠢ
( ᠭᠦᠬᠦᠷ )
ᠬᠠᠮᠠᠭᠠᠯᠠᠨ ᠳᠤᠰᠢᠶᠠᠵᠤ ᠰᠠᠬᠢᠬᠤ ᠳᠠᠪᠬᠤᠷ ᠬᠦᠷᠢᠶᠡᠲᠦ ᠬᠣᠲᠠ
ᠬᠠᠭᠠᠨ ᠲᠥᠷᠥ ᠶ᠋ᠢ ᠲᠤᠯᠬᠤ ᠪᠠᠲᠤ ᠳᠦᠷᠪᠡᠨ ᠪᠠᠭᠠᠲᠤᠷ
ᠬᠠᠯᠠᠭᠤᠨ ᠤᠷᠤᠰᠬᠠᠯ ᠳ᠋ᠤ᠌ ᠪᠤᠯᠪᠠᠰᠤᠷᠠᠭᠰᠠᠨ ᠰᠢᠯᠢᠳᠡᠭ ᠨᠢᠭᠡᠨ ᠴᠡᠷᠢᠭ
ᠬᠠᠨ᠎ᠠ ᠲᠠᠢ ᠭᠡᠷ ᠲᠦ ᠵᠣᠬᠢᠴᠠᠭᠤᠯᠤᠭᠰᠠᠨ ᠡᠷᠲᠡᠨ ᠪ ᠭᠠᠪᠢᠶᠠᠲᠤ ᠡᠲᠯᠡᠯ
( ᠲᠤᠯᠬ᠋ᠠ )
ᠡᠷᠲᠡ ᠲᠥᠷᠥᠭᠰᠡᠨ ᠪᠡᠶ᠎ᠡ ᠨᠢ ᠤᠷᠲᠤ ᠪᠦᠭᠡᠳ ᠨᠠᠷᠢᠨ
ᠡᠷᠴᠢᠲᠦ ᠮᠢᠨᠲᠠᠰᠤᠨ ᠵᠠᠩᠭᠢᠶ᠎ᠠ ᠶ᠋ᠢ ᠬᠦᠵᠦᠭᠦᠨ ᠳ᠋ᠡᠭᠡᠨ ᠵᠡᠭᠦᠵᠡᠢ
ᠡᠯᠲᠡᠪ ᠪᠤᠷᠤᠩᠬᠤᠢ ᠶ᠋ᠢ ᠬᠤᠷᠢᠶᠠᠮᠵᠢᠯᠠᠵᠤ ᠡᠷᠬᠡᠨ ᠳ᠋ᠡᠭᠡᠨ ᠣᠷᠣᠭᠤᠯᠬᠤ ᠤᠴᠢᠷ
ᠡᠵᠡᠨ ᠪ ᠰᠠᠨᠠᠬ᠋᠎ᠠ ᠶ᠋ᠢ ᠳᠠᠭᠠᠵᠤ ᠡᠰᠢ ᠲᠡᠰᠢ ᠪᠡᠨ ᠪᠦᠵᠢᠭᠯᠡᠮᠦᠢ
( ᠤᠷᠬ᠋᠎ᠠ )
ᠠᠯᠤᠰ ᠦ᠋ᠨ ᠠᠭᠤᠯᠠ ᠶ᠋ᠢ ᠬᠠᠷᠠᠭᠰᠠᠭᠠᠷ ᠬᠡᠨᠡᠷᠡᠬᠦ ᠡᠪᠡᠤᠠᠴᠢᠨ ᠣᠯᠵᠤ
ᠠᠰ ᠳᠤᠮᠳᠠ ᠶ᠋ᠢ ᠴᠢᠭᠯᠡᠭᠰᠡᠭᠡᠷ ᠬᠣᠭᠣᠰᠣᠨ ᠴᠢᠨᠠᠷ ᠊ᠢ ᠡᠳ᠋ᠯᠡᠵᠦᠬᠦᠢ
ᠠᠭᠠᠷ ᠲᠩᠷᠢ ᠶ᠋ᠢ ᠳᠠᠭᠤᠷᠢᠶᠠᠵᠤ ᠴᠠᠰᠤ ᠬᠠᠶᠠᠯᠠᠨ ᠠᠯᠬᠤᠭᠠᠳ
ᠠᠪᠤᠷᠠᠯᠲᠤ ᠯᠠᠮᠠ ᠲᠠᠢ ᠮᠥᠴᠡᠭᠡᠷᠬᠡᠨ ᠰᠡᠷᠵᠢᠮ ᠡᠷᠭᠦᠨ ᠵᠣᠭᠰᠣᠮᠤᠢ
