ᠰᠢᠨ᠎ᠡ ᠵᠢᠯ- ᠬᠣᠯᠪᠣᠭ᠎ᠠШинэ жил-холбоо
ᠰᠢᠨ᠎ᠡ ᠵᠢᠯ- ᠬᠣᠯᠪᠣᠭ᠎ᠠ
ᠰᠢᠨ᠎ᠡ ᠵᠢᠯ- ᠬᠣᠯᠪᠣᠭ᠎ᠠ
ᠰᠢᠨ᠎ᠡ ᠵᠢᠯ ᠦ᠋ᠨ ᠡᠬᠢᠨ ᠳ᠋ᠦ᠍
ᠰᠢᠨ᠎ᠡ ᠶ᠋ᠢᠨ ᠨᠢᠭᠡᠨ ᠦ᠌ ᠪᠠᠶᠠᠷ ᠲᠤ᠌
ᠠᠷᠠᠯᠲᠤ ᠬᠤᠭᠤᠷ ᠢ᠋ᠶ᠋ᠠᠨ ᠠᠳᠬᠤᠵᠤ
ᠠᠶᠠᠯᠭᠤ ᠬᠥᠭᠵᠢᠮ ᠢ᠋ᠶ᠋ᠡᠨ ᠡᠷᠡᠬᠦᠶᠡ ᠃
ᠰᠠᠷ᠎ᠠ ᠰᠢᠨ᠎ᠡ ᠶ᠋ᠢᠨ ᠪᠡᠯᠭᠡ ᠳ᠋ᠦ᠍
ᠰᠠᠢᠬᠠᠨ ᠮᠡᠨᠳᠦ ᠶ᠋ᠢᠨ ᠪᠠᠶᠠᠷ ᠲᠤ᠌
ᠬᠤᠷᠠᠵᠤ ᠴᠤᠭᠯᠠᠷᠠᠭᠰᠠᠨ ᠲᠠ ᠨᠠᠷ ᠲᠠᠭᠠᠨ
ᠬᠣᠯᠪᠣᠭ᠎ᠠ ᠰᠢᠯᠦᠭ ᠢ᠋ᠶ᠋ᠡᠨ ᠪᠠᠷᠢᠶ᠎ᠠ ᠃
ᠪᠤᠯᠠᠭᠠᠨ ᠲᠤᠭᠤᠷᠠᠢ ᠬᠡᠶ᠋ᠢᠰᠬᠡᠭᠰᠡᠭᠡᠷ
ᠪᠤᠶᠠᠨ ᠬᠡᠰᠢᠭ ᠨᠡᠮᠡᠭᠰᠡᠭᠡᠷ
ᠪᠤᠯᠲᠤ ᠣᠯᠠᠨ ᠊ᠢ ᠨᠠᠶ᠋ᠢᠷᠯᠠᠭᠤᠯᠤᠭᠰᠠᠭᠠᠷ
ᠰᠢᠨ᠎ᠡ ᠵᠢᠯ ᠮᠢᠨᠢ ᠵᠣᠴᠢᠯᠠᠵᠤ ᠢᠷᠡᠯ᠎ᠡ ᠃
ᠬᠠᠯᠢᠭᠤᠨ ᠲᠤᠭᠤᠷᠠᠢ ᠬᠡᠶ᠋ᠢᠰᠬᠡᠭᠰᠡᠭᠡᠷ
ᠬᠡᠰᠢᠭ ᠪᠤᠶᠠᠨ ᠨᠡᠮᠡᠭᠰᠡᠭᠡᠷ
ᠬᠠᠮᠤᠭ ᠣᠯᠠᠨ ᠊ᠢ ᠪᠠᠶᠠᠷᠯᠠᠭᠤᠯᠤᠭᠰᠠᠭᠠᠷ
ᠰᠢᠨ᠎ᠡ ᠵᠢᠯ ᠮᠢᠨᠢ ᠠᠶ᠋ᠢᠯᠴᠢᠯᠠᠵᠤ ᠢᠷᠡᠯ᠎ᠡ ᠃
ᠵᠣᠯ ᠲᠠᠢ ᠠᠵᠠ ᠲᠠᠢ ᠬᠡᠦᠬᠡᠳ ᠲᠦ᠍ ᠮᠢᠨᠢ
ᠪᠣᠣᠪᠣ ᠶ᠋ᠢᠨ ᠭᠠᠨᠵᠤᠭ᠎ᠠ ᠲᠠᠢ ᠬᠦᠷᠴᠦ ᠢᠷᠡᠵᠡᠢ
ᠵᠣᠷᠢᠭᠲᠠᠢ ᠴᠣᠭᠲᠠᠢ ᠨᠥᠬᠥᠳ ᠲᠦ᠍ ᠮᠢᠨᠢ
ᠠᠵᠢᠯ ᠤ᠋ᠨ ᠪᠡᠯᠡᠭ ᠲᠡᠢ ᠬᠦᠷᠴᠦ ᠢᠷᠡᠵᠡᠢ ᠃
ᠡᠪᠦᠭᠡᠳ ᠦ᠋ᠨ ᠠᠮᠤᠭᠤᠯᠠᠩ ᠊ᠢ ᠠᠶ᠋ᠢᠯᠠᠤᠠᠬᠠᠭᠠᠳ
ᠬᠠᠳᠠᠭ ᠪᠠᠷᠢᠭᠰᠠᠭᠠᠷ ᠬᠦᠷᠴᠦ ᠢᠷᠡᠵᠡᠢ ᠂
ᠥᠷᠨᠢᠵᠦ ᠲᠡᠩᠵᠢᠬᠦ ᠶ᠋ᠢ ᠢᠷᠦᠭᠡᠭᠡᠳ
ᠠᠵᠢᠯ ᠢ᠋ᠶ᠋ᠠᠨ ᠳ᠋ᠦ᠋ᠩᠨᠡᠭᠰᠡᠭᠡᠷ ᠬᠦᠷᠴᠦ ᠢᠷᠡᠵᠡᠢ ᠃
ᠠᠩᠬᠠᠳᠤᠭᠠᠷ ᠲᠠᠪᠤᠨ ᠵᠢᠯ ᠦ᠋ᠨ ᠲᠥᠯᠦᠪᠯᠡᠭᠡᠨ ᠦ᠌
ᠠᠮᠵᠢᠯᠲᠠ ᠶ᠋ᠢ ᠪᠠᠬᠠᠳᠤᠭᠰᠠᠭᠠᠷ ᠬᠦᠷᠴᠦ ᠢᠷᠡᠵᠡᠢ
ᠠᠬ᠎ᠠ ᠳᠡᠭᠦᠦ ᠦᠨᠳᠦᠰᠦᠲᠡᠨ ᠦ᠌ ᠨᠥᠬᠥᠷᠯᠡᠯ ᠦ᠋ᠨ
ᠪᠡᠬᠢᠵᠢᠯ ᠊ᠢ ᠪᠢᠰᠢᠷᠡᠭᠰᠡᠭᠡᠷ ᠬᠦᠷᠴᠦ ᠢᠷᠡᠵᠡᠢ ᠃
ᠡᠭᠦᠷᠢᠳᠡ ᠮᠠᠨᠳᠤᠬᠤ ᠵᠠᠮ ᠊ᠢ ᠮᠢᠨᠢ
ᠰᠠᠷᠠᠭᠤᠯᠰᠢᠭᠤᠯᠵᠤ ᠥᠭᠬᠦ ᠪᠡᠷ ᠬᠦᠷᠴᠦ ᠢᠷᠡᠵᠡᠢ
ᠡᠩᠬᠡ ᠲᠠᠶ᠋ᠢᠪᠤᠩ ᠦᠢᠯᠡᠰ ᠊ᠢ ᠮᠢᠨᠢ
ᠪᠠᠲᠤᠵᠢᠭᠤᠯᠵᠤ ᠥᠭᠬᠦ ᠪᠡᠷ ᠬᠦᠷᠴᠦ ᠢᠷᠡᠵᠡᠢ ᠃
ᠬᠣᠲᠠᠯᠠ ᠠᠷᠠᠳ ᠤ᠋ᠨ ᠵᠢᠷᠭᠠᠯ ᠊ᠢ
ᠵᠤᠵᠠᠭᠠᠳᠬᠠᠵᠤ ᠥᠭᠬᠦ ᠪᠡᠷ ᠬᠦᠷᠴᠦ ᠢᠷᠡᠵᠡᠢ
ᠬᠣᠶᠠᠳᠤᠭᠠᠷ ᠲᠠᠪᠤᠨ ᠵᠢᠯ ᠦ᠋ᠨ ᠲᠥᠯᠥᠪᠯᠡᠭᠡ ᠶ᠋ᠢ
ᠪᠡᠯᠡᠭᠯᠡᠵᠦ ᠪᠠᠷᠢᠭᠰᠠᠭᠠᠷ ᠬᠦᠷᠴᠦ ᠢᠷᠡᠵᠡᠢ ᠃
ᠠᠯᠲᠠ ᠴᠠᠭᠠᠨ ᠬᠠᠳᠠᠭ ᠢ᠋ᠶ᠋ᠠᠨ
ᠪᠠᠷᠢᠭᠠᠳ ᠪᠠᠷᠢᠭᠠᠳ ᠵᠣᠯᠭᠠᠵᠤ ᠪᠠᠶ᠋ᠢᠨ᠎ᠠ
ᠠᠮᠲᠠ ᠲᠡᠭᠦᠰ ᠰᠠᠷᠬᠤᠳ ᠢ᠋ᠶ᠋ᠠᠨ
ᠬᠡᠮᠨᠡᠭᠡᠳ ᠬᠡᠮᠨᠡᠭᠡᠳ ᠨᠠᠶ᠋ᠢᠷᠯᠠᠵᠤ ᠪᠠᠶ᠋ᠢᠨ᠎ᠠ ᠃
ᠬᠠᠰᠢᠷ ᠰᠠᠭᠤᠭᠰᠠᠨ ᠨᠠᠰᠤᠲᠠᠶ᠋ᠢᠴᠤᠳ ᠣᠣᠣ
ᠬᠤᠨᠳᠠᠭ᠎ᠠ ᠡᠷᠭᠦᠭᠡᠳ ᠬᠥᠭᠵᠢᠵᠡᠭᠡᠵᠦ ᠪᠠᠶ᠋ᠢᠨ᠎ᠠ
ᠬᠠᠨᠠᠭᠠᠷ ᠴᠢᠯᠥᠭᠡᠲᠦ ᠨᠡᠶ᠋ᠢᠭᠡᠮ ᠢ᠋ᠶ᠋ᠡᠨ