( ᠪᠤᠤᠷ᠎ᠠ )
ᠬᠠᠲᠠᠭᠤ ᠵᠥᠭᠡᠯᠡᠨ ᠬᠣᠶᠠᠷ ᠶ᠋ᠢᠠᠷ ᠪᠦᠲᠦᠭᠰᠡᠨ ᠨᠢᠭᠡᠨ ᠵᠦᠢᠯ ᠦ᠋ᠨ ᠡᠳ᠋
ᠬᠠᠷᠢᠭᠤ ᠦᠶ᠎ᠡ ᠳ᠋ᠤ᠌ ᠭᠤᠸ᠋᠎ᠠ ᠪᠣᠯᠪᠠᠴᠤ ᠳᠣᠲᠣᠷ᠎ᠠ ᠰᠤᠲᠠᠯ ᠨᠢ ᠬᠣᠣᠷ
ᠬᠠᠯᠠᠭᠤᠨ ᠭᠠᠯ ᠦ᠋ᠨ ᠢᠲᠡᠰᠢ ᠶ᠋ᠢ ᠵᠣᠭᠣᠭᠯᠠᠵᠤ ᠵᠤᠷᠪᠤᠰ ᠮᠠᠨᠠᠨ ᠲᠠᠲᠠᠭᠠᠳ
ᠬᠠᠪᠤᠲᠠᠢ ᠵᠦᠢᠯ ᠶ᠋ᠢᠡᠷ ᠵᠠᠷᠢᠮ ᠨᠢ ᠦᠵᠡᠪᠡᠴᠦ ᠭᠠᠢ ᠬᠥᠨᠥᠭᠡᠯ ᠦᠯᠡᠮᠵᠢ
( ᠭᠠᠩᠰᠠ )
ᠳᠡᠪᠰᠢᠯᠲᠡ ᠦᠭᠡᠢ ᠳᠠᠯᠠᠨ ᠬᠣᠶᠠᠷ ᠨᠠᠰᠤ ᠲᠠᠢ
ᠳᠠᠯᠵᠢᠷ ᠦᠭᠡᠢ ᠲᠥᠪ ᠲᠥᠭᠥᠷᠢᠭ ᠪᠡᠶ᠎ᠡ ᠲᠡᠢ
ᠳᠣᠩ ᠴᠠᠭᠠᠨ ᠭᠡᠷᠡᠯ ᠲᠠᠲᠠᠮ᠎ᠠ ᠵᠢᠰᠦ ᠲᠡᠢ
ᠳᠤᠮᠳᠠᠳᠤ ᠭᠦᠷᠦᠨ ᠪ ᠠᠮᠢᠲᠤᠷᠠᠯ ᠦ᠋ᠨ ᠡᠬᠡ ᠬᠥᠷᠥᠩᠭᠡ
( ᠮᠥᠩᠭᠥᠨ ᠵᠣᠭᠣᠰ )
ᠪᠦᠭᠦᠲᠡᠭᠡᠷ ᠰᠦᠯᠲᠡ ᠶ᠋ᠢ ᠳᠠᠭᠠᠭᠴᠢ ᠪᠠᠲᠤ ᠡᠷᠲᠡᠨᠢ ᠶ᠋ᠢᠨ ᠦᠰᠦᠭ
ᠪᠦᠷᠢᠨ ᠵᠥᠪ ᠊ᠢ ᠣᠯᠭᠣᠭᠴᠢ ᠭᠡᠭᠡᠨ ᠲᠣᠲᠣ ᠦᠭᠡᠰ
ᠪᠦᠲᠦᠭᠡᠯ ᠵᠢᠤᠠᠬᠦᠯ ᠭᠠᠷᠭᠠᠭᠴᠢ ᠰᠢᠲᠠᠷ ᠪᠠᠷᠰ ᠦ᠋ᠨ ᠴᠢᠭᠤᠯᠭᠠᠨ
ᠪᠦᠬᠦᠯᠢ ᠶᠣᠰᠣ ᠶ᠋ᠢ ᠪᠠᠷᠢᠬᠴᠢ ᠠᠯᠲᠠᠨ ᠥᠩᠭᠡᠲᠦ ᠯᠤᠤ
( ᠲᠠᠮᠠᠭᠠᠲᠤ ᠪᠢᠴᠢᠭ )
ᠬᠠᠰ ᠬᠣᠷᠢᠶ᠎ᠠ ᠲᠣᠭᠣᠷᠢᠬ ᠮᠥᠷᠲᠡᠭᠡᠨ ᠳᠤᠮᠳᠠ ᠨᠢ ᠪᠠᠬᠠᠨ ᠬᠣᠲᠣᠭᠣᠷ