ᠰᠡᠳᠬᠢᠯ ᠨᠢᠭᠡᠲᠡᠢ ᠪᠠᠬᠠᠳᠤᠵᠠᠭᠠᠵᠤ ᠪᠠᠶ᠋ᠢᠨ᠎ᠠ ᠃
ᠰᠡᠩᠰᠡᠬᠡᠷ ᠭᠡᠵᠢᠭᠡ ᠲᠡᠢ ᠪᠠᠭᠠᠴᠤᠳ
ᠫᠤᠤᠵᠢᠩ ᠢ᠋ᠶ᠋ᠠᠨ ᠲᠠᠯᠪᠢᠭᠠᠳ ᠪᠥᠵᠢᠬᠢᠨᠡᠵᠤ ᠪᠠᠶ᠋ᠢᠨ᠎ᠠ
ᠰᠡᠷᠭᠦᠯᠡᠩ ᠵᠢᠪᠬᠤᠭ᠎ᠠ ᠲᠠᠢ ᠪᠠᠭᠠᠴᠤᠳ
ᠳᠠᠭᠤᠤ ᠪᠠᠨ ᠳᠠᠭᠤᠯᠠᠭᠠᠳ ᠬᠠᠩᠭᠢᠨᠠᠭᠤᠯᠵᠤ ᠪᠠᠶ᠋ᠢᠨ᠎ᠠ ᠃
ᠬᠠᠭᠤᠴᠢᠨ ᠦᠶ᠎ᠡ ᠶ᠋ᠢᠨ ᠦᠯᠢᠭᠡᠷ ᠭᠡᠳ
ᠡᠪᠦᠭᠡᠳ ᠴᠤᠭᠤᠷ ᠢ᠋ᠶ᠋ᠠᠨ ᠬᠦᠩᠭᠢᠨᠡᠭᠦᠯᠵᠦ ᠪᠠᠶ᠋ᠢᠨ᠎ᠠ
ᠰᠢᠨ᠎ᠡ ᠴᠠᠭ ᠤ᠋ᠨ ᠬᠣᠯᠪᠣᠭ᠎ᠠ ᠭᠡᠳ
ᠵᠠᠯᠠᠭᠤᠴᠤᠳ ᠬᠤᠭᠤᠷ ᠢ᠋ᠶ᠋ᠠᠨ ᠭᠥᠭᠯᠡᠵᠦ ᠪᠠᠶ᠋ᠢᠨ᠎ᠠ ᠃
ᠡᠷᠳᠡᠨᠢ ᠰᠦᠮᠪᠦᠷ ᠠᠭᠤᠯᠠ ᠮᠡᠲᠦ
ᠰᠡᠬᠦᠶ᠋ᠢᠵᠦ ᠲᠡᠬᠡᠭ᠌ᠰᠡᠢ ᠪᠡᠨ ᠰᠦᠨᠲᠡᠷᠯᠡᠭᠰᠡᠨ
ᠡᠬᠡ ᠮᠥᠷᠡᠨ ᠦ᠌ ᠤᠰᠤ ᠮᠡᠲᠦ
ᠪᠢᠯᠬᠠᠵᠤ ᠰᠠᠢᠬᠠᠨ ᠮᠡᠯᠮᠡᠯᠵᠡᠭᠰᠡᠨ ᠃
ᠠᠯᠲᠠᠨ ᠰᠦᠮᠪᠦᠷ ᠠᠭᠤᠯᠠ ᠮᠡᠲᠦ
ᠥᠨᠳᠥᠷ ᠰᠦᠷᠲᠡᠢ ᠭᠢᠯᠠᠯᠵᠠᠭᠰᠠᠨ
ᠠᠨᠠᠪᠠᠳ ᠳᠥᠷᠪᠡᠨ ᠳᠠᠯᠠᠢ ᠮᠡᠲᠦ
ᠢᠷᠣᠭᠠᠷ ᠦᠭᠡᠢ ᠮᠡᠯᠲᠡᠯᠵᠡᠭᠰᠡᠨ
ᠠᠭᠤᠤ ᠴᠢᠯᠥᠭᠡᠲᠦ ᠨᠡᠶ᠋ᠢᠭᠡᠮ ᠢ᠋ᠶ᠋ᠡᠨ
ᠮᠠᠭᠲᠠᠨ ᠮᠠᠭᠲᠠᠨ ᠶᠠᠷᠢᠯᠴᠠᠵᠤ ᠪᠠᠶ᠋ᠢᠨ᠎ᠠ
ᠠᠴᠢᠲᠠᠢ ᠬᠠᠯᠠᠮᠵᠢᠲᠠᠢ ᠨᠠᠮ ᠢ᠋ᠶ᠋ᠠᠨ
ᠪᠢᠰᠢᠷᠡᠨ ᠪᠢᠰᠢᠷᠡᠨ ᠬᠦᠷᠢᠶᠡᠯᠡᠵᠦ ᠪᠠᠶ᠋ᠢᠨ᠎ᠠ ᠃
ᠬᠤᠷᠴᠠ ᠨᠠᠷᠠᠨ ᠤ᠋ ᠭᠡᠷᠡᠯ
ᠬᠥᠪᠴᠢᠨ ᠳᠡᠯᠡᠬᠡᠢ ᠳ᠋ᠦ᠍ ᠰᠠᠴᠤᠷᠠᠵᠤ ᠪᠠᠶ᠋ᠢᠨ᠎ᠠ
ᠬᠤᠪᠢᠰᠬᠠᠯᠳᠤ ᠵᠠᠰᠠᠭ ᠤ᠋ᠨ ᠠᠴᠢ