ᠬᠠᠭᠠᠯᠬᠤ ᠵᠠᠩᠵᠤᠨ ᠬᠣᠶᠠᠷ ᠪᠥᠭᠡᠳ ᠢᠯᠡᠷᠡᠬᠦ ᠦᠶ᠎ᠡ ᠳ᠋ᠡᠭᠡᠨ ᠢᠳᠡᠷᠬᠡᠭ
ᠬᠠᠮᠤᠭ ᠊ᠢ ᠳᠠᠭᠠᠭᠠᠭᠰᠠᠨ ᠡᠷᠡᠬᠡᠢ ᠮᠡᠷᠭᠡᠨ ᠬᠠᠷᠪᠤᠬᠤ ᠶᠠᠭᠤᠲᠠᠢ ᠱᠠᠯᠠᠮᠠᠭᠠᠢ
ᠬᠠᠪᠢᠲᠠᠭᠰᠠᠨ ᠠᠮᠢᠲᠠᠨ ᠭᠡᠨᠡᠨ ᠶᠠᠪᠤᠪᠠᠰᠤ ᠲᠡᠭᠦᠨ ᠪ ᠡᠷᠬᠡᠨ ᠳ᠋ᠤ᠌ ᠭᠠᠰᠠᠯᠤᠮᠤᠢ
( ᠬᠠᠪᠬ᠎ᠠ )
ᠠᠷᠤ ᠴᠠᠰᠤᠲᠤ ᠠᠭᠤᠯᠠᠨ ᠪ ᠠᠷᠰᠯᠠᠨ ᠪ ᠵᠣᠭᠲᠣᠷ ᠦ᠋ᠨ ᠴᠢᠮᠡᠭᠡ ᠲᠡᠢ
ᠠᠭᠠᠷ ᠲᠤ ᠳᠤᠷ᠎ᠠ ᠪᠠᠷ ᠴᠡᠩᠬᠡᠭ᠍ᠴᠢ ᠯᠤᠤ ᠶ᠋ᠢᠨ ᠪᠡᠶ᠎ᠡ ᠶ᠋ᠢᠨ ᠴᠡᠭᠡᠵᠢ ᠲᠠᠢ
ᠠᠯᠤᠰ ᠭᠠᠵᠠᠷ ᠊ᠢ ᠣᠶ᠋ᠢᠷᠠᠲᠤᠭᠤᠯᠤᠭᠴᠢ ᠭᠠᠷᠤᠲᠢ ᠶ᠋ᠢᠨ ᠵᠢᠭᠦᠷ ᠮᠡᠲᠦ ᠬᠥᠯ ᠲᠡᠢ
ᠠᠯᠢᠪᠠ ᠵᠦᠢᠯ ᠊ᠢ ᠬᠦᠷᠭᠡᠭᠴᠢ ᠪᠠᠷᠰ ᠦ᠋ᠨ ᠨᠢᠷᠤᠭᠤᠨ ᠴᠢᠲᠠᠯ ᠲᠠᠢ
( ᠲᠡᠮᠡᠭᠡ )
ᠬᠠᠭᠠᠯᠭ᠎ᠠ ᠦᠭᠡᠢ ᠣᠷᠳᠣᠨ ᠳ᠋ᠠᠭᠠᠨ ᠨᠢᠭᠡ ᠯᠡ ᠰᠡᠳᠬᠢᠯ ᠢ ᠪᠠᠷᠢᠬᠰᠠᠭᠠᠷ
ᠬᠠᠯᠠᠭᠤᠨ ᠢᠯᠴᠢ ᠶ᠋ᠢᠨ ᠰᠢᠲᠡᠰ ᠢᠶ᠋ᠠᠷ ᠡᠭᠦᠯᠡᠨ ᠬᠤᠪᠴᠠᠰᠤ ᠪᠦᠲᠦᠭᠡᠪᠡ
ᠬᠠᠮᠢᠶᠠᠲᠤ ᠴᠠᠭ ᠪᠣᠯᠬᠤᠢ ᠳ᠋ᠤ᠌ ᠠᠭᠤᠢ ᠪᠠᠨ ᠭᠡᠨᠡᠳᠲᠡ ᠡᠪᠳᠡᠯᠦᠭᠡᠳ
ᠬᠠᠨ ᠬᠤᠷᠮᠤᠰᠲᠠ ᠪᠠᠷ ᠣᠳᠴᠤ ᠦᠷᠡᠰ ᠦᠨ ᠬᠤᠷᠢᠮ ᠡᠳ᠋ᠯᠡᠮᠦᠢ