ᠠᠷᠠᠳ ᠲᠦᠮᠡᠨ ᠊ᠢ ᠬᠡᠶ᠋ᠢᠬᠥᠯᠵᠤ ᠪᠠᠶ᠋ᠢᠨ᠎ᠠ ᠃
ᠽᠠᠨᠳᠠᠨ ᠮᠣᠳᠣ ᠣᠷᠭᠣᠭᠠᠳ
ᠰᠠᠯᠠᠭ᠎ᠠ ᠨᠠᠪᠴᠢ ᠨᠢ ᠪᠦᠷᠢᠳᠴᠦ ᠪᠠᠶ᠋ᠢᠨ᠎ᠠ
ᠰᠠᠢᠨ ᠤ᠋ ᠬᠤᠲᠤᠭ ᠲᠣᠭᠲᠠᠭᠠᠳ
ᠰᠠᠶ᠎ᠠ ᠣᠯᠠᠨ ᠮᠢᠨᠢ ᠳᠠᠪᠰᠢᠵᠤ ᠪᠠᠶ᠋ᠢᠨ᠎ᠠ ᠃
ᠨᠠᠷᠠᠰᠤᠨ ᠮᠣᠳᠣ ᠣᠷᠭᠣᠭᠠᠳ
ᠨᠠᠮᠠᠭ᠎ᠠ ᠮᠥᠴᠢᠷ ᠨᠢ ᠰᠠᠬᠰᠠᠶ᠋ᠢᠵᠤ ᠪᠠᠶ᠋ᠢᠨ᠎ᠠ
ᠨᠠᠰᠤᠨ ᠲᠣᠷᠰᠢ ᠳ᠋ᠠᠭᠠᠨ ᠵᠢᠷᠭᠠᠵᠤ
ᠰᠠᠷᠠᠭᠤᠯ ᠭᠡᠷ ᠢ᠋ᠶ᠋ᠡᠷ ᠢ᠋ᠶ᠋ᠡᠨ ᠥᠭᠡᠳᠡᠯᠡᠵᠦ ᠪᠠᠶ᠋ᠢᠨ᠎ᠠ ᠃
ᠴᠢᠭᠢᠭ ᠢᠯᠴᠢ ᠨᠢ ᠲᠡᠩᠴᠡᠭᠡᠳ
ᠴᠡᠴᠡᠭ ᠬᠤᠸᠠᠷ ᠨᠢ ᠳᠡᠯᠭᠡᠷᠡᠵᠦ ᠪᠠᠶ᠋ᠢᠨ᠎ᠠ
ᠴᠢᠩ ᠰᠡᠤᠠᠬᠢᠯᠲᠡᠳ ᠨᠥᠬᠥᠳ ᠬᠤᠷᠰᠢᠭᠠᠳ
ᠴᠡᠩᠭᠡᠯ ᠵᠢᠷᠭᠠᠯ ᠣᠷᠬᠢᠵᠤ ᠪᠠᠶ᠋ᠢᠨ᠎ᠠ ᠃
ᠤᠰᠤ ᠨᠠᠷᠠᠨ ᠨᠢ ᠲᠡᠩᠴᠡᠭᠡᠳ
ᠤᠷᠭᠤᠮᠠᠯ ᠪᠦᠬᠦᠨ ᠰᠣᠶᠣᠭᠠᠯᠠᠵᠤ ᠪᠠᠶ᠋ᠢᠨ᠎ᠠ
ᠤᠬᠠᠭᠠᠨ ᠰᠠᠨᠠᠭ᠎ᠠ ᠰᠠᠷᠠᠭᠤᠯᠰᠢᠭᠠᠳ
ᠤᠷᠤᠭᠰᠢ ᠳᠠᠪᠰᠢᠨ ᠬᠢᠯᠠᠶ᠋ᠢᠵᠤ ᠪᠠᠶ᠋ᠢᠨ᠎ᠠ ᠃
ᠪᠤᠯᠠᠭ ᠤ᠋ᠨ ᠤᠰᠤ ᠶ᠋ᠢ ᠠᠷᠢᠯᠭᠠᠪᠠᠯ
ᠪᠤᠷᠵᠠᠩ ᠶᠡᠷᠦ ᠳ᠋ᠡᠭᠡᠨ ᠭᠠᠷᠳᠠᠭ ᠦᠭᠡᠢ
ᠪᠣᠳᠣᠯ ᠦᠵᠡᠯ ᠢ᠋ᠶ᠋ᠡᠨ ᠥᠭᠡᠷᠡᠴᠢᠯᠡᠪᠡᠯ
ᠪᠤᠷᠤᠭᠤ ᠬᠡᠵᠢᠶ᠎ᠡ ᠴᠦ᠍ ᠪᠣᠯᠳᠠᠭ ᠦᠭᠡᠢ ᠃
ᠱᠠᠩᠳᠠ ᠶ᠋ᠢᠨ ᠤᠰᠤ ᠶ᠋ᠢ ᠲᠤᠩᠭᠠᠪᠠᠯ
ᠰᠢᠪᠠᠷ ᠬᠡᠵᠢᠶ᠎ᠡ ᠴᠦ᠍ ᠭᠠᠷᠳᠠᠭ ᠦᠭᠡᠢ
ᠰᠡᠳᠬᠢᠯ ᠰᠠᠨᠠᠭ᠎ᠠ ᠪᠠᠨ ᠨᠢᠭᠡᠳᠬᠡᠪᠡᠯ
ᠰᠡᠪ ᠡᠭᠦᠷᠢᠳᠡ ᠪᠠᠶ᠋ᠢᠲᠠᠭ ᠦᠭᠡᠢ ᠃