( ᠥᠨᠳᠡᠭᠡ ᠨᠡᠪᠴᠢᠬᠦ )
ᠬᠡᠯᠡ ᠳᠡᠭᠡᠷ᠎ᠡ ᠬᠦᠷᠪᠡᠰᠦ ᠪᠠᠯ ᠪᠤᠷᠠᠮ ᠤᠨ ᠠᠮᠲᠠ ᠲᠠᠢ
ᠬᠡᠪᠡᠯᠢ ᠳᠣᠲᠣᠷ᠎ᠠ ᠣᠷᠣᠪᠠᠰᠤ ᠬᠣᠤᠷᠲᠤ ᠮᠣᠭᠠᠢ ᠶ᠋ᠢᠨ ᠴᠢᠨᠠᠷ ᠲᠠᠢ
ᠬᠡᠨ ᠬᠦᠮᠦᠨ ᠪᠥᠬᠥᠳᠡ ᠪᠠᠶᠠᠷ ᠤᠨ ᠮᠠᠩᠯᠠᠢ ᠳ᠋ᠤᠷ ᠡᠷᠬᠢᠮᠯᠡᠪᠡᠴᠦ
ᠬᠡᠮᠵᠢᠶᠡᠨ ᠡᠴᠡ ᠪᠡᠨ ᠭᠡᠲᠦᠷᠪᠡᠰᠦ ᠤᠬᠠᠭᠠᠨ ᠮᠤᠩᠬᠠᠷᠠᠭᠤᠯᠬᠤ ᠡᠳ᠋
( ᠠᠷᠢᠬᠢ )
ᠬᠦᠢᠲᠡᠨ ᠢ ᠬᠥᠭᠵᠢᠭᠡᠬᠦ ᠵᠢᠬᠡᠭᠦᠨ ᠬᠠᠰ ᠤᠨ ᠬᠡᠮᠬᠡᠳᠡᠭ
ᠬᠦᠯᠳᠡᠬᠦᠢ ᠳ᠋ᠤᠷ ᠲᠤᠰᠠᠯᠠᠬᠤ ᠬᠥᠩᠭᠡᠨ ᠮᠥᠩᠭᠥᠨ ᠦ ᠦᠷᠦᠪᠳᠡᠰᠦ
ᠬᠦᠮᠦᠨ ᠠᠮᠢᠲᠠᠨ ᠲᠡᠭᠦᠨ ᠢ ᠳᠡᠮᠡᠢ ᠬᠦᠰᠡᠪᠡᠴᠦ
ᠬᠥᠷᠥᠰᠥᠲᠦ ᠳᠡᠯᠡᠬᠡᠢ ᠳ᠋ᠠᠬᠢᠨ᠎ᠠ ᠰᠢᠨ᠎ᠡ ᠲᠡᠵᠢᠭᠡᠯ ᠪᠣᠯᠤᠮᠤᠢ
( ᠴᠠᠰᠤ )
ᠠᠩᠬ᠎ᠠ ᠲᠥᠷᠥᠭᠰᠡᠨ ᠪᠡᠶ᠎ᠡ ᠰᠠᠬᠠᠯ ᠰᠠᠮᠪᠠᠢ ᠵᠤᠵᠠᠭᠠᠨ
ᠠᠬ᠎ᠠ ᠳᠡᠭᠦᠦ ᠶ᠋ᠢᠨ ᠲᠤᠰᠠ ᠪᠠᠷ ᠲᠡᠮᠦᠷ ᠲᠠᠪᠠᠭ ᠢ ᠡᠳ᠋ᠯᠡᠪᠡᠢ
ᠠᠭᠠᠷ ᠲᠤ ᠳᠡᠭᠳᠡᠨ ᠭᠠᠷᠴᠤ ᠢᠨᠠᠭᠰᠢ ᠴᠢᠨᠠᠭᠰᠢ ᠨᠢᠰᠬᠦ ᠳ᠋ᠤ᠌
ᠠᠩᠬᠠᠷᠤᠭᠰᠠᠨ ᠲᠦᠮᠡᠨ ᠨᠢᠳᠦ ᠲᠡᠭᠦᠨ ᠢ ᠳᠠᠭᠠᠨ ᠡᠷᠭᠢᠯᠳᠦᠮᠦᠢ
( ᠲᠡᠪᠡᠭ )
ᠰᠠᠶ᠋ᠢᠬᠠᠨ ᠬᠡᠭᠡᠨᠴᠢᠷ ᠭᠡᠷ ᠲᠤᠨᠢ ᠵᠣᠴᠢᠨ ᠪᠠᠭᠤᠬᠤ ᠦᠭᠡᠢ
ᠰᠠᠳᠤᠨ ᠲᠥᠷᠥᠯ ᠣᠯᠠᠨ ᠴᠦ᠍ ᠨᠢᠭᠡᠨ ᠢᠶ᠋ᠡᠨ ᠥᠮᠥᠭᠯᠡᠬᠦ ᠴᠢᠳᠠᠯ ᠦᠭᠡᠢ
ᠰᠠᠳᠤᠷ ᠰᠢᠨᠤᠯ ᠠᠪᠢᠶᠠᠰ ᠢᠶ᠋ᠠᠷ ᠳᠤᠷ᠎ᠠ ᠶ᠋ᠢ ᠲᠠᠲᠠᠬᠤ ᠡᠷᠳᠡᠮ ᠲᠡᠢ
ᠰᠠᠨᠠᠭ᠎ᠠ ᠰᠢᠭᠤᠳᠤᠨ ᠬᠠᠨᠢᠯᠠᠪᠠᠰᠤ ᠪᠤᠳᠤᠩᠭᠤᠢ ᠬᠣᠤᠷ ᠤᠨ ᠦᠨᠳᠦᠰᠦ
( ᠶᠠᠩᠵᠤᠤᠷ )
ᠲᠩᠷᠢ ᠶ᠋ᠢᠨ ᠣᠷᠣᠨ ᠤ ᠠᠷᠪᠠᠨ ᠠᠷᠪᠠ ᠨᠠᠢ᠍ᠮᠠᠨ ᠣᠳᠣᠨ ᠪᠠᠭᠤᠵᠤ
ᠲᠡᠮᠳᠡᠭᠯᠡᠨ ᠵᠠᠬᠢᠷᠬᠤ ᠳᠦᠷᠪᠡᠨ ᠮᠣᠵᠢ ᠶ᠋ᠢ ᠬᠠᠷᠢᠶᠠᠲᠤ ᠪᠣᠯᠭᠠᠭᠠᠳ
ᠲᠡᠷᠡ ᠪᠣᠭᠳᠠ ᠳᠤ ᠪᠣᠭᠣᠯ ᠭᠡᠮᠡᠨ ᠳᠠᠭᠠᠬᠤ ᠳ᠋ᠠᠭᠠᠨ ᠭᠠᠭᠴᠠ ᠬᠦ
ᠲᠦᠭᠳᠡᠷᠡᠯ ᠦᠭᠡᠢ ᠰᠢᠳᠤᠷᠭᠤ ᠪᠠᠲᠤ ᠶᠣᠰᠣᠨ ᠳᠤ ᠬᠤᠮᠪᠤᠭᠲᠠᠪᠠᠢ
( ᠡᠷᠢᠬᠡ )
ᠲᠣᠯᠣᠭᠠᠢ ᠬᠥᠯ ᠢᠯᠭᠠᠯ ᠦᠭᠡᠢ ᠪᠣᠯᠪᠠᠴᠤ ᠤᠤᠠᠬᠤ ᠦᠭᠡᠢ
ᠲᠣᠩ ᠴᠦ᠍ ᠲᠦᠷᠭᠡᠨ ᠳᠣᠪᠲᠣᠯᠪᠠᠴᠤ ᠲᠣᠭᠣᠰᠣ ᠦᠯᠦ ᠳᠡᠭᠳᠡᠮᠦᠢ
ᠲᠣᠯᠢ ᠮᠡᠲᠦ ᠲᠣᠲᠣᠷᠬᠠᠢ ᠦᠵᠡᠪᠡᠴᠦ ᠨᠢᠲᠦᠨ ᠣᠷᠣᠨ ᠣᠯᠲᠠᠬᠤ ᠦᠭᠡᠢ
ᠲᠣᠷᠭᠣᠯ ᠦᠭᠡᠢ ᠱᠤᠩᠪᠠᠪᠠᠴᠤ ᠪᠡᠶ᠎ᠡ ᠮᠠᠬᠠᠪᠣᠳ ᠡᠪᠲᠡᠷᠡᠬᠦ ᠦᠭᠡᠢ
( ᠭᠣᠣᠯ ᠦ᠋ᠨ ᠤᠰᠤ )