ᠪᠣᠯᠣᠳ ᠲᠡᠮᠦᠷ ᠬᠠᠲᠠᠭᠤ ᠴᠤ᠌
ᠪᠣᠯᠪᠠᠰᠤᠷᠠᠭᠤᠯᠵᠤ ᠪᠠᠶ᠋ᠢᠭᠠᠳ ᠡᠲᠯᠡᠵᠡᠬᠡᠵᠤ ᠪᠠᠶ᠋ᠢᠨ᠎ᠠ
ᠪᠤᠲᠠᠷᠬᠠᠢ ᠲᠠᠷᠠᠬᠠᠢ ᠠᠮᠢᠳᠤᠷᠠᠯ ᠢ᠋ᠶ᠋ᠠᠨ
ᠪᠤᠯᠲᠤ ᠪᠠᠷ ᠴᠢᠷᠮᠠᠶ᠋ᠢᠨ ᠥᠭᠡᠷᠡᠴᠢᠯᠡᠵᠡᠭᠡᠵᠦ ᠪᠠᠶ᠋ᠢᠨ᠎ᠠ ᠃
ᠭᠠᠩ ᠲᠡᠮᠦᠷ ᠬᠠᠲᠠᠭᠤ ᠴᠤ᠌
ᠭᠠᠯ ᠤ᠋ᠨ ᠬᠦᠴᠦ ᠪᠡᠷ ᠠᠰᠢᠭᠯᠠᠵᠠᠭᠠᠵᠤ ᠪᠠᠶ᠋ᠢᠨ᠎ᠠ
ᠭᠠᠭᠴᠠ ᠭᠠᠭᠴᠠ ᠪᠠᠷ ᠢ᠋ᠶ᠋ᠠᠨ ᠶᠠᠪᠤᠳᠠᠭ ᠨᠢ ᠴᠦ᠍
ᠭᠠᠷ ᠢ᠋ᠶ᠋ᠠᠨ ᠪᠠᠷᠢᠯᠴᠠᠭᠠᠳ ᠪᠦᠯᠬᠦᠮᠳᠡᠵᠡᠭᠡᠵᠦ ᠪᠠᠶ᠋ᠢᠨ᠎ᠠ ᠃
ᠽᠠᠨᠳᠠᠨ ᠭᠡᠰᠡᠨ ᠮᠣᠳᠣ ᠴᠢᠨᠢ
ᠵᠠᠯᠭᠠᠭ᠎ᠠ ᠦᠭᠡᠢ ᠠᠰᠠᠬᠠ ᠶᠤᠮ
ᠵᠠᠯᠠᠭᠤ ᠬᠥᠭᠰᠢᠨ ᠪᠦᠭᠦᠳᠡᠭᠡᠷ ᠢ᠋ᠶ᠋ᠡᠨ
ᠢᠯᠭᠠᠭ᠎ᠠ ᠦᠭᠡᠢ ᠪᠠᠶᠠᠷᠲᠠᠢ ᠶᠤᠮ ᠃
ᠠᠭᠠᠷᠤ ᠭᠡᠰᠡᠨ ᠮᠣᠳᠣ ᠴᠢᠨᠢ
ᠠᠩᠬᠢᠯᠤᠮ᠎ᠠ ᠰᠠᠢᠬᠠᠨ ᠦᠨᠦᠷ ᠲᠠᠢ ᠶᠤᠮ
ᠠᠬ᠎ᠠ ᠳᠡᠭᠦᠦ ᠣᠯᠠᠨ ᠢ᠋ᠶ᠋ᠠᠷ ᠢ᠋ᠶ᠋ᠠᠨ
ᠠᠯᠠᠭ ᠦᠭᠡᠢ ᠬᠥᠷ ᠲᠠᠢ ᠶᠤᠮ ᠃
ᠠᠨᠠᠪᠠᠳ ᠳᠥᠷᠪᠡᠨ ᠳᠠᠯᠠᠢ ᠭᠡᠭᠴᠢ
ᠢᠷᠣᠭᠠᠷ ᠦᠭᠡᠢ ᠭᠦᠨ ᠶᠦ᠍ᠮ
ᠠᠭᠤᠤ ᠨᠠᠮ ᠤ᠋ᠨ ᠠᠴᠢ ᠭᠡᠭᠴᠢ
ᠢᠷᠣᠭᠠᠷ ᠦᠭᠡᠢ ᠵᠤᠵᠠᠭᠠᠨ ᠶᠤᠮ ᠃
ᠡᠬᠡ ᠮᠥᠷᠡᠨ ᠦ᠌ ᠤᠰᠤ ᠭᠡᠭᠴᠢ
ᠢᠷᠣᠭᠠᠷ ᠲᠠᠢ ᠪᠠᠷ ᠤᠷᠤᠰᠤᠭᠰᠠᠨ ᠶᠤᠮ
ᠡᠨᠡᠷᠢᠯᠲᠦ ᠮᠠᠤ ᠽᠧ ᠳ᠋ᠦ᠋ᠩ ᠦ᠋ᠨ ᠬᠠᠶ᠋ᠢᠷ᠎ᠠ ᠭᠡᠭᠴᠢ
ᠢᠷᠣᠭᠠᠷ ᠦᠭᠡᠢ ᠭᠦᠨ ᠶᠦ᠍ᠮ ᠃
ᠦᠨᠡᠨ ᠪᠣᠯᠤᠭᠰᠠᠨ ᠵᠦᠢᠯ ᠢ᠋ᠶ᠋ᠡᠷ