ᠦᠵᠡᠪᠡᠴᠦ ᠪᠡᠶ᠎ᠡ ᠨᠢ ᠪᠢᠴᠢᠬᠠᠨ ᠪᠣᠯᠪᠠᠴᠤ ᠭᠤᠸ᠋᠎ᠠ ᠴᠡᠪᠡᠷ ᠲᠥᠷᠥᠵᠦ
ᠦᠨ᠎ᠡ ᠯᠤᠭᠡ ᠲᠡᠩᠴᠡᠭᠦᠯᠪᠡᠰᠦ ᠮᠢᠩᠬ᠋᠎ᠠ ᠲᠦᠮᠡ ᠲᠡᠢ ᠵᠡᠷᠭᠡᠴᠡᠮᠦᠢ
ᠥᠲᠡᠯᠦᠭᠡ ᠥᠩᠭᠡᠨ ᠳ᠋ᠤᠷ ᠳᠤᠷᠠᠲᠠᠢ ᠲᠤᠯᠠ ᠨᠢᠭᠤᠷ ᠶᠤᠭᠠᠨ ᠡᠩᠭᠡᠰᠬᠡᠲᠡᠭᠡᠳ
ᠦᠷᠭᠦᠯᠵᠢ ᠰᠠᠯᠤᠯ ᠦᠭᠡᠢ ᠪᠢᠴᠢᠭ ᠦ᠋ᠨ ᠭᠡᠷ ᠲᠤᠷ ᠵᠠᠷᠤᠭᠲᠠᠮᠤᠢ
( ᠵᠢᠭᠤᠷᠠᠭᠤᠯ )
ᠲᠥᠷᠥᠭᠰᠡᠨ ᠪᠡᠶ᠎ᠡ ᠨᠠᠷᠢᠨ ᠪᠥᠭᠡᠳ ᠭᠠᠭᠴᠠ ᠬᠥᠯ ᠨᠢ ᠱᠣᠶ᠋ᠢᠱᠣᠭ
ᠲᠥᠷᠥᠯᠬᠢ ᠤᠲᠤᠮ ᠨᠢ ᠴᠢᠭᠢᠭ ᠲᠡᠢ ᠤᠴᠢᠷ ᠥᠯᠮᠡᠢ ᠳ᠋ᠡᠭᠡᠨ ᠬᠠᠷ᠎ᠠ ᠰᠢᠪᠠᠷ ᠲᠠᠢ
ᠲᠥᠪ ᠴᠢᠬᠡᠴᠢ ᠵᠠᠮᠨᠠᠬᠤ ᠶ᠋ᠢᠨ ᠲᠥᠯᠥᠭᠡ ᠬᠥᠯᠥᠰᠥ ᠪᠡᠨ ᠦᠷᠭᠦᠯᠵᠢ ᠴᠤᠪᠤᠷᠠᠭᠤᠯᠵᠤ
ᠲᠦᠮᠡᠨ ᠢᠷᠭᠡᠨ ᠊ᠢ ᠰᠡᠬᠡᠭᠡᠷᠡᠭᠦᠯᠬᠦ ᠶᠠᠪᠤᠲᠠᠯ ᠶ᠋ᠢᠠᠷ ᠨᠠᠰᠤᠨ ᠪ ᠦᠢᠯᠡᠰ ᠶ᠋ᠢᠡᠨ ᠪᠣᠯᠭᠠᠵᠤᠬᠤᠢ
( ᠦᠰᠦᠨ ᠪᠢᠷ )
ᠠᠮᠲᠠᠲᠤ ᠰᠦ᠋ ᠶ᠋ᠢ ᠨᠢ ᠬᠥᠬᠥᠪᠡᠴᠦ ᠰᠢᠮ᠎ᠡ ᠨᠢ ᠦᠯᠦ ᠪᠠᠷᠠᠭᠲᠠᠬᠤ
ᠠᠯᠠᠭᠠᠨ ᠳᠡᠭᠡᠷ᠎ᠡ ᠡᠴᠡ ᠨᠢ ᠳᠤᠲᠠᠭᠠᠪᠠᠴᠤ ᠭᠠᠷᠴᠤ ᠦᠯᠦ ᠴᠢᠲᠠᠬᠤ
ᠠᠯᠠᠬᠤ ᠮᠡᠰᠡ ᠪᠡᠷ ᠴᠠᠪᠴᠢᠪᠠᠴᠤ ᠬᠢᠯᠢᠩ ᠦᠯᠦ ᠲᠥᠷᠥᠬᠦ
ᠠᠮᠢᠲᠠᠨ ᠪᠦᠭᠦᠲᠡ ᠶ᠋ᠢ ᠡᠭᠦᠷᠪᠡᠴᠦ ᠠᠯᠵᠢᠶᠠᠨ ᠦᠯᠦ ᠪᠣᠲᠣᠬᠤ