ᠦᠯᠢᠭᠡᠷᠯᠡᠵᠦ ᠠᠪᠤᠭᠠᠳ ᠬᠡᠯᠡᠶ᠎ᠡ
ᠦᠳᠡᠰᠢᠯᠡᠭᠡ ᠳ᠋ᠦ᠍ ᠣᠷᠣᠯᠴᠠᠭᠰᠠᠨ ᠨᠤᠭᠦᠳ ᠮᠢᠨᠢ
ᠡᠭᠦᠨ ᠊ᠢ ᠲᠤᠩᠭᠠᠨ ᠰᠣᠨᠣᠰᠤᠨ᠎ᠠ ᠦᠦ ᠳᠡ ᠃
ᠰᠣᠶᠣᠯ ᠢ᠋ᠶ᠋ᠠᠷ ᠮᠥᠴᠢᠳ ᠣᠷᠣᠨ ᠳ᠋ᠤ᠌ ᠮᠢᠨᠢ
ᠶᠡᠬᠡ ᠰᠤᠷᠭᠠᠭᠤᠯᠢ ᠶ᠋ᠢ ᠴᠦ᠍ ᠪᠠᠶ᠋ᠢᠭᠤᠯᠤᠭᠰᠠᠨ
ᠰᠣᠨᠳᠣᠭᠣᠢ ᠪᠤᠶ᠋ᠢᠲᠠ ᠨᠤᠲᠤᠭ ᠲᠤ᠌ ᠮᠢᠨᠢ
ᠦᠵᠡᠰᠬᠦᠯᠡᠩ ᠬᠣᠲᠠ ᠶ᠋ᠢ ᠴᠦ᠍ ᠪᠤᠰᠬᠠᠭᠰᠠᠨ ᠃
ᠮᠠᠨ ᠤ᠋ ᠤᠯᠤᠰ ᠤ᠋ᠨ ᠬᠡᠮᠵᠢᠶᠡᠨ ᠳ᠋ᠡᠭᠡᠨ
ᠮᠠᠩᠯᠠᠢ ᠳ᠋ᠤ᠌ ᠣᠷᠣᠮᠠᠷ ᠴᠢᠳᠠᠯ ᠲᠠᠢ
ᠪᠤᠭᠤᠲᠤ ᠬᠣᠲᠠ ᠶ᠋ᠢᠨ ᠪᠣᠯᠣᠳ ᠊ᠢ
ᠪᠤᠯᠠᠭ ᠤ᠋ᠨ ᠤᠰᠤ ᠰᠢᠭ᠋ ᠤᠨᠳᠤᠷᠤᠭᠤᠯᠤᠭᠰᠠᠨ ᠃
ᠪᠠᠷᠲᠠᠭ᠎ᠠ ᠰᠠᠭᠠᠳ ᠤ᠋ᠨ ᠳᠤᠮᠳᠠᠭᠤᠷ
ᠪᠠᠭᠠᠲᠤᠷ ᠠᠵᠢᠯᠴᠢᠳ ᠰᠢᠨᠵᠢᠯᠡᠭᠡᠳ
ᠪᠡᠶᠡᠬᠤᠪᠤᠭᠠ ᠶ᠋ᠢᠨ ᠬᠦᠳᠡᠷ ᠊ᠢ
ᠪᠠᠶ᠋ᠢᠭᠠᠯ ᠳᠠᠯᠠᠢ ᠰᠢᠭ᠋ ᠴᠠᠯᠭᠢᠯᠠᠭᠤᠯᠤᠭᠰᠠᠨ ᠃
ᠬᠠᠭᠠᠵᠤ ᠪᠠᠶ᠋ᠢᠬᠰᠠᠨ ᠡᠭᠦᠳᠡ ᠶ᠋ᠢ ᠨᠢ
ᠨᠡᠭᠡᠭᠡᠵᠦ ᠬᠡᠨ ᠮᠢᠨᠢ ᠴᠢᠳᠠᠪᠠ ?
ᠬᠠᠳᠠᠭᠠᠯᠠᠵᠤ ᠪᠠᠶ᠋ᠢᠬᠰᠠᠨ ᠪᠠᠶᠠᠯᠢᠭ ᠊ᠢ ᠨᠢ
ᠰᠢᠨᠵᠢᠯᠡᠵᠦ ᠬᠡᠨ ᠮᠢᠨᠢ ᠭᠠᠷᠭᠠᠪᠠ ?
ᠲᠦᠭᠵᠢᠶ᠎ᠡ ᠲᠡᠢ ᠪᠠᠶ᠋ᠢᠬᠰᠠᠨ ᠣᠨᠢᠰᠣᠨ ᠳ᠋ᠤᠨᠢ
ᠲᠦᠯᠬᠢᠭᠦᠷ ᠬᠡᠨ ᠮᠢᠨᠢ ᠲᠠᠭᠠᠷᠠᠭᠤᠯᠪᠠ ?
ᠪᠤᠯᠠᠭᠳᠠᠵᠤ ᠪᠠᠶ᠋ᠢᠬᠰᠠᠨ ᠪᠠᠶᠠᠯᠢᠭ ᠊ᠢ ᠨᠢ
ᠪᠣᠯᠪᠠᠰᠤᠷᠠᠭᠤᠯᠵᠤ ᠬᠡᠨ ᠮᠢᠨᠢ ᠥᠭᠪᠡ ?
ᠶᠣᠰᠣᠲᠠᠢ ᠰᠠᠢᠬᠠᠨ ᠴᠣᠭᠴᠠᠯᠠᠳᠠᠭ ᠨᠢ
ᠬᠠᠮᠤᠭ ᠊ᠢ ᠢᠯᠠᠳᠠᠭ ᠠᠵᠢᠯᠴᠢᠳ ᠠ᠋
ᠠᠴᠢᠲᠠᠢ ᠲᠤᠰᠠᠲᠠᠢ ᠨᠥᠬᠥᠷ ᠮᠢᠨᠢ
ᠠᠬ᠎ᠠ ᠳᠡᠭᠦᠦ ᠤᠯᠤᠰ ᠦ᠋ᠳ ᠠ᠋ ᠃
ᠨᠠᠷᠠ ᠰᠠᠷ᠎ᠠ ᠰᠢᠭ᠋ ᠭᠡᠷᠡᠯᠲᠡᠢ ᠨᠢ
ᠨᠠᠮ ᠵᠠᠰᠠᠭ ᠤ᠋ᠨ ᠤᠳᠤᠷᠢᠳᠤᠯᠭ᠎ᠠ ᠶᠤᠮ
ᠨᠠᠰᠤᠨ ᠲᠣᠷᠰᠢ ᠶ᠋ᠢᠨ ᠵᠢᠷᠭᠠᠯ
ᠡᠭᠦᠨ ᠦ᠌ ᠠᠴᠢ ᠪᠠᠷ ᠮᠥᠩᠬᠡᠷᠡᠳᠡᠭ ᠠ᠋ ᠃
ᠠᠷᠠᠳ ᠲᠦᠮᠡᠨ ᠦ᠌ ᠬᠦᠴᠦ
ᠠᠭᠤᠯᠠ ᠬᠠᠳᠠ ᠰᠢᠭ᠋ ᠪᠠᠲᠤ ᠶᠤᠮ
ᠠᠷᠢᠭᠤᠨ ᠦᠨᠡᠨ ᠶᠣᠰᠣ
ᠷᠠᠰᠢᠶᠠᠨ ᠪᠤᠯᠠᠭ ᠰᠢᠭ᠋ ᠲᠤᠩᠭᠠᠯᠠᠭ ᠶᠤᠮ ᠃
ᠡᠪ ᠬᠠᠮᠲᠤ ᠨᠠᠮ ᠤ᠋ᠨ ᠠᠴᠢ ᠪᠠᠷ
ᠡᠩᠬᠡ ᠲᠠᠶ᠋ᠢᠪᠤᠩ ᠠᠮᠢᠳᠤᠷᠠᠳᠠᠭ ᠶᠤᠮ
ᠡᠪ ᠰᠠᠨᠠᠭᠠᠨ ᠤ᠋ ᠪᠦᠯᠬᠦᠮᠳᠡᠯ ᠢ᠋ᠶ᠋ᠡᠷ
ᠡᠷᠡᠯᠬᠡᠭ ᠬᠦᠴᠦᠲᠡᠢ ᠪᠠᠶ᠋ᠢᠲᠠᠭ ᠶᠤᠮ ᠃
ᠠᠪᠤᠷᠭᠤ ᠪᠦᠲᠦᠭᠡᠯ ᠭᠢᠯᠠᠯᠵᠠᠭᠰᠠᠨ
ᠠᠯᠲᠠᠨ ᠥᠯᠥᠭᠡᠢ ᠨᠤᠲᠤᠭ ᠤ᠋ᠨ ᠢ᠋ᠶ᠋ᠠᠨ
ᠠᠭᠤᠤ ᠬᠥᠭᠵᠢᠯ ᠊ᠢ ᠲᠡᠮᠳᠡᠭᠯᠡᠵᠦ
ᠠᠩᠬᠠᠳᠤᠭᠠᠷ ᠲᠠᠪᠤᠨ ᠵᠢᠯ ᠦ᠋ᠨ
ᠬᠦᠴᠦᠲᠡᠢ ᠲᠡᠮᠡᠴᠡᠯ ᠦ᠋ᠨ ᠢᠯᠠᠯᠲᠠ ᠪᠠᠨ
ᠳᠠᠶᠠᠩ ᠳᠡᠯᠡᠬᠡᠢ ᠳ᠋ᠦ᠍ ᠴᠤᠤᠷᠢᠶᠠᠲᠤᠭᠤᠯᠵᠤ
ᠬᠥᠳᠡᠯᠮᠦᠷᠢ ᠣᠷᠭᠢᠯᠤᠭᠰᠠᠨ ᠤᠯᠤᠰ ᠤ᠋ᠨ ᠢ᠋ᠶ᠋ᠠᠨ
ᠬᠣᠶᠠᠳᠤᠭᠠᠷ ᠲᠠᠪᠤᠨ ᠵᠢᠯ ᠢ᠋ᠶ᠋ᠡᠨ ᠤᠭᠲᠤᠵᠠᠭᠠᠶ᠎ᠠ ᠃
ᠠᠵᠠ ᠵᠢᠷᠭᠠᠯ ᠪᠢᠯᠬᠠᠭᠰᠠᠨ
ᠠᠰᠢᠳᠠ ᠶ᠋ᠢᠨ ᠰᠠᠢᠬᠠᠨ ᠢᠷᠡᠭᠡᠳᠦᠢ ᠳ᠋ᠦ᠍