( ᠭᠠᠵᠠᠷ ᠳᠡᠯᠡᠬᠡᠢ )
ᠴᠢᠭᠢᠷᠠᠭ ᠭᠦᠷᠦᠨ ᠊ᠢ ᠡᠵᠡᠯᠡᠭᠴᠢ ᠬᠦᠷᠡᠩ ᠡᠷᠢᠶᠡᠨ ᠪᠠᠷᠰ
ᠴᠠᠬᠢᠯᠭᠠᠨ ᠬᠤᠷ᠎ᠠ ᠶ᠋ᠢᠨ ᠪᠠᠭᠤᠯᠭᠠᠭᠴᠢ ᠠᠭᠠᠷ ᠦ᠋ᠨ ᠬᠥᠬᠡ ᠯᠤᠤ
ᠴᠡᠩᠬᠡᠷ ᠰᠢᠷ᠎ᠠ ᠪᠠᠷ ᠬᠤᠸᠠᠷᠯᠠᠭᠴᠢ ᠬᠠᠨ ᠭᠠᠷᠤᠲᠢ ᠶ᠋ᠢᠨ ᠵᠤᠯᠵᠠᠬ᠋᠎ᠠ
ᠴᠢᠮᠡᠭ ᠵᠠᠰᠠᠯ ᠶ᠋ᠢᠠᠷ ᠪᠦᠷᠬᠦᠭᠳᠡᠭᠰᠡᠨ ᠠᠭᠤᠯᠠ ᠶ᠋ᠢᠨ ᠴᠠᠭᠠᠨ ᠠᠷᠰᠯᠠᠨ
( ᠳᠥᠷᠪᠡᠨ ᠤᠯᠠᠷᠢᠯ )
ᠵᠠᠰᠠᠭ ᠨᠣᠶᠠᠳ ᠳᠡᠷᠭᠡᠳᠡ ᠪᠠᠶ᠋ᠢᠪᠠᠴᠤ ᠳᠡᠮᠡᠢ ᠬᠡᠷᠡᠭ ᠲᠡᠢ ᠪᠤᠰᠤ
ᠵᠠᠩᠲᠤᠷᠬᠤ ᠳᠠᠭᠤᠨ ᠪᠠᠬ᠋᠎ᠠ ᠪᠣᠯᠪᠠᠴᠤ ᠬᠡᠨ ᠪᠦᠬᠦᠨ ᠲᠥᠪᠡᠭᠰᠢᠶᠡᠮᠦᠢ
ᠵᠠᠮ ᠳ᠋ᠤ᠌ ᠲᠣᠬᠢᠶᠠᠯᠲᠤᠬᠤ ᠮᠤᠤᠰᠠᠶ᠋ᠢᠨ ᠊ᠢ ᠠᠯᠠᠭᠤᠯᠵᠤ ᠬᠥᠭᠡᠭᠡᠬᠦ ᠤᠴᠢᠷ
ᠵᠠᠪᠠᠯ ᠬᠠᠷᠢᠨ ᠬᠠᠷᠠᠩᠭᠤᠢ ᠰᠥᠨᠢ ᠡᠵᠡᠨ ᠪ ᠡᠯᠪᠡᠭ ᠊ᠢ ᠭᠦᠢᠴᠡᠤᠠᠬᠡᠮᠦᠢ
( ᠲᠣᠩᠰᠢᠭᠤᠷ ᠮᠠᠨᠠᠬ᠋ᠠ )
ᠳᠡᠭᠡᠷ᠎ᠡ ᠨᠢ ᠰᠠᠭᠤᠭᠰᠠᠨ ᠨᠣᠶᠠᠨ ᠨᠢ ᠮᠡᠷᠭᠡᠨ ᠪᠥᠭᠡᠳ ᠰᠡᠴᠡᠨ
ᠲᠠᠮᠠᠬ᠋᠎ᠠ ᠶ᠋ᠢ ᠪᠠᠷᠢᠬᠰᠠᠨ ᠲᠤᠰᠠᠯᠠᠭᠴᠢ ᠨᠢ ᠲᠠᠷᠭᠤᠨ ᠪᠥᠭᠡᠳ ᠪᠣᠭᠣᠨᠢ
ᠭᠠᠷ ᠦ᠋ᠨ ᠳᠣᠣᠷᠠᠬᠢ ᠬᠢᠶ᠎ᠡ ᠨᠢ ᠪᠥᠭᠳᠦᠷ ᠪᠥᠭᠡᠳ ᠶᠠᠬᠢᠷ