ᠠᠯᠬᠤᠵᠤ ᠣᠷᠣᠬᠤ ᠪᠠᠲᠤᠯᠠᠭ᠎ᠠ ᠶ᠋ᠢ
ᠠᠪᠤᠭᠠᠳ ᠢᠷᠡᠭᠰᠡᠨ ᠲᠠᠪᠤᠨ ᠵᠢᠯ ᠃
ᠬᠤᠪᠢᠷᠠᠰᠢ ᠦᠭᠡᠢ ᠡᠩᠬᠡᠵᠢᠭᠰᠡᠨ
ᠬᠣᠪᠬᠣᠷᠠᠰᠢ ᠦᠭᠡᠢ ᠮᠥᠩᠬᠡᠵᠢᠭᠰᠡᠨ
ᠨᠡᠶ᠋ᠢᠭᠡᠮ ᠵᠢᠷᠤᠮ ᠳ᠋ᠤ᠌ ᠵᠣᠯᠭᠠᠬᠤ ᠶ᠋ᠢᠨ
ᠡᠯᠴᠢ ᠪᠣᠯᠤᠭᠰᠠᠨ ᠲᠠᠪᠤᠨ ᠵᠢᠯ ᠃
ᠰᠢᠷᠭᠢᠰᠢ ᠦᠭᠡᠢ ᠴᠠᠯᠭᠢᠯᠠᠭᠰᠠᠨ
ᠰᠢᠯᠵᠢᠰᠢ ᠦᠭᠡᠢ ᠪᠠᠲᠤᠵᠢᠭᠰᠠᠨ
ᠡᠩᠬᠡ ᠲᠠᠶ᠋ᠢᠪᠤᠩ ᠪᠠᠶ᠋ᠢᠭᠤᠯᠤᠯᠲᠠ ᠶ᠋ᠢᠨ
ᠳᠠᠯᠠᠢ ᠪᠣᠯᠤᠭᠰᠠᠨ ᠲᠠᠪᠤᠨ ᠵᠢᠯ ᠃
ᠨᠡᠶ᠋ᠢᠭᠡᠮ ᠵᠢᠷᠤᠮᠲᠤ ᠥᠷᠨᠢᠯᠲᠡ ᠶ᠋ᠢᠨ
ᠣᠷᠬᠢᠯᠭᠠ ᠪᠣᠯᠤᠭᠰᠠᠨ ᠲᠠᠪᠤᠨ ᠵᠢᠯ
ᠨᠡᠶ᠋ᠢᠲᠡ ᠠᠷᠠᠳ ᠤ᠋ᠨ ᠵᠢᠷᠭᠠᠯ ᠤ᠋ᠨ
ᠪᠤᠯᠠᠭ ᠪᠣᠯᠤᠭᠰᠠᠨ ᠲᠠᠪᠤᠨ ᠵᠢᠯ ᠃
ᠥᠷᠨᠢᠵᠦ ᠮᠠᠨᠳᠤᠭᠰᠠᠨ ᠠᠮᠢᠳᠤᠷᠠᠯ ᠤ᠋ᠨ ᠮᠢᠨᠢ
ᠥᠷᠯᠥᠭ ᠡᠬᠡ ᠨᠢ ᠨᠠᠮ ᠶᠤᠮ
ᠥᠩᠭᠡᠵᠢᠵᠦ ᠰᠢᠨᠡᠲᠦᠭᠰᠡᠨ ᠤᠯᠤᠰ ᠤ᠋ᠨ ᠮᠢᠨᠢ
ᠦᠪᠡᠳᠡᠭᠰᠢ ᠬᠦᠴᠦᠨ ᠦ᠌ ᠠᠵᠢᠯᠴᠢᠨ ᠶᠤᠮ ᠃
ᠨᠠᠮ ᠠᠵᠢᠯᠴᠢᠨ ᠬᠣᠶᠠᠷ ᠲᠠᠭᠠᠨ
ᠦᠨᠡᠨ ᠰᠡᠳᠬᠢᠯ ᠢ᠋ᠶ᠋ᠡᠨ ᠢᠯᠡᠷᠭᠡᠶ᠋ᠢᠯᠠᠵᠤ
ᠨᠠᠶ᠋ᠢᠷ ᠬᠥᠷ ᠦ᠋ᠨ ᠢ᠋ᠶ᠋ᠡᠨ ᠡᠬᠢᠨ ᠳ᠋ᠦ᠍
ᠨᠠᠩᠴᠢᠳ ᠢ᠋ᠶ᠋ᠠᠨ ᠡᠷᠭᠦᠨ ᠪᠠᠷᠢᠵᠠᠭᠠᠶ᠎ᠠ ᠃
( ᠪ ᠂ ᠣᠰᠤᠷ ᠲᠡᠮᠳᠡᠭᠯᠡᠨ ᠨᠠᠶ᠋ᠢᠷᠠᠭᠤᠯᠪᠠ )
ᠦᠰᠦᠭ ᠠᠮᠢᠯᠠᠭᠤᠯᠤᠭᠴᠢ ᠂ ᠣᠶᠤᠨᠴᠢᠮᠡᠭ
ᠬᠢᠨᠠᠭᠴᠢ ᠪᠠᠭᠰᠢ ᠂ ᠣᠤᠠᠬᠠᠭᠰᠤᠡ