ᠭᠠᠲᠠᠭᠰᠢ ᠪᠠᠨ ᠵᠠᠷᠤᠬᠤ ᠭᠤᠴᠢᠬ ᠨᠢ ᠡᠪᠡᠷ ᠲᠡᠢ ᠪᠥᠭᠡᠳ ᠵᠢᠭᠦᠷ ᠲᠡᠢ
( ᠳᠠᠯᠤ ᠬᠠᠷᠢᠶᠠᠲᠤ ᠪᠣᠭᠲᠣᠰ ᠰᠢᠭᠢᠷ᠎ᠡ )
ᠲᠩᠷᠢ ᠭᠠᠵᠠᠷ ᠦ᠋ᠨ ᠰᠢᠮ᠎ᠡ ᠪᠡᠷ ᠪᠣᠲᠠᠰ ᠪᠣᠯᠤᠨ ᠪᠦᠷᠢᠯᠲᠦᠭᠡᠳ
ᠲᠡᠭᠦᠯᠲᠡᠷ ᠦᠨᠦᠷ ᠠᠮᠲᠠ ᠪᠠᠷ ᠬᠥᠮᠦᠨ ᠪ ᠳᠤᠷ᠎ᠠ ᠶ᠋ᠢ ᠪᠤᠯᠢᠶᠠᠭᠴᠢ
ᠲᠡᠮᠦᠷ ᠭᠠᠤᠯᠢ ᠮᠣᠲᠣᠨ ᠭᠠᠯ ᠶ᠋ᠢᠠᠷ ᠬᠥᠮᠦᠨ ᠪ ᠪᠡᠶ᠎ᠡ ᠶ᠋ᠢ ᠰᠥᠨᠥᠭᠡᠭᠴᠢ
ᠲᠡᠭᠦᠨ ᠡᠴᠡ ᠪᠤᠵᠠᠷ ᠬᠣᠣᠷ ᠳᠡᠯᠡᠬᠡᠢ ᠳ᠋ᠠᠬᠢᠨ ᠳ᠋ᠤᠷ ᠬᠣᠪᠣᠷ
( ᠲᠠᠮᠠᠬᠢ )
ᠬᠠᠷᠠᠪᠠᠰᠤ ᠲᠥᠯᠥᠪ ᠢᠨᠤ ᠲᠥᠪ ᠲᠥᠭᠥᠷᠢᠭ ᠢᠯᠡᠷᠬᠡᠢ ᠪᠣᠯᠪᠠᠴᠤ
ᠬᠠᠪᠢᠲᠠᠵᠤ ᠬᠦᠷᠦᠭᠡᠳ ᠦᠵᠡᠶ᠎ᠡ ᠭᠡᠬᠦᠯᠡᠷ ᠬᠠᠷᠢᠨ ᠮᠠᠰᠢ ᠬᠣᠯᠠ
ᠬᠠᠵᠠᠭᠠᠢ ᠦᠭᠡᠢ ᠶᠠᠪᠤᠲᠠᠭ ᠨᠢᠭᠡ ᠯᠡ ᠵᠠᠮ ᠶ᠋ᠢᠠᠷ ᠤᠤᠠᠬᠤ ᠪᠥᠭᠡᠳ
ᠬᠠᠯᠠᠭᠤᠨ ᠤᠲᠠᠭᠠᠨ ᠬᠦᠢᠲᠡᠨ ᠲᠦᠷᠭᠡᠨ ᠡᠨᠡ ᠶᠠᠭᠤᠨ ᠪ ᠬᠠᠷᠠᠬ᠋᠎ᠠ ᠪᠤᠢ
( ᠰᠠᠷ᠎ᠠ )
ᠦᠰᠦᠭ ᠠᠮᠢᠯᠠᠭᠤᠯᠤᠭᠴᠢ ᠄ ᠣᠶᠤᠨᠲᠤᠨᠠᠯ ᠂ ᠠᠯᠲᠠᠨᠲᠤᠶᠠᠭ᠎ᠠ ᠂ ᠳ᠋ᠦ᠋ᠩ ᠹᠧᠩ ᠂ ᠮᠢᠩᠭᠠᠳ · ᠴᠢᠮᠡᠭ
ᠬᠢᠨᠠᠭᠴᠢ ᠄ ᠬᠠᠷᠠᠨᠤᠳ · ᠲᠤᠶᠠᠭ᠎ᠠ ᠂ ᠮᠢᠩᠭᠠᠳ · ᠴᠢᠮᠡᠭ
